• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠥᠬᠡ ᠶᠢᠨ ᠲᠣᠮᠣ ᠨᠠᠶᠢᠷ ᠤᠳ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-03
  • ᠄   1
  • ᠄   0
  • ᠄   0
  • ᠄  0

ᠪᠦᠬᠡ  ᠪᠠᠷᠢᠯᠳᠤᠬᠤ ︱ ᠲᠣᠮᠣ ᠨᠠᠶᠢᠷ ᠤᠳ

a. ᠲᠠᠪᠤ ᠤᠳᠠᠭᠠᠨ ᠤ ᠮᠢᠩᠭᠠᠨ ᠪᠥᠬᠡ ᠶᠢᠨ ᠨᠠᠶᠢᠷ ︱

Ⅰ 1982 ᠣᠨ ᠳᠤ ᠪᠣᠯᠤᠭᠰᠠᠨ ᠰᠢᠯᠢ ᠶᠢᠨ ᠭᠣᠣᠯ ᠠᠶᠢᠮᠠᠭ ᠤᠨ 6 ᠳ᠋ᠤᠭᠠᠷ ᠤᠳᠠᠭᠠᠨ ᠤ ᠶᠡᠬᠡ ᠨᠠᠭᠠᠳᠤᠮ ᠳᠤ 1024 ᠪᠥᠬᠡ ᠪᠠᠷᠢᠯᠳᠤᠵᠤ ᠂ ᠪᠠᠽᠠᠷᠭᠠᠨᠳ᠋ ᠲᠡᠷᠢᠭᠦᠯᠡᠵᠦ ᠂ ᠪᠠᠭᠠᠨ᠎ᠠ ᠳᠡᠳ᠋ᠯᠡᠭᠰᠡᠨ ᠃                         ᠠᠪᠤᠷᠭᠤ ᠪᠠᠽᠠᠷᠭᠠᠨᠳ᠋

ab

ᠲᠤᠰ ᠤᠳᠠᠭᠠᠨ ᠤ ᠨᠠᠶᠢᠷ ᠲᠤ ᠬᠢᠲᠠᠳ ᠪᠥᠬᠡ ᠂ ᠴᠢᠯᠥᠭᠡᠲᠦ ᠪᠥᠬᠡ ᠂ ᠵᠢᠦᠳᠣᠣ ᠪᠥᠬᠡ ᠶᠢᠨ ᠤᠯᠤᠰ ᠤᠨ ᠠᠪᠤᠷᠭᠤ ᠭᠣᠣ ᠵᠢᠩ ᠢᠷᠡᠵᠦ ᠂ ᠮᠣᠩᠭᠣᠯ ᠪᠥᠬᠡ ᠳᠦ ᠲᠡᠷᠢᠭᠦᠯᠡᠨ᠎ᠡ ᠭᠡᠵᠦ ᠠᠮᠠᠯᠠᠭᠰᠠᠨ ᠢᠶᠠᠷ ᠤᠭ ᠨᠠᠶᠢᠷ ᠤᠯᠠᠮ ᠳᠤᠤᠯᠢᠶᠠᠨ ᠶᠡᠬᠡᠲᠡᠢ ᠪᠣᠯᠤᠭᠰᠠᠨ ᠪᠢᠯᠡ ᠃ ᠬᠦᠴᠦ ᠴᠢᠳᠠᠯ ᠰᠠᠶᠢᠲᠠᠢ ᠂ ᠣᠯᠠᠨ ᠵᠦᠢᠯ ᠦᠨ ᠪᠥᠬᠡ ᠶᠢᠨ ᠮᠡᠷᠭᠡᠵᠢᠯ ᠳᠦ ᠴᠠᠭᠠᠷᠠᠭᠰᠠᠨ ᠭᠣᠣ ᠵᠢᠩ ᠢ ᠬᠠᠶᠠᠵᠤ ᠴᠢᠳᠠᠬᠤ ᠡᠰᠡᠬᠦ  ᠨᠢ ᠲᠤᠰ ᠨᠠᠶᠢᠷ ᠤᠨ ᠬᠠᠮᠤᠭ ᠤᠨ ᠠᠩᠬᠠᠷᠤᠯ ᠲᠠᠢ ᠰᠡᠳᠦᠪ ᠪᠣᠯᠤᠭᠠᠳ ᠪᠠᠶᠢᠯ᠎ᠠ ᠃ ᠢᠩᠭᠢᠭᠡᠳ ᠲᠤᠬᠠᠢ ᠶᠢᠨ ᠦᠶ᠎ᠡ ᠳᠦ ᠢᠳᠡ ᠪᠠᠷᠢᠯᠳᠤᠵᠤ ᠪᠠᠶᠢᠭᠰᠠᠨ ᠪᠠᠽᠠᠷᠭᠠᠨᠳ᠋ ᠲᠡᠷᠢᠭᠦᠯᠡᠵᠦ ᠂ ᠮᠣᠩᠭᠣᠯ ᠪᠥᠬᠡ ᠶᠢᠨ ᠤᠷᠠᠨ ᠰᠠᠮᠪᠠᠭ᠎ᠠ ᠂ ᠤᠬᠠᠭᠠᠨ ᠮᠡᠷᠭᠡᠵᠢᠯ ᠢ ᠭᠠᠶᠢᠬᠠᠭᠤᠯᠤᠭᠰᠠᠨ ᠢᠶᠠᠷ ᠢᠶᠠᠨ ᠥᠨᠥᠳᠦᠷ ᠬᠦᠷᠲᠡᠯ᠎ᠡ ᠪᠠᠬᠠᠷᠬᠠᠨ ᠶᠠᠷᠢᠬᠤ ᠰᠠᠶᠢᠬᠠᠨ ᠳᠤᠷᠠᠳᠬᠠᠯ ᠪᠣᠯᠤᠭᠰᠠᠨ ᠶᠤᠮ ᠃ ᠠᠪᠤᠷᠭᠤ ᠪᠠᠽᠠᠷᠭᠠᠨᠳ᠋  ᠮᠠᠨᠢ ᠥᠨᠥ ᠣᠯᠠᠨ ᠰᠠᠶᠢᠬᠠᠨ ᠱᠠᠪᠢ ᠬᠥᠮᠦᠵᠢᠭᠦᠯᠵᠦ ᠂ ᠪᠡᠶ᠎ᠡ ᠶᠢᠨ ᠲᠠᠮᠢᠷ ᠤᠨ ᠦᠢᠯᠡᠰ ᠲᠡᠭᠡᠨ ᠭᠠᠷᠮᠠᠭᠠᠢ ᠵᠢᠳᠬᠦᠯ ᠢᠶᠡᠨ ᠨᠡᠮᠡᠷᠢᠯᠡᠵᠦ ᠶᠠᠪᠤᠭ᠎ᠠ ᠪᠢᠯᠡ ᠃

 

Ⅱ 1990 ᠣᠨ ᠳᠤ ᠪᠣᠯᠤᠭᠰᠠᠨ ᠰᠢᠯᠢ ᠶᠢᠨ ᠭᠣᠣᠯ ᠠᠶᠢᠮᠠᠭ ᠤᠨ 7 ᠳ᠋ᠤᠭᠠᠷ ᠤᠳᠠᠭᠠᠨ ᠤ ᠶᠡᠬᠡ ᠨᠠᠭᠠᠳᠤᠮ ᠳᠤ 1024 ᠪᠥᠬᠡ ᠪᠠᠷᠢᠯᠳᠤᠵᠤ ᠂ ᠴᠠᠭᠠᠨᠵᠠᠭᠠᠨ ᠲᠡᠷᠢᠭᠦᠯᠡᠵᠦ ᠂ ᠪᠠᠭᠠᠨ᠎ᠠ ᠳᠡᠳ᠋ᠯᠡᠭᠰᠡᠨ ᠃                          ᠠᠪᠤᠷᠭᠤ ᠴᠠᠭᠠᠨᠵᠠᠭᠠᠨ

aq

ᠴᠠᠭᠠᠨᠵᠠᠭᠠᠨ ᠪᠣᠯ ᠦᠨᠡᠬᠡᠷ ᠨᠢᠭᠡᠨ ᠦᠶ᠎ᠡ ᠶᠢᠨ ᠪᠣᠰᠤᠭ᠎ᠠ ᠠᠪᠤᠷᠭᠤ ᠶᠤᠮ ᠃ ᠲᠡᠷᠡ ᠪᠡᠷ ᠬᠢᠲᠠᠳ ᠪᠥᠬᠡ ᠶᠢᠨ ᠤᠷᠤᠯᠳᠤᠭᠠᠨ  ᠳᠤ ᠤᠯᠤᠰ ᠲᠤ ᠠᠷᠪᠠᠨ ᠬᠡᠳᠦ ᠤᠳᠠᠭ᠎ᠠ ᠲᠡᠷᠢᠭᠦᠯᠡᠵᠦ ᠂ ︽ ᠵᠣᠭᠰᠣᠭ᠎ᠠ ᠠᠪᠤᠷᠭᠤ ︾ ᠶᠢᠨ ᠰᠠᠶᠢᠬᠠᠨ ᠠᠯᠳᠠᠷ ᠢᠶᠠᠷ ᠮᠢᠯᠢᠶᠠᠯᠭᠠᠭᠰᠠᠨ ᠲᠡᠦᠬᠡ ᠲᠡᠢ ᠃ ᠬᠦᠴᠦ ᠴᠢᠳᠠᠯ ᠂ ᠡᠷᠳᠡᠮ ᠬᠢᠴᠡ ᠪᠡᠷ ᠪᠤᠰᠤᠳ ᠠᠴᠠ ᠬᠡᠲᠦᠶᠢᠳᠦᠭᠰᠡᠨ ᠴᠠᠭᠠᠨᠵᠠᠭᠠᠨ ᠪᠣᠯ ᠮᠥᠨ ᠴᠣ ᠮᠢᠩᠭᠠᠲᠤ ᠪᠥᠬᠡ  ᠶᠢᠨ ᠲᠣᠮᠣᠬᠠᠨ ᠨᠠᠶᠢᠷ ᠲᠤ ᠬᠠᠮᠤᠭ ᠤᠨ ᠣᠯᠠᠨ ᠲᠡᠷᠢᠭᠦᠯᠡᠵᠦ ᠪᠠᠶᠢᠭ᠎ᠠ ᠪᠥᠬᠡ ᠶᠤᠮ ᠃ ᠡᠳᠦᠭᠡ ᠲᠡᠷᠡ ᠪᠡᠷ ᠣᠯᠠᠨ ᠰᠠᠶᠢᠬᠠᠨ ᠱᠠᠪᠢ ᠬᠥᠮᠦᠵᠢᠭᠦᠯᠬᠦ ᠪᠡᠷ ᠴᠢᠷᠮᠠᠶᠢᠵᠤ ᠮᠣᠩᠭᠣᠯ ᠪᠥᠬᠡ ᠶᠢᠨ ᠦᠢᠯᠡᠰ ᠲᠦ ᠬᠦᠴᠦ ᠬᠥᠳᠡᠯᠮᠦᠷᠢ ᠪᠡᠨ ᠨᠡᠮᠡᠷᠢᠯᠡᠵᠦ ᠶᠠᠪᠤᠭ᠎ᠠ ᠰᠠᠨ ᠃ ᠲᠡᠷᠡ ᠪᠡᠷ ᠮᠠᠨ ᠤ ᠣᠷᠣᠨ ᠳᠤ ᠠᠩᠬ᠎ᠠ ᠤᠳᠠᠭᠠᠨ ᠤ ᠮᠢᠩᠭᠠᠲᠤ ᠪᠥᠬᠡ ᠶᠢᠨ ᠴᠣᠯᠠ ᠣᠯᠭᠣᠬᠤ ᠨᠠᠶᠢᠷ ᠢ ᠰᠠᠨᠠᠭᠠᠴᠢᠯᠠᠨ ᠬᠢᠭᠰᠡᠨ ᠬᠥᠮᠦᠨ ᠪᠢᠯᠡ ᠃

 

Ⅲ 1996 ᠣᠨ ᠳᠤ ᠪᠣᠯᠤᠭᠰᠠᠨ ᠵᠡᠭᠦᠨ ᠦᠵᠦᠮᠦᠴᠢᠨ ᠬᠣᠰᠢᠭᠤ ᠪᠠᠶᠢᠭᠤᠯᠤᠭᠳᠠᠭᠰᠠᠨ 40 ᠵᠢᠯ ᠦᠨ ᠣᠢ ᠶᠢᠨ ᠶᠡᠬᠡ ᠨᠠᠶᠢᠷ ᠲᠤ 1024 ᠪᠥᠬᠡ ᠪᠠᠷᠢᠯᠳᠤᠵᠤ ᠂ ᠵᠢᠷᠭᠠᠯ ᠲᠡᠷᠢᠭᠦᠯᠡᠵᠦ ᠂ ᠰᠡᠴᠡᠨᠬᠤᠸᠠᠷ ᠳᠡᠳ᠋ᠯᠡᠭᠰᠡᠨ ᠃

ᠠᠪᠤᠷᠭᠤ ᠵᠢᠷᠭᠠᠯ

aj

ᠠᠪᠤᠷᠭᠤ ᠵᠢᠷᠭᠠᠯ ᠰᠢᠯᠢ ᠶᠢᠨ ᠭᠣᠣᠯ ᠠᠶᠢᠮᠠᠭ ᠤᠨ ᠵᠡᠭᠦᠨ ᠦᠵᠦᠮᠦᠴᠢᠨ ᠬᠣᠰᠢᠭᠤᠨ ᠤ ᠪᠤᠯᠠᠭ ᠰᠤᠮᠤ ᠪᠠᠷ ᠨᠤᠲᠤᠭ ᠲᠠᠢ ᠂ ᠬᠢᠴᠡ ᠳᠦᠭᠦᠷᠡᠩ ᠂ ᠬᠠᠷᠢᠭᠤᠯᠲᠠ ᠰᠠᠶᠢᠲᠠᠢ ᠂ ᠪᠠᠷᠢᠴᠠ ᠴᠢᠩᠭ᠎ᠠ ᠬᠡᠮᠡᠨ ᠠᠯᠳᠠᠷᠰᠢᠭᠰᠠᠨ ᠲᠡᠷᠡ ᠪᠡᠷ 512 ᠪᠥᠬᠡ ᠲᠡᠢ ᠨᠠᠶᠢᠷ ᠲᠤ ᠨᠢᠭᠡ ᠤᠳᠠᠭ᠎ᠠ ᠲᠡᠷᠢᠭᠦᠯᠡᠵᠦ ᠪᠠᠶᠢᠭᠰᠠᠨ ᠂ ᠬᠢᠲᠠᠳ ᠪᠥᠬᠡ ᠶᠢᠨ 90kg ᠦ ᠲᠠᠰ ᠤᠨ ᠤᠯᠤᠰ ᠤᠨ ᠠᠪᠤᠷᠭᠤ ᠶᠤᠮ ᠃

 

Ⅳ 2006 ᠣᠨ ᠳᠤ ᠵᠡᠭᠦᠨ ᠦᠵᠦᠮᠦᠴᠢᠨ ᠬᠣᠰᠢᠭᠤ ᠪᠠᠶᠢᠭᠤᠯᠤᠭᠳᠠᠭᠰᠠᠨ 50 ᠵᠢᠯ ᠦᠨ ᠣᠢ ᠶᠢᠨ ᠶᠡᠬᠡ ᠨᠠᠭᠠᠳᠤᠮ ᠳᠤ 1024 ᠪᠥᠬᠡ ᠪᠠᠷᠢᠯᠳᠤᠵᠤ ᠂ ᠪᠠᠲᠤᠰᠦ᠍ᠬᠡ ᠲᠡᠷᠢᠭᠦᠯᠡᠵᠦ ᠂ ᠪᠠᠶᠠᠷᠪᠠᠭᠠᠲᠤᠷ ᠳᠡᠳ᠋ᠯᠡᠭᠰᠡᠨ ᠃

ᠠᠪᠤᠷᠭᠤ ᠪᠠᠲᠤᠰᠦ᠍ᠬᠡ

ab1

ᠪᠠᠲᠤᠰᠦ᠍ᠬᠡ ᠪᠣᠯ ᠵᠠᠯᠠᠭᠤ ᠨᠢᠭᠡᠨ ᠦᠶ᠎ᠡ ᠶᠢᠨ ᠬᠢᠨ ᠦ ᠪᠡᠨ ᠲᠣᠳᠣᠷ᠎ᠠ ᠠᠴᠠ ᠴᠣᠯᠭᠣᠷᠠᠭᠰᠠᠨ ᠰᠠᠶᠢᠨ ᠪᠥᠬᠡ ; ᠴᠢᠳᠠᠯ ᠬᠦᠴᠦ ᠂ ᠡᠷᠳᠡᠮ ᠮᠡᠷᠭᠡᠵᠢᠯ ᠪᠦᠷᠢᠳᠦᠭᠰᠡᠨ ᠪᠥᠬᠡ ᠶᠤᠮ ᠃ ᠲᠡᠷᠡ ᠪᠡᠷ ᠵᠡᠭᠦᠨ ᠦᠵᠦᠮᠦᠴᠢᠨ ᠨᠤᠲᠤᠭ ᠤᠨ ᠢᠶᠠᠨ ᠪᠥᠬᠡ ᠶᠢᠨ ᠦᠢᠯᠡᠰ  ᠲᠦ ᠶᠡᠬᠡᠬᠡᠨ ᠵᠢᠳᠬᠦᠯ ᠲᠡᠢ ᠬᠥᠮᠦᠨ ᠃ ᠲᠡᠷᠡ ᠣᠯᠠᠨ ᠰᠠᠶᠢᠬᠠᠨ ᠱᠠᠪᠢ ᠬᠥᠮᠦᠵᠢᠭᠦᠯᠦᠭᠰᠡᠨ ᠢᠶᠡᠷ ᠪᠠᠷᠠᠬᠤ ᠦᠭᠡᠢ ᠂ ᠰᠡᠭᠦᠯ ᠦᠨ ᠦᠶ᠎ᠡ  ᠳᠦ ᠶᠡᠬᠡ ᠶᠡᠬᠡ ᠨᠠᠶᠢᠷ ᠨᠠᠭᠠᠳᠤᠮ ᠳᠤ ᠣᠳᠣ ᠲᠠᠢ ᠰᠠᠶᠢᠨ ᠪᠠᠷᠢᠯᠳᠤᠵᠤ ᠶᠠᠪᠤᠭ᠎ᠠ ᠪᠢᠯᠡ ᠃

 

Ⅴ 2007 ᠣᠨ ᠳᠤ ᠬᠥᠯᠥᠨ ᠪᠣᠶᠢᠷ ᠬᠣᠲᠠ ᠶᠢᠨ ᠰᠢᠨ᠎ᠡ ᠪᠠᠷᠭᠤ ᠵᠡᠭᠦᠨ ᠬᠣᠰᠢᠭᠤᠨ ᠳᠤ ᠪᠣᠯᠤᠭᠰᠠᠨ ︽ ᠪᠠᠽᠠᠷᠭᠠᠨᠳ᠋ ᠬᠠᠳᠠᠭᠠᠰᠤ ︾ ᠮᠣᠩᠭᠣᠯ ᠪᠥᠬᠡ ᠶᠢᠨ ᠤᠷᠤᠯᠳᠤᠭᠠᠨ ᠳᠤ 1024 ᠪᠥᠬᠡ ᠪᠠᠷᠢᠯᠳᠤᠵᠤ ᠂ ᠪᠠᠲᠤ ᠲᠡᠷᠢᠭᠦᠯᠡᠨ ᠂ ᠪᠢᠰᠢᠷᠡᠯᠲᠦ ᠲᠡᠲᠯᠡᠵᠡᠢ᠃   ᠲᠤᠰ ᠨᠠᠶᠢᠷ ᠪᠣᠯ ᠮᠠᠨ ᠤ ᠣᠷᠣᠨ ᠤ ᠠᠩᠬᠠᠳᠤᠭᠠᠷ ᠤᠳᠠᠭᠠᠨ ᠤ ᠮᠢᠩᠭᠠᠨ ᠪᠥᠬᠡ ᠶᠢᠨ ᠮᠠᠩᠯᠠᠢ ᠪᠠᠽᠠᠷᠭᠠᠨᠳ᠋ ᠭᠤᠸᠠᠢ ᠳᠤ ᠵᠣᠷᠢᠭᠤᠯᠵᠤ ᠬᠢᠭᠰᠡᠨ ᠥᠪᠡᠷᠮᠢᠴᠡ ᠣᠨᠴᠠᠯᠢᠭ ᠲᠠᠢ ᠨᠠᠶᠢᠷ ᠶᠤᠮ ᠃ ᠲᠤᠰ ᠨᠠᠶᠢᠷ  ᠨᠢ ᠠᠯᠳᠠᠷᠲᠤ ᠪᠥᠬᠡ ᠶᠢᠨ ᠢᠶᠡᠨ ᠨᠡᠷ᠎ᠡ ᠪᠡᠷ ᠨᠡᠷᠡᠯᠡᠨ ᠬᠣᠰᠢᠭᠤ ᠨᠤᠲᠤᠭ ᠲᠤ  ᠨᠢ ᠬᠢᠭᠰᠡᠨ ᠨᠢᠭᠡᠨ ᠤᠳᠠᠭᠠᠨ ᠤ ᠥᠪᠡᠷᠮᠢᠴᠡ ᠣᠨᠴᠠᠯᠢᠭ ᠪᠦᠬᠦᠢ ᠨᠠᠶᠢᠷ ᠶᠤᠮ ᠃

 

b. ᠬᠢᠨᠢᠰ ᠦᠨ ᠲᠡᠮᠳᠡᠭᠯᠡᠯ ᠳᠦ ᠲᠡᠮᠳᠡᠭᠯᠡᠭᠦᠯᠦᠭᠰᠡᠨ 2048 ᠪᠥᠬᠡ ᠶᠢᠨ ᠶᠡᠬᠡ ᠨᠠᠶᠢᠷ ︱

2004 ᠣᠨ ᠳᠤ ᠰᠢᠯᠢ ᠶᠢᠨ ᠭᠣᠣᠯ ᠠᠶᠢᠮᠠᠭ ᠤᠨ ᠪᠠᠷᠠᠭᠤᠨ ᠦᠵᠦᠮᠦᠴᠢᠨ ᠬᠣᠰᠢᠭᠤ 2048 ᠪᠥᠬᠡ ᠪᠠᠷᠢᠯᠳᠤᠭᠤᠯᠤᠭᠰᠠᠨ ᠲᠣᠮᠣ ᠨᠠᠶᠢᠷ ᠬᠢᠵᠦ ᠂ ᠣᠯᠠᠨ ᠪᠥᠬᠡ ᠪᠠᠷᠢᠯᠳᠤᠭᠰᠠᠨ ᠢᠶᠠᠷ ᠢᠶᠠᠨ ︽ ᠬᠢᠨᠢᠰ ᠦᠨ ᠳᠡᠯᠡᠬᠡᠢ ᠶᠢᠨ ᠲᠡᠮᠳᠡᠭᠯᠡᠯ ︾ ᠳᠦ ᠲᠡᠮᠳᠡᠭᠯᠡᠭᠦᠯᠦᠭᠰᠡᠨ ᠪᠢᠯᠡ ᠃ ᠡᠨᠡ ᠨᠠᠶᠢᠷ ᠲᠤ ᠮᠢ‍᠊  ᠰᠣᠶᠣᠯ ᠲᠡᠷᠢᠭᠦᠯᠡᠵᠦ ᠂ ᠤᠶᠤᠨᠪᠠᠲᠤ ᠳᠡᠳ᠋ᠯᠡᠭᠰᠡᠨ ᠃

ᠠᠪᠤᠷᠭᠤ ᠮᠢ‍᠊  ᠰᠣᠶᠣᠯ

am

ᠮᠢ‍᠊ ᠰᠣᠶᠣᠯ ᠪᠣᠯ ᠮᠣᠩᠭᠣᠯ ᠪᠥᠬᠡ ᠶᠢᠨ ᠭᠣᠴᠣ ᠪᠠᠷᠢᠯᠳᠤᠭᠠᠨ ᠢᠶᠠᠷ ᠢᠶᠠᠨ ᠠᠯᠳᠠᠷᠰᠢᠭᠰᠠᠨ ᠰᠠᠶᠢᠨ ᠪᠥᠬᠡ ᠪᠢᠯᠡ ᠃ ᠲᠡᠷᠡ  ᠪᠡᠷ ᠬᠢᠲᠠᠳ ᠪᠥᠬᠡ ᠶᠢᠨ ᠤᠷᠤᠯᠳᠤᠭᠠᠨ ᠳᠤ ᠴᠣ ᠮᠠᠰᠢ ᠭᠠᠷᠮᠠᠭᠠᠢ ᠪᠠᠷᠢᠯᠳᠤᠵᠤ ᠂ ᠤᠯᠤᠰ ᠤᠨ ᠠᠪᠤᠷᠭᠤ ᠶᠢᠨ ᠰᠠᠶᠢᠬᠠᠨ ᠠᠯᠳᠠᠷ ᠬᠠᠮᠠᠭᠠᠯᠠᠵᠤ ᠪᠠᠶᠢᠭᠰᠠᠨ ᠶᠤᠮ ᠃ ᠮᠥᠨ ᠬᠣᠰᠢᠭᠤ ᠨᠤᠲᠤᠭ ᠤᠨ ᠢᠶᠠᠨ ᠰᠣᠳᠣᠨ ᠰᠠᠶᠢᠨ ᠪᠥᠬᠡᠴᠦᠳ ᠢ ᠪᠣᠯᠪᠠᠰᠤᠷᠠᠭᠤᠯᠬᠤ ᠰᠤᠷᠭᠠᠭᠴᠢ ᠶᠢᠨ ᠠᠵᠢᠯ ᠦᠢᠯᠡᠰ ᠲᠦ ᠵᠢᠳᠬᠦᠵᠦ ᠶᠠᠪᠤᠭ᠎ᠠ ᠰᠠᠨ ᠃

 

c. ︽ ᠴᠧᠩ ᠯᠥᠩ ᠨᠡᠭᠦᠷᠡᠰᠦᠨ ᠦ ᠦᠢᠯᠡᠰ ︾ ᠬᠠᠳᠠᠭᠠᠰᠤ ᠮᠣᠩᠭᠣᠯ ᠪᠥᠬᠡ ᠶᠢᠨ ᠠᠪᠤᠷᠭᠤᠴᠤᠳ ᠤᠨ ᠨᠠᠶᠢᠷ ︱

2007 ᠣᠨ ᠤ ᠵᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠵᠢᠷᠠᠨ ᠵᠢᠯ ᠦᠨ ᠣᠢ ᠳᠤ ᠲᠣᠬᠢᠶᠠᠯᠳᠤᠭᠤᠯᠤᠨ ᠴᠧᠩ ᠯᠥᠩ ᠨᠡᠭᠦᠷᠡᠰᠦᠨ ᠦ ᠦᠢᠯᠡᠰ ᠪᠦᠯᠦᠭᠯᠡᠯ ᠦᠨ ᠵᠠᠬᠢᠷᠤᠯ ᠵᠢᠷᠤᠮᠲᠤ ᠭᠤᠸᠠᠢ ᠶᠢᠨ ᠢᠪᠡᠭᠡᠨ ᠲᠡᠳᠬᠦᠯᠲᠡ  ᠪᠡᠷ ᠬᠥᠬᠡᠬᠣᠲᠠᠨ᠎ᠠ ᠪᠣᠯᠤᠭᠰᠠᠨ 128 ᠰᠣᠳᠣᠨ ᠪᠥᠬᠡ ᠪᠠᠷᠢᠯᠳᠤᠭᠤᠯᠤᠭᠰᠠᠨ ᠶᠡᠬᠡ ᠨᠠᠶᠢᠷ ᠢ ᠬᠡᠯᠡᠵᠦ ᠪᠤᠢ ᠃ ᠬᠡᠳᠦᠶᠢᠪᠡᠷ ᠪᠥᠬᠡ ᠶᠢᠨ ᠲᠣᠭ᠎ᠠ ᠴᠥᠭᠡᠨ ᠪᠣᠯᠪᠠᠴᠤ ᠡᠭᠡᠯᠵᠢᠯᠡᠭᠦᠯᠵᠦ ᠪᠠᠷᠢᠯᠳᠤᠭᠤᠯᠬᠤ ᠳᠦᠷᠢᠮ ᠢ ᠬᠡᠷᠡᠭᠯᠡᠭᠰᠡᠨ ᠪᠣᠯᠬᠣᠷ ᠲᠡᠷᠢᠭᠦᠯᠡᠬᠦ ᠪᠥᠬᠡ ᠮᠢᠩᠭᠠᠨ ᠪᠥᠬᠡ  ᠲᠡᠢ ᠨᠠᠶᠢᠷ ᠠᠴᠠ ᠴᠣ ᠣᠯᠠᠨ ᠤᠨᠤᠭ᠎ᠠ ᠳᠠᠪᠠᠵᠤ ᠪᠠᠶᠢᠵᠤ ᠰᠢᠯᠭᠠᠷᠠᠬᠤ ᠤᠴᠢᠷᠲᠠᠢ ᠃ ᠳᠠᠶᠢᠨ ᠬᠥ ᠤᠨᠤᠭ᠎ᠠ ᠣᠯᠠᠨ ᠂ ᠳᠠᠪᠠᠭ᠎ᠠ ᠴᠢᠩᠭ᠎ᠠ  ᠪᠠᠷ ᠢᠶᠠᠨ ᠨᠠᠶᠢᠷ ᠭᠤᠶᠤ ᠪᠣᠯᠤᠭᠰᠠᠨ ᠪᠢᠯᠡ ᠃ ᠡᠨᠡ ᠨᠠᠶᠢᠷ ᠲᠤ ᠰᠢᠯᠢ ᠶᠢᠨ ᠭᠣᠣᠯ ᠠᠶᠢᠮᠠᠭ ᠤᠨ ᠵᠡᠭᠦᠨ ᠦᠵᠦᠮᠦᠴᠢᠨ ᠬᠣᠰᠢᠭᠤ ᠨᠤᠲᠤᠭ ᠲᠠᠢ ᠠᠪᠤᠷᠭᠤ ᠪᠠᠲᠤᠰᠦ᠍ᠬᠡ ᠲᠡᠷᠢᠭᠦᠯᠡᠵᠦ ᠂ ᠵᠡᠭᠦᠨ ᠦᠵᠦᠮᠦᠴᠢᠨ ᠬᠣᠰᠢᠭᠤᠨ ᠤ ᠪᠠᠭᠠᠨ᠎ᠠ ᠳᠡᠳ᠋ᠯᠡᠭᠰᠡᠨ ᠶᠤᠮ ᠃                                                 ᠠᠪᠤᠷᠭᠤ ᠪᠠᠲᠤᠰᠦ᠍ᠬᠡ

ab3

2008 ᠣᠨ ᠳᠤ ᠰᠢᠯᠢ ᠶᠢᠨ ᠭᠣᠣᠯ ᠠᠶᠢᠮᠠᠭ ᠤᠨ ᠵᠡᠭᠦᠨ ᠦᠵᠦᠮᠦᠴᠢᠨ ᠬᠣᠰᠢᠭᠤᠨ ᠳᠤ ︽ ᠴᠧᠩ ᠯᠥᠩ ᠨᠡᠭᠦᠷᠡᠰᠦᠨ ᠦ ᠦᠢᠯᠡᠰ ︾ ᠬᠠᠳᠠᠭᠠᠰᠤ ᠮᠣᠩᠭᠣᠯ ᠪᠥᠬᠡ ᠶᠢᠨ ᠤᠨ ᠬᠣᠶᠠᠳᠤᠭᠠᠷ ᠤᠳᠠᠭᠠᠨ ᠤ ᠲᠣᠮᠣ ᠨᠠᠶᠢᠷ ᠪᠣᠯᠤᠭᠰᠠᠨ ᠶᠤᠮ ᠃ ᠲᠤᠰ ᠨᠠᠶᠢᠷ ᠢ ᠥᠪᠥᠷ ᠮᠣᠩᠭᠣᠯ ᠤᠨ ᠮᠣᠩᠭᠣᠯ ᠣᠳᠣᠨ ᠲᠧᠯᠸᠢᠰ ᠢᠶᠡᠷ ᠰᠢᠭᠤᠳ ᠨᠡᠪᠲᠡᠷᠡᠭᠦᠯᠵᠦ ᠨᠠᠶᠢᠳᠠ ᠬᠥᠮᠦᠰ ᠦᠨ ᠬᠦᠷᠲᠡᠭᠡᠯ ᠪᠣᠯᠭᠠᠭᠰᠠᠨ ᠶᠤᠮ ᠃ ᠨᠠᠶᠢᠷ ᠤᠨ ᠪᠠᠷᠢᠯᠳᠤᠭᠠᠨ ᠤ ᠳᠦᠷᠢᠮ ᠭᠣᠷᠢᠮ ᠳᠤ ᠡᠳᠦᠢ ᠲᠡᠳᠦᠢ ᠰᠢᠨᠡᠴᠢᠯᠡᠯᠲᠡ ᠣᠷᠣᠭᠤᠯᠵᠤ ᠂ ᠮᠣᠩᠭᠣᠯ ᠪᠥᠬᠡ ᠶᠢᠨ ᠬᠣᠶᠢᠰᠢᠳᠠ ᠶᠢᠨ ᠬᠥᠭᠵᠢᠯ ᠳᠦ ᠯᠠᠪᠯᠠᠯᠲᠠ ᠪᠣᠯᠬᠤ ᠦᠨ᠎ᠡ ᠴᠠᠨ᠎ᠠ ᠲᠠᠢ ᠲᠤᠷᠰᠢᠴᠠ ᠶᠢ ᠰᠡᠳᠦᠭᠰᠡᠨ ᠪᠠᠶᠢᠨ᠎ᠠ ᠃ ᠲᠤᠰ ᠨᠠᠶᠢᠷ ᠲᠤ 256 ᠪᠥᠬᠡ ᠪᠠᠷᠢᠯᠳᠤᠵᠤ ᠂ ᠵᠡᠭᠦᠨ ᠦᠵᠦᠮᠦᠴᠢᠨ ᠬᠣᠰᠢᠭᠤᠨ ᠤ ᠪᠠᠲᠤᠰᠦ᠍ᠬᠡ ᠲᠡᠷᠢᠭᠦᠯᠡᠵᠦ ᠂ ᠬᠣᠷᠴᠢᠨ ᠨᠤᠲᠤᠭ ᠲᠠᠢ ᠰᠠᠶᠢᠨᠡᠷᠳᠡᠨᠢ ᠳᠡᠳ᠋ᠯᠡᠭᠰᠡᠨ ᠪᠠᠶᠢᠨ᠎ᠠ ᠃                         ᠠᠪᠤᠷᠭᠤ ᠪᠠᠲᠤᠰᠦ᠍ᠬᠡ

ab2

ᠰᠢᠭᠦᠮᠵᠢ