• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠥᠬᠡ ᠶᠢᠨ ᠠᠯᠳᠠᠷ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 6.97 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-10
  • ᠄   1
  • ᠄   0
  • ᠄   0
  • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠠᠯᠳᠠᠷ

a. ᠴᠣᠯᠠ ᠣᠯᠭᠣᠬᠤ ︱ ᠪᠠᠷᠢᠯᠳᠤᠭᠠᠨ ᠳᠤ ᠰᠢᠯᠭᠠᠷᠠᠭᠰᠠᠨ ᠰᠣᠳᠣᠨ ᠪᠥᠬᠡ ᠶᠢ ᠣᠯᠠᠨ᠎ᠠ ᠠᠯᠳᠠᠷᠰᠢᠭᠤᠯᠵᠤ ᠂ ᠪᠢᠷ᠎ᠠ ᠴᠢᠳᠠᠯ ᠂ ᠮᠡᠬᠡ ᠮᠡᠷᠭᠡᠵᠢᠯ  ᠨᠢ ᠤᠯᠠᠮ ᠳᠡᠭᠡᠭᠰᠢᠯᠡᠨ ᠂ ᠨᠠᠩ ᠰᠠᠶᠢᠨ ᠪᠦᠲᠦᠮᠵᠢ ᠭᠠᠷᠭᠠᠬᠤ ᠶᠢ  ᠨᠢ ᠵᠣᠷᠢᠭᠵᠢᠭᠤᠯᠤᠨ ᠴᠣᠯᠠ ᠥᠭᠴᠦ ᠡᠷᠭᠦᠮᠵᠢᠯᠡᠳᠡᠭ ᠤᠯᠠᠮᠵᠢᠯᠠᠯᠲᠤ ᠶᠣᠰᠣ ᠮᠥᠨ ᠃ ᠴᠣᠯᠠ ᠡᠷᠭᠦᠮᠵᠢᠯᠡᠳᠡᠭ ᠶᠣᠰᠣ ᠪᠠᠷᠤᠭ 13 ᠳ᠋ᠤᠭᠠᠷ ᠵᠠᠭᠤᠨ ᠤ ᠦᠶ᠎ᠡ ᠳᠦ ᠪᠤᠢ ᠪᠣᠯᠤᠭᠰᠠᠨ ᠭᠡᠵᠦ ᠡᠷᠳᠡᠮᠲᠡᠳ ᠦᠵᠡᠳᠡᠭ ᠃ ᠭᠡᠪᠡᠴᠦ ᠪᠠᠷᠤᠭ ᠮᠠᠨᠵᠤ ᠴᠢᠩ ᠤᠯᠤᠰ ᠤᠨ ᠦᠶ᠎ᠡ ᠡᠴᠡ ᠡᠬᠢᠯᠡᠵᠦ ᠰᠠᠶᠢᠨ ᠪᠥᠬᠡᠴᠦᠳ  ᠲᠦ ᠠᠷᠰᠯᠠᠨ ᠂ ᠪᠠᠷᠰ ᠂ ᠭᠠᠷᠤᠳᠢ ᠂ ᠵᠠᠭᠠᠨ ᠂ ᠨᠠᠴᠢᠨ ᠂ ᠪᠦᠷᠭᠦᠳ ᠭᠡᠬᠦ ᠮᠡᠲᠦ ᠪᠡᠷ ᠴᠣᠯᠠᠯᠠᠳᠠᠭ ᠪᠣᠯᠤᠭᠰᠠᠨ ᠪᠠᠶᠢᠳᠠᠯ ᠲᠠᠢ ᠃ ᠡᠨᠡ ᠤᠯᠠᠮᠵᠢᠯᠠᠯ ᠢ ᠣᠳᠣ ᠮᠣᠩᠭᠣᠯ ᠤᠯᠤᠰ ᠤᠨ ᠪᠥᠬᠡ ᠶᠢᠨ ᠪᠠᠷᠢᠯᠳᠤᠭᠠᠨ ᠳᠤ ᠮᠠᠰᠢ ᠲᠣᠳᠣᠷᠬᠠᠢ ᠬᠠᠳᠠᠭᠠᠯᠠᠵᠤ ᠠᠪᠤᠷᠭᠤ ᠂ ᠠᠷᠰᠯᠠᠨ ᠂ ᠵᠠᠭᠠᠨ ᠂ ᠨᠠᠴᠢᠨ ᠂ ᠭᠠᠷᠤᠳᠢ ᠂ ᠬᠠᠷᠴᠠᠭ᠎ᠠ ᠭᠡᠬᠦ ᠮᠡᠲᠦ ᠪᠡᠷ ᠴᠣᠯᠠᠯᠠᠳᠠᠭ ᠪᠠ ᠳᠠᠶᠠᠭᠠᠷ ᠳᠠᠭᠤᠷᠢᠰᠬᠤ ᠂ ᠤᠯᠠᠮ ᠨᠡᠮᠡᠬᠦ ᠂ ᠥᠯᠵᠡᠢ ᠵᠢᠪᠬᠤᠯᠠᠩᠲᠤ ᠁ ᠭᠡᠬᠦ ᠮᠡᠲᠦ ᠪᠡᠷ ᠴᠢᠮᠡᠭ ᠴᠣᠯᠠ ᠴᠣ ᠥᠭᠳᠡᠭ ᠪᠠᠶᠢᠨ᠎ᠠ ᠃ ᠮᠣᠩᠭᠣᠯ ᠤᠯᠤᠰ ᠤᠨ ᠪᠥᠬᠡᠴᠦᠳ ᠲᠦ ᠴᠣᠯᠠ ᠣᠯᠭᠣᠬᠤ ᠨᠠᠷᠢᠨ ᠳᠦᠷᠢᠮ ᠲᠡᠢ ᠃ ᠵᠢᠱᠢᠶᠡᠯᠡᠪᠡᠯ ᠂ ᠤᠯᠤᠰ ᠤᠨ ᠨᠠᠭᠠᠳᠤᠮ ᠳᠤ 5 ︱ 6 ᠳᠠᠪᠠᠪᠠᠯ ᠨᠠᠴᠢᠨ ᠴᠣᠯᠠ ;     7 ︱ 8 ᠳᠠᠪᠠᠪᠠᠯ ᠵᠠᠭᠠᠨ ᠴᠣᠯᠠ ; 9 ︱ 10 ᠳᠠᠪᠠᠪᠠᠯ ᠠᠷᠰᠯᠠᠨ ᠴᠣᠯᠠ ᠣᠯᠭᠣᠬᠤ ᠳᠦᠷᠢᠮ ᠲᠡᠢ ᠃ ᠭᠡᠬᠦ ᠳᠦ ᠪᠡᠨ ᠤᠯᠤᠰ ᠤᠨ ᠪᠠ ᠠᠶᠢᠮᠠᠭ ᠤᠨ ᠨᠠᠭᠠᠳᠤᠮ ᠳᠤ ᠠᠩᠬ᠎ᠠ ᠲᠡᠷᠢᠭᠦᠯᠡᠵᠦ ᠪᠠᠶᠢᠭ᠎ᠠ ᠪᠥᠬᠡ ᠳᠦ ᠠᠷᠰᠯᠠᠨ ᠴᠣᠯᠠ ᠣᠯᠭᠣᠵᠤ ᠂ ᠬᠣᠶᠠᠳᠠᠬᠢ ᠤᠳᠠᠭ᠎ᠠ ᠪᠠᠨ ᠲᠡᠷᠢᠭᠦᠯᠡᠪᠡᠯ ᠠᠪᠤᠷᠭᠤ ᠴᠣᠯᠠ ᠣᠯᠭᠣᠳᠠᠭ ᠃ ᠠᠪᠤᠷᠭᠤ ᠴᠣᠯᠠ ᠶᠢ ᠪᠠᠷᠢᠯᠳᠤᠭᠠᠨ ᠤ ᠬᠢᠨᠢ ᠬᠢᠷᠢ ᠪᠦᠲᠦᠮᠵᠢ ᠳᠦ ᠦᠨᠳᠦᠰᠦᠯᠡᠨ ᠲᠡᠯᠡᠢ ᠂ ᠳᠠᠶᠠᠩ ᠂ ᠳᠠᠶᠢᠴᠢᠨ ᠂ ᠲᠠᠷᠬᠠᠨ ᠭᠡᠵᠦ ᠬᠡᠳᠦᠨ ᠲᠠᠰ ᠬᠤᠪᠢᠶᠠᠳᠠᠭ ᠶᠣᠰᠣ ᠲᠠᠢ ᠃ ᠥᠪᠥᠷ ᠮᠣᠩᠭᠣᠯ ᠤᠨ ᠪᠥᠬᠡ ᠶᠢᠨ ᠪᠠᠷᠢᠯᠳᠤᠭᠠᠨ ᠳᠤ ᠴᠣᠯᠠᠯᠠᠬᠤ ᠦᠵᠡᠭᠳᠡᠯ ᠨᠡᠯᠢᠶᠡᠳ ᠴᠥᠭᠡᠨ ᠪᠠᠶᠢᠭᠰᠠᠭᠠᠷ ᠃

 

b. ᠪᠥᠬᠡ ᠶᠢᠨ ᠮᠠᠭᠲᠠᠭᠠᠯ

ᠠᠯᠲᠠᠨ ᠲᠣᠪᠣᠷᠤᠤ ᠠᠷᠠᠰᠤᠨ ᠵᠣᠳᠣᠭ  ᠨᠢ

ᠠᠭᠠᠷ ᠤᠨ ᠨᠠᠷᠠᠨ ᠳᠤ ᠭᠢᠯᠲᠠᠭᠠᠨᠠᠵᠤ ᠪᠠᠶᠢᠬᠤ

ᠠᠷᠪᠠᠨ ᠬᠣᠶᠠᠷ ᠭᠬᠢᠪ ᠦᠨ ᠵᠠᠩᠭ᠎ᠠ

ᠠᠶᠠᠰ ᠤᠨ ᠰᠠᠯᠬᠢᠨ ᠳᠤ ᠮᠢᠷᠠᠯᠵᠠᠵᠤ ᠪᠠᠶᠢᠬᠤ

ᠡᠭᠦᠯᠡᠨ ᠬᠡ ᠲᠡᠢ ᠲᠣᠷᠭᠠᠨ ᠲᠤᠤᠬᠤᠤ

ᠡᠪᠦᠳᠦᠭ ᠢ  ᠨᠢ ᠳᠠᠭᠠᠭᠠᠳ ᠮᠢᠷᠠᠯᠵᠠᠵᠤ ᠪᠠᠶᠢᠬᠤ

ᠬᠠᠨ ᠠᠭᠤᠯᠠ ᠶᠢ ᠰᠤᠭᠤᠪᠴᠢᠯᠠᠮᠠᠷ

ᠬᠠᠨᠠᠭᠠᠷ ᠴᠡᠭᠡᠵᠢ ᠲᠡᠢ ᠪᠥᠬᠡᠴᠦᠳ

ᠬᠠᠳᠤᠨ ᠭᠣᠣᠯ ᠢ ᠶᠡᠭᠦᠯᠡᠮᠡᠷ

ᠬᠠᠲᠠᠭᠤ ᠰᠥᠰᠥ ᠲᠡᠢ ᠪᠥᠬᠡᠴᠦᠳ

ᠠᠰᠬ᠎ᠠ ᠬᠠᠲᠠ ᠶᠢ ᠡᠷᠭᠦᠮᠡᠷ

ᠠᠪᠤᠷᠭᠤ ᠬᠦᠴᠦ ᠲᠡᠢ ᠪᠥᠬᠡᠴᠦᠳ

ᠠᠷᠰᠯᠠᠨ ᠪᠠᠷᠰ ᠢ ᠰᠦᠷᠳᠡᠭᠦᠯᠦᠮᠡᠷ

ᠠᠰᠤᠷᠤ ᠣᠮᠣᠭ ᠲᠠᠢ ᠪᠥᠬᠡᠴᠦᠳ

ᠭᠠᠷ ᠠᠳᠬᠤᠨ ᠰᠢᠭᠦᠷᠴᠦ ᠪᠠᠶᠢᠨ᠎ᠠ

ᠭᠠᠭᠴᠠᠬᠠᠨ ᠴᠣᠬᠢᠭᠠᠳ ᠰᠤᠭᠰᠤᠷᠴᠤ ᠪᠠᠶᠢᠨ᠎ᠠ

ᠵᠥᠷᠢᠭᠦᠦ ᠪᠠᠷᠢᠪᠠᠯ ᠬᠣᠮᠨᠣᠵᠤ ᠪᠠᠶᠢᠨ᠎ᠠ

ᠵᠢᠳᠬᠦᠵᠦ ᠢᠷᠡᠪᠡᠯ ᠲᠠᠲᠠᠵᠤ ᠪᠠᠶᠢᠨ᠎ᠠ

ᠡᠷᠭᠦᠵᠦ ᠠᠪᠤᠭᠠᠳ ᠨᠤᠭᠤᠰᠤᠯᠠᠵᠤ ᠪᠠᠶᠢᠨ᠎ᠠ

ᠡᠨᠡᠲᠡᠭᠡ ᠲᠠᠯ᠎ᠠ ᠠᠴᠠ  ᠨᠢ ᠬᠠᠪᠰᠤᠷᠴᠤ ᠪᠠᠶᠢᠨ᠎ᠠ

ᠦᠰᠦᠬᠡᠢ ᠬᠢᠪᠡᠯ ᠮᠤᠰᠬᠢᠵᠤ ᠪᠠᠶᠢᠨ᠎ᠠ

ᠥᠷᠥᠭᠡᠰᠦᠨ ᠲᠠᠯ᠎ᠠ ᠠᠴᠠ  ᠨᠢ ᠴᠣᠬᠢᠵᠤ ᠪᠠᠶᠢᠨ᠎ᠠ

ᠡᠷᠳᠡᠮ ᠴᠢᠳᠠᠯ ᠢᠶᠠᠷ ᠬᠠᠶᠠᠳᠠᠭ  ᠨᠢ

ᠪᠥᠬᠡᠴᠢᠨ ᠬᠥᠮᠦᠨ ᠦ ᠣᠮᠣᠭ ᠲᠡᠷᠡ

ᠡᠷ᠎ᠡ ᠬᠦᠴᠦᠨ ᠢᠶᠡᠷ ᠰᠢᠯᠭᠠᠷᠠᠳᠠᠭ  ᠨᠢ

ᠨᠠᠶᠢᠷ ᠤᠨ ᠪᠥᠬᠡ ᠶᠢᠨ ᠠᠯᠳᠠᠷ ᠲᠡᠷᠡ !

ᠡᠷᠬᠢᠮ ᠠᠯᠳᠠᠷ ᠴᠤᠤᠲᠠᠨ

ᠡᠷ᠎ᠡ ᠶᠢᠨ ᠮᠠᠩᠯᠠᠢ ᠪᠥᠬᠡ ᠪᠡᠨ

ᠡᠴᠢᠭᠡ ᠳᠡᠭᠡᠳᠦ ᠶᠢᠨ ᠤᠯᠠᠮᠵᠢᠯᠠᠯ ᠢᠶᠠᠷ

ᠡᠩᠬᠡ ᠲᠠᠷᠬᠠᠨ ᠴᠣᠯᠠᠯᠠᠵᠤ

ᠠᠷᠢᠭᠤᠨ ᠮᠣᠩᠭᠣᠯ ᠲᠡᠦᠬᠡ ᠶᠢᠨ

ᠠᠯᠲᠠᠨ ᠬᠠᠭᠤᠳᠠᠰᠤᠨ ᠳᠤ ᠲᠡᠮᠳᠡᠭᠯᠡᠶ᠎ᠡ

ᠠᠯᠳᠠᠷ ᠴᠣᠯᠠ ᠶᠢ  ᠨᠢ ᠳᠠᠭᠤᠳᠠᠵᠤ

ᠠᠮᠠᠨ ᠢᠷᠥᠭᠡᠯ ᠢᠶᠡᠨ ᠳᠡᠪᠰᠢᠭᠦᠯᠦᠶ᠎ᠡ !

ᠨᠠᠶᠢᠷ ᠪᠣᠯᠭᠠᠨ ᠳᠤ ᠴᠢᠮᠡᠭ ᠲᠡᠢ

ᠨᠠᠶᠠᠨ ᠨᠢᠭᠡ ᠶᠢᠨ ᠱᠠᠩ ᠲᠠᠢ

ᠶᠡᠷᠦ ᠶᠢᠨ ᠴᠠᠭ ᠲᠤ ᠪᠠᠨ ᠰᠣᠷᠢᠶ᠎ᠠ ᠲᠠᠢ

ᠶᠢᠰᠦ ᠶᠢᠰᠦ ᠶᠢᠨ ᠪᠡᠯᠡᠭ ᠲᠡᠢ

ᠨᠠᠭᠠᠳᠤᠮ ᠪᠦᠬᠦᠨ ᠳᠦ ᠲᠡᠷᠢᠭᠦᠯᠡᠭᠡᠳ

ᠨᠠᠷᠠ ᠰᠠᠷᠠ ᠰᠢᠭ ᠬᠡᠷᠡᠯᠳᠦᠵᠦ ᠶᠠᠪᠤ

ᠤᠷᠤᠯᠳᠤᠭᠠᠨ ᠪᠦᠬᠦᠨ ᠳᠦ ᠮᠠᠩᠯᠠᠶᠢᠯᠠᠭᠠᠳ

ᠣᠳᠣ ᠰᠣᠳᠣ ᠰᠢᠭ ᠭᠢᠯᠠᠯᠵᠠᠵᠤ ᠶᠠᠪᠤ

ᠤᠳᠤᠮ ᠴᠣᠯᠠ ᠪᠠᠨ ᠳᠠᠭᠤᠷᠢᠰᠤᠭᠤᠯᠤᠭᠠᠳ

ᠤᠯᠠᠮᠵᠢᠯᠠᠯᠲᠤ ᠲᠡᠦᠬᠡᠨ ᠳᠦ ᠠᠯᠳᠠᠷᠰᠢᠵᠤ ᠶᠠᠪᠤ !

ᠪᠥᠬᠡ ᠶᠢᠨ ᠠᠯᠳᠠᠷ

ᠪᠥᠬᠡ ᠶᠢᠨ ᠠᠯᠳᠠᠷ

ᠪᠥᠬᠡ ᠶᠢᠨ ᠠᠯᠳᠠᠷ

ᠰᠢᠭᠦᠮᠵᠢ