• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠥᠬᠡ ᠶᠢᠨ ᠡᠮᠦᠰᠬᠡᠯ ᠵᠠᠰᠠᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 304.13 KB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠪᠦᠬᠡ  ᠪᠠᠷᠢᠯᠳᠤᠬᠤ ︱ ᠮᠣᠩᠭᠣᠯ ᠪᠥᠬᠡ ᠶᠢᠨ ᠡᠮᠦᠰᠬᠡᠯ ᠵᠠᠰᠠᠯ

 

ᠪᠥᠬᠡ ᠶᠢᠨ ᠡᠮᠦᠰᠬᠡᠯ ᠵᠠᠰᠠᠯ ᠪᠣᠯ ᠭᠣᠣᠯᠳᠠᠭᠤ ᠪᠠᠷᠢᠴᠠ ᠬᠠᠩᠭᠠᠬᠤ ᠂ ᠪᠡᠶ᠎ᠡ ᠬᠠᠮᠠᠭᠠᠯᠠᠬᠤ ᠂ ᠪᠡᠯᠭᠡᠳᠡᠯ ᠰᠠᠨᠠᠭ᠎ᠠ ᠠᠬᠤᠭᠤᠯᠬᠤ ᠵᠡᠷᠭᠡ ᠵᠣᠷᠢᠭᠤᠯᠤᠯᠲᠠ ᠲᠠᠢ ᠃ ᠮᠢᠩᠭᠠᠲᠤ ᠪᠥᠬᠡ ᠶᠢᠨ ᠵᠠᠩᠭ᠎ᠠ ᠂ ᠵᠣᠳᠣᠭ ᠂ ᠯᠠᠪᠷᠢ ᠂ ᠲᠤᠤᠬᠤᠤ ᠂ ᠱᠤᠳᠠᠭ ᠂ ᠲᠦᠷᠡᠶᠢᠪᠴᠢ ( ᠵᠢᠭᠢᠷᠢᠭᠡᠪᠴᠢ ) ᠂ ᠬᠣᠩᠭᠣᠨ ᠤ ᠪᠣᠭᠣᠯᠲᠠ ᠂ ᠬᠦᠯᠢᠭ ᠂ ᠭᠤᠲᠤᠯ ᠵᠡᠷᠭᠡ ᠶᠢ ᠮᠣᠩᠭᠣᠯ ᠪᠥᠬᠡ ᠶᠢᠨ ︽ ᠶᠢᠰᠦᠨ ᠡᠷᠳᠡᠨᠢ ︾ ᠭᠡᠳᠡᠭ ᠃

 

 

ᠨᠢᠭᠡ ᠂ ᠮᠢᠩᠭᠠᠲᠤ ᠪᠥᠬᠡ ᠶᠢᠨ ᠡᠮᠦᠰᠬᠡᠯ ᠵᠠᠰᠠᠯ

ᠵᠣᠳᠣᠭ ︱ ᠪᠥᠬᠡ ᠶᠢᠨ ᠪᠠᠷᠢᠴᠠ ᠶᠢ ᠬᠠᠩᠭᠠᠵᠤ ᠂ ᠪᠡᠶ᠎ᠡ ᠶᠢ ᠴᠢᠩᠭᠠᠷᠠᠭᠤᠯᠤᠨ ᠴᠢᠳᠠᠯ ᠡᠷᠳᠡᠮ ᠢᠶᠡᠨ ᠭᠠᠷᠭᠠᠬᠤ ᠪᠣᠯᠤᠮᠵᠢ  ᠶᠢ ᠣᠯᠭᠣᠳᠠᠭ ᠂ ᠪᠠᠷᠢᠴᠠ ᠪᠣᠯ ᠰᠠᠶᠢᠨ ᠮᠠᠭᠤ ᠪᠠᠷᠢᠯᠳᠤᠬᠤ ᠲᠠᠢ ᠰᠢᠭᠤᠳ ᠬᠣᠯᠪᠣᠭ᠎ᠠ ᠲᠠᠢ ᠃ ᠵᠣᠳᠣᠭ ᠢ  ᠨᠢ ᠭᠣᠣᠯᠳᠠᠭᠤ ᠢᠳᠡᠭᠡᠯᠡᠭᠰᠡᠨ ᠦᠬᠡᠷ ᠦᠨ ᠠᠷᠠᠰᠤ ᠪᠤᠶᠤ ᠪᠤᠯᠢᠭᠠᠷᠢ ᠪᠠᠷ ᠬᠢᠳᠡᠭ ᠪᠥᠭᠡᠳ ᠬᠠᠨᠴᠤᠢ ᠂ ᠮᠥᠷᠥ ᠂ ᠵᠠᠭᠠᠮ᠎ᠠ ᠂ ᠨᠢᠷᠤᠭᠤᠨ ᠤ ᠬᠣᠶᠠᠷ ᠲᠠᠯ᠎ᠠ ᠪᠠᠷ  ᠨᠢ ᠮᠥᠩᠭᠥ ᠪᠤᠶᠤ ᠭᠠᠤᠯᠢᠨ ᠲᠣᠪᠣᠷᠤᠤ ᠰᠠᠭᠤᠯᠭᠠᠵᠤ ᠂ ᠠᠷᠤ ᠭᠣᠣᠯ ᠳᠤ  ᠨᠢ ᠮᠥᠩᠭᠥ ᠪᠤᠶᠤ ᠭᠠᠤᠯᠢᠨ ᠲᠣᠯᠢ ᠲᠠᠭᠠᠷᠠᠭᠤᠯᠳᠠᠭ ᠃ ᠲᠣᠯᠢᠨ ᠳᠡᠭᠡᠷ᠎ᠡ  ᠨᠢ ᠭᠠᠷᠤᠳᠢ ᠂ ᠯᠣᠣ ᠂ ᠠᠷᠰᠯᠠᠨ ᠂ ᠪᠠᠷᠰ ᠵᠡᠷᠭᠡ ᠳᠥᠷᠪᠡᠨ ᠬᠦᠴᠦᠲᠡᠨ ᠪᠤᠶᠤ ᠪᠤᠰᠤᠳ ᠵᠦᠢᠯ ᠢ ᠤᠷᠠᠯᠠᠨ ᠰᠡᠶᠢᠯᠳᠡᠭ ᠃

be1

ᠦᠵᠦᠮᠦᠴᠢᠨ ᠠᠷᠠᠳ ᠤᠨ ᠳᠠᠭᠤᠤ ᠳᠤ ᠄ ︽ ᠪᠠᠷᠢᠯᠳᠤᠬᠤ ᠪᠥᠬᠡ ᠶᠢᠨ ᠲᠦᠰᠢᠯᠭᠡ  ᠨᠢ ᠪᠠᠷᠢᠴᠠ ᠵᠣᠳᠣᠭ ᠬᠣᠶᠠᠷ ᠂ ᠪᠠᠭ᠎ᠠ  ᠶᠢᠨ ᠮᠠᠨ ᠤ ᠲᠦᠰᠢᠯᠭᠡ  ᠨᠢ ᠠᠪᠤ ᠡᠵᠢ ᠬᠣᠶᠠᠷ ︾ ᠭᠡᠵᠦ ᠳᠠᠭᠤᠯᠠᠳᠠᠭ  ᠨᠢ ᠮᠥᠨᠴᠦ ᠮᠢᠩᠭᠠᠲᠤ ᠪᠥᠬᠡ ᠶᠢᠨ ᠵᠣᠳᠣᠭ ᠤᠨ ᠮᠠᠰᠢ ᠴᠢᠬᠤᠯᠠ ᠦᠢᠯᠡᠳᠦᠯ ᠲᠡᠢ ᠭᠡᠳᠡᠭ ᠢ ᠨᠤᠲᠠᠯᠠᠭᠰᠠᠨ ᠬᠡᠷᠡᠭ ᠪᠢᠯᠡ ᠃ ᠮᠢᠩᠭᠠᠲᠤ ᠪᠥᠬᠡ ᠶᠢᠨ ᠵᠣᠳᠣᠭ ᠲᠤ ᠪᠤᠯᠢᠭᠠᠷᠢᠨ ᠵᠣᠳᠣᠭ ᠂ ᠰᠠᠭᠠᠷᠢᠨ ᠵᠣᠳᠣᠭ ᠂ ᠢᠰᠡᠭᠡᠢ ᠵᠣᠳᠣᠭ ᠂ ᠪᠥᠰ ᠵᠣᠳᠣᠭ ᠭᠡᠬᠦᠴᠢᠯᠡᠨ ᠨᠡᠯᠢᠶᠡᠳ ᠬᠡᠳᠦᠨ ᠲᠥᠷᠥᠯ ᠪᠠᠶᠢᠵᠠᠢ ᠃ ᠮᠥᠨ ᠴᠣ ᠵᠠᠳᠠᠭᠠᠢ ᠵᠣᠳᠣᠭ ᠂ ᠪᠢᠲᠡᠭᠦᠦ ᠵᠣᠳᠣᠭ ᠴᠣ ᠪᠠᠶᠢᠵᠠᠢ ᠃ ᠬᠠᠷᠢᠨ ᠬᠥᠭᠵᠢᠯ ᠦᠨ ᠶᠠᠪᠤᠴᠠ ᠳᠤ ᠪᠠᠨ ᠥᠷᠢᠰᠦᠯᠳᠦᠭᠡᠨ ᠦ ᠡᠷᠬᠡ ᠲᠡᠭᠰᠢ ᠶᠢ ᠤᠯᠠᠮ  ᠢᠶᠠᠷ ᠴᠢᠬᠤᠯᠠᠴᠢᠯᠠᠭᠰᠠᠨ ᠢᠶᠠᠷ ᠭᠣᠣᠯᠳᠠᠭᠤ ᠵᠠᠳᠠᠭᠠᠢ ᠵᠣᠳᠣᠭ ᠡᠮᠦᠰᠬᠦ ᠪᠣᠯᠤᠭᠰᠠᠨ ᠶᠤᠮ ᠃ ᠮᠢᠩᠭᠠᠲᠤ ᠪᠥᠬᠡ ᠶᠢᠨ ᠵᠣᠳᠣᠭ ᠤᠨ ᠬᠣᠶᠠᠷ ᠬᠠᠨᠴᠤᠢ ᠂ ᠵᠠᠭᠠᠮ᠎ᠠ ᠂ ᠵᠠᠬ᠎ᠠ ᠶᠢ  ᠨᠢ ᠪᠤᠯᠢᠭᠠᠷᠢ ᠵᠡᠷᠭᠡ ᠪᠥᠬᠡᠯᠢᠭ ᠡᠳ᠋ ᠢᠶᠡᠷ ᠳᠠᠪᠬᠤᠷᠯᠠᠨ ᠡᠮᠵᠢᠵᠦ ᠂ ᠰᠤᠷ ᠂ ᠶᠣᠩᠬᠣᠷ ᠂ ᠲᠡᠮᠡᠭᠡᠨ ᠦ ᠨᠣᠣᠰᠣᠨ ᠤᠲᠠᠰᠤ ᠂ ᠣᠯᠣᠰᠣᠨ ᠤᠲᠠᠰᠤ ᠵᠡᠷᠭᠡ ᠪᠡᠷ ᠨᠢᠭᠲᠠ ᠰᠢᠷᠢᠵᠦ ᠣᠶᠣᠳᠠᠭ ᠃ ᠵᠣᠳᠣᠭ ᠢᠶᠠᠨ ᠴᠢᠮᠡᠬᠦ ᠶᠢᠨ ᠲᠤᠯᠠᠳᠠ ᠬᠠᠨᠴᠤᠢ ᠂ ᠮᠥᠷᠥ ᠵᠠᠭᠠᠮ᠎ᠠ ᠂ ᠨᠢᠷᠤᠭᠤ ᠵᠡᠷᠭᠡ ᠳᠦ  ᠨᠢ ᠲᠣᠪᠣᠷᠤᠤ ᠰᠠᠭᠤᠯᠭᠠᠵᠤ ᠂ ᠠᠷᠤ ᠲᠠᠯ᠎ᠠ ᠳᠤ  ᠨᠢ ᠪᠠᠰᠠ ᠲᠣᠯᠢ ᠲᠠᠭᠠᠷᠠᠭᠤᠯᠳᠠᠭ ᠃ ᠵᠣᠳᠣᠭ ᠢᠶᠠᠨ ᠪᠡᠬᠢᠯᠢᠭ ᠵᠤᠵᠠᠭᠠᠨ ᠪᠥᠰ ᠢᠶᠡᠷ ᠳᠣᠲᠣᠷᠯᠠᠵᠤ ᠂ ᠲᠣᠪᠣᠷᠤᠤ ᠬᠥᠮᠦᠨ ᠦ ᠪᠡᠶ᠎ᠡ ᠶᠢ ᠰᠢᠷᠬᠠᠲᠤᠭᠤᠯᠬᠤ  ᠠᠴᠠ ᠰᠡᠷᠭᠡᠶᠢᠯᠡᠳᠡᠭ ᠃ ᠮᠢᠩᠭᠠᠲᠤ ᠪᠥᠬᠡ ᠶᠢᠨ ᠬᠥᠭᠵᠢᠯ ᠦᠨ ᠱᠠᠭᠠᠷᠳᠠᠯᠭ᠎ᠠ ᠪᠠᠷ ᠵᠣᠳᠣᠭ ᠢ ᠶᠠᠮᠠᠷ ᠪᠠᠷᠢᠮᠵᠢᠶ᠎ᠠ ᠪᠠᠷ ᠬᠢᠬᠦ ᠂ ᠲᠣᠪᠣᠷᠤᠤ ᠰᠠᠭᠤᠯᠭᠠᠬᠤ ᠡᠰᠡᠬᠦ ᠵᠡᠷᠭᠡ ᠣᠯᠠᠨ ᠲᠠᠯ᠎ᠠ ᠪᠠᠷ ᠰᠤᠳᠤᠯᠤᠭᠠᠴᠢᠳ ᠶᠡᠬᠡ ᠠᠩᠬᠠᠷᠴᠤ ᠪᠠᠶᠢᠭ᠎ᠠ ᠪᠢᠯᠡ ᠃

 

ᠵᠠᠩᠭ᠎ᠠ ︱  ᠵᠠᠩᠭ᠎ᠠ ᠶᠢ ᠬᠥᠬᠡ ᠂ ᠤᠯᠠᠭᠠᠨ ᠂ ᠰᠢᠷ᠎ᠠ ᠂ ᠴᠠᠭᠠᠨ ᠂ ᠬᠠᠷ᠎ᠠ ᠲᠠᠪᠤᠨ ᠥᠩᠭᠡ ᠶᠢᠨ ᠭᠬᠢᠪ ᠂ ᠬᠠᠳᠠᠭ ᠢᠶᠠᠷ ᠬᠢᠳᠡᠭ ᠃ ᠴᠠᠭᠠᠨ  ᠨᠢ ᠲᠡᠮᠦᠷ ᠂ ᠬᠠᠷ᠎ᠠ  ᠨᠢ ᠤᠰᠤ ᠶᠢ ᠲᠥᠯᠥᠭᠡᠯᠡᠵᠦ ᠪᠠᠶᠢᠳᠠᠭ ᠢᠶᠠᠷ ᠡᠷᠲᠡᠨ ᠦ ᠵᠢᠷᠤᠬᠠᠢ ᠶᠢᠨ ᠤᠬᠠᠭᠠᠨ ᠤ ᠲᠠᠪᠤᠨ ᠮᠠᠬᠠᠪᠣᠳ ᠤᠨ ᠣᠨᠣᠯ ᠢ ᠪᠠᠷᠢᠮᠲᠠᠯᠠᠭᠰᠠᠨ ᠰᠢᠨᠵᠢ ᠲᠡᠢ ᠃ ᠴᠠᠬᠠᠷ ᠲᠤ ᠬᠠᠷ᠎ᠠ ᠥᠩᠭᠡ ᠶᠢ ᠤᠶᠢᠳᠬᠠᠷ ᠭᠤᠨᠢᠭ ᠂ ᠣᠢ ᠭᠠᠰᠢᠭᠤᠳᠠᠯ ᠤᠨ ᠲᠥᠯᠥᠭᠡᠯᠡᠯ ᠭᠡᠵᠦ ᠦᠵᠡᠳᠡᠭ ᠡᠴᠡ ᠪᠥᠬᠡ ᠶᠢᠨ ᠵᠠᠩᠭ᠎ᠠ ᠳᠤ ᠬᠠᠷ᠎ᠠ ᠶᠢ ᠴᠡᠭᠡᠷᠯᠡᠨ ᠨᠣᠭᠣᠭᠠᠨ ᠢᠶᠠᠷ ᠣᠷᠣᠯᠠᠭᠤᠯᠳᠠᠭ ᠶᠤᠮ ᠃

be2

ᠤᠤᠯ  ᠨᠢ ᠶᠡᠬᠡ ᠪᠠᠭ᠎ᠠ ᠨᠠᠶᠢᠷ ᠤᠨ ᠠᠯᠢᠨ ᠳᠤ  ᠨᠢ ᠴᠣ ᠱᠠᠩ ᠬᠦᠷᠲᠡᠭᠰᠡᠨ ᠪᠥᠬᠡ ᠳᠦ ᠬᠤᠷᠤᠭᠤ ᠬᠢᠷᠢᠲᠡᠢ ᠥᠷᠭᠡᠨ ᠵᠦᠰᠦᠭᠰᠡᠨ ᠳᠤᠷᠳᠤᠩ ᠢᠶᠠᠷ ᠬᠢᠭᠰᠡᠨ ᠵᠦᠰᠦᠮᠡᠯ ᠵᠠᠩᠭ᠎ᠠ ᠬᠢᠵᠦ ᠱᠠᠩ ᠤᠨ ᠬᠠᠮᠲᠤ ᠥᠭᠳᠡᠭ ᠪᠠᠶᠢᠵᠠᠢ ᠃ 32 ︱ 64 ᠪᠥᠬᠡ ᠲᠡᠢ ᠨᠠᠶᠢᠷ ᠲᠤ ᠲᠡᠷᠢᠭᠦᠯᠡᠭᠰᠡᠨ ᠪᠥᠬᠡ ᠳᠦ ᠪᠣᠯ ᠬᠣᠰᠢᠭᠤ ᠵᠠᠩᠭ᠎ᠠ ᠭᠡᠵᠦ ᠱᠠᠩᠨᠠᠳᠠᠭ ᠪᠠᠶᠢᠪᠠ ᠃ 128 ᠪᠥᠬᠡ ᠲᠡᠢ ᠨᠠᠶᠢᠷ ᠲᠤ ᠲᠡᠷᠢᠭᠦᠯᠡᠪᠡᠯ ᠭᠣᠣᠯ ᠵᠠᠩᠭ᠎ᠠ ᠭᠡᠵᠦ ᠵᠠᠩᠭᠢᠳᠤᠭᠰᠠᠨ ᠲᠣᠷᠭᠠᠨ ᠬᠠᠳᠠᠭ ᠱᠠᠩᠨᠠᠳᠠᠭ ᠪᠠᠶᠢᠵᠠᠢ ᠃ ᠭᠣᠣᠯ ᠵᠠᠩᠭ᠎ᠠ ᠶᠢ ᠭᠤᠷᠪᠠ ᠤᠳᠠᠭ᠎ᠠ ᠣᠯᠤᠭᠰᠠᠨ ᠪᠥᠬᠡ ᠯᠠ ᠰᠠᠶ᠋ᠢ ᠵᠠᠩᠭ᠎ᠠ ᠵᠡᠭᠦᠬᠦ ᠡᠷᠬᠡ ᠲᠡᠢ ᠪᠣᠯᠳᠠᠭ ᠠᠵᠠᠢ ᠃ ᠰᠢᠯᠢ ᠶᠢᠨ ᠭᠣᠣᠯ ᠠᠶᠢᠮᠠᠭ ᠤᠨ ᠪᠠᠷᠠᠭᠤᠨ ᠦᠵᠦᠮᠦᠴᠢᠨ ᠬᠣᠰᠢᠭᠤᠨ ᠳᠤ ᠪᠣᠯᠤᠭᠰᠠᠨ 2048 ᠪᠥᠬᠡ ᠲᠡᠢ ᠶᠡᠬᠡ ᠨᠠᠶᠢᠷ ᠲᠤ ᠲᠡᠷᠢᠭᠦᠨ ᠭᠤᠷᠪᠠᠨ ᠪᠥᠬᠡ ᠳᠦ ᠪᠡᠨ ᠠᠯᠲᠠᠨ ᠵᠠᠩᠭ᠎ᠠ ᠂ ᠮᠥᠩᠭᠥᠨ ᠵᠠᠩᠭ᠎ᠠ ᠂ ᠭᠠᠤᠯᠢᠨ ᠵᠠᠩᠭ᠎ᠠ ᠭᠡᠵᠦ ᠱᠠᠩᠨᠠᠭᠰᠠᠨ  ᠨᠢ ᠮᠢᠩᠭᠠᠲᠤ ᠪᠥᠬᠡ ᠶᠢᠨ ᠴᠣᠯᠠ ᠡᠷᠭᠦᠮᠵᠢᠯᠡᠯ ᠢ ᠳᠡᠭᠡᠳᠦᠯᠡᠭᠰᠡᠨ ᠨᠢᠭᠡᠨ ᠰᠠᠨᠠᠭᠠᠴᠢᠯᠠᠭ᠎ᠠ ᠪᠠᠶᠢᠭᠰᠠᠨ ᠶᠤᠮ ᠃ ᠭᠡᠪᠡᠴᠦ ᠣᠳᠣ ᠪᠣᠯᠲᠠᠯ᠎ᠠ ᠮᠢᠩᠭᠠᠲᠤ ᠪᠥᠬᠡ ᠶᠢᠨ ᠵᠠᠩᠭ᠎ᠠ ᠶᠢᠨ ᠬᠡᠮᠵᠢᠶ᠎ᠡ ᠂ ᠬᠢᠬᠦ ᠮᠠᠲ᠋ᠧᠷᠢᠶᠠᠯ ᠂ ᠣᠯᠭᠣᠬᠤ ᠳᠦᠷᠢᠮ ᠵᠡᠷᠭᠡ ᠣᠯᠠᠨ ᠲᠠᠯ᠎ᠠ ᠳᠤ ᠬᠠᠨᠳᠤᠭᠰᠠᠨ ᠲᠣᠳᠣᠷᠬᠠᠢ ᠳᠦᠷᠢᠮᠵᠢᠯ ᠲᠡᠢ ᠲᠣᠭᠲᠠᠭᠠᠯ ᠪᠠᠶᠢᠬᠤ ᠦᠭᠡᠢ ᠪᠠᠶᠢᠭᠰᠠᠭᠠᠷ ᠃

 

ᠥᠮᠥᠳᠥ ︱ ᠥᠮᠥᠳᠥ ᠶᠢ  ᠨᠢ ᠠᠭᠤᠵᠢᠭᠤ ᠥᠷᠭᠡᠨ ᠮᠥᠷᠲᠡᠭᠡᠨ ᠣᠯᠠᠨ ᠳᠠᠪᠬᠤᠷ ᠬᠤᠨᠢᠶᠠᠰᠤ ᠨᠤᠭᠤᠯᠤᠭ᠎ᠠ ᠲᠠᠢ ᠬᠢᠳᠡᠭ ᠂ ᠶᠡᠷᠦᠩᠬᠡᠢ ᠳᠦ ᠪᠡᠨ 12 ᠂32 ᠂ 40 ᠲᠣᠬᠣᠢ ᠴᠠᠭᠠᠨ ᠪᠦᠰᠡ ᠪᠡᠷ ᠬᠢᠳᠡᠭ ᠃ ᠪᠥᠬᠡ ᠶᠢᠨ ᠥᠮᠥᠳᠥ ᠶᠢᠨ ᠳᠤᠮᠳᠠᠴᠢ ᠬᠡᠮᠵᠢᠶ᠎ᠡ ᠳᠦ ᠵᠠᠬ᠎ᠠ  ᠨᠢ 13 ᠲᠣᠬᠣᠢ ᠂ ᠵᠠᠬ᠎ᠠ ᠠᠴᠠ ᠰᠢᠷᠬᠤᠨᠠᠭ ᠬᠦᠷᠲᠡᠯᠡᠬᠢ ᠤᠷᠲᠤ  ᠨᠢ ᠳᠥᠷᠪᠡᠨ ᠲᠣᠬᠣᠢ ᠂ ᠰᠢᠷᠬᠤᠨᠠᠭ ᠤᠨ ᠠᠭᠤᠵᠢᠮ  ᠨᠢ ᠳᠥᠷᠪᠡᠨ ᠲᠣᠬᠣᠢ ᠂ ᠥᠮᠥᠳᠥᠨ ᠦ ᠠᠯᠠ ᠠᠴᠠ ᠵᠠᠬ᠎ᠠ ᠬᠦᠷᠲᠡᠯᠡᠬᠢ ᠤᠷᠲᠤ  ᠨᠢ 2 ᠲᠣᠬᠣᠢ 2 ᠢᠮᠠᠬᠤ ᠪᠠᠶᠢᠳᠠᠭ ᠃

be3

ᠡᠶᠢᠮᠦᠷᠬᠦ ᠥᠮᠥᠳᠥ  ᠨᠢ ᠪᠥᠬᠡ ᠶᠢ ᠰᠥᠷ ᠪᠠᠷ᠎ᠠ ᠲᠠᠢ ᠬᠠᠷᠠᠭᠳᠠᠭᠤᠯᠬᠤ ᠪᠥᠭᠡᠳ ᠬᠥᠯ ᠦᠨ ᠮᠡᠬᠡ ᠪᠡᠷ ᠨᠥᠭᠥᠭᠡᠳᠡᠬᠢ ᠪᠡᠨ ᠳᠠᠭᠠᠷᠢᠬᠤ ᠭᠡᠵᠦ ᠪᠠᠶᠢᠭ᠎ᠠ ᠬᠠᠨᠳᠤᠰᠢ ᠶᠢ ᠨᠢᠭᠤᠴᠠᠯᠠᠬᠤ ᠵᠢᠴᠢ ᠵᠣᠬᠢᠬᠤ ᠬᠡᠮᠵᠢᠶᠡᠨ ᠦ ᠪᠡᠶ᠎ᠡ ᠬᠠᠮᠠᠭᠠᠯᠠᠬᠤ ᠦᠢᠯᠡᠳᠦᠯ ᠲᠡᠢ ᠪᠢᠯᠡ ᠃ ᠠᠷᠠᠳ ᠤᠨ ᠤᠯᠠᠮᠵᠢᠯᠠᠯᠲᠤ ᠳᠣᠮᠣᠭ ᠶᠠᠷᠢᠶᠠᠨ ᠳᠤ ᠥᠪᠥᠷ ᠨᠤᠲᠤᠭ ᠤᠨ ᠪᠥᠬᠡᠴᠦᠳ ᠠᠲᠠᠨ ᠲᠡᠮᠡᠭᠡᠨ ᠦ ᠡᠮᠦᠨ᠎ᠡ ᠮᠥᠴᠢ ᠶᠢ ᠳᠠᠭᠤᠷᠢᠶᠠᠵᠤ ᠲᠡᠶᠢᠮᠦ ᠡᠯᠪᠡᠭ ᠠᠭᠤᠵᠢᠭᠤ ᠥᠮᠥᠳᠥ ᠡᠮᠦᠰᠳᠡᠭ ᠪᠣᠯᠤᠭᠰᠠᠨ ᠂ ᠬᠠᠷᠢᠨ ᠬᠠᠯᠬ᠎ᠠ ᠨᠤᠲᠤᠭ ᠤᠨ ᠪᠥᠬᠡᠴᠦᠳ ᠪᠣᠯ ᠠᠲᠠᠨ ᠲᠡᠮᠡᠭᠡᠨ ᠦ ᠬᠣᠶᠢᠲᠤ ᠮᠥᠴᠢ ᠶᠢ ᠳᠠᠭᠤᠷᠢᠶᠠᠵᠤ ᠱᠤᠳᠠᠭ ᠡᠮᠦᠰᠬᠦ ᠪᠣᠯᠤᠭᠰᠠᠨ ᠭᠡᠵᠦ ᠶᠠᠷᠢᠭᠳᠠᠳᠠᠭ ᠪᠠᠶᠢᠨ᠎ᠠ ᠃ ᠥᠮᠥᠳᠥ  ᠨᠢ ᠮᠢᠩᠭᠠᠲᠤ ᠪᠥᠬᠡ ᠶᠢᠨ ᠥᠪᠡᠷᠮᠢᠴᠡ ᠡᠮᠦᠰᠬᠡᠯ ᠶᠤᠮ ᠃ ᠭᠡᠪᠡᠴᠦ ᠬᠡᠳᠦᠢ ᠬᠡᠮᠵᠢᠶ᠎ᠡ ᠪᠡᠷ ᠬᠢᠬᠦ ᠂ ᠶᠠᠭᠠᠬᠢᠵᠤ ᠡᠮᠦᠰᠬᠦ ᠂ ᠪᠠᠷᠢᠯᠳᠤᠭᠠᠨ ᠤ ᠬᠠᠶᠠᠵᠤ ᠬᠠᠶᠠᠭᠳᠠᠭᠰᠠᠨ ᠪᠠᠶᠢᠳᠠᠯ ᠢ ᠨᠥᠯᠥᠭᠡᠯᠡᠵᠦ ᠪᠠᠶᠢᠭ᠎ᠠ ᠵᠠᠷᠢᠮ ᠪᠠᠶᠢᠳᠠᠯ ᠢ ᠶᠠᠭᠠᠬᠢᠵᠤ ᠳᠦᠷᠢᠮᠵᠢᠭᠦᠯᠬᠦ ᠵᠡᠷᠭᠡ ᠲᠠᠯ᠎ᠠ ᠪᠠᠷ ᠲᠣᠳᠣᠷᠬᠠᠢ ᠲᠣᠭᠲᠠᠭᠠᠯ ᠳᠦᠷᠢᠮ ᠬᠠᠷᠠᠬᠠᠨ ᠦᠭᠡᠢ ᠪᠠᠶᠢᠭᠰᠠᠭᠠᠷ ᠃

 

ᠭᠤᠲᠤᠯ ︱ ᠭᠤᠲᠤᠯ  ᠨᠢ ᠬᠥᠯ ᠢᠶᠡᠨ ᠬᠠᠮᠠᠭᠠᠯᠠᠬᠤ ᠂ ᠵᠣᠭᠰᠣᠴᠠ ᠪᠠᠨ ᠯᠠᠪᠳᠠᠭᠤᠯᠬᠤ ᠂ ᠬᠥᠯ ᠦᠨ ᠮᠡᠷᠭᠡᠵᠢᠯ ᠢᠶᠡᠨ ᠰᠠᠶᠢᠲᠤᠷ ᠭᠠᠷᠭᠠᠬᠤ ᠳᠤ ᠮᠠᠰᠢ ᠴᠢᠬᠤᠯᠠ ᠬᠣᠯᠪᠣᠭ᠎ᠠ ᠲᠠᠢ ᠃

be4

ᠪᠥᠬᠡ ᠶᠢᠨ ᠭᠤᠲᠤᠯ ᠢ ᠣᠶᠣᠬᠤ ᠳᠤ ᠪᠠᠨ ᠪᠤᠯᠢᠭᠠᠷᠢ ᠪᠤᠶᠤ ᠲᠣᠷᠭᠠᠨ ᠰᠠᠭᠠᠷᠢ ᠪᠠᠷ ᠭᠣᠣᠯ ᠮᠠᠲ᠋ᠧᠷᠢᠶᠠᠯ ᠪᠣᠯᠭᠠᠵᠤ ᠂ ᠵᠤᠯᠤᠭ ᠲᠦᠷᠡᠢ ᠶᠢᠨ ᠬᠢᠨᠢ ᠵᠠᠪᠰᠠᠷ ᠲᠤ ᠭᠤᠷᠪᠠᠨ ᠳᠠᠪᠬᠤᠷ ᠰᠠᠷᠢᠰᠤ ᠬᠠᠪᠴᠢᠭᠤᠯᠤᠨ ᠣᠶᠣᠵᠤ ᠂ ᠰᠢᠷᠢᠮᠡᠯ ᠤᠯᠠ ᠬᠢᠵᠦ ᠡᠮᠦᠰᠳᠡᠭ ᠃ ᠭᠡᠬᠦ ᠳᠦ ᠪᠡᠨ ᠣᠯᠠᠨ ᠳᠠᠪᠬᠤᠷ ᠵᠤᠵᠠᠭᠠᠯᠠᠨ ᠰᠢᠷᠢᠭᠰᠡᠨ ᠪᠥᠰ ᠣᠶᠢᠮᠣᠰᠤ ᠡᠮᠦᠰᠴᠦ ᠂ ᠬᠠᠲᠠᠭᠤ ᠭᠤᠲᠤᠯ ᠬᠥᠯ ᠢ ᠬᠣᠯᠭᠣᠵᠤ ᠭᠡᠮᠲᠦᠭᠡᠬᠦ ᠡᠴᠡ ᠰᠡᠷᠭᠡᠶᠢᠯᠡᠳᠡᠭ ᠃ ᠦᠢᠯᠡᠳᠦᠭᠰᠡᠨ ᠡᠳ᠋ ᠢᠶᠡᠷ  ᠨᠢ ᠪᠤᠯᠢᠭᠠᠷᠢᠨ ᠭᠤᠲᠤᠯ ᠂ ᠠᠷᠠᠰᠤᠨ ᠭᠤᠲᠤᠯ ᠂ ᠪᠥᠰ ᠭᠤᠲᠤᠯ ᠭᠡᠵᠦ ᠠᠩᠭᠢᠯᠠᠵᠤ ᠪᠣᠯᠳᠠᠭ ᠃ ᠵᠠᠷᠢᠮ ᠪᠥᠬᠡᠴᠦᠳ ᠭᠤᠲᠤᠯ ᠤᠨ ᠬᠦᠯᠢᠶ᠎ᠡ ᠬᠢᠳᠡᠭ ᠃ ᠭᠤᠲᠤᠯ ᠤᠨ ᠬᠦᠯᠢᠶ᠎ᠡ ᠶᠢ ᠨᠢᠮᠭᠡᠨ ᠰᠠᠶᠢᠨ ᠰᠤᠷ ᠢᠶᠠᠷ ᠬᠢᠳᠡᠭ ᠃ ᠬᠦᠯᠢᠶ᠎ᠡ  ᠨᠢ ᠭᠣᠣᠯᠳᠠᠭᠤ ᠡᠮᠦᠰᠬᠦ ᠭᠤᠲᠤᠯ ᠢ ᠪᠡᠬᠢᠯᠡᠬᠦ ᠂ ᠬᠠᠯᠲᠤᠷᠢᠵᠤ ᠭᠤᠯᠭᠤᠷᠢᠬᠤ ᠶᠢ ᠰᠡᠷᠭᠡᠶᠢᠯᠡᠬᠦ ᠂ ᠵᠣᠭᠰᠣᠴᠠ ᠶᠢ ᠴᠢᠩᠭᠠᠯᠠᠬᠤ ᠦᠢᠯᠡᠳᠦᠯ ᠲᠡᠢ ᠪᠠᠶᠢᠳᠠᠭ ᠃

 

ᠴᠠᠷᠪᠠᠭ ︱ ᠡᠨᠡ  ᠨᠢ ᠬᠣᠷᠮᠣᠶᠢᠪᠴᠢ ᠪᠠ ᠯᠠᠪᠷᠢ ᠶᠢ ᠬᠡᠯᠡᠵᠦ ᠪᠤᠢ ᠃ ᠲᠡᠷᠡ  ᠨᠢ ᠪᠠᠷᠢᠯᠳᠤᠬᠤ ᠪᠥᠬᠡ ᠶᠢᠨ ᠵᠣᠳᠣᠭ ᠤᠨ ᠬᠣᠷᠮᠣᠢ ᠂ ᠲᠡᠯᠡᠢ ᠂ ᠥᠮᠥᠳᠥ ᠂ ᠪᠠᠩᠵᠠᠯ ᠤᠨ ᠵᠠᠬ᠎ᠠ ᠶᠢ ᠳᠠᠷᠤᠬᠤ ᠵᠣᠷᠢᠭᠤᠯᠤᠯᠲᠠ ᠲᠠᠢ ᠃ ᠬᠥᠬᠡ ᠂ ᠰᠢᠷ᠎ᠠ ᠂ ᠤᠯᠠᠭᠠᠨ ᠭᠤᠷᠪᠠᠨ ᠥᠩᠭᠡ ᠶᠢᠨ ᠭᠬᠢᠪ ᠳᠤᠷᠳᠤᠩ ᠢᠶᠠᠷ ᠬᠢᠳᠡᠭ ᠦᠨ ᠤᠴᠢᠷ  ᠨᠢ ᠲᠡᠭᠷᠢ ᠂ ᠭᠠᠵᠠᠷ ᠂ ᠨᠠᠷᠠ ᠶᠢ ᠪᠡᠯᠭᠡᠳᠡᠵᠦ ᠪᠠᠶᠢᠳᠠᠭ ᠃

be5

ᠴᠠᠷᠪᠠᠭ ᠢ ᠪᠡᠬᠢᠯᠢᠭ ᠰᠠᠶᠢᠨ ᠰᠤᠷ ᠢᠶᠠᠷ ᠲᠣᠭᠲᠠᠭᠠᠵᠤ ᠂ ᠦᠵᠦᠭᠦᠷ ᠢ  ᠨᠢ ᠨᠢᠷᠤᠭᠤᠨ ᠳᠤ ᠪᠠᠨ ᠴᠢᠩᠭ᠎ᠠ ᠤᠶᠠᠳᠠᠭ ᠃ ᠡᠶᠢᠮᠦᠷᠬᠦ ᠡᠮᠦᠰᠬᠡᠯ  ᠨᠢ ᠨᠢᠭᠡ ᠲᠠᠯ᠎ᠠ ᠪᠠᠷ ᠵᠠᠰᠠᠯ ᠴᠢᠮᠡᠭ ᠦᠨ ᠦᠢᠯᠡᠳᠦᠯ ᠲᠡᠢ ᠪᠣᠯᠪᠠᠴᠤ ᠨᠥᠭᠥᠭᠡ ᠲᠠᠯ᠎ᠠ ᠪᠠᠷ ᠨᠥᠭᠥᠭᠡᠳᠡᠬᠢ ᠶᠢᠨ ᠢᠶᠡᠨ ᠪᠠᠷᠢᠴᠠ ᠠᠪᠬᠤ ᠶᠢ ᠰᠡᠷᠭᠡᠶᠢᠯᠡᠬᠦ ᠦᠢᠯᠡᠳᠦᠯ ᠲᠡᠢ ᠶᠤᠮ ᠃ ᠰᠡᠭᠦᠯ ᠦᠨ ᠦᠶ᠎ᠡ ᠳᠦ ᠪᠥᠬᠡᠴᠦᠳ ᠴᠠᠷᠪᠠᠭ ᠵᠡᠭᠦᠬᠦ  ᠨᠢ ᠴᠥᠭᠡᠷᠡᠵᠦ ᠪᠠᠶᠢᠭ᠎ᠠ ᠪᠠ ᠴᠠᠷᠪᠠᠭ ᠠᠴᠠ ᠪᠠᠷᠢᠴᠠ ᠠᠪᠬᠤ ᠶᠢ ᠤᠤᠯ ᠠᠴᠠ ᠪᠠᠨ ᠵᠥᠪᠰᠢᠶᠡᠷᠡᠳᠡᠭ ᠦᠭᠡᠢ ᠪᠣᠯᠬᠣᠷ ᠭᠡᠭᠡᠭᠳᠡᠬᠦ ᠬᠠᠨᠳᠤᠰᠢ ᠴᠣ ᠭᠠᠷᠴᠤ ᠪᠤᠢ ᠃

 

ᠲᠤᠤᠱᠤᠤ ︱ ᠪᠠᠰᠠ ᠲᠤᠤᠬᠤᠤ ᠪᠤᠶᠤ ᠡᠪᠦᠳᠦᠭᠡᠪᠴᠢ ᠭᠡᠳᠡᠭ ᠃ ᠤᠤᠯ  ᠨᠢ ᠲᠤᠤᠱᠤᠤ ᠪᠣᠯ ᠡᠪᠦᠳᠦᠭ ᠢᠶᠡᠨ ᠳᠤᠯᠠᠭᠠᠯᠠᠬᠤ᠂ ᠥᠮᠥᠳᠥ ᠪᠡᠨ ᠬᠠᠮᠠᠭᠠᠯᠠᠬᠤ ᠂ ᠴᠢᠮᠡᠭᠡᠯᠡᠯ ᠪᠣᠯᠭᠠᠬᠤ ᠵᠡᠷᠭᠡ ᠵᠣᠷᠢᠭᠤᠯᠤᠯᠲᠠ ᠲᠠᠢ ᠪᠠᠶᠢᠵᠠᠢ ᠃ ᠬᠠᠷᠢᠨ ᠡᠭᠦᠨ ᠢ ᠪᠥᠬᠡ ᠶᠢᠨ ᠲᠣᠮᠣ ᠥᠮᠥᠳᠥᠨ ᠳᠡᠭᠡᠭᠦᠷ ᠡᠮᠦᠰᠳᠡᠭ ᠪᠣᠯᠤᠭᠰᠠᠨ  ᠨᠢ ᠵᠠᠰᠠᠯ ᠴᠢᠮᠡᠭᠡᠯᠡᠯ ᠪᠣᠯᠭᠠᠵᠤ ᠪᠠᠶᠢᠭ᠎ᠠ ᠮᠥᠷᠲᠡᠭᠡᠨ ᠡᠪᠦᠳᠦᠭ ᠢᠶᠡᠨ ᠪᠡᠬᠢᠯᠡᠨ ᠬᠠᠮᠠᠭᠠᠯᠠᠬᠤ ᠦᠢᠯᠡᠳᠦᠯ ᠲᠡᠢ ᠪᠣᠯᠵᠠᠢ ᠃

be6

ᠲᠤᠤᠱᠤᠤ ᠳᠡᠭᠡᠷ᠎ᠡ ᠳᠥᠷᠪᠡᠨ ᠬᠦᠴᠦᠲᠡᠨ ᠂ ᠬᠡ ᠤᠭᠠᠯᠵᠠ ᠂ ᠪᠡᠯᠭᠡᠲᠦ ᠳᠦᠷᠰᠦ ᠶᠢ ᠣᠶᠣᠵᠤ ᠬᠠᠳᠬᠤᠳᠠᠭ ᠃ ᠭᠡᠬᠦ ᠳᠦ ᠪᠡᠨ ᠰᠢᠨᠡᠬᠡᠨ ᠪᠠᠷᠢᠯᠳᠤᠵᠤ ᠪᠠᠶᠢᠭ᠎ᠠ ᠵᠠᠯᠠᠭᠤ ᠪᠥᠬᠡᠴᠦᠳ ᠪᠣᠯ ᠭᠣᠣᠯᠳᠠᠭᠤ ᠤᠯᠠᠭᠠᠨ ᠂ ᠬᠦᠷᠡᠩ ᠂ ᠴᠡᠩᠬᠡᠷ ᠵᠡᠷᠭᠡ ᠬᠤᠷᠴᠠ ᠥᠩᠭᠡᠲᠡᠢ ᠲᠣᠷᠭ᠎ᠠ ᠪᠠᠷ ᠬᠢᠳᠡᠭ ᠃ ᠨᠡᠷ᠎ᠡ ᠴᠤᠤᠲᠠᠢ ᠰᠠᠶᠢᠨ ᠪᠥᠬᠡᠴᠦᠳ ᠪᠣᠯ ᠵᠦᠢᠯ ᠪᠦᠷᠢ ᠶᠢᠨ ᠥᠩᠭᠡᠲᠦ ᠲᠣᠷᠭᠠᠨ ᠳᠡᠭᠡᠷ᠎ᠡ ᠶᠠᠩᠵᠤ ᠪᠦᠷᠢ ᠶᠢᠨ ᠨᠠᠭᠠᠮᠠᠯ ᠂ ᠬᠠᠳᠬᠤᠮᠠᠯ ᠭᠠᠷᠭᠠᠬᠤ ᠂ ︽ ᠳᠥᠷᠪᠡᠨ ᠬᠦᠴᠦᠲᠡᠨ ︾ ᠤᠷᠠᠯᠠᠬᠤ ᠵᠡᠷᠭᠡ ᠪᠡᠷ ᠴᠢᠮᠡᠳᠡᠭ ᠃

 

 

ᠬᠣᠶᠠᠷ ᠂ ᠱᠤᠳᠠᠭᠳᠤ ᠪᠥᠬᠡ ᠶᠢᠨ ᠡᠮᠦᠰᠬᠡᠯ ᠵᠠᠰᠠᠯ

 

ᠱᠤᠳᠠᠭᠳᠤ ᠪᠥᠬᠡ ᠶᠢᠨ ᠡᠮᠦᠰᠬᠡᠯ ᠳᠦ ᠮᠠᠯᠠᠭᠠᠢ ᠂ ᠵᠣᠳᠣᠭ ᠂ ᠱᠤᠳᠠᠭ ᠂ ᠭᠤᠲᠤᠯ ᠵᠡᠷᠭᠡ ᠪᠤᠢ ᠃         ᠮᠠᠯᠠᠭᠠᠢ ︱   ᠡᠷᠲᠡ ᠴᠠᠭ ᠤᠨ ᠪᠥᠬᠡ ᠶᠢᠨ ᠮᠠᠯᠠᠭᠠᠢ  ᠨᠢ ᠰᠣᠨᠣᠮᠰᠠᠷ ᠪᠤᠶᠤ ᠵᠠᠯᠠᠭ᠎ᠠ ᠪᠦᠬᠦᠢ ᠳᠤᠭᠤᠯᠠᠭ᠎ᠠ ᠬᠡᠯᠪᠡᠷᠢ ᠲᠡᠢ ᠪᠠᠶᠢᠭᠰᠠᠨ ᠢᠶᠠᠨ 15 ᠳ᠋ᠤᠭᠠᠷ ᠵᠠᠭᠤᠨ ᠠᠴᠠ ᠡᠬᠢᠯᠡᠨ ᠳᠥᠷᠪᠡᠨ ᠲᠠᠯ᠎ᠠ ᠲᠠᠢ ᠪᠣᠯᠵᠤ ᠂ 1923 ᠣᠨ ᠠᠴᠠ ᠬᠣᠶᠢᠰᠢ ᠵᠠᠩᠵᠤᠨ ᠮᠠᠯᠠᠭᠠᠢ ᠪᠣᠯᠤᠭᠰᠠᠨ ᠶᠤᠮ ᠃ ᠮᠠᠯᠠᠭᠠᠢ ᠶᠢᠨ ᠴᠠᠪᠤᠭ ᠤᠨ ᠭᠠᠳᠠᠭᠤᠷ ᠪᠠᠶᠢᠭ᠎ᠠ ᠳᠥᠷᠪᠡᠨ ᠲᠠᠯ᠎ᠠ  ᠨᠢ ᠮᠣᠩᠭᠣᠯ ᠤᠨ ᠳᠥᠷᠪᠡᠨ ᠠᠶᠢᠮᠠᠭ ᠢ ᠲᠥᠯᠥᠭᠡᠯᠡᠵᠦ ᠂ ᠣᠷᠣᠢ ᠳᠤ  ᠨᠢ ᠪᠠᠶᠢᠭ᠎ᠠ ᠵᠠᠩᠭᠢᠯᠠᠭ᠎ᠠ  ᠨᠢ ᠱᠠᠪᠢ ᠲᠠᠪᠤᠨ ᠭᠠᠵᠠᠷ ᠢ ᠲᠥᠯᠥᠭᠡᠯᠡᠳᠡᠭ ᠃ ᠵᠠᠩᠵᠤᠨ ᠮᠠᠯᠠᠭᠠᠢ ᠶᠢᠨ ᠣᠷᠣᠢ ᠶᠢ ᠱᠣᠪᠣᠭᠣᠷ ᠂ ᠰᠠᠮᠫᠠᠨ ᠢ ᠱᠥᠪᠥᠭᠡᠷ ᠬᠤᠷᠴᠠ ᠰᠢᠯᠤᠭᠤᠨ ᠬᠢᠳᠡᠭ  ᠨᠢ ᠬᠠᠷᠢᠯᠲᠠ ᠦᠭᠡᠢ ᠮᠠᠨᠳᠤᠨ ᠪᠠᠳᠠᠷᠠᠬᠤ ᠶᠢ ᠪᠡᠯᠭᠡᠳᠡᠵᠦ ᠪᠠᠶᠢᠳᠠᠭ ᠃

be7

ᠵᠣᠳᠣᠭ ︱  ᠱᠣᠳᠠᠬᠤ ᠪᠥᠬᠡ ᠶᠢᠨ ᠵᠣᠳᠣᠭ  ᠨᠢ ᠤᠷᠲᠤ ᠪᠠᠷᠢᠭᠤ ᠬᠠᠨᠴᠤᠢ ᠲᠠᠢ ᠂ ᠬᠠᠨᠴᠤᠢ ᠶᠢᠨ ᠦᠵᠦᠭᠦᠷ ᠲᠦ  ᠨᠢ ᠴᠠᠷᠪᠠᠭᠤ ᠤᠶᠠᠬᠤ ᠣᠭᠣᠰᠣᠷ ᠲᠠᠢ ᠂ ᠡᠩᠭᠡᠷ ᠦᠭᠡᠢ ᠵᠠᠳᠠᠭᠠᠢ ᠂ ᠨᠢᠷᠤᠭᠤ  ᠨᠢ ᠨᠠᠷᠢᠨ ᠤᠷᠲᠤ ᠂ ᠬᠡᠪᠡᠯᠢ ᠪᠡᠷ ᠢᠶᠡᠨ ᠲᠠᠲᠠᠵᠤ ᠤᠶᠠᠬᠤ ᠪᠦᠰᠡ ᠲᠡᠢ ᠃ ᠵᠣᠳᠣᠭ ᠢ ᠴᠢᠨᠠᠷ ᠰᠠᠶᠢᠲᠠᠢ ᠤᠯᠠᠭᠠᠨ ᠂ ᠨᠣᠭᠣᠭᠠᠨ ᠂ ᠴᠡᠩᠬᠡᠷ ᠂ ᠰᠢᠷ᠎ᠠ ᠥᠩᠭᠡ ᠲᠡᠢ ᠲᠣᠷᠭ᠎ᠠ ᠪᠤᠶᠤ ᠴᠢᠰᠴᠡᠦ ᠶᠢ ᠳᠠᠪᠬᠤᠷᠯᠠᠵᠤ ᠡᠰᠬᠡᠭᠡᠳ ᠬᠥᠪᠡᠭᠡ ᠶᠢ  ᠨᠢ ᠮᠢᠨᠳᠠᠰᠤᠨ ᠤᠲᠠᠰᠤ ᠪᠠᠷ ᠲᠣᠪᠰᠢᠨ ᠰᠢᠷᠢᠵᠦ ᠬᠢᠳᠡᠭ ᠃ ᠤᠶᠠᠬᠤ ᠪᠦᠰᠡ ᠶᠢ  ᠨᠢ ᠡᠯᠢᠭᠡ ᠪᠦᠰᠡ ᠂ ᠵᠣᠳᠣᠭ ᠤᠨ ᠠᠷᠤ ᠶᠢ  ᠨᠢ ᠳᠠᠯᠪᠠᠭ᠎ᠠ ᠭᠡᠳᠡᠭ ᠃ ᠬᠡᠮᠵᠢᠶ᠎ᠡ ᠲᠣᠮᠵᠢᠶ᠎ᠠ ᠶᠢ  ᠨᠢ ᠮᠠᠰᠢ ᠨᠢᠭᠡᠳᠦᠯ ᠲᠡᠢ ᠳᠦᠷᠢᠮᠵᠢᠭᠦᠯᠦᠭᠰᠡᠨ ᠪᠠᠶᠢᠨ᠎ᠠ ᠃

be8

ᠱᠤᠳᠠᠭ︱  ᠱᠤᠳᠠᠭ ᠭᠡᠳᠡᠭ  ᠨᠢ ᠦᠨᠡᠨ ᠳᠦ ᠪᠡᠨ ︽ ᠰᠢᠭᠤᠳᠠᠭ ︾ ᠭᠡᠰᠡᠨ ᠦᠭᠡᠨ ᠦ ᠬᠤᠪᠢᠯᠪᠤᠷᠢ ᠶᠤᠮ ᠃ ᠱᠤᠳᠠᠭ ᠪᠣᠯ ᠪᠠᠷᠢᠯᠳᠤᠭᠠᠨ ᠳᠤ ᠡᠮᠦᠰᠳᠡᠭ ᠭᠤᠷᠪᠠᠯᠵᠢᠨ ᠣᠬᠣᠷ ᠥᠮᠥᠳᠥ ᠶᠢ ᠬᠡᠯᠡᠵᠦ ᠪᠠᠶᠢᠨ᠎ᠠ᠃

ᠱᠤᠳᠠᠭ ᠢ ᠬᠤᠷᠴᠠ ᠥᠩᠭᠡ ᠲᠡᠢ ᠴᠢᠰᠴᠡᠦ ᠂ ᠲᠣᠷᠭ᠎ᠠ ᠪᠠᠷ ᠡᠰᠬᠡᠵᠦ ᠂ ᠮᠢᠨᠳᠠᠰᠤᠨ ᠤᠲᠠᠰᠤ ᠪᠤᠶᠤ ᠲᠣᠷᠭᠠᠨ ᠤᠲᠠᠰᠤ ᠪᠠᠷ ᠣᠶᠣᠵᠤ ᠵᠠᠬ᠎ᠠ ᠪᠣᠯᠤᠨ ᠬᠥᠪᠡᠭᠡ ᠶᠢ  ᠨᠢ ᠳᠠᠪᠬᠤᠷ ᠡᠮᠵᠢᠶᠡᠷᠢᠯᠡᠵᠦ ᠪᠡᠬᠢᠯᠡᠳᠡᠭ ᠃ ᠱᠤᠳᠠᠭ ᠤᠨ ᠤᠶᠠᠭ᠎ᠠ ᠶᠢ ᠵᠥᠭᠡᠯᠡᠨ ᠰᠢᠷᠢ ᠪᠤᠶᠤ ᠰᠤᠷ ᠢᠶᠠᠷ ᠬᠢᠳᠡᠭ ᠃ ᠱᠤᠳᠠᠭ  ᠨᠢ ᠪᠠᠰᠠᠴᠤ ᠪᠠᠷᠢᠴᠠ ᠬᠠᠩᠭᠠᠬᠤ ᠦᠢᠯᠡᠳᠦᠯ ᠲᠡᠢ ᠃ ᠮᠥᠨᠴᠦ ᠪᠥᠬᠡᠴᠦᠳ ᠦᠨ ᠪᠤᠯᠴᠢᠩ ᠰᠠᠶᠢᠲᠠᠢ ᠪᠡᠶ᠎ᠡ ᠭᠠᠯᠪᠢᠷ ᠢ ᠣᠯᠠᠨ᠎ᠠ ᠪᠠᠬᠠᠳᠤᠭᠤᠯᠬᠤ ᠂ ᠬᠢᠴᠡ ᠮᠡᠬᠡ ᠬᠢᠬᠦ ᠶᠢ ᠡᠰᠡ ᠬᠠᠷᠰᠢᠯᠠᠬᠤ ᠵᠡᠷᠭᠡ ᠥᠪᠡᠷᠮᠢᠴᠡ ᠣᠨᠴᠠᠯᠢᠭ ᠲᠠᠢ ᠪᠠᠶᠢᠳᠠᠭ ᠢ ᠴᠣ ᠣᠮᠲᠣᠭᠠᠶᠢᠯᠠᠵᠤ ᠡᠰᠡ ᠪᠣᠯᠤᠨ᠎ᠠ ᠃

 

ᠭᠤᠲᠤᠯ ︱ ᠱᠤᠳᠠᠭᠲᠤ  ᠪᠥᠬᠡᠴᠦᠳ ᠪᠠᠷᠢᠯᠳᠤᠬᠤ ᠳᠤ ᠪᠠᠨ ᠪᠦᠷ ᠮᠣᠩᠭᠣᠯ ᠭᠤᠲᠤᠯ ᠡᠮᠦᠰᠳᠡᠭ ᠃

be9

ᠭᠤᠲᠤᠯ ᠤᠨ ᠬᠤᠪᠢ ᠳᠤ ᠮᠢᠩᠭᠠᠲᠤ ᠪᠥᠬᠡ ᠲᠡᠢ ᠨᠢᠭᠡ ᠶᠡᠬᠡ ᠢᠯᠭᠠᠭ᠎ᠠ ᠦᠭᠡᠢ ᠃ ᠭᠤᠲᠤᠯ ᠢᠶᠠᠨ ᠰᠤᠷ ᠢᠶᠠᠷ ᠬᠦᠯᠢᠳᠡᠭ ᠃ ᠭᠤᠲᠤᠯ  ᠨᠢ ᠬᠥᠯ ᠬᠠᠮᠠᠭᠠᠯᠠᠵᠤ ᠂ ᠵᠣᠭᠰᠣᠴᠠ ᠶᠢ ᠯᠠᠪᠳᠠᠭᠤᠨ ᠪᠣᠯᠭᠠᠬᠤ ᠂ ᠬᠢᠴᠡ ᠮᠡᠬᠡ ᠬᠢᠬᠦ ᠳᠦ ᠪᠣᠯᠤᠮᠵᠢ ᠬᠠᠩᠭᠠᠬᠤ ᠵᠡᠷᠭᠡ ᠦᠢᠯᠡᠳᠦᠯ ᠲᠡᠢ ᠃

 

ᠭᠤᠷᠪᠠ ᠂ ᠱᠠᠯᠪᠤᠷ ᠪᠥᠬᠡ ᠶᠢᠨ ᠡᠮᠦᠰᠬᠡᠯ ᠵᠠᠰᠠᠯ

ᠱᠠᠯᠪᠤᠷ ᠪᠥᠬᠡ ᠶᠢᠨ ᠡᠮᠦᠰᠬᠡᠯ ᠳᠦ ᠴᠡᠭᠡᠵᠢᠪᠴᠢ ᠂ ᠱᠤᠳᠠᠭ ᠂ ᠭᠤᠲᠤᠯ ᠢ ᠴᠢᠬᠤᠯᠠᠴᠢᠯᠠᠳᠠᠭ ᠃ ᠡᠳᠡᠭᠡᠷ ᠡᠮᠦᠰᠬᠡᠯ ᠦᠨ ᠦᠨᠳᠦᠰᠦᠨ ᠪᠦᠲᠦᠴᠡ ᠣᠨᠴᠠᠯᠢᠭ ᠂ ᠬᠢᠴᠡ ᠤᠷᠠᠯᠠᠯ ᠂ ᠬᠡᠷᠡᠭᠴᠡᠭᠡ ᠦᠢᠯᠡᠳᠦᠯ  ᠨᠢ ᠱᠣᠳᠠᠬᠤ ᠪᠥᠬᠡ ᠲᠡᠢ ᠦᠨᠳᠦᠰᠦᠨ ᠳᠦ ᠪᠡᠨ ᠠᠳᠠᠯᠢ ᠃ ᠭᠡᠪᠡᠴᠦ ᠱᠣᠳᠠᠬᠤ ᠪᠥᠬᠡ ᠪᠠ ᠮᠢᠩᠭᠠᠲᠤ ᠪᠥᠬᠡ ᠰᠢᠭ ᠲᠣᠳᠣᠷᠬᠠᠢ ᠴᠣᠯᠠ ᠡᠷᠭᠦᠮᠵᠢᠯᠡᠯ ᠢ  ᠨᠢ ᠬᠠᠷᠠᠭᠤᠯᠤᠭᠰᠠᠨ ᠴᠢᠮᠡᠭ ᠬᠠᠴᠢᠷ ᠤᠨ ᠵᠦᠢᠯ ᠦᠭᠡᠢ ᠪᠠᠶᠢᠳᠠᠭ᠃

 

ᠳᠥᠷᠪᠡ ᠂ ᠳᠣᠯᠭᠢᠶᠠᠲᠤ ᠪᠥᠬᠡ ᠶᠢᠨ ᠡᠮᠦᠰᠬᠡᠯ ᠵᠠᠰᠠᠯ

ᠵᠣᠳᠣᠭ  ᠨᠢ ᠮᠢᠩᠭᠠᠲᠤ ᠪᠥᠬᠡ ᠶᠢᠨ ᠵᠣᠳᠣᠭ ᠲᠠᠢ ᠠᠳᠠᠯᠢ ᠃ ᠭᠡᠪᠡᠴᠦ ᠪᠠᠩᠵᠠᠯ ᠲᠤᠤᠱᠤᠤ ᠡᠮᠦᠰᠳᠡᠭ ᠦᠭᠡᠢ ᠃ ᠠᠭᠤᠵᠢᠮ ᠡᠯᠪᠡᠭ ᠲᠣᠷᠭᠠᠨ ᠥᠮᠥᠳᠥ ᠡᠮᠦᠰᠳᠡᠭ ᠃ ᠵᠠᠩᠭ᠎ᠠ ᠴᠣ ᠵᠡᠭᠦᠳᠡᠭ ᠦᠭᠡᠢ ᠃ ᠬᠠᠷᠢᠨ ᠡᠪᠦᠳᠦᠭ ᠬᠠᠮᠠᠭᠠᠯᠠᠬᠤ ᠵᠣᠷᠢᠭᠤᠯᠤᠯᠲᠠ  ᠲᠠᠢ ᠬᠠᠪᠲᠠᠰᠤ ᠶᠢ ᠭᠤᠲᠤᠯ ᠤᠨ ᠢᠶᠠᠨ ᠲᠦᠷᠡᠢ ᠳᠦ ᠵᠢᠭᠢᠷᠢᠭᠯᠡᠳᠡᠭ ᠣᠨᠴᠠᠯᠢᠭ ᠲᠠᠢ ᠃

 

ᠲᠠᠪᠤ ᠂ ᠪᠦᠰᠡᠲᠦ ᠪᠥᠬᠡ ᠶᠢᠨ ᠡᠮᠦᠰᠬᠡᠯ ᠵᠠᠰᠠᠯ

ᠣᠨᠴᠠᠭᠠᠢ ᠥᠪᠡᠷᠮᠢᠴᠡ ᠡᠮᠦᠰᠬᠡᠯ ᠦᠭᠡᠢ ᠃ ᠵᠥᠪᠬᠡᠨ ᠪᠠᠷᠢᠴᠠ ᠬᠠᠩᠭᠠᠬᠤ ᠳᠤ ᠵᠣᠷᠢᠭᠤᠯᠵᠤ ᠪᠦᠰᠡ ᠪᠦᠰᠡᠯᠡᠳᠡᠭ ᠃

ᠪᠥᠬᠡ ᠶᠢᠨ ᠡᠮᠦᠰᠬᠡᠯ ᠵᠠᠰᠠᠯ

ᠰᠢᠭᠦᠮᠵᠢ