• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠥᠬᠡ ᠶᠢᠨ ᠳᠤᠮᠤᠭ ᠬᠠᠭᠤᠴᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 35.25 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-03
 • ᠄   1
 • ᠄   0
 • ᠄   0
 • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠳᠣᠮᠣᠭ ᠬᠠᠭᠤᠴᠢ

 

ᠨᠢᠭᠡ ᠂ ᠠᠨᠵᠤᠤ ᠶᠢᠨ ᠳᠣᠮᠣᠭ

 

ᠠᠨᠵᠤᠤ ᠪᠣᠯ ᠦᠵᠦᠮᠦᠴᠢᠨ ᠵᠡᠭᠦᠨ ᠭᠠᠷ ᠤᠨ ᠬᠣᠰᠢᠭᠤᠨ ᠤ ᠠᠭᠡ ᠶᠢᠨ ᠰᠤᠮᠤᠨ ᠤ ᠬᠠᠷᠢᠶᠠᠲᠤ ᠬᠠᠪᠠᠭᠴᠢᠨ ᠣᠪᠣᠭᠲᠤ  ᠲᠠᠰᠢᠮ᠎ᠠ ᠬᠢᠶ᠎ᠡ ᠶᠢᠨ ᠠᠬᠠᠮᠠᠳ ᠬᠥᠪᠡᠭᠦᠨ ᠭᠡᠳᠡᠭ ᠃ ᠲᠡᠷᠡ ᠮᠢᠩᠭ᠎ᠠ ᠵᠢᠷᠭᠤᠭᠠᠨ ᠵᠠᠭᠤ ᠵᠢᠷᠠᠭᠠᠳ ᠣᠨ ᠤ ᠦᠶ᠎ᠡ ᠳᠦ ᠢᠳᠡ  ᠪᠠᠷᠢᠯᠳᠤᠵᠤ ᠪᠠᠶᠢᠭᠰᠠᠨ ᠭᠡᠳᠡᠭ ᠃ ᠡᠩᠬᠡ ᠠᠮᠤᠭᠤᠯᠠᠩ ᠤᠨ ᠲᠠᠪᠤᠳᠤᠭᠠᠷ ( 1666 ) ᠣᠨ ᠳᠤ ᠬᠠᠶᠢᠪᠠᠩ ᠬᠠᠯᠢᠭᠤᠲᠠᠢ ᠭᠡᠳᠡᠭ  ᠭᠠᠵᠠᠷ ᠪᠣᠯᠤᠭᠰᠠᠨ ᠴᠢᠩ ᠤᠯᠤᠰ ᠤᠨ ᠲᠥᠷᠥ ᠶᠢᠨ ᠶᠡᠬᠡ ᠨᠠᠶᠢᠷ ᠲᠤ ᠠᠨᠵᠤᠤ ᠲᠡᠷᠢᠭᠦᠯᠡᠵᠦ ᠂ ᠬᠦᠷᠦᠨ ᠦ ᠶᠡᠬᠡ ᠠᠪᠤᠷᠭᠤ ᠶᠢᠨ  ᠴᠣᠯᠠ ᠣᠯᠤᠭᠰᠠᠨ ᠭᠡᠳᠡᠭ ᠃ ᠡᠭᠦᠨ ᠡᠴᠡ ᠭᠠᠳᠠᠨ᠎ᠠ ᠡᠩᠬᠡ ᠠᠮᠤᠭᠤᠯᠠᠩ ᠤᠨ ᠦᠶ᠎ᠡ ᠳᠦ ᠴᠢᠩ ᠤᠯᠤᠰ ᠤᠨ ᠲᠥᠪ ᠦᠨ ᠭᠠᠵᠠᠷ  ᠲᠠᠬᠢ ᠲᠥᠷᠥ ᠶᠢᠨ ᠶᠡᠬᠡ ᠨᠠᠶᠢᠷ ᠲᠤ ᠪᠠᠰᠠ ᠨᠢᠭᠡ ᠤᠳᠠᠭ᠎ᠠ ᠲᠡᠷᠢᠭᠦᠯᠡᠯ᠎ᠡ ᠭᠡᠳᠡᠭ ᠤᠯᠠᠮᠵᠢᠯᠠᠯ ᠶᠠᠷᠢᠶ᠎ᠠ ᠪᠤᠢ ᠃ ᠣᠳᠣ ᠶᠢᠨ  ᠡᠷᠢᠶᠠᠨᠭᠤᠪᠢ ᠰᠤᠮᠤᠨ ᠤ ᠨᠤᠲᠤᠭ ᠲᠠᠬᠢ ᠪᠠᠷᠠᠭᠤᠨ ᠡᠷᠢᠶᠡᠨ ᠦ ᠨᠢᠭᠤᠷ ᠤᠨ ᠬᠠᠲᠠᠨ ᠤ ᠬᠣᠷᠮᠣᠢ ᠳᠤ ᠪᠠᠶᠢᠭ᠎ᠠ ᠬᠡᠪᠲᠡᠭᠡ ᠦᠬᠡᠷ ᠦᠨ  ᠴᠢᠨᠡᠭᠡ ᠪᠦᠳᠦᠭᠦᠨ ᠬᠠᠲᠠ ᠶᠢ ᠠᠨᠵᠤᠤ ᠶᠢᠨ ᠬᠠᠲᠠ ᠭᠡᠳᠡᠭ ᠪᠢᠯᠡ ᠃ ᠲᠡᠷᠡ ᠬᠠᠲᠠ ᠶᠢ ᠠᠨᠵᠤᠤ ᠵᠠᠯᠠᠭᠤ ᠪᠠᠶᠢᠬᠤ ᠳᠤ ᠪᠠᠨ  ᠬᠤᠳᠳᠤᠭ ᠤᠨ ᠪᠦᠭᠦᠷᠭᠡ ᠳᠠᠷᠤᠨ᠎ᠠ ᠭᠡᠵᠦ ᠨᠢᠭᠤᠷ ᠤᠨ ᠬᠠᠲᠠᠨ ᠠᠴᠠ ᠪᠠᠭᠤᠯᠭᠠᠵᠤ ᠡᠨᠳᠡ ᠠᠪᠴᠢᠷᠠᠵᠤ ᠲᠠᠯᠪᠢᠭᠰᠠᠨ ᠭᠡᠳᠡᠭ ᠃  ᠠᠨᠵᠤᠤ ᠨᠢᠭᠡ ᠤᠳᠠᠭ᠎ᠠ ᠬᠠᠯᠬ᠎ᠠ ᠨᠤᠲᠤᠭ ᠲᠤ ᠠᠳᠤᠭᠤᠨ ᠡᠷᠢᠯ ᠢᠶᠡᠷ ᠶᠠᠪᠤᠵᠤ ᠪᠠᠶᠢᠭᠠᠳ ᠨᠢᠭᠡ ᠠᠶᠢᠯ ᠳᠤ ᠬᠣᠨᠣᠭᠰᠠᠨ ᠶᠤᠮ ᠭᠡᠨ᠎ᠡ ᠃ ᠲᠡᠷᠡ ᠠᠶᠢᠯ ᠤᠨ ᠬᠢᠨ ᠠᠨᠵᠤᠤ ᠠᠴᠠ ᠣᠷᠣᠨ ᠨᠤᠲᠤᠭ ᠂ ᠣᠪᠣᠭ ᠨᠡᠷ᠎ᠡ ᠶᠢ ᠨᠢ ᠠᠰᠠᠭᠤᠭᠠᠳ ︽ ᠲᠠ ᠴᠢᠨᠢ ᠲᠡᠭᠡᠪᠡᠯ ᠬᠦᠷᠦᠨ ᠦ  ᠠᠪᠤᠷᠭᠤ ᠠᠨᠵᠤᠤ ᠶᠤᠮ ᠪᠢᠵᠡ ᠳ᠋ᠠ ? ︾ ᠭᠡᠬᠦ ᠳᠦ ᠨᠢ ᠠᠨᠵᠤᠤ ︽ ᠠᠪᠤᠷᠭᠤ ᠴᠣ ᠶᠠᠭᠤ ᠪᠠᠶᠢᠬᠤ ᠪᠤᠢ ᠂ ᠪᠠᠭ᠎ᠠ ᠰᠠᠭ᠎ᠠ  ᠪᠠᠷᠢᠯᠳᠤᠳᠠᠭ ᠶᠤᠮ ︾ ᠭᠡᠵᠡᠢ ᠃ ᠣᠷᠣᠢ ᠨᠢ ᠲᠡᠷᠡ ᠠᠶᠢᠯ ᠦᠬᠡᠷ ᠦᠨ ᠪᠦᠲᠦᠨ ᠴᠢᠮᠥᠭᠡ ᠲᠠᠯᠪᠢᠵᠤ ᠥᠭᠬᠦ ᠳᠦ ᠠᠨᠵᠤᠤ ᠬᠣᠶᠠᠷ  ᠦᠵᠦᠭᠦᠷ ᠡᠴᠡ ᠨᠢ ᠪᠠᠷᠢᠵᠤ ᠪᠠᠶᠢᠭᠠᠳ ᠬᠣᠭᠣ ᠳᠠᠷᠤᠭᠰᠠᠨ ᠭᠡᠳᠡᠭ ᠬᠠᠭᠤᠴᠢ ᠲᠠᠢ ᠶᠤᠮ ᠃

 

ᠬᠣᠶᠠᠷ ᠂ ᠳᠦᠭᠦᠷᠡᠩᠵᠠᠭᠠᠨ ᠤ ᠲᠤᠬᠠᠢ ᠷᠠᠳᠢᠣ᠋ ᠪᠢᠴᠢᠯᠭᠡ ᠂ ᠳᠠᠭᠤᠤ
ᠦᠳᠡᠰᠢ ᠪᠡᠷ ᠭᠠᠷᠳᠠᠭ ᠦᠭᠡᠢ ᠴᠣᠯᠮᠣᠨ ᠣᠳᠣ ᠨᠢ
ᠥᠷ ᠢᠶᠡᠨ ᠴᠠᠶᠢᠬᠤᠯᠠᠷ ᠬᠢᠯᠠᠯᠵᠠᠭᠠᠳ ᠪᠠᠶᠢᠨ᠎ᠠ ᠳ᠋ᠠ !
ᠦᠵᠦᠮᠦᠴᠢᠨ ᠬᠣᠰᠢᠭᠤᠨ ᠤ ᠳᠦᠭᠦᠷᠡᠩᠵᠠᠭᠠᠨ
ᠦᠵᠦᠭᠦᠷᠯᠡᠮᠡᠷ ᠲᠡᠷᠢᠭᠦᠯᠡᠮᠡᠷ ᠬᠠᠶᠠᠯᠠᠭᠠᠳ ᠪᠠᠶᠢᠨ᠎ᠠ ᠳ᠋ᠠ !
ᠬᠣᠷᠢᠨ ᠯᠠᠩ ᠤᠨ ᠬᠣᠷᠭᠣᠢ ᠲᠤᠤᠱᠤᠤ
ᠬᠣᠷᠮᠣᠭᠴᠢ ᠳᠣᠣᠭᠤᠷ ᠢᠶᠠᠨ ᠬᠢᠯᠠᠯᠵᠠᠭᠠᠳ ᠪᠠᠶᠢᠨ᠎ᠠ ᠳ᠋ᠠ !
ᠬᠣᠯᠠ ᠶᠢᠨ ᠬᠣᠰᠢᠭᠤᠨ ᠤ ᠳᠦᠭᠦᠷᠡᠩᠵᠠᠭᠠᠨ
ᠬᠣᠮᠨᠣᠨ ᠰᠢᠭᠦᠷᠡᠨ ᠬᠠᠶᠠᠯᠠᠭᠠᠳ ᠪᠠᠶᠢᠨ᠎ᠠ ᠳ᠋ᠠ !

 

 

ᠭᠤᠷᠪᠠ ᠂ ᠬᠠᠯᠬ᠎ᠠ ᠪᠥᠬᠡ ᠬᠦᠳᠡᠷ ᠳᠠᠶᠠᠩ ᠠᠪᠤᠷᠭᠤ ᠶᠢᠨ ᠬᠠᠭᠤᠴᠢ

 

ᠰᠠᠶᠢᠰᠢᠶᠠᠯᠲᠤ ᠢᠷᠥᠭᠡᠯᠲᠦ ᠶᠢᠨ 15 ᠳ᠋ᠤᠭᠠᠷ ᠣᠨ ᠪᠤᠶᠤ 1810 ᠣᠨ ᠤ ᠴᠠᠭᠠᠨ ᠮᠣᠷᠢᠨ ᠵᠢᠯ ᠮᠣᠩᠭᠣᠯ ᠤᠨ ᠳᠣᠷᠣᠨᠠᠲᠤ  ᠶᠡᠬᠡ ᠲᠠᠯ᠎ᠠ ᠶᠢᠨ ᠳᠤᠮᠳᠠ ᠪᠠᠶᠠᠨ ᠠᠶᠢᠯ ᠤᠨ ᠢᠯᠡᠭᠦᠦ ᠬᠡᠷ ᠲᠦ ᠬᠦᠳᠡᠷ ᠳᠠᠶᠠᠩ ᠠᠪᠤᠷᠭᠤ ᠲᠥᠷᠥᠭᠰᠡᠨ ᠭᠡᠳᠡᠭ ᠃ ᠬᠦᠳᠡᠷ ᠠᠷᠪᠠᠨ  ᠨᠠᠢᠮᠠ ᠬᠦᠷᠴᠦ ᠬᠦᠳᠡᠷ ᠵᠤᠵᠠᠭᠠᠨ ᠂ ᠪᠡᠶ᠎ᠡ ᠴᠣᠭᠴᠠ ᠰᠠᠶᠢᠨᠲᠠᠢ ᠂ ᠠᠵᠢᠯ ᠳᠤ ᠰᠦᠷᠡᠬᠡᠢ ᠡᠷ᠎ᠡ ᠪᠣᠯᠵᠠᠢ ᠃ ᠬᠦᠳᠡᠷ ᠂ ᠱᠠᠷ ᠬᠥ᠋ᠯᠦᠭᠰᠡᠨ  ᠲᠡᠷᠭᠡ ᠪᠡᠷ ᠠᠷᠭᠠᠯ ᠲᠡᠭᠦᠳᠡᠭ ᠪᠠᠶᠢᠵᠤ ᠱᠠᠷ ᠨᠢ ᠪᠠᠶᠢᠩᠭᠤ ᠬᠥᠯᠥᠰᠥ ᠴᠤᠪᠤᠴᠢᠬᠠᠭᠰᠠᠨ ᠢᠷᠡᠳᠡᠭ ᠪᠠᠶᠢᠵᠠᠢ ᠃ ᠨᠢᠭᠡ ᠡᠳᠦᠷ ᠥᠭᠡᠷ᠎ᠡ  ᠬᠥᠮᠦᠨ ᠲᠡᠭᠦᠨ ᠢ ᠬᠣᠯᠠ ᠠᠴᠠ ᠳᠠᠭᠠᠵᠤ ᠰᠠᠮ ᠬᠠᠷᠠᠪᠠᠯ ᠮᠠᠨ ᠤ ᠬᠥᠮᠦᠨ ᠱᠠᠷ ᠢᠶᠠᠨ ᠲᠡᠷᠭᠡᠨ ᠡᠴᠡ ᠮᠤᠯᠲᠤᠯᠤᠭᠠᠳ ᠨᠣᠴᠣᠯᠳᠤᠵᠤ  ᠭᠠᠷᠴᠠᠢ ᠃ ᠲᠡᠭᠡᠵᠦ ᠪᠠᠬᠠᠨ ᠨᠣᠴᠣᠯᠳᠤᠭᠠᠳ ᠱᠠᠷ ᠢᠶᠠᠨ ᠤᠰᠤᠨ ᠬᠤᠯᠤᠭᠠᠨ᠎ᠠ ᠪᠣᠯᠭᠠᠭᠠᠳ ᠬᠡᠷ ᠲᠦ ᠪᠡᠨ ᠬᠠᠷᠢᠭᠰᠠᠨ ᠶᠤᠮ ᠭᠡᠨ᠎ᠡ ᠃  ᠡᠭᠦᠨ ᠢ ᠦᠵᠡᠭᠰᠡᠨ ᠬᠥᠮᠦᠰ ᠬᠦᠳᠡᠷ ᠢ ᠲᠠᠩᠰᠢᠭ ᠨᠠᠭᠠᠳᠤᠮ ᠳᠤ ᠶᠠᠪᠤᠭᠤᠯᠬᠤ ᠪᠠᠷ ᠪᠣᠯᠵᠠᠢ ᠃ ᠢᠩᠭᠢᠭᠡᠳ ᠬᠣᠶᠢᠲᠤᠨ ᠵᠢᠯ ᠨᠢ ᠠᠷᠪᠠ  ᠶᠢᠰᠦ ᠲᠡᠢ ᠬᠦᠳᠡᠷ ᠨᠤᠲᠤᠭ ᠤᠨ ᠪᠥᠬᠡᠴᠦᠳ ᠲᠡᠢ ᠪᠡᠨ ᠴᠣᠭ ᠲᠤᠯᠤᠭᠠᠨ ᠬᠣᠰᠢᠭᠤᠨ ᠤ ᠶᠡᠬᠡ ᠨᠠᠭᠠᠳᠤᠮ ᠳᠤ ᠣᠷᠣᠯᠴᠠᠬᠤ ᠪᠠᠷ  ᠶᠠᠪᠤᠵᠠᠢ ᠃ ᠭᠡᠪᠡᠴᠦ ᠬᠠᠮᠲᠤ ᠶᠠᠪᠤᠭ᠎ᠠ ᠪᠥᠬᠡᠴᠦᠳ ᠨᠢ ᠣᠭᠲᠣ ᠶᠠᠭᠠᠷᠠᠬᠤ ᠰᠢᠨᠵᠢ ᠦᠭᠡᠢ ᠠᠶᠢᠯ ᠬᠡᠰᠦᠵᠦ ᠶᠠᠪᠤᠬᠤ ᠪᠠᠷ ᠨᠢ ᠬᠦᠳᠡᠷ  ᠨᠢᠭᠡ ᠡᠳᠦᠷ ᠭᠠᠭᠴᠠᠭᠠᠷ ᠢᠶᠠᠨ ᠰᠠᠯᠵᠤ ᠶᠠᠪᠤᠵᠤ ᠭᠡᠨ᠎ᠡ ᠃ ᠲᠡᠭᠡᠭᠰᠡᠭᠡᠷ ᠪᠠᠶᠢᠵᠤ ᠲᠥᠭᠡᠷᠢᠭᠡᠳ ᠨᠠᠷᠠ ᠰᠢᠩᠭᠡᠬᠦ ᠶᠢᠨ ᠦᠶ᠎ᠡ ᠪᠡᠷ ᠨᠢᠭᠡ  ᠠᠶᠢᠯ ᠳᠤ ᠬᠦᠷᠴᠡᠢ ᠃ ᠲᠡᠨᠳᠡ ᠡᠴᠡ ᠵᠠᠮ ᠠᠰᠠᠭᠤᠪᠠᠯ ᠄ ︽ ᠡᠨᠡ ᠶᠡᠬᠡ ᠦᠷᠭᠦᠯᠵᠢᠯᠡᠭᠰᠡᠨ ᠠᠭᠤᠯᠠ ᠶᠢᠨ ᠥᠪᠥᠷ ᠲᠠᠯ᠎ᠠ ᠪᠠᠷ  ᠲᠣᠭᠣᠷᠢᠳᠠᠭ ᠪᠦᠲᠦᠨ ᠬᠣᠨᠣᠭ ᠤᠨ ᠵᠠᠮ ᠪᠤᠢ ᠂ ᠲᠡᠷᠡ ᠪᠠᠯᠠᠷᠬᠠᠢ ᠵᠠᠮ ᠶᠡᠬᠡ ᠣᠶᠢᠷ᠎ᠠ ᠪᠣᠯᠪᠠᠴᠤ ᠬᠥᠮᠦᠨ ᠪᠠᠷᠢᠳᠠᠭ ᠠᠶᠤᠮᠰᠢᠭᠲᠤ  ᠪᠠᠭᠠᠪᠠᠭᠠᠢ ᠲᠠᠢ ᠪᠣᠯᠬᠣᠷ ᠬᠥᠮᠦᠨ ᠶᠠᠪᠤᠬᠤ ᠪᠠᠨ ᠪᠠᠶᠢᠴᠢᠬᠠᠭᠰᠠᠨ ᠶᠤᠮ ︾ ᠭᠡᠵᠦ ᠭᠡᠨ᠎ᠡ ᠃ ᠬᠦᠳᠡᠷ ᠪᠠᠭᠠᠪᠠᠭᠠᠢ ᠶᠢᠨ ᠲᠤᠬᠠᠢ  ᠠᠰᠠᠭᠤᠭᠠᠳ ᠪᠡᠶ᠎ᠡ ᠭᠦᠢᠴᠡᠭᠰᠡᠨ ᠱᠠᠷ ᠠᠴᠠ ᠲᠣᠮᠣ ᠪᠢᠰᠢ ᠭᠡᠳᠡᠭ ᠢ ᠲᠤᠭᠤᠯᠤᠭᠠᠳ ᠰᠡᠳᠬᠢᠯ ᠲᠠᠶᠢᠪᠤᠰᠢᠷᠠᠵᠤ ᠰᠢᠭᠤᠳ ᠯᠠ ᠨᠥᠭᠥᠭᠡ  ᠪᠠᠯᠠᠷᠬᠠᠢ ᠵᠠᠮ ᠢᠶᠠᠷ ᠶᠠᠪᠤᠴᠢᠬᠠᠵᠠᠢ ᠭᠡᠨ᠎ᠡ ᠃ ᠰᠥᠨᠢ ᠳᠤᠮᠳᠠ ᠶᠢᠨ ᠦᠶ᠎ᠡ ᠳᠦ ᠲᠡᠷᠡ ᠠᠶᠢᠯ ᠤᠨ ᠬᠠᠭᠠᠯᠭ᠎ᠠ ᠶᠢ ᠨᠢᠭᠡ ᠬᠦᠴᠦᠲᠡᠢ  ᠠᠮᠢᠲᠠᠨ ᠣᠨᠢᠰᠤ ᠶᠢ ᠨᠢ ᠬᠣᠭᠣ ᠲᠦᠯᠬᠢᠨ ᠣᠷᠣᠵᠤ ᠢᠷᠡᠭᠰᠡᠨ ᠳᠦ ᠤᠴᠢᠷ ᠦᠭᠡᠢ ᠠᠶᠤᠵᠠᠭᠠᠵᠤ ᠄ ︽ ᠨᠥᠭᠥᠭᠡ ᠬᠥᠮᠦᠨ ᠴᠢᠨᠢ  ᠪᠠᠭᠠᠪᠠᠭᠠᠢ ᠳᠤ ᠠᠯᠠᠭᠤᠯᠤᠭᠠᠳ ᠣᠳᠣ ᠲᠡᠷᠡ ᠪᠠᠭᠠᠪᠠᠭᠠᠢ ᠮᠥᠷ ᠢᠶᠡᠷ ᠨᠢ ᠮᠠᠨ ᠤ ᠳᠤ ᠢᠷᠡᠴᠢᠬᠡᠭᠰᠡᠨ ᠶᠤᠮ ᠪᠠᠶᠢᠨ᠎ᠠ ︾ ᠭᠡᠵᠦ  ᠰᠠᠨᠳᠤᠷᠴᠤ ᠭᠡᠨ᠎ᠡ ᠃ ᠭᠡᠲᠡᠯ᠎ᠡ ᠲᠡᠷᠡ ᠨᠢ ᠪᠠᠭᠠᠪᠠᠭᠠᠢ ᠪᠢᠰᠢ ᠬᠠᠷᠢᠨ ᠬᠦᠳᠡᠷ ᠪᠠᠶᠢᠵᠠᠢ ᠃ ᠦᠦᠷ ᠴᠠᠶᠢᠬᠤ ᠶᠢᠨ ᠦᠶ᠎ᠡ ᠪᠡᠷ ᠬᠦᠳᠡᠷ  ᠰᠡᠬᠡᠭᠡ ᠣᠷᠣᠭᠠᠳ ᠄ ︽ ᠪᠢ ᠡᠨᠳᠡ ᠡᠴᠡ ᠶᠠᠪᠤᠭᠠᠳ ᠠᠭᠤᠯᠠᠨ ᠤ ᠰᠢᠯᠢ ᠳᠠᠪᠠᠭᠠᠳ ᠳᠥᠭᠥᠵᠦ ᠣᠴᠢᠲᠠᠯ᠎ᠠ ᠮᠣᠷᠢ ᠮᠢᠨᠢ ᠦᠷᠭᠦᠭᠡᠳ  ᠤᠷᠤᠭᠰᠢ ᠶᠠᠪᠤᠵᠤ ᠥᠭᠬᠦ ᠦᠭᠡᠢ ᠂ ᠲᠡᠭᠡᠭᠡᠳ ᠮᠣᠷᠢ ᠪᠠᠨ ᠬᠥᠲᠥᠯᠵᠦ ᠶᠠᠪᠤᠲᠠᠯ᠎ᠠ ᠥᠭᠡᠳᠡ ᠡᠴᠡ ᠪᠥᠭᠡᠮ ᠬᠠᠷ᠎ᠠ ᠶᠠᠭᠤᠮ᠎ᠠ ᠬᠦᠷᠴᠦ  ᠢᠷᠡᠯ᠎ᠡ ᠂ ᠲᠡᠷᠡ ᠠᠮᠢᠲᠠᠨ ᠨᠠᠳᠠ ᠤᠷᠤᠭᠤ ᠳᠠᠭᠠᠷᠢᠵᠤ ᠢᠷᠡᠬᠦ ᠪᠡᠷ ᠨᠢ ᠪᠢ ᠬᠣᠶᠠᠷ ᠴᠢᠬᠢᠨ ᠡᠴᠡ ᠨᠢ ᠪᠠᠷᠢᠵᠤ ᠠᠪᠤᠭᠠᠳ ᠳᠣᠭᠣᠭᠰᠢ  ᠳᠠᠷᠤᠵᠤ ᠲᠣᠯᠣᠭᠠᠢ ᠪᠠᠷ ᠨᠢ ᠭᠠᠵᠠᠷ ᠮᠥᠷᠭᠦᠭᠦᠯᠦᠯ᠎ᠡ ᠂ ᠭᠡᠲᠡᠯ᠎ᠡ ᠲᠡᠷᠡ ᠠᠮᠢᠲᠠᠨ ᠠᠶᠤᠮᠠᠷ ᠮᠠᠭᠤᠬᠠᠢ ᠳᠤᠤᠭᠠᠷᠴᠤ ᠳᠡᠭᠡᠭᠰᠢ ᠪᠡᠨ  ᠥᠨᠳᠡᠶᠢᠭᠡᠳ ᠨᠠᠳᠠ ᠲᠠᠢ ᠰᠠᠴᠠᠭᠤ ᠪᠣᠯᠤᠨ ᠪᠣᠰᠴᠤ ᠢᠷᠡᠪᠡ ᠂ ᠪᠢ ᠪᠠᠷᠢᠭᠰᠠᠨ ᠪᠠᠷᠢᠴᠠ ᠪᠠᠨ ᠠᠯᠳᠠᠯ ᠦᠭᠡᠢ ᠲᠠᠬᠢᠨ ᠳᠣᠭᠣᠭᠰᠢ  ᠳᠠᠷᠤᠵᠤ ᠤᠯᠠᠮ ᠬᠦᠴᠦᠲᠡᠢ ᠭᠠᠵᠠᠷ ᠮᠥᠷᠭᠥᠭᠦᠯᠪᠡ ᠂ ᠲᠡᠷᠡ ᠠᠮᠢᠲᠠᠨ ᠤᠯᠠᠮ ᠬᠦᠴᠦᠲᠡᠢ ᠪᠣᠰᠴᠤ ᠢᠷᠡᠯ᠎ᠡ ᠂ ᠪᠢ ᠳᠠᠬᠢᠭᠠᠳ ᠯᠠ  ᠳᠠᠷᠤᠯ᠎ᠠ ᠂ ᠢᠩᠭᠢᠵᠦ ᠲᠡᠷᠡ ᠪᠢᠳᠡ ᠬᠣᠶᠠᠷ ᠡᠭᠡᠯᠵᠢᠯᠡᠨ ᠳᠡᠭᠡᠭᠰᠢ ᠳᠣᠭᠣᠭᠰᠢ ᠪᠣᠯᠤᠯᠴᠠᠭᠰᠠᠭᠠᠷ ᠰᠥᠨᠢ ᠶᠢ ᠪᠠᠷᠠᠯ᠎ᠠ ᠂ ᠨᠢᠭᠡ ᠮᠡᠳᠡᠬᠦ  ᠳᠦ ᠲᠡᠷᠡ ᠠᠮᠢᠲᠠᠨ ᠥᠨᠳᠡᠶᠢᠬᠦ ᠪᠡᠨ ᠪᠠᠶᠢᠴᠢᠬᠠᠯ᠎ᠠ ᠂ ᠪᠢ ᠲᠡᠭᠡᠭᠡᠳ ᠨᠠᠭᠠᠰᠢ ᠪᠠᠨ ᠭᠦᠶᠦᠵᠦ ᠢᠷᠡᠭᠰᠡᠨ ᠶᠤᠮ ︾ ᠭᠡᠵᠡᠢ ᠃ ᠡᠨᠡ  ᠶᠠᠷᠢᠶ᠎ᠠ ᠶᠢ ᠰᠣᠨᠣᠰᠤᠭᠰᠠᠨ ᠲᠡᠷᠡ ᠠᠶᠢᠯ ᠤᠨ ᠬᠢᠨ ᠢᠲᠡᠭᠡᠵᠦ ᠥᠭᠭᠦᠯ ᠦᠭᠡᠢ ᠮᠠᠷᠭᠠᠰᠢ ᠨᠢ ᠠᠭᠤᠯᠠᠨ ᠳᠤ ᠣᠴᠢᠭᠠᠳ ᠦᠨᠡᠬᠡᠷ  ᠠᠶᠤᠮᠰᠢᠭᠲᠤ ᠲᠣᠮᠣ ᠪᠠᠭᠠᠪᠠᠭᠠᠢ ᠲᠣᠯᠣᠭᠠᠢ ᠶᠢᠨ ᠠᠷᠠᠰᠤ ᠨᠢ ᠬᠣᠰᠢᠭᠤᠨ ᠠᠴᠠ ᠪᠠᠨ ᠭᠡᠳᠡᠷᠭᠦ ᠰᠢᠮᠠᠷᠴᠤ ᠨᠢᠳᠦ ᠪᠡᠨ ᠥᠩᠭᠡᠷᠡᠲᠡᠯ᠎ᠡ  ᠶᠠᠰᠤ ᠮᠢᠬ᠎ᠠ ᠨᠢ ᠭᠠᠷᠤᠭᠠᠳ ᠦᠬᠦᠴᠢᠬᠡᠭᠰᠡᠨ ᠪᠠᠶᠢᠨ᠎ᠠ ᠭᠡᠨ᠎ᠡ ᠃ ᠢᠩᠭᠢᠭᠡᠳ ᠲᠡᠷᠡ ᠵᠢᠯ ᠬᠦᠳᠡᠷ ᠪᠠᠷᠢᠯᠳᠤᠵᠤ ᠴᠢᠳᠠᠯ ᠦᠭᠡᠢ ᠨᠤᠲᠤᠭ  ᠪᠤᠴᠠᠭᠰᠠᠨ ᠭᠡᠳᠡᠭ ᠃ ᠬᠦᠳᠡᠷ ᠢ ᠢᠳᠡ ᠪᠠᠷᠢᠯᠳᠤᠵᠤ ᠪᠠᠶᠢᠭ᠎ᠠ ᠦᠶ᠎ᠡ ᠳᠦ ᠰᠠᠩ ᠪᠡᠶᠢᠰᠡ ᠶᠢᠨ ᠨᠤᠲᠤᠭ ᠤᠨ ᠨᠢᠭᠡᠨ ᠳᠠᠩᠵᠢᠶᠠᠳ  ᠴᠢᠳᠠᠯ ᠢ ᠨᠢ ᠦᠵᠡᠬᠦ ᠭᠡᠵᠦ ᠭᠤᠶᠤᠬᠤ ᠳᠤ ᠨᠢ ᠦᠬᠡᠷ ᠦᠨ ᠴᠢᠨᠡᠭᠡ ᠲᠣᠮᠣ ᠴᠢᠯᠠᠭᠤ ᠡᠷᠭᠦᠵᠦ ᠤᠷᠭᠤᠭ᠎ᠠ ᠬᠠᠲᠠᠨ ᠳᠡᠭᠡᠷ᠎ᠡ ᠲᠠᠯᠪᠢᠵᠠᠢ᠃ ᠢᠩᠭᠢᠭᠡᠳ ᠨᠥᠭᠥᠭᠡ ᠳᠠᠩᠵᠢᠶᠠᠳ ᠬᠠᠲᠠᠨ ᠳᠡᠭᠡᠷ᠎ᠡ ᠄ ︽ ᠡᠭᠦᠨ ᠢ ᠰᠠᠩ ᠪᠡᠶᠢᠰᠡ ᠶᠢᠨ ᠬᠣᠰᠢᠭᠤᠨ ᠤ ᠬᠦᠳᠡᠷ ᠳᠠᠶᠠᠩ ᠠᠪᠤᠷᠭᠤ  ᠡᠷᠭᠦᠵᠦ ᠲᠠᠯᠪᠢᠯ᠎ᠠ ᠃ ᠡᠶᠢᠮᠦ ᠬᠦᠴᠦᠲᠦ ᠬᠥᠮᠦᠨ ᠪᠠᠶᠢᠭᠰᠠᠨ ᠢ ᠬᠣᠵᠢᠮ ᠤᠨ ᠬᠥᠮᠦᠰ ᠮᠡᠳᠡᠲᠦᠭᠡᠢ ︾ ᠭᠡᠵᠦ ᠬᠢᠲᠠᠳ ᠢᠶᠠᠷ ᠪᠢᠴᠢᠭᠰᠡᠨ  ᠶᠤᠮ ᠭᠡᠳᠡᠭ ᠃

ᠪᠥᠬᠡ ᠶᠢᠨ ᠳᠤᠮᠤᠭ ᠬᠠᠭᠤᠴᠢ

ᠪᠥᠬᠡ ᠶᠢᠨ ᠳᠤᠮᠤᠭ ᠬᠠᠭᠤᠴᠢ

ᠪᠥᠬᠡ ᠶᠢᠨ ᠳᠤᠮᠤᠭ ᠬᠠᠭᠤᠴᠢ

ᠪᠥᠬᠡ ᠶᠢᠨ ᠳᠤᠮᠤᠭ ᠬᠠᠭᠤᠴᠢ

ᠪᠥᠬᠡ ᠶᠢᠨ ᠳᠤᠮᠤᠭ ᠬᠠᠭᠤᠴᠢ

ᠪᠥᠬᠡ ᠶᠢᠨ ᠳᠤᠮᠤᠭ ᠬᠠᠭᠤᠴᠢ

ᠰᠢᠭᠦᠮᠵᠢ