• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠥᠬᠡ ᠶᠢᠨ ᠶᠤᠰᠤ ᠵᠦᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 7.56 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-03
 • ᠄   1
 • ᠄   0
 • ᠄   0
 • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠶᠣᠰᠣ ᠵᠦᠢ

 

ᠮᠣᠩᠭᠣᠯ ᠪᠥᠬᠡ ᠶᠢᠨ ᠪᠠᠷᠢᠯᠳᠤᠭᠠᠨ ᠤ ᠶᠣᠰᠣᠨ ᠳᠤ ᠪᠥᠬᠡ ᠣᠨᠣᠭᠠᠬᠤ ᠂ ᠪᠥᠬᠡ ᠵᠣᠳᠣᠭᠯᠠᠬᠤ ᠂ ᠪᠥᠬᠡ ᠴᠣᠯᠠᠯᠠᠬᠤ ᠂ ᠪᠥᠬᠡ ᠲᠠᠯᠪᠢᠬᠤ ᠂ ᠳᠡᠪᠢᠵᠦ ᠮᠠᠭᠰᠢᠬᠤ ᠂ ᠪᠠᠷᠢᠴᠠ ᠠᠪᠬᠤ ᠂ ᠪᠠᠷᠢᠯᠳᠤᠵᠤ ᠳᠠᠪᠠᠬᠤ ᠂ ᠲᠠᠬᠢᠮ ᠠᠪᠬᠤ ᠂ ᠲᠤᠭ ᠲᠣᠭᠣᠷᠢᠬᠤ ᠂ ᠡᠮᠦᠰᠬᠡᠯ ᠲᠠᠶᠢᠯᠬᠤ ᠂ ᠱᠠᠩᠨᠠᠵᠤ ᠴᠣᠯᠠᠯᠠᠬᠤ ᠵᠡᠷᠭᠡ ᠨᠠᠷᠢᠨ ᠶᠣᠰᠣ ᠵᠢᠷᠤᠮ ᠪᠠᠶᠢᠳᠠᠭ ᠠᠴᠠ ᠭᠠᠳᠠᠨ᠎ᠠ ᠴᠡᠭᠡᠷ ᠬᠣᠷᠢᠭ ᠤᠨ ᠵᠠᠩ ᠦᠢᠯᠡ ᠪᠠ ᠪᠠᠷᠢᠯᠳᠤᠭᠠᠨ ᠤ ᠳᠦᠷᠢᠮ ᠦᠨ ᠲᠣᠳᠣᠷᠬᠠᠢ ᠶᠣᠰᠣ ᠭᠣᠷᠢᠮ ᠴᠣ ᠪᠠᠶᠢᠳᠠᠭ ᠪᠢᠯᠡ ᠃ ᠡᠨᠡ ᠪᠦᠬᠦᠨ ᠪᠣᠯ ᠮᠣᠩᠭᠣᠯ ᠪᠥᠬᠡ ᠶᠢᠨ ᠳᠦᠷᠢᠮᠵᠢᠭᠰᠡᠨ ᠬᠥᠭᠵᠢᠯ ᠦᠨ ᠰᠠᠭᠤᠷᠢ ᠪᠣᠯᠬᠤ ᠪᠥᠭᠡᠳ ᠮᠣᠩᠭᠣᠯ ᠪᠥᠬᠡ ᠶᠢᠨ ᠥᠪᠡᠷᠮᠢᠴᠡ ᠣᠨᠴᠠᠯᠢᠭ ᠢ ᠬᠠᠷᠠᠭᠤᠯᠵᠤ ᠪᠠᠶᠢᠳᠠᠭ ᠃

ᠨᠢᠭᠡ ᠂ ᠴᠡᠭᠡᠷ ᠬᠣᠷᠢᠭ ︱

ᠮᠢᠩᠭᠠᠲᠤ ᠪᠥᠬᠡ ᠪᠠᠷᠢᠯᠳᠤᠬᠤ ᠳᠤ ᠵᠠᠩᠭ᠎ᠠ ᠠᠴᠠ ᠪᠠᠷᠢᠴᠠ ᠠᠪᠴᠤ ᠪᠣᠯᠬᠤ ᠦᠭᠡᠢ ᠃ ᠵᠠᠩᠭ᠎ᠠ ᠪᠠᠨ ᠪᠤᠰᠤᠳ ᠲᠤ ᠵᠢᠭᠡᠯᠡᠭᠦᠯᠬᠦ ᠂ ᠳᠡᠭᠡᠷ᠎ᠡ ᠨᠢ ᠭᠢᠰᠬᠢᠬᠦ ᠂ ᠬᠠᠮᠢᠶ᠎ᠠ ᠨᠠᠮᠢᠶ᠎ᠠ ᠦᠭᠡᠢ ᠡᠨᠳᠡ ᠲᠡᠨᠳᠡ ᠲᠠᠯᠪᠢᠬᠤ ᠶᠢ ᠴᠡᠭᠡᠷᠯᠡᠬᠦ ᠵᠡᠷᠭᠡ ᠪᠣᠯ ᠤᠯᠠᠮᠵᠢᠯᠠᠯᠲᠤ ᠴᠡᠭᠡᠷ ᠶᠣᠰᠣᠨ ᠶᠤᠮ ᠃ ᠵᠠᠩᠭ᠎ᠠ ᠳᠤ ᠪᠥᠬᠡ ᠶᠢᠨ ᠬᠡᠶᠢᠮᠣᠷᠢ ᠪᠠᠶᠢᠨ᠎ᠠ ᠭᠡᠵᠦ ᠪᠡᠯᠭᠡᠰᠢᠶᠡᠳᠡᠭ ᠪᠣᠯᠬᠣᠷ ᠮᠠᠰᠢ ᠬᠢᠴᠢᠶᠡᠨ ᠨᠠᠨᠳᠢᠩᠨᠠᠳᠠᠭ ᠶᠣᠰᠣ ᠲᠠᠢ ᠃ ᠪᠥᠬᠡ ᠬᠥᠮᠦᠨ ᠦ ᠮᠥᠷᠥᠨ ᠳᠦ ᠭᠠᠷ ᠬᠦᠷᠬᠦ ᠂ ᠪᠥᠬᠡᠴᠦᠳ ᠬᠡᠷᠡᠭᠦᠯ ᠴᠤᠤᠭᠢᠶ᠎ᠠ ᠬᠢᠬᠦ ᠂ ᠠᠷᠢᠬᠢ ᠳᠠᠷᠠᠰᠤ ᠤᠤᠭᠤᠬᠤ  ᠶᠢ ᠴᠣ ᠮᠠᠰᠢ ᠴᠡᠭᠡᠷᠯᠡᠳᠡᠭ ᠪᠠᠶᠢᠵᠠᠢ ᠃

yj1

ᠵᠠᠩᠭ᠎ᠠ ᠪᠠᠨ ᠵᠠᠪᠠᠯ ᠳᠡᠭᠡᠷ᠎ᠡ ᠭᠠᠵᠠᠷ ᠲᠠᠯᠪᠢᠬᠤ ᠶᠣᠰᠣ ᠲᠠᠢ ᠃ ᠪᠠᠷᠢᠯᠳᠤᠬᠤ ᠦᠶ᠎ᠡ ᠳᠦ ᠪᠤᠰᠤᠳ ᠤᠨ ᠡᠮᠵᠡᠭ ᠭᠠᠵᠠᠷ ᠢ ᠭᠡᠮᠲᠦᠭᠡᠬᠦ ᠂ ᠬᠠᠷᠭᠢᠰ ᠬᠠᠷᠠᠲᠠᠢ ᠮᠡᠬᠡ ᠬᠢᠴᠡ ᠬᠢᠬᠦ ᠂ ᠪᠤᠰᠤᠳ ᠢ ᠬᠥᠷᠯᠡᠬᠦ ᠵᠡᠷᠭᠡ ᠶᠢ ᠴᠣ ᠴᠡᠭᠡᠷᠯᠡᠳᠡᠭ ᠃ ᠪᠥᠬᠡ ᠶᠢᠨ ᠡᠶᠢᠮᠦᠷᠬᠦ ᠴᠡᠭᠡᠷ ᠬᠣᠷᠢᠭᠨᠢ ᠪᠥᠬᠡ ᠶᠢᠨ ᠳᠦᠷᠢᠮ ᠦᠨ ᠲᠣᠳᠣᠷᠬᠠᠢ ᠲᠣᠭᠲᠠᠭᠠᠯ ᠦᠭᠡᠢ ᠴᠠᠭ ᠦᠶ᠎ᠡ ᠳᠦ ᠨᠠᠭᠠᠳᠤᠮ ᠳᠤ ᠣᠷᠣᠯᠴᠠᠵᠤ ᠪᠠᠶᠢᠭ᠎ᠠ ᠪᠥᠬᠡᠴᠦᠳ ᠦᠨ ᠪᠡᠶ᠎ᠡ ᠴᠣᠭᠴᠠ ᠶᠢ ᠬᠠᠮᠠᠭᠠᠯᠠᠬᠤ ᠂ ᠪᠠᠷᠢᠯᠳᠤᠭᠠᠨ ᠤ ᠶᠣᠰᠣ ᠭᠣᠷᠢᠮ ᠢ ᠨᠢᠭᠡᠳᠦᠯ ᠲᠡᠢ ᠪᠠᠶᠢᠯᠭᠠᠬᠤ ᠂ ᠬᠦᠨᠳᠦᠳᠬᠡᠯ ᠪᠡᠯᠭᠡᠰᠢᠶᠡᠯ ᠦᠨ ᠶᠣᠰᠣ ᠤᠯᠠᠮᠵᠢᠯᠠᠯ ᠢ ᠳᠡᠭᠡᠳᠦᠯᠡᠬᠦ ᠳᠦ ᠮᠠᠰᠢ ᠴᠢᠬᠤᠯᠠ ᠬᠣᠯᠪᠣᠭ᠎ᠠ ᠲᠠᠢ ᠪᠠᠶᠢᠵᠠᠢ ᠃ ᠮᠢᠩᠭᠠᠲᠤ ᠪᠥᠬᠡ ᠶᠢᠨ ᠬᠣᠶᠢᠰᠢᠳᠠ ᠶᠢᠨ ᠬᠥᠭᠵᠢᠯ ᠂ ᠪᠠᠷᠢᠯᠳᠤᠭᠠᠨ ᠤ ᠪᠠ ᠡᠮᠦᠰᠬᠡᠯ ᠵᠠᠰᠠᠯ ᠤᠨ ᠵᠢᠷᠤᠮᠵᠢᠭᠰᠠᠨ ᠲᠣᠳᠣᠷᠬᠠᠢ ᠳᠦᠷᠢᠮ ᠲᠣᠭᠲᠠᠭᠠᠯ ᠲᠣᠭᠲᠠᠭᠠᠬᠤ ᠳᠤ ᠴᠡᠭᠡᠷ ᠬᠣᠷᠢᠭ ᠪᠣᠯ ᠯᠠᠪᠯᠠᠯᠲᠠ ᠶᠢᠨ ᠦᠨ᠎ᠡ ᠴᠠᠨ᠎ᠠ ᠲᠠᠢ ᠶᠤᠮ ᠃

ᠬᠣᠶᠠᠷ ᠂ ᠳᠦᠷᠢᠮ ᠭᠣᠷᠢᠮ ︱

ᠮᠣᠩᠭᠣᠯ ᠪᠥᠬᠡ ᠶᠢᠨ ᠤᠯᠠᠮᠵᠢᠯᠠᠯᠲᠤ ᠳᠦᠷᠢᠮ ᠢᠶᠡᠷ ᠪᠣᠯ ᠭᠠᠭᠴᠠ ᠪᠠᠷᠢᠯᠳᠤᠭᠠᠨ ᠢᠶᠠᠷ ᠢᠯᠠᠵᠤ ᠢᠯᠠᠭᠳᠠᠬᠤ ᠶᠢ ᠲᠣᠭᠲᠠᠭᠠᠬᠤ ᠂ ᠬᠦᠨᠳᠦ ᠬᠥᠩᠭᠡᠨ ᠲᠠᠰ ᠢᠯᠭᠠᠬᠤ ᠦᠭᠡᠢ ᠵᠢᠷᠤᠮ ᠲᠠᠢ ᠃ ᠡᠨᠡ ᠤᠯᠠᠮᠵᠢᠯᠠᠯ ᠤᠨ ᠰᠠᠭᠤᠷᠢᠨ ᠳᠡᠭᠡᠷ᠎ᠡ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠵᠥᠪᠯᠡᠯ ᠡᠴᠡ 1988 ᠣᠨ ᠤ 5 ᠰᠠᠷ᠎ᠠ ᠶᠢᠨ 1 ᠳᠦ ᠨᠡᠶᠢᠲᠡᠯᠡᠭᠰᠡᠨ ︽ ᠪᠥᠬᠡ ᠤᠷᠤᠯᠳᠤᠬᠤ ᠳᠦᠷᠢᠮ ︾ ᠪᠣᠯ ᠥᠪᠥᠷ ᠮᠣᠩᠭᠣᠯ ᠣᠷᠣᠨ ᠤ ᠮᠣᠩᠭᠣᠯ ᠪᠥᠬᠡ ᠶᠢᠨ ᠪᠠᠷᠢᠯᠳᠤᠭᠠᠨ ᠤ ᠨᠡᠯᠢᠶᠡᠳ ᠠᠷᠢᠯᠠᠯ ᠳᠦᠷᠢᠮ ᠶᠤᠮ ᠃ ᠤᠭ ᠳᠦᠷᠢᠮ ᠨᠢ ᠶᠡᠷᠦᠩᠬᠡᠢ ᠳᠦᠷᠢᠮ ᠂ ᠬᠢᠨᠠᠬᠤ ᠠᠷᠭ᠎ᠠ ᠂ ᠬᠢᠨᠠᠭᠴᠢ ᠪᠣᠯᠤᠨ ᠲᠡᠭᠦᠨ ᠦ ᠡᠭᠦᠷᠭᠡ ᠬᠠᠷᠢᠭᠤᠴᠠᠯᠭ᠎ᠠ ᠂ ᠡᠮᠡᠭᠲᠡᠢ ᠪᠥᠬᠡ ᠶᠢᠨ ᠲᠤᠬᠠᠢ ᠣᠨᠴᠠᠭᠠᠢ ᠲᠣᠭᠲᠠᠭᠠᠯ ᠵᠡᠷᠭᠡ ᠳᠥᠷᠪᠡᠨ ᠪᠦᠯᠦᠭ ᠢᠶᠡᠷ ᠪᠦᠷᠢᠯᠳᠦᠭᠰᠡᠨ ᠪᠠᠶᠢᠨ᠎ᠠ ᠃

yj2

ᠥᠨᠥᠳᠦᠷ ᠦᠨ ᠮᠣᠩᠭᠣᠯ ᠪᠥᠬᠡ ᠶᠢᠨ ᠬᠥᠭᠵᠢᠯ ᠲᠦᠷᠭᠡᠨ ᠪᠠᠶᠢᠭ᠎ᠠ ᠪᠣᠯᠪᠠᠴᠤ ᠡᠷᠬᠡ ᠰᠦᠷᠲᠦ ᠴᠢᠨᠠᠷᠲᠠᠢ ᠂ ᠪᠦᠬᠦ ᠨᠠᠶᠢᠳᠠ  ᠳᠤ ᠬᠦᠯᠢᠶᠡᠨ ᠵᠥᠪᠰᠢᠶᠡᠷᠡᠭᠳᠡᠭᠰᠡᠨ ᠬᠦᠴᠦᠨ ᠪᠦᠬᠦᠢ ᠳᠦᠷᠢᠮ ᠭᠣᠷᠢᠮ ᠬᠠᠷᠠᠬᠠᠨ ᠲᠡᠭᠦᠯᠳᠡᠷᠵᠢᠭᠡ ᠦᠭᠡᠢ ᠪᠠᠶᠢᠭᠰᠠᠭᠠᠷ ᠃ ᠢᠯᠠᠩᠭᠤᠶ᠎ᠠ ᠪᠠᠷᠢᠯᠳᠤᠬᠤ ᠴᠠᠭ ᠤᠨ ᠬᠢᠵᠠᠭᠠᠷ ᠂ ᠡᠮᠦᠰᠬᠡᠯ ᠵᠠᠰᠠᠯ ᠤᠨ ᠬᠢᠴᠡ ᠬᠡᠮᠵᠢᠶ᠎ᠡ ᠂ ᠬᠠᠶᠢᠨᠴᠠᠭᠰᠠᠨ ᠲᠣᠬᠢᠶᠠᠯᠳᠤᠯ ᠳᠤ ᠦᠷ᠎ᠡ ᠳ᠋ᠦᠩ ᠲᠡᠢ ᠰᠢᠢᠳᠪᠦᠷᠢ ᠭᠠᠷᠭᠠᠬᠤ ᠂ ᠱᠠᠩᠨᠠᠵᠤ ᠴᠣᠯᠠᠯᠠᠬᠤ ᠂ ᠲᠣᠳᠣᠷᠬᠠᠢ ᠢᠷᠠᠭᠤ ᠠᠯᠳᠠᠷ ᠤᠨ ᠢᠯᠭᠠᠮᠵᠢ ᠲᠠᠢ ᠪᠠᠶᠢᠬᠤ ᠂ ᠮᠡᠷᠭᠡᠵᠢᠯ ᠦᠨ ᠬᠢᠨᠠᠭᠴᠢ ᠲᠠᠢ ᠪᠠᠶᠢᠬᠤ ᠵᠡᠷᠭᠡ ᠲᠠᠯ᠎ᠠ ᠪᠠᠷ ᠮᠢᠩᠭᠠᠲᠤ ᠪᠥᠬᠡ ᠨᠢ ᠳᠡᠯᠡᠬᠡᠢ ᠶᠢᠨ ᠡᠯ᠎ᠡ ᠲᠥᠷᠥᠯ ᠦᠨ ᠮᠡᠷᠭᠡᠵᠢᠯ ᠦᠨ ᠪᠥᠬᠡ  ᠡᠴᠡ ᠲᠣᠯᠢᠳᠠᠵᠤ ᠪᠠᠶᠢᠬᠤ ᠮᠥᠷᠲᠡᠭᠡᠨ ᠱᠣᠳᠠᠬᠤ ᠪᠥᠬᠡ ᠶᠢᠨ ᠬᠢᠷᠢ ᠴᠣ ᠳᠦᠷᠢᠮᠵᠢᠵᠦ ᠴᠢᠳᠠᠭ᠎ᠠ ᠦᠭᠡᠢ ᠪᠠᠶᠢᠭᠰᠠᠭᠠᠷ ᠶᠤᠮ ᠃ ᠢᠯᠠᠩᠭᠤᠶ᠎ᠠ ᠡᠮᠡᠭᠲᠡᠢ ᠪᠥᠬᠡ ᠂ ᠬᠡᠦᠬᠡᠳ ᠦᠨ ᠪᠥᠬᠡ ᠳᠦ ᠬᠠᠨᠳᠤᠭᠭᠤᠯᠤᠭᠰᠠᠨ ᠲᠣᠳᠣᠷᠬᠠᠢ ᠵᠢᠭᠠᠯᠲᠠ ᠲᠠᠢ ᠬᠦᠴᠦᠨ ᠪᠦᠬᠦᠢ ᠳᠦᠷᠢᠮ ᠱᠠᠭᠠᠷᠳᠠᠭᠳᠠᠵᠤ ᠪᠠᠶᠢᠨ᠎ᠠ ᠃ ᠮᠣᠩᠭᠣᠯ ᠪᠥᠬᠡ ᠶᠢᠨ ᠳᠦᠷᠢᠮᠵᠢᠭᠰᠡᠨ ᠬᠥᠭᠵᠢᠯ ᠪᠣᠯ ᠮᠣᠩᠭᠣᠯ ᠪᠥᠬᠡ ᠪᠡᠨ ᠳᠡᠯᠡᠬᠡᠢ ᠳᠦ ᠲᠠᠨᠢᠭᠤᠯᠬᠤ  ᠶᠢᠨ ᠬᠠᠮᠤᠭ ᠤᠨ ᠴᠢᠬᠤᠯᠠ ᠠᠯᠬᠤᠮ ᠶᠤᠮ ᠃ ᠢᠩᠭᠢᠵᠦ ᠳᠦᠷᠢᠮᠵᠢᠭᠦᠯᠬᠦ ᠳᠦ ᠮᠣᠩᠭᠣᠯ ᠪᠥᠬᠡ ᠶᠢᠨ ᠨᠢᠭᠡᠳᠦᠯ ᠲᠡᠢ ᠬᠠᠮᠢᠶᠠᠷᠤᠯᠲᠠ  ᠶᠢᠨ ᠡᠷᠬᠡ ᠰᠦᠷᠲᠦ ᠪᠠᠶᠢᠭᠤᠯᠭ᠎ᠠ ᠨᠢᠭᠡᠴᠡ ᠪᠠᠶᠢᠭᠤᠯᠬᠤ ᠂ ᠲᠣᠭᠲᠠᠭᠠᠭᠰᠠᠨ ᠳᠦᠷᠢᠮ ᠢᠶᠡᠨ ᠵᠠᠪᠠᠯ ᠬᠡᠷᠡᠭᠵᠢᠭᠦᠯᠬᠦ ᠱᠠᠭᠠᠷᠳᠠᠯᠭ᠎ᠠ ᠴᠢᠬᠤᠯᠠ ᠪᠠᠶᠢᠭ᠎ᠠ ᠶᠤᠮ ᠃

ᠪᠥᠬᠡ ᠶᠢᠨ ᠶᠤᠰᠤ ᠵᠦᠢ

ᠪᠥᠬᠡ ᠶᠢᠨ ᠶᠤᠰᠤ ᠵᠦᠢ

ᠪᠥᠬᠡ ᠶᠢᠨ ᠶᠤᠰᠤ ᠵᠦᠢ

ᠪᠥᠬᠡ ᠶᠢᠨ ᠶᠤᠰᠤ ᠵᠦᠢ

ᠪᠥᠬᠡ ᠶᠢᠨ ᠶᠤᠰᠤ ᠵᠦᠢ

ᠪᠥᠬᠡ ᠶᠢᠨ ᠶᠤᠰᠤ ᠵᠦᠢ

ᠰᠢᠭᠦᠮᠵᠢ