• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠷᠢ ᠤᠷᠤᠯᠳᠤᠬᠤ ᠶᠢᠨ ᠲᠣᠶᠢᠮᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 62.82 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠮᠣᠷᠢ  ᠤᠷᠤᠯᠳᠤᠬᠤ ︱  ᠲᠣᠶᠢᠮᠣ

t1

︽ ᠬᠥᠮᠦᠨ ᠲᠥᠷᠥᠯᠬᠢᠲᠡᠨ ᠠᠳᠤᠭᠤ ᠶᠢ ᠤᠨᠤᠵᠤ ᠡᠳ᠋ᠯᠡᠬᠦ ᠪᠣᠯᠤᠭᠰᠠᠨ ᠶᠠᠪᠤᠳᠠᠯ ᠪᠣᠯ ᠲᠡᠶᠢᠷᠦᠯᠲᠦ ᠰᠤᠮᠤ ᠂ ᠨᠢᠰᠬᠡᠯ ᠢ ᠡᠭᠦᠳᠦᠭᠰᠡᠨ ᠰᠢᠭ ᠠᠭᠤᠤ ᠶᠡᠬᠡ ᠠᠴᠢ ᠬᠣᠯᠪᠣᠭᠳᠠᠯ ᠲᠠᠢ ᠶᠠᠪᠤᠳᠠᠯ ︾ ᠭᠡᠵᠦ ᠡᠷᠳᠡᠮᠲᠡᠳ ᠦᠵᠡᠳᠡᠭ ᠃ ᠠᠳᠤᠭᠤ ᠶᠢ ᠤᠨᠤᠵᠤ ᠡᠳ᠋ᠯᠡᠬᠦ ᠪᠣᠯᠤᠭᠰᠠᠨ ᠢᠶᠠᠷ ᠬᠥᠮᠦᠨ ᠲᠥᠷᠥᠯᠬᠢᠲᠡᠨ ᠴᠠᠭ ᠪᠠ ᠣᠷᠣᠨ ᠵᠠᠢ ᠶᠢ ᠲᠣᠪᠴᠢᠯᠠᠬᠤ ᠬᠤᠷᠳᠤ ᠶᠢ ᠣᠯᠤᠭᠰᠠᠨ ᠶᠤᠮ ᠃ ᠬᠤᠷᠳᠤ ᠲᠠᠢ ᠪᠣᠯᠤᠭᠰᠠᠨ ᠢᠶᠠᠷ ᠬᠥᠮᠦᠨ ᠲᠥᠷᠥᠯᠬᠢᠲᠡᠨ ᠦ ᠲᠡᠦᠬᠡ ᠶᠢᠨ ᠬᠥᠭᠵᠢᠯ ᠴᠣ ᠡᠷᠴᠢ ᠲᠡᠢ ᠪᠣᠯᠵᠤ ᠂ ᠠᠵᠤ ᠠᠬᠤᠢ ᠰᠣᠶᠣᠯ ᠤᠨ ᠰᠣᠯᠢᠯᠴᠠᠭ᠎ᠠ ᠂ ᠴᠡᠷᠢᠭ ᠳᠠᠶᠢᠨ ᠤ ᠠᠵᠢᠯᠯᠠᠭ᠎ᠠ ᠳᠤ ᠴᠣ ᠮᠠᠰᠢ ᠶᠡᠬᠡ ᠲᠠᠯᠠᠴᠠ ᠲᠠᠢ ᠪᠣᠯᠤᠭᠰᠠᠨ ᠪᠢᠯᠡ ᠃ ᠮᠣᠷᠢ ᠶᠢ ᠠᠮᠢᠳᠤᠷᠠᠯ ᠦᠢᠯᠡᠳᠪᠦᠷᠢᠯᠡᠯ ᠂ ᠤᠯᠤᠰ ᠲᠥᠷᠥ ᠂ ᠴᠡᠷᠢᠭ ᠳᠠᠶᠢᠨ ᠤ ᠪᠠᠨ ᠠᠵᠢᠯᠯᠠᠭ᠎ᠠ ᠳᠤ ᠬᠠᠮᠤᠭ ᠤᠨ ᠠᠮᠵᠢᠯᠲᠠ ᠲᠠᠢ ᠬᠡᠷᠡᠭᠯᠡᠵᠦ ᠴᠢᠳᠠᠭᠰᠠᠨ ᠦᠨᠳᠦᠰᠦᠲᠡᠨ ᠪᠣᠯ ᠮᠣᠩᠭᠣᠯᠴᠤᠳ ᠶᠤᠮ ᠃ ᠳᠠᠶᠢᠨ ᠬᠥ ᠮᠣᠷᠢ ᠬᠡᠮᠡᠬᠦ ᠡᠨᠡ ᠲᠩᠷᠢᠯᠢᠭ ᠠᠮᠢᠲᠠᠨ ᠮᠣᠩᠭᠣᠯ ᠬᠥᠮᠦᠨ ᠦ ᠳᠠᠭᠤᠤ ᠬᠤᠭᠤᠷ ᠂ ᠵᠠᠩ ᠦᠢᠯᠡ ᠂ ᠰᠢᠲᠦᠯᠭᠡ ᠮᠥᠷᠭᠥᠯ ᠂ ᠤᠷᠠᠨ ᠵᠣᠬᠢᠶᠠᠯ ᠂ ᠨᠠᠭᠠᠳᠤᠮ ᠲᠣᠭᠯᠠᠭᠠᠮ ᠁ ᠳᠤ ᠮᠠᠰᠢ ᠭᠦᠨᠵᠡᠭᠡᠢ ᠬᠣᠯᠪᠣᠭ᠎ᠠ  ᠲᠠᠢ ᠪᠠᠶᠢᠳᠠᠭ ᠰᠠᠨ ᠃ ᠲᠡᠭᠦᠨ ᠦ ᠨᠢᠭᠡᠨ ᠲᠣᠳᠣ ᠢᠯᠡᠷᠡᠯ ᠪᠣᠯ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠬᠡᠮᠡᠭᠳᠡᠭᠰᠡᠨ  ᠮᠣᠷᠢᠨ ᠤᠷᠤᠯᠳᠤᠭᠠᠨ ᠶᠤᠮ ᠃

ᠲᠥᠪ ᠠᠽᠢᠶ᠎ᠠ ᠶᠢᠨ ᠨᠤᠲᠤᠭ ᠲᠤ ᠮᠣᠷᠢ ᠡᠳ᠋ᠯᠡᠬᠦ ᠪᠣᠯᠤᠭᠰᠠᠨ ᠨᠢ ᠨᠠᠶᠢᠳᠠ ᠶᠢᠨ ᠣᠨ ᠲᠣᠭᠠᠯᠠᠯ ᠠᠴᠠ ᠡᠮᠦᠨ᠎ᠡ 1800 ᠣᠨ ᠤ ᠦᠶ᠎ᠡ ᠶᠢᠨ ᠤᠴᠢᠷ ᠪᠢᠯᠡ ᠃ ᠣᠨ ᠲᠣᠭᠠᠯᠠᠯ ᠠᠴᠠ ᠡᠮᠦᠨ᠎ᠡ 9 ᠳ᠋ᠤᠭᠡᠷ ᠵᠠᠭᠤᠨ ᠤ ᠦᠶ᠎ᠡ ᠪᠣᠯᠬᠤ ᠳᠤ ᠨᠡᠭᠦᠳᠡᠯᠴᠢᠨ ᠦᠨᠳᠦᠰᠦᠲᠡᠨ ᠨᠦᠭᠦᠳ ᠨᠢᠭᠡᠨᠲᠡ ᠡᠮᠡᠭᠡᠯ ᠂ ᠬᠠᠵᠠᠭᠠᠷ ᠂ ᠨᠣᠭᠲᠣ ᠂ ᠴᠢᠳᠥᠷ ᠵᠡᠷᠭᠡ ᠮᠣᠷᠢᠨ ᠤ ᠡᠳ᠋ᠯᠡᠯ ᠢ ᠪᠦᠲᠦᠭᠡᠭᠰᠡᠨ ᠪᠠᠷᠢᠮᠲᠠ ᠪᠤᠢ ᠃ ᠪᠠᠯᠠᠷ ᠡᠷᠲᠡᠨ ᠦ ᠴᠠᠭ ᠲᠤ ᠬᠡᠨ ᠪᠡᠶ᠎ᠡ ᠶᠢᠨ ᠬᠦᠴᠦᠨ ᠴᠢᠳᠠᠯ ᠢᠶᠠᠷ ᠳᠠᠪᠠᠭᠤᠯᠢᠭ ᠪᠠᠶᠢᠬᠤ ᠪᠠᠨ ᠥᠷᠢᠰᠦᠯᠳᠦᠳᠡᠭ ᠪᠠᠶᠢᠭᠰᠠᠨ ᠪᠣᠯ ᠮᠣᠷᠢ ᠡᠳ᠋ᠯᠡᠬᠦ ᠪᠣᠯᠤᠭᠰᠠᠨ ᠤ ᠳᠠᠷᠠᠭ᠎ᠠ ᠬᠡᠨ ᠢᠯᠡᠭᠦᠦ ᠬᠤᠷᠳᠤ ᠶᠢ ᠡᠵᠡᠮᠰᠢᠭᠰᠡᠨ ᠪᠤᠢ ᠭᠡᠳᠡᠭ ᠢᠶᠡᠷ ᠬᠦᠴᠦᠷᠬᠡᠭ ᠪᠠᠶᠢᠬᠤ ᠶᠢᠨ ᠪᠠᠰᠠ ᠨᠢᠭᠡᠨ ᠰᠢᠯᠭᠠᠭᠤᠷ ᠪᠣᠯᠭᠠᠵᠤ ᠪᠠᠶᠢᠵᠠᠢ ᠃ ᠳᠠᠶᠢᠨ ᠬᠥ ᠥᠪᠡᠷ ᠥᠪᠡᠷ ᠦᠨ ᠣᠨᠣᠭᠰᠠ ᠮᠣᠷᠢᠳ ᠢᠶᠠᠨ ᠠᠳᠠᠯᠢᠳᠬᠠᠨ ᠂ ᠬᠡᠨ ᠦ ᠮᠣᠷᠢ ᠢᠯᠡᠭᠦᠦ ᠬᠤᠷᠳᠤᠨ ᠪᠠᠶᠢᠬᠤ ᠂ ᠬᠡᠨ ᠦ ᠮᠣᠷᠢ ᠳᠠᠭᠠᠭᠠᠴᠠ ᠲᠠᠢ ᠪᠠᠶᠢᠬᠤ ᠶᠢ ᠰᠣᠷᠢᠵᠤ ᠥᠷᠢᠰᠦᠯᠳᠦᠬᠦ ᠪᠣᠯᠤᠭᠰᠠᠨ ᠨᠢ ᠮᠣᠷᠢᠨ ᠤᠷᠤᠯᠳᠤᠭᠠᠨ ᠤ ᠪᠤᠢ ᠪᠣᠯᠬᠤ ᠶᠢ ᠠᠬᠢᠭᠤᠯᠵᠤ ᠪᠠᠶᠢᠵᠠᠢ ᠃

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠮᠣᠷᠢ ᠤᠷᠤᠯᠳᠤᠬᠤ ᠶᠢᠨ ᠲᠣᠶᠢᠮᠣ

ᠰᠢᠭᠦᠮᠵᠢ