• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠥᠬᠡ ᠶᠢᠨ ᠲᠥᠷᠥᠯ ᠵᠦᠢᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 48.60 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-05
 • ᠄   1
 • ᠄   0
 • ᠄   0
 • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠲᠥᠷᠥᠯ ᠵᠦᠢᠯ

 

ᠱᠤᠳᠠᠭᠳᠤ ᠪᠥᠬᠡ ︱ ᠡᠮᠦᠰᠬᠡᠯ ᠵᠠᠰᠠᠯ ᠂ ᠴᠣᠯᠠ ᠣᠯᠭᠣᠬᠤ ᠂ ᠪᠠᠷᠢᠯᠳᠤᠭᠠᠨ ᠤ ᠳᠦᠷᠢᠮ ᠵᠡᠷᠭᠡ ᠨᠢ ᠨᠡᠯᠢᠶᠡᠳ ᠳᠦᠷᠢᠮᠵᠢᠭᠰᠡᠨ ᠪᠠᠶᠢᠨ᠎ᠠ ᠃

ᠬᠠᠯᠬ᠎ᠠ ᠪᠥᠬᠡ ᠶᠢᠨ ᠳᠦᠷᠢᠮᠵᠢᠯ ᠦᠨ ᠲᠡᠦᠬᠡᠨ ᠤᠯᠪᠠᠭ᠎ᠠ ᠨᠡᠯᠢᠶᠡᠳ ᠡᠷᠲᠡ ᠦᠶ᠎ᠡ ᠲᠡᠢ ᠬᠣᠯᠪᠣᠭ᠎ᠠ ᠲᠠᠢ ᠃ ᠱᠠᠨᠰᠢ ᠮᠤᠵᠢ  ᠶᠢᠨ ᠰᠢ ᠠᠨ ᠬᠣᠲᠠ ᠶᠢᠨ ᠺᠧ ᠱᠧᠩ ᠲᠣᠰᠬᠣᠨ ᠠᠴᠠ ᠣᠯᠳᠠᠭᠰᠠᠨ ᠾᠦᠩᠨᠦ ᠶᠢᠨ ᠦᠶ᠎ᠡ ᠶᠢᠨ ᠭᠠᠤᠯᠢᠨ ᠫᠠᠶᠢᠰᠠᠨ ᠳᠡᠭᠡᠷ᠎ᠡ ᠪᠥᠬᠡ ᠪᠠᠷᠢᠯᠳᠤᠵᠤ ᠪᠠᠶᠢᠭ᠎ᠠ ᠬᠣᠶᠠᠷ ᠬᠥᠮᠦᠨ ᠦ ᠳᠦᠷᠰᠦ ᠪᠠᠶᠢᠳᠠᠭ ᠪᠥᠭᠡᠳ ᠲᠡᠷᠡ ᠨᠢ ᠱᠤᠳᠠᠭᠳᠤ ᠪᠥᠬᠡ ᠶᠢᠨ ᠪᠠᠷᠢᠯᠳᠤᠭᠠᠨ ᠲᠠᠢ ᠨᠡᠯᠢᠶᠡᠳ ᠲᠥᠰᠲᠡᠢ ᠪᠠᠶᠢᠭ᠎ᠠ ᠠᠵᠠᠢ ᠃ ᠡᠨᠡ ᠬᠥ ᠬᠠᠭᠤᠴᠢ ᠣᠯᠳᠠᠪᠤᠷᠢ ᠠᠴᠠ ᠦᠵᠡᠬᠦ ᠳᠦ ᠱᠤᠳᠠᠭᠳᠤ ᠪᠥᠬᠡ ᠶᠢᠨ ᠪᠠᠷᠢᠯᠳᠤᠭᠠᠨ ᠮᠠᠰᠢ ᠡᠷᠲᠡᠨ ᠦ ᠤᠯᠠᠮᠵᠢᠯᠠᠯ ᠢᠶᠠᠨ ᠬᠠᠳᠠᠭᠠᠯᠠᠵᠤ ᠪᠠᠶᠢᠭ᠎ᠠ ᠭᠡᠳᠡᠭ ᠨᠢ ᠲᠣᠳᠣᠷᠬᠠᠢ ᠃ ᠣᠳᠣ ᠠᠴᠠ ᠭᠤᠷᠪᠠᠨ ᠵᠠᠭᠤᠭᠠᠳ ᠵᠢᠯ ᠦᠨ ᠡᠮᠦᠨ᠎ᠡ ᠱᠤᠳᠠᠭᠳᠤ ᠪᠥᠬᠡ ᠶᠢᠨ ᠪᠠᠷᠢᠯᠳᠤᠭᠠᠨ ᠤ ᠡᠮᠦᠰᠬᠡᠯ ᠂ ᠪᠠᠷᠢᠯᠳᠤᠭᠠᠨ ᠤ ᠳᠦᠷᠢᠮ ᠶᠣᠰᠣ ᠨᠡᠯᠢᠶᠡᠳ ᠳᠦᠷᠢᠮᠵᠢᠭᠡᠳ ᠪᠠᠶᠢᠭᠰᠠᠨ ᠢ ᠨᠤᠲᠠᠯᠠᠬᠤ ᠪᠠᠷᠢᠮᠲᠠ ᠣᠯᠳᠠᠭᠰᠠᠨ ᠨᠢ ᠲᠤᠰ ᠲᠥᠷᠥᠯ ᠦᠨ ᠪᠥᠬᠡ ᠶᠢᠨ ᠥᠨᠥᠳᠦᠷ ᠦᠨ ᠳᠦᠷᠢᠮᠵᠢᠯ ᠰᠠᠶᠢᠲᠠᠢ ᠪᠠᠶᠢᠭ᠎ᠠ ᠶᠢᠨ ᠲᠡᠦᠬᠡᠨ ᠬᠥᠭᠵᠢᠯ ᠢ ᠲᠣᠳᠣᠷᠬᠠᠢ ᠬᠠᠷᠠᠭᠤᠯᠵᠤ ᠪᠤᠢ ᠃ ᠶᠡᠷᠦ ᠨᠢ ᠥᠨᠥᠳᠦᠷ ᠦᠨ ᠱᠤᠳᠠᠭᠳᠤ ᠪᠥᠬᠡ ᠨᠢ ᠵᠣᠳᠣᠭ ᠱᠤᠳᠠᠭ ᠤᠨ ᠬᠡᠮᠵᠢᠶ᠎ᠡ ᠬᠢᠴᠡ ᠂ ᠪᠦᠰᠡᠯᠡᠬᠦ ᠶᠣᠰᠣ ᠂ ᠪᠠᠷᠢᠯᠳᠤᠬᠤ ᠪᠠ ᠣᠨᠣᠭᠠᠬᠤ ᠂ ᠴᠣᠯᠠᠯᠠᠵᠤ ᠱᠠᠩᠨᠠᠬᠤ ᠂ ᠳᠡᠪᠢᠵᠦ ᠮᠠᠭᠰᠢᠬᠤ ᠁ ᠵᠡᠷᠭᠡ ᠣᠯᠠᠨ ᠲᠠᠯ᠎ᠠ ᠪᠠᠷ  ᠢᠶᠠᠨ ᠮᠠᠰᠢ ᠳᠦᠷᠢᠮᠵᠢᠭᠰᠡᠨ ᠪᠠᠶᠢᠭ᠎ᠠ ᠨᠢ ᠪᠤᠰᠤᠳ ᠲᠥᠷᠥᠯ ᠦᠨ ᠮᠣᠩᠭᠣᠯ ᠪᠥᠬᠡ ᠶᠢᠨ ᠬᠥᠭᠵᠢᠯ ᠳᠦᠷᠢᠮᠵᠢᠯ ᠳᠦ ᠯᠠᠪᠯᠠᠯᠲᠠ ᠪᠣᠯᠬᠤ ᠦᠨ᠎ᠡ ᠴᠠᠨ᠎ᠠ ᠲᠠᠢ ᠪᠢᠯᠡ ᠃ ᠱᠤᠳᠠᠭᠳᠤ ᠪᠥᠬᠡ ᠨᠢ ᠬᠥᠯᠳᠡᠵᠦ ᠪᠣᠯᠬᠤ ᠵᠡᠷᠭᠡ ᠥᠪᠡᠷᠮᠢᠴᠡ ᠬᠢᠴᠡ ᠮᠡᠬᠡ ᠲᠡᠢ ᠪᠡᠷ ᠢᠶᠡᠨ ᠣᠯᠢᠮᠫᠢᠺ ᠤᠨ ᠨᠠᠭᠠᠳᠤᠮ ᠤᠨ ᠵᠢᠩᠬᠢᠨᠢ ᠲᠥᠷᠥᠯ ᠪᠣᠯᠤᠭᠰᠠᠨ ᠴᠢᠯᠥᠭᠡᠲᠦ ᠪᠥᠬᠡ ᠲᠡᠢ ᠣᠶᠢᠷᠠᠯᠴᠠᠭ᠎ᠠ ᠪᠠᠶᠢᠳᠠᠭ ᠃

 

ᠵᠠᠩᠭᠠᠳᠤ ᠪᠥᠬᠡ ︱ ᠭᠣᠣᠯᠳᠠᠭᠤ ᠥᠪᠥᠷ ᠮᠣᠩᠭᠣᠯ ᠳᠤ ᠂ ᠲᠡᠷᠡ ᠳᠤᠮᠳᠠ ᠪᠠᠨ ᠰᠢᠯᠢ ᠶᠢᠨ ᠭᠣᠣᠯ ᠂ ᠤᠯᠠᠭᠠᠨᠬᠠᠳᠠ ᠵᠡᠷᠭᠡ ᠣᠷᠣᠨ ᠨᠤᠲᠤᠭ ᠲᠤ ᠲᠦᠭᠡᠮᠡᠯᠵᠢᠭᠰᠡᠨ ᠪᠠᠶᠢᠳᠠᠭ ᠃ ᠪᠠᠷᠢᠯᠳᠤᠬᠤ ᠳᠤ ᠪᠠᠨ ᠭᠠᠷ ᠤᠨ ᠮᠡᠬᠡ ᠬᠡᠷᠡᠭᠯᠡᠵᠦ ᠪᠣᠯᠬᠤ ᠦᠭᠡᠢ ᠃ ᠡᠪᠦᠳᠦᠭ ᠡᠴᠡ ᠳᠡᠭᠡᠭᠰᠢ ᠬᠡᠰᠡᠭ ᠭᠠᠵᠠᠷ ᠬᠦᠷᠪᠡᠯ ᠢᠯᠠᠭᠳᠠᠭᠰᠠᠨ ᠳᠤ ᠲᠣᠭᠠᠴᠠᠳᠠᠭ ᠢᠶᠠᠷ ᠢᠶᠠᠨ ᠥᠪᠡᠷᠮᠢᠴᠡ ᠃

ᠵᠠᠩᠭ᠎ᠠ ᠪᠣᠯ ᠪᠥᠬᠡᠴᠦᠳ ᠦᠨ ᠢᠷᠠᠭᠤ ᠠᠯᠳᠠᠷ ᠤᠨ ᠢᠯᠡᠷᠬᠡᠶᠢᠯᠡᠯ ᠪᠠᠶᠢᠵᠤ ᠂ ᠶᠡᠷᠦᠩᠬᠡᠢ ᠳᠦ ᠪᠡᠨ ᠰᠠᠶᠢᠨ ᠪᠥᠬᠡᠴᠦᠳ ᠪᠣᠯ ᠵᠠᠩᠭ᠎ᠠ ᠲᠠᠢ ᠪᠠᠶᠢᠳᠠᠭ ᠃ ᠭᠡᠪᠡᠴᠦ ᠳᠡᠭᠡᠷ᠎ᠡ ᠦᠶ᠎ᠡ ᠶᠢᠨ ᠰᠠᠶᠢᠨ ᠪᠥᠬᠡᠴᠦᠳ ᠨᠢ ᠵᠠᠩᠭ᠎ᠠ ᠪᠠᠨ ᠵᠠᠯᠠᠭᠤ ᠰᠠᠶᠢᠨ ᠪᠥᠬᠡᠴᠦᠳ ᠲᠦ ᠪᠡᠨ ᠤᠯᠠᠮᠵᠢᠯᠠᠨ ᠶᠡᠭᠦᠯᠡᠬᠦ ᠂ ᠣᠷᠣᠨ ᠨᠤᠲᠤᠭ ᠤᠨ ᠢᠶᠠᠨ ᠨᠠᠶᠢᠷ ᠨᠠᠭᠠᠳᠤᠮ ᠢᠶᠠᠷ ᠰᠠᠶᠢᠨ ᠪᠠᠷᠢᠯᠳᠤᠭᠰᠠᠨ ᠪᠥᠬᠡᠴᠦᠳ ᠲᠦ ᠪᠡᠨ ᠵᠠᠩᠭ᠎ᠠ ᠣᠯᠭᠣᠬᠤ ᠂ ᠠᠪᠤ ᠪᠤᠶᠤ ᠠᠬᠠᠮᠠᠳ ᠦᠶ᠎ᠡ ᠨᠢ ᠬᠡᠦᠬᠡᠳ ᠳᠡᠭᠦᠦ ᠨᠡᠷ ᠲᠦ ᠪᠡᠨ ᠵᠠᠩᠭ᠎ᠠ ᠪᠠᠨ ᠤᠯᠠᠮᠵᠢᠯᠠᠬᠤ ᠁ ᠵᠡᠷᠭᠡ ᠪᠡᠷ ᠰᠢᠨ᠎ᠡ ᠵᠠᠡᠭ᠍ᠭᠠᠳᠤ ᠪᠥᠬᠡ ᠨᠡᠮᠡᠭᠳᠡᠳᠡᠭ ᠃ ᠬᠠᠷᠢᠨ ᠵᠡᠭᠦᠭᠰᠡᠨ ᠵᠠᠩᠭ᠎ᠠ ᠪᠠᠷ ᠨᠢ ᠲᠤᠰ ᠪᠥᠬᠡ ᠶᠠᠮᠠᠷ ᠵᠡᠷᠭᠡ ᠶᠢᠨ ᠨᠠᠶᠢᠷ ᠲᠤ ᠬᠡᠳᠦ ᠲᠡᠷᠢᠭᠦᠯᠡᠭᠰᠡᠨ ᠂ ᠶᠠᠮᠠᠷ ᠴᠣᠯᠠ ᠡᠷᠭᠦᠮᠵᠢᠯᠡᠯ ᠲᠡᠢ ᠪᠥᠬᠡ ᠭᠡᠳᠡᠭ ᠨᠢ ᠲᠣᠳᠣᠷᠬᠠᠢ ᠮᠡᠳᠡᠭᠳᠡᠳᠡᠭ ᠦᠭᠡᠢ ᠃ ᠮᠥᠨ ᠴᠣ ᠵᠣᠳᠣᠭ ᠡᠮᠦᠰᠬᠡᠯ ᠦᠨ ᠬᠢᠴᠡ ᠬᠡᠮᠵᠢᠶ᠎ᠡ ᠂ ᠱᠠᠩᠨᠠᠵᠤ ᠴᠣᠯᠠᠯᠠᠬᠤ ᠶᠣᠰᠣ ᠭᠣᠷᠢᠮ ᠂ ᠪᠠᠷᠢᠯᠳᠤᠵᠤ ᠤᠷᠤᠯᠳᠤᠭᠤᠯᠬᠤ ᠳᠦᠷᠢᠮ ᠲᠣᠭᠲᠠᠭᠠᠯ ᠤᠨ ᠬᠤᠪᠢ ᠳᠤ ᠱᠤᠳᠠᠭᠳᠤ ᠪᠥᠬᠡ ᠶᠢᠨ ᠬᠢᠷᠢ ᠨᠢᠭᠡᠳᠦᠯ ᠲᠡᠢ ᠳᠦᠷᠢᠮᠵᠢᠵᠦ ᠴᠢᠳᠠᠭ᠎ᠠ ᠦᠭᠡᠢ ᠃ ᠵᠠᠡᠭ᠍ᠭᠠᠳᠤ ᠪᠥᠬᠡ ᠶᠢᠨ ᠭᠠᠷᠮᠠᠭᠠᠢ ᠰᠠᠶᠢᠨ ᠪᠠᠷᠢᠯᠳᠤᠳᠠᠭ ᠪᠥᠬᠡᠴᠦᠳ ᠵᠢᠦᠳᠣᠣ ᠂ ᠬᠢᠲᠠᠳ ᠪᠥᠬᠡ ᠶᠢᠨ ᠤᠷᠤᠯᠳᠤᠭᠠᠨ ᠢᠶᠠᠷ ᠥᠨᠳᠥᠷ ᠠᠮᠵᠢᠯᠲᠠ ᠦᠵᠡᠭᠦᠯᠵᠦ ᠪᠠᠶᠢᠭᠰᠠᠨ ᠵᠢᠱᠢᠶ᠎ᠡ ᠲᠡᠢ ᠃

 

ᠱᠠᠯᠪᠤᠷ ᠪᠥᠬᠡ ︱ ᠭᠣᠣᠯᠳᠠᠭᠤ ᠰᠢᠨᠵᠢᠶᠠᠩ ᠂ ᠠᠯᠠᠱᠠ ᠵᠡᠷᠭᠡ ᠣᠷᠣᠨ ᠨᠤᠲᠤᠭ ᠲᠤ ᠤᠯᠠᠮᠵᠢᠯᠠᠭᠳᠠᠵᠤ ᠪᠠᠶᠢᠨ᠎ᠠ ᠃ ᠮᠣᠩᠭᠣᠯ ᠪᠥᠬᠡ ᠶᠢᠨ ᠡᠷᠲᠡᠨ ᠦ ᠪᠠᠷᠢᠯᠳᠤᠭᠠᠨ ᠤ ᠣᠨᠴᠠᠯᠢᠭ ᠢ ᠬᠠᠳᠠᠭᠠᠯᠠᠵᠤ ᠪᠤᠢ ᠃ ᠨᠥᠭᠥᠭᠡ ᠡᠲᠡᠭᠡᠳ ᠦᠨ ᠢᠶᠡᠨ ᠳᠠᠯᠤ ᠮᠥᠷᠥ ᠶᠢ ᠭᠠᠵᠠᠷ ᠬᠦᠷᠭᠡᠪᠡᠯ ᠢᠯᠠᠭᠰᠠᠨ ᠳᠤ ᠲᠣᠭᠠᠴᠠᠳᠠᠭ ᠶᠣᠰᠣ ᠲᠠᠢ ᠃

ᠱᠠᠯᠪᠤᠷ ᠪᠥᠬᠡ ᠨᠢ ᠵᠠᠡᠭ᠍ᠭᠠᠳᠤ ᠪᠥᠬᠡ ᠂ ᠱᠤᠳᠠᠭᠳᠤ ᠪᠥᠬᠡ ᠶᠢᠨ ᠬᠢᠷᠢ ᠲᠦᠭᠡᠮᠡᠯᠵᠢᠵᠦ ᠴᠢᠳᠠᠭ᠎ᠠ ᠦᠭᠡᠢ ᠃ ᠭᠡᠪᠡᠴᠦ ᠠᠯᠠᠱᠠ ᠵᠡᠷᠭᠡ ᠣᠷᠣᠨ ᠨᠤᠲᠤᠭ ᠤᠨ ᠬᠢᠨ ᠱᠠᠯᠪᠤᠷ ᠪᠥᠬᠡ ᠪᠡᠨ ᠬᠥᠭᠵᠢᠭᠦᠯᠬᠦ ᠲᠠᠯ᠎ᠠ ᠪᠠᠷ ᠰᠡᠭᠦᠯ ᠦᠨ ᠦᠶ᠎ᠡ ᠳᠦ ᠰᠠᠨᠠᠭᠠᠴᠢᠯᠠᠭ᠎ᠠ ᠲᠠᠢ ᠠᠵᠢᠯᠯᠠᠵᠤ ᠡᠳᠦᠢ ᠲᠡᠳᠦᠢ ᠤᠷᠤᠯᠳᠤᠭᠠᠨ ᠥᠷᠨᠢᠭᠦᠯᠦᠭᠰᠡᠨ ᠪᠢᠯᠡ ᠃ ᠱᠠᠯᠪᠤᠷ ᠪᠥᠬᠡ ᠶᠢᠨ ᠪᠠᠷᠢᠯᠳᠤᠭᠠᠨ ᠳᠤ ᠨᠥᠭᠥᠭᠡᠳᠡᠬᠢ ᠶᠢᠨ ᠢᠶᠡᠨ ᠳᠠᠯᠤ ᠮᠥᠷᠥ ᠶᠢ ᠬᠥᠰᠡᠷ ᠲᠤᠯᠭᠠᠪᠠᠯ ᠢᠯᠠᠭᠰᠠᠨ ᠳᠤ ᠲᠣᠭᠠᠴᠠᠳᠠᠭ ᠶᠣᠰᠣ ᠲᠠᠢ ᠪᠠᠶᠢᠳᠠᠭ ᠨᠢ ᠣᠯᠢᠮᠫᠢᠺ ᠤᠨ ᠤᠷᠤᠯᠳᠤᠭᠠᠨ ᠤ ᠲᠥᠷᠥᠯ ᠪᠣᠯᠤᠭᠰᠠᠨ ᠰᠣᠩᠭᠣᠮᠠᠯ ᠪᠥᠬᠡ ᠂ ᠴᠢᠯᠥᠭᠡᠲᠦ ᠪᠥᠬᠡ ᠲᠡᠢ ᠨᠡᠯᠢᠶᠡᠳ ᠲᠥᠰᠲᠡᠢ ᠃ ᠱᠠᠯᠪᠤᠷ ᠪᠥᠬᠡ ᠶᠢᠨ ᠪᠠᠷᠢᠯᠳᠤᠭᠠᠨ ᠬᠥᠭᠵᠢᠯ ᠰᠠᠶᠢᠲᠠᠢ ᠪᠠᠶᠢᠬᠤ ᠨᠢ ᠡᠳᠡᠭᠡᠷ ᠳᠡᠯᠡᠬᠡᠢ ᠨᠠᠶᠢᠳᠠ ᠶᠢᠨ ᠪᠥᠬᠡ ᠶᠢᠨ ᠤᠷᠤᠯᠳᠤᠭᠠᠨ ᠳᠤ ᠵᠦᠭᠡᠷᠬᠡᠨ ᠠᠮᠵᠢᠯᠲᠠ ᠳᠤ ᠬᠦᠷᠬᠦ ᠪᠣᠯᠤᠮᠵᠢ ᠶᠢ ᠠᠬᠢᠭᠤᠯᠬᠤ ᠳᠤ ᠲᠤᠰᠠᠲᠠᠢ ᠶᠤᠮ ᠃ ᠱᠠᠯᠪᠤᠷ ᠪᠥᠬᠡ ᠨᠢ ᠮᠥᠨ ᠴᠣ ᠣᠷᠣᠨ ᠨᠤᠲᠤᠭ ᠤᠨ ᠰᠣᠶᠣᠯ ᠤᠯᠠᠮᠵᠢᠯᠠᠯ ᠤᠨ ᠥᠪᠡᠷᠮᠢᠴᠡ ᠣᠨᠴᠠᠯᠢᠭ ᠲᠠᠢ ᠵᠦᠢᠯ ᠪᠣᠯᠬᠣᠷ ᠤᠯᠠᠮᠵᠢᠯᠠᠨ ᠬᠥᠭᠵᠢᠭᠦᠯᠬᠦ ᠴᠢᠬᠤᠯᠠᠴᠢᠯᠠᠭ᠎ᠠ ᠵᠠᠯᠠᠭᠤ ᠪᠠᠭ᠎ᠠ ᠨᠢᠭᠡᠨ ᠦᠶ᠎ᠡ ᠶᠢᠨ ᠬᠢᠨ ᠦ ᠡᠭᠦᠷᠭᠡ ᠪᠠᠶᠢᠭ᠎ᠠ ᠰᠠᠨ ᠃

 

ᠳᠣᠯᠭᠢᠶᠠᠲᠤ ᠪᠥᠬᠡ ︱ ᠭᠣᠣᠯᠳᠠᠭᠤ ᠬᠥᠯᠥᠨ ᠪᠣᠶᠢᠷ ᠨᠤᠲᠤᠭ ᠲᠤ ᠲᠦᠭᠡᠮᠡᠯᠵᠢᠭᠰᠡᠨ ᠪᠠᠶᠢᠨ᠎ᠠ ᠃ ᠡᠪᠦᠳᠦᠭ ᠢᠰᠬᠦᠯᠬᠦ ᠬᠢᠴᠡ ᠡᠴᠡ ᠪᠣᠯᠭᠣᠮᠵᠢᠯᠠᠵᠤ ᠂ ᠬᠤᠯᠤᠰᠤ ᠵᠡᠷᠭᠡ ᠮᠣᠳᠣ ᠪᠠᠷ ᠤᠷᠠᠯᠠᠵᠤ ᠬᠢᠭᠰᠡᠨ ᠡᠪᠦᠳᠦᠭ ᠬᠠᠮᠠᠭᠠᠯᠠᠬᠤ ᠲᠤᠰᠬᠠᠢ ᠬᠡᠷᠡᠭᠯᠡᠯ ︱ ᠲᠣᠯᠢᠶ᠎ᠠ ᠵᠡᠭᠦᠳᠡᠭ ᠪᠣᠯᠬᠣᠷ ᠡᠶᠢᠨ ᠬᠥ ᠨᠡᠷᠡᠯᠡᠳᠡᠭ ᠃           ᠳᠣᠯᠭᠢᠶᠠᠲᠤ ᠪᠥᠬᠡ ᠶᠢᠨ ᠦᠨᠳᠦᠰᠦᠨ ᠪᠠᠷᠢᠯᠳᠤᠭᠠᠨ ᠤ ᠳᠦᠷᠢᠮ ᠶᠣᠰᠣ ᠨᠢ ᠵᠠᠡᠭ᠍ᠭᠠᠳᠤ ᠪᠥᠬᠡ ᠲᠡᠢ ᠠᠳᠠᠯᠢᠪᠲᠤᠷ ᠃ ᠭᠡᠪᠡᠴᠦ ᠵᠠᠩᠭ᠎ᠠ ᠵᠡᠭᠦᠬᠦ ᠂ ᠲᠤᠤᠱᠤᠤ ᠡᠮᠦᠰᠬᠦ ᠤᠯᠠᠮᠵᠢᠯᠠᠯ ᠦᠭᠡᠢ ᠃ ᠡᠪᠦᠳᠦᠭ ᠢᠶᠡᠨ ᠬᠠᠮᠠᠭᠠᠯᠠᠬᠤ ᠵᠣᠷᠢᠯᠭ᠎ᠠ ᠪᠠᠷ ᠬᠤᠯᠤᠰᠤ ᠵᠡᠷᠭᠡ ᠬᠠᠲᠠᠭᠤ ᠵᠦᠢᠯ ᠢᠶᠡᠷ ᠵᠢᠭᠢᠷᠢᠭᠡᠪᠴᠢ ᠬᠢᠳᠡᠭ ᠶᠣᠰᠣ ᠲᠠᠢ ᠃ ᠭᠡᠪᠡᠴᠦ ᠰᠡᠭᠦᠯ ᠦᠨ ᠦᠶ᠎ᠡ ᠳᠦ ᠵᠠᠡᠭ᠍ᠭᠠᠳᠤ ᠪᠥᠬᠡ ᠶᠢᠨ ᠲᠦᠭᠡᠮᠡᠯᠵᠢᠯ ᠂ ᠳᠣᠯᠭᠢᠶᠠᠲᠤ ᠪᠥᠬᠡ ᠶᠢᠨ ᠪᠠᠷᠢᠯᠳᠤᠭᠠᠨ ᠤ ᠣᠨᠴᠠᠯᠢᠭ ᠵᠡᠷᠭᠡ ᠣᠯᠠᠨ ᠵᠦᠢᠯ ᠡᠴᠡ ᠰᠢᠯᠲᠠᠭᠠᠯᠠᠵᠤ ᠬᠠᠮᠠᠭᠠᠯᠠᠯᠲᠠ ᠶᠢᠨ ᠵᠣᠷᠢᠯᠭ᠎ᠠ ᠲᠠᠢ ᠵᠢᠭᠢᠷᠢᠭᠡᠪᠴᠢ ᠨᠢ ᠤᠯᠠᠮ ᠢᠶᠠᠷ ᠭᠣᠶᠣᠯᠠᠯ ᠤᠨ ᠦᠢᠯᠡᠳᠦᠯ ᠲᠡᠢ ᠪᠣᠯᠵᠤ ᠪᠠᠶᠢᠭ᠎ᠠ ᠶᠤᠮ ᠃ ᠳᠣᠯᠭᠢᠶᠠᠲᠤ ᠪᠥᠬᠡ ᠶᠢᠨ ᠲᠡᠦᠬᠡ ᠤᠯᠠᠮᠵᠢᠯᠠᠯ ᠂ ᠳᠦᠷᠢᠮ ᠶᠣᠰᠣ ᠂ ᠬᠢᠴᠡ ᠮᠡᠬᠡ ᠶᠢᠨ ᠲᠤᠬᠠᠢ ᠤᠯᠠᠮ ᠭᠦᠨᠵᠡᠭᠡᠢ ᠰᠤᠳᠤᠯᠵᠤ ᠨᠢᠭᠲᠠᠯᠠᠬᠤ ᠴᠢᠬᠤᠯᠠᠲᠠᠢ ᠪᠠᠶᠢᠭ᠎ᠠ ᠶᠢ ᠴᠣ ᠪᠢᠳᠡ ᠠᠩᠬᠠᠷᠬᠤ ᠬᠡᠷᠡᠭᠲᠡᠢ ᠪᠢᠯᠡ ᠃

 

ᠪᠦᠰᠡᠲᠦ ᠪᠥᠬᠡ ︱ ᠣᠷᠳᠣᠰ ᠨᠤᠲᠤᠭ ᠲᠤ ᠤᠯᠠᠮᠵᠢᠯᠠᠭᠳᠠᠵᠤ ᠪᠤᠢ ᠃ ᠵᠣᠳᠣᠭ ᠡᠮᠦᠰᠳᠡᠭ ᠦᠭᠡᠢ ᠂ ᠬᠠᠷᠢᠨ ᠪᠦᠰᠡ ᠪᠡᠷ ᠪᠠᠷᠢᠴᠠ ᠬᠠᠩᠭᠠᠬᠤ ᠣᠨᠴᠠᠯᠢᠭ ᠲᠠᠢ ᠃

ᠣᠷᠳᠣᠰ ᠨᠤᠲᠤᠭ ᠲᠤ ᠤᠯᠠᠮᠵᠢᠯᠠᠭᠳᠠᠭᠰᠠᠨ ᠡᠨᠡ ᠬᠥ ᠪᠥᠬᠡ ᠶᠢᠨ ᠣᠨᠴᠠᠯᠢᠭ ᠨᠢ ᠤᠷᠢᠲᠠ ᠪᠠᠷ ᠪᠠᠷᠢᠴᠠ ᠪᠠᠨ ᠣᠯᠴᠢᠬᠠᠭᠠᠳ ᠪᠠᠷᠢᠯᠳᠤᠭᠠᠨ ᠢᠶᠠᠨ ᠡᠬᠢᠯᠡᠭᠦᠯᠳᠡᠭ ᠢᠶᠡᠷ ᠢᠶᠡᠨ ᠪᠤᠰᠤᠳ ᠠᠯᠢ ᠴᠣ ᠲᠥᠷᠥᠯ ᠦᠨ ᠪᠥᠬᠡ ᠡᠴᠡ ᠶᠡᠬᠡ ᠢᠯᠭᠠᠭ᠎ᠠ ᠲᠠᠢ ᠪᠠᠶᠢᠳᠠᠭ ᠃ ᠨᠡᠯᠢᠶᠡᠳ ᠡᠷᠲᠡ ᠪᠦᠰᠡᠲᠦ ᠪᠥᠬᠡ ᠨᠢ ᠪᠦᠰᠡ ᠪᠡᠷ ᠪᠠᠷᠢᠴᠠ ᠬᠠᠩᠭᠠᠬᠤ ᠪᠢᠰᠢ ᠂ ᠬᠠᠷᠢᠨ ᠬᠡᠳᠦᠨ ᠳᠠᠪᠬᠤᠷ ᠪᠦᠰᠡ ᠪᠤᠶᠤ ᠡᠰᠡᠬᠦᠯ᠎ᠡ ᠢᠰᠡᠭᠡᠢ ᠵᠣᠳᠣᠭ ᠲᠠᠢ ᠪᠠᠶᠢᠵᠠᠢ ᠃ ᠬᠥᠭᠵᠢᠯ ᠦᠨ ᠶᠠᠪᠤᠴᠠ ᠳᠤ ᠪᠠᠨ ᠵᠣᠳᠣᠭ ᠡᠮᠦᠰᠬᠦ ᠪᠡᠨ ᠪᠣᠯᠢᠵᠤ ᠂ ᠠᠯᠲᠠ ᠳᠠᠯᠢᠮ ᠪᠦᠰᠡ ᠪᠡᠷ ᠪᠠᠷᠢᠴᠠ ᠬᠠᠩᠭᠠᠳᠠᠭ ᠪᠣᠯᠵᠠᠢ ᠃ ᠪᠦᠰᠡᠲᠦ ᠪᠥᠬᠡ ᠶᠢᠨ ᠤᠯᠠᠮᠵᠢᠯᠠᠯ ᠳᠤ ᠲᠥᠷᠥᠯ ᠰᠠᠳᠤᠨ ᠬᠥᠮᠦᠰ ᠬᠣᠭᠣᠷᠣᠨᠳᠣ ᠪᠠᠨ ᠪᠠᠷᠢᠯᠳᠤᠬᠤ ᠦᠭᠡᠢ ᠶᠣᠰᠣ ᠲᠠᠢ ᠃ ᠲᠤᠰ ᠪᠥᠬᠡ ᠶᠢ ᠪᠠᠷᠢᠯᠳᠤᠬᠤ ᠳᠤ ᠪᠦᠰᠡ ᠪᠡᠨ ᠵᠡᠭᠦᠨ ᠰᠣᠭᠣᠨ ᠳᠣᠣᠭᠤᠷ ᠢᠶᠠᠨ ᠣᠷᠢᠶᠠᠵᠤ ᠪᠠᠷᠠᠭᠤᠨ ᠮᠥᠷᠥᠨ ᠳᠡᠭᠡᠭᠦᠷ ᠢᠶᠡᠨ ᠭᠠᠷᠭᠠᠭᠠᠳ ᠬᠣᠶᠠᠷ ᠦᠵᠦᠭᠦᠷ ᠢ ᠨᠢ ᠵᠡᠭᠦᠨ ᠰᠣᠭᠣᠨ ᠳᠤ ᠪᠠᠨ ᠤᠶᠠᠨ᠎ᠠ ᠃ ᠪᠠᠷᠢᠴᠠ ᠠᠪᠬᠤ ᠳᠤ ᠪᠠᠨ ᠪᠠᠷᠠᠭᠤᠨ ᠭᠠᠷ ᠢᠶᠠᠷ ᠢᠶᠠᠨ ᠨᠥᠭᠥᠭᠡᠳᠡᠬᠢ ᠶᠢᠨ ᠢᠶᠡᠨ ᠵᠡᠭᠦᠨ ᠮᠥᠷᠥᠨ ᠳᠡᠭᠡᠭᠦᠷ ᠳᠠᠯᠤ ᠮᠥᠷᠥᠨ ᠦ ᠬᠣᠭᠣᠷᠣᠨᠳᠣ ᠨᠡᠶᠢᠯᠡᠭᠦᠯᠦᠨ ᠠᠳᠬᠤᠵᠤ ᠂ ᠵᠡᠭᠦᠨ ᠭᠠᠷ ᠢᠶᠠᠨ ᠨᠥᠭᠥᠭᠡᠳᠡᠬᠢ ᠶᠢᠨ ᠢᠶᠡᠨ ᠪᠠᠷᠠᠭᠤᠨ ᠰᠣᠭᠣᠨ ᠳᠣᠣᠭᠤᠷ ᠬᠠᠪᠢᠷᠭᠠᠨ ᠤ ᠪᠦᠰᠡ ᠶᠢᠨ ᠳᠣᠣᠷ᠎ᠠ ᠲᠠᠯ᠎ᠠ  ᠠᠴᠠ ᠭᠠᠳᠠᠭᠰᠢ ᠴᠢᠩᠭ᠎ᠠ ᠠᠳᠬᠤᠳᠠᠭ ᠃ ᠪᠠᠷᠢᠯᠳᠤᠬᠤ ᠦᠶ᠎ᠡ ᠳᠦ ᠂ ᠬᠢᠨᠠᠭᠴᠢ ᠬᠣᠶᠠᠷ ᠪᠥᠬᠡ ᠶᠢᠨ ᠪᠠᠷᠢᠴᠠ ᠶᠢ ᠣᠯᠭᠣᠭᠰᠠᠨ ᠤ ᠳᠠᠷᠠᠭ᠎ᠠ ᠬᠣᠶᠠᠭᠤᠯᠠ ᠶᠢᠨ ᠬᠣᠭᠣᠷᠣᠨᠳᠣ ᠪᠠᠶᠢᠭᠰᠠᠨ ᠬᠥᠯ ᠢᠶᠡᠨ ᠲᠠᠲᠠᠵᠤ ᠠᠪᠤᠭᠰᠠᠨ ᠤ ᠳᠠᠷᠠᠭ᠎ᠠ ᠪᠠᠷᠢᠯᠳᠤᠵᠤ ᠡᠬᠢᠯᠡᠳᠡᠭ ᠃ ᠪᠠᠷᠢᠯᠳᠤᠵᠤ ᠪᠠᠶᠢᠭ᠎ᠠ ᠬᠣᠶᠠᠷ ᠪᠥᠬᠡ ᠪᠠᠷᠢᠭᠰᠠᠨ ᠪᠠᠷᠢᠴᠠ ᠪᠠᠨ ᠰᠣᠯᠢᠬᠤ ᠦᠭᠡᠢ ᠪᠡᠷ ᠮᠡᠬᠡ ᠮᠡᠷᠭᠡᠵᠢᠯ ᠢᠶᠡᠨ ᠬᠢᠬᠦ ᠬᠡᠷᠡᠭᠲᠡᠢ ᠪᠠᠶᠢᠳᠠᠭ ᠃

ᠪᠥᠬᠡ ᠶᠢᠨ ᠲᠥᠷᠥᠯ ᠵᠦᠢᠯ

ᠪᠥᠬᠡ ᠶᠢᠨ ᠲᠥᠷᠥᠯ ᠵᠦᠢᠯ

ᠪᠥᠬᠡ ᠶᠢᠨ ᠲᠥᠷᠥᠯ ᠵᠦᠢᠯ

ᠪᠥᠬᠡ ᠶᠢᠨ ᠲᠥᠷᠥᠯ ᠵᠦᠢᠯ

ᠪᠥᠬᠡ ᠶᠢᠨ ᠲᠥᠷᠥᠯ ᠵᠦᠢᠯ

ᠪᠥᠬᠡ ᠶᠢᠨ ᠲᠥᠷᠥᠯ ᠵᠦᠢᠯ

ᠰᠢᠭᠦᠮᠵᠢ