• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠥᠬᠡ ᠶᠢᠨ ᠬᠢᠴᠡ ᠮᠡᠬᠡ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-05
 • ᠄   1
 • ᠄   0
 • ᠄   0
 • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠬᠢᠴᠡ ᠮᠡᠬᠡ

 

ᠡᠯ᠎ᠡ ᠲᠥᠷᠥᠯ ᠦᠨ ᠪᠥᠬᠡ ᠪᠦᠷ ᠥᠪᠡᠷ ᠥᠪᠡᠷ ᠦᠨ ᠢᠶᠡᠨ ᠣᠨᠴᠠᠯᠢᠭ ᠪᠦᠬᠦᠢ ᠬᠢᠴᠡ ᠮᠡᠬᠡ ᠲᠡᠢ ᠪᠠᠶᠢᠳᠠᠭ ᠃ ᠡᠨᠳᠡ ᠥᠪᠥᠷ ᠮᠣᠩᠭᠣᠯ ᠣᠷᠣᠨ ᠳᠤ ᠨᠡᠶᠢᠳᠡᠮ ᠲᠦᠭᠡᠮᠡᠯᠵᠢᠭᠰᠡᠨ ᠮᠢᠩᠭᠠᠲᠤ ᠪᠥᠬᠡ ᠶᠢᠨ ᠮᠡᠬᠡ ᠡᠴᠡ ᠭᠣᠣᠯᠳᠠᠯᠭ᠎ᠠ ᠲᠠᠢ ᠵᠠᠷᠢᠮ ᠢ  ᠨᠢ ᠲᠠᠨᠢᠯᠴᠠᠭᠤᠯᠤᠶ᠎ᠠ ! ᠥᠪᠥᠷ ᠮᠣᠩᠭᠣᠯᠴᠤᠳ ᠤᠨ ᠲᠦᠭᠡᠮᠡᠯ ᠬᠡᠷᠡᠭᠯᠡᠳᠡᠭ ᠪᠥᠬᠡ ᠶᠢᠨ ᠮᠡᠬᠡ ᠳᠦ ᠲᠠᠲᠠᠭ᠎ᠠ ᠂ ᠴᠣᠬᠢᠶ᠎ᠠ ᠂ ᠲᠡᠭᠡᠭᠡ ᠂ ᠡᠯᠭᠦᠭᠡ ᠂ ᠨᠤᠭᠤᠰᠤᠯᠠᠭ᠎ᠠ ᠂ ᠠᠴᠢᠶ᠎ᠠ ᠂ ᠭᠠᠨᠵᠤᠭᠠᠯᠠᠭ᠎ᠠ ᠂ ᠡᠪᠦᠳᠦᠭ ᠣᠨᠣᠭᠤᠯᠬᠤ ᠂ ᠴᠡᠭᠡᠵᠢᠨ ᠬᠥᠷᠪᠡᠭᠡ ᠂ ᠬᠥᠨᠲᠥᠷᠦᠭᠡ ᠵᠡᠷᠭᠡ ᠪᠤᠢ ᠃

 

ᠲᠠᠲᠠᠭ᠎ᠠ ︱

ᠲᠠᠲᠠᠭ᠎ᠠ ᠪᠣᠯ ᠶᠠᠮᠠᠷ ᠴᠣ ᠬᠢᠴᠡ ᠮᠡᠷᠭᠡᠵᠢᠯ ᠲᠡᠢ ᠤᠶᠠᠯᠳᠤᠳᠠᠭ ᠦᠨᠳᠦᠰᠦᠨ ᠬᠢᠴᠡ ᠮᠡᠷᠭᠡᠵᠢᠯ ᠦᠨ ᠳᠣᠲᠣᠷᠠᠬᠢ ᠰᠠᠭᠤᠷᠢ ᠮᠡᠷᠭᠡᠵᠢᠯ ᠦᠨ ᠬᠥᠳᠡᠯᠭᠡᠭᠡᠨ ᠶᠤᠮ ᠃ ᠲᠠᠲᠠᠭ᠎ᠠ  ᠨᠢ ᠨᠥᠭᠥᠭᠡᠳᠡᠬᠢ ᠶᠢᠨ ᠢᠶᠡᠨ ᠪᠡᠶ᠎ᠡ ᠶᠢᠨ ᠬᠦᠨᠳᠦ ᠶᠢᠨ ᠲᠥᠪ ᠂ ᠬᠦᠴᠦ ᠶᠢ  ᠨᠢ ᠳᠠᠭᠠᠭᠤᠯᠤᠨ ᠲᠠᠲᠠᠮᠠᠭᠴᠠ ᠥᠪᠡᠷ ᠢᠶᠡᠨ ᠪᠤᠰᠢᠭᠤ ᠵᠠᠶᠢᠯᠠᠨ ᠭᠠᠷᠳᠠᠭ ᠪᠣᠯᠬᠣᠷ ᠲᠠᠮ ᠢᠶᠠᠷ ᠭᠣᠣᠯᠳᠠᠭᠤᠯᠵᠤ ᠂ ᠬᠦᠴᠦ  ᠨᠢ ᠲᠡᠲᠯᠡᠳᠡᠭ ᠃ ᠳᠠᠷᠤᠵᠤ ᠲᠠᠲᠠᠬᠤ ᠂ ᠭᠢᠰᠬᠢᠵᠦ ᠲᠠᠲᠠᠬᠤ ᠂ ᠮᠤᠰᠬᠢᠵᠤ ᠲᠠᠲᠠᠬᠤ ᠂ ᠵᠠᠶᠢᠯᠠᠵᠤ ᠲᠠᠲᠠᠬᠤ ᠂ ᠬᠠᠭᠤᠷᠴᠤ ᠲᠠᠲᠠᠬᠤ ᠂ ᠳᠤᠭᠲᠤᠷᠴᠤ ᠲᠠᠲᠠᠬᠤ ᠭᠡᠵᠦ ᠣᠯᠠᠨ ᠲᠥᠷᠥᠯ ᠪᠤᠢ ᠃
hm1
ᠴᠣᠬᠢᠶ᠎ᠠ  ︱

ᠥᠷᠥᠭᠡᠰᠦᠨ ᠬᠥᠯ ᠢᠶᠡᠷ ᠢᠶᠡᠨ ᠨᠥᠭᠥᠭᠡᠳᠡᠬᠢ ᠶᠢᠨ ᠢᠶᠡᠨ ᠬᠥᠯ ᠢ ᠬᠠᠪᠰᠤᠷᠴᠤ ᠲᠠᠰᠢᠬᠤ ᠮᠡᠬᠡ ᠃ ᠴᠣᠬᠢᠶ᠎ᠠ ᠪᠣᠯ ᠪᠠᠷᠢᠯᠳᠤᠭᠠᠨ ᠤ ᠭᠣᠣᠯ ᠮᠡᠬᠡ ᠶᠢᠨ ᠨᠢᠭᠡᠨ ᠂ ᠴᠣᠬᠢᠶ᠎ᠠ ᠰᠠᠶᠢᠨ ᠪᠥᠬᠡ ᠶᠢ ᠰᠡᠷᠭᠡᠶᠢᠯᠡᠬᠦ ᠳᠦ ᠪᠡᠷᠬᠡᠲᠡᠢ ᠪᠠᠶᠢᠳᠠᠭ ᠃ ᠬᠡᠷᠦᠵᠦ ᠴᠣᠬᠢᠬᠤ ᠂ ᠰᠤᠭᠤᠳᠠᠵᠤ ᠴᠣᠬᠢᠬᠤ ᠂ ᠭᠦᠶᠦᠯᠭᠡᠵᠦ ᠴᠣᠬᠢᠬᠤ ᠂ ᠡᠷᠭᠦᠵᠦ ᠴᠣᠬᠢᠬᠤ ᠭᠡᠵᠦ ᠣᠯᠠᠨ ᠲᠥᠷᠥᠯ ᠪᠤᠢ ᠃
hm2
ᠤᠳᠬᠤᠭ᠎ᠠ ︱

ᠪᠠᠷᠢᠯᠳᠤᠵᠤ ᠪᠠᠶᠢᠭ᠎ᠠ ᠨᠥᠭᠥᠭᠡ ᠡᠲᠡᠭᠡᠳ ᠦᠨ ᠢᠶᠡᠨ ᠠᠯᠢ ᠨᠢᠭᠡ ᠬᠥᠯ ᠢ ᠭᠣᠬᠠᠳᠠᠵᠤ ᠬᠥᠯ ᠠᠯᠳᠠᠭᠤᠯᠵᠤ ᠤᠨᠠᠭᠠᠬᠤ ᠮᠡᠬᠡ ᠃ ᠭᠠᠳᠠᠷ ᠤᠳᠬᠤᠭ᠎ᠠ ᠂ ᠳᠣᠲᠣᠷ ᠤᠳᠬᠤᠭ᠎ᠠ ᠂ ᠰᠢᠭᠠᠮᠠᠯ ᠤᠳᠬᠤᠭ᠎ᠠ ᠂ ᠣᠷᠢᠶᠠᠮᠠᠯ ᠤᠳᠬᠤᠭ᠎ᠠ ᠭᠡᠵᠦ ᠣᠯᠠᠨ ᠲᠥᠷᠥᠯ ᠪᠤᠢ ᠃
hm3
ᠡᠯᠭᠦᠭᠡ  ︱

ᠨᠥᠭᠥᠭᠡᠳᠡᠬᠢ ᠶᠢᠨ ᠢᠶᠡᠨ ᠠᠯᠢ ᠨᠢᠭᠡ ᠬᠥᠯ ᠢ ᠱᠠᠭ᠎ᠠ ᠪᠤᠶᠤ ᠦᠰᠦᠬᠡᠢ ᠪᠡᠷ  ᠨᠢ ᠬᠥᠯ ᠦᠨ ᠢᠶᠡᠨ ᠰᠡᠭᠡᠷ ᠢᠶᠡᠷ ᠢᠶᠡᠨ ᠡᠯᠭᠦᠵᠦ ᠭᠠᠷᠭᠠᠬᠤ ᠮᠡᠬᠡ ᠶᠢ ᠬᠡᠯᠡᠳᠡᠭ ᠃
hm4
ᠭᠢᠰᠬᠢᠭᠡ  ︱

ᠠᠯᠢ ᠨᠢᠭᠡ ᠬᠥᠯ ᠢᠶᠡᠷ ᠢᠶᠡᠨ ᠨᠥᠭᠥᠭᠡᠳᠡᠬᠢ ᠶᠢᠨ ᠢᠶᠡᠨ ᠠᠯᠢ ᠨᠢᠭᠡ ᠬᠥᠯ ᠢ ᠭᠠᠳᠠᠷ ᠲᠠᠯ᠎ᠠ ᠠᠴᠠ  ᠨᠢ ᠬᠠᠮᠤᠨ ᠰᠢᠪᠲᠤᠷᠤᠨ ᠭᠢᠰᠬᠢᠭᠡᠳ ᠪᠠᠷᠢᠴᠠ ᠪᠠᠷ ᠢᠶᠠᠨ ᠭᠡᠳᠡᠷᠭᠦ  ᠨᠢ ᠳᠠᠷᠤᠬᠤ ᠮᠡᠬᠡ ᠶᠢ ᠬᠡᠯᠡᠳᠡᠭ ᠃ ᠭᠢᠰᠬᠢᠭᠡ ᠪᠣᠯ ᠴᠢᠳᠠᠯ ᠰᠠᠶᠢᠲᠠᠢ ᠪᠥᠬᠡᠴᠦᠳ ᠲᠦ ᠮᠠᠰᠢ ᠲᠣᠬᠢᠷᠠᠳᠠᠭ ᠃ ᠦᠰᠦᠬᠡᠢ ᠭᠢᠰᠬᠢᠭᠡ ᠂ ᠲᠠᠬᠢᠮ ᠭᠢᠰᠬᠢᠭᠡ ᠂ ᠪᠦᠳᠦᠭᠦᠨ ᠭᠢᠰᠬᠢᠭᠡ ᠭᠡᠵᠦ ᠪᠤᠢ ᠃
hm5
ᠠᠴᠢᠶ᠎ᠠ  ︱

ᠨᠢᠭᠡ ᠬᠥᠯ ᠢᠶᠡᠨ ᠨᠥᠭᠥᠭᠡᠳᠡᠬᠢ ᠶᠢᠨ ᠢᠶᠡᠨ ᠤᠷᠢᠲᠠᠭᠤᠷ ᠭᠠᠷᠭᠠᠵᠤ ᠂ ᠬᠥᠯ ᠦᠨ ᠬᠢᠨᠢ ᠰᠡᠭᠡᠷ ᠪᠤᠶᠤ ᠲᠠᠬᠢᠮ ᠢᠶᠠᠷ  ᠨᠢ ᠬᠥᠰᠢᠵᠦ ᠲᠠᠯᠪᠢᠭᠠᠳ ᠲᠠᠬᠢᠨ ᠪᠠᠷᠢᠴᠠᠨ ᠤ ᠬᠦᠴᠦ ᠪᠠ ᠬᠥᠰᠢᠭᠰᠡᠨ ᠬᠦᠴᠦ ᠪᠡᠷ ᠢᠶᠡᠨ ᠬᠥᠯ ᠳᠡᠭᠡᠭᠦᠷ ᠢᠶᠡᠨ ᠬᠥᠷᠪᠡᠭᠦᠯᠵᠦ ᠭᠠᠷᠭᠠᠬᠤ ᠮᠡᠬᠡ ᠶᠢ ᠬᠡᠯᠡᠵᠦ ᠪᠤᠢ ᠃
hm6
ᠭᠠᠨᠵᠤᠭᠠᠯᠠᠭ᠎ᠠ  ︱

ᠨᠢᠭᠡ ᠬᠥᠯ ᠢᠶᠡᠷ ᠢᠶᠡᠨ ᠨᠥᠭᠥᠭᠡᠳᠡᠬᠢ ᠶᠢᠨ ᠢᠶᠡᠨ ᠬᠥᠯ ᠢ ᠳᠡᠭᠡᠭᠡᠳᠡᠬᠦ ᠪᠤᠶᠤ ᠣᠷᠢᠶᠠᠭᠠᠳ ᠤᠷᠤᠭᠰᠢ  ᠨᠢ ᠬᠥᠮᠥᠷᠢᠵᠦ ᠭᠠᠷᠭᠠᠬᠤ ᠮᠡᠬᠡ ᠶᠢ ᠬᠡᠯᠡᠳᠡᠭ ᠃
hm7
ᠡᠭᠦᠷᠦᠭᠡ  ︱

ᠴᠢᠳᠠᠯ ᠰᠠᠶᠢᠲᠠᠢ ᠪᠥᠬᠡ ᠨᠥᠭᠥᠭᠡᠳᠡᠬᠢ ᠪᠡᠨ ᠡᠭᠦᠷᠦᠭᠡᠳ ᠤᠷᠤᠭᠰᠢ  ᠨᠢ ᠬᠥᠮᠥᠷᠢᠵᠦ ᠭᠠᠷᠭᠠᠬᠤ ᠮᠡᠬᠡ ᠶᠢ ᠬᠡᠯᠡᠨ᠎ᠡ ᠃
hm8

ᠰᠢᠭᠦᠮᠵᠢ