• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠥᠬᠡ ᠶᠢᠨ ᠲᠣᠶᠢᠮᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 1.62 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠪᠥᠬᠡ ᠪᠠᠷᠢᠯᠳᠤᠬᠤ ︱ ᠮᠣᠩᠭᠣᠯ ᠪᠥᠬᠡ ᠶᠢᠨ ᠲᠣᠶᠢᠮᠣ

ᠪᠥᠬᠡ ᠪᠠᠷᠢᠯᠳᠤᠭᠠᠨ ᠤ ᠤᠯᠠᠮᠵᠢᠯᠠᠯ ᠲᠠᠢ ᠦᠨᠳᠦᠰᠦᠲᠡᠨ ᠤᠭᠰᠠᠭᠠᠲᠠᠨ ᠣᠯᠠᠨ ᠪᠠᠶᠢᠳᠠᠭ ᠃ ᠣᠯᠢᠮᠫᠢᠺ ᠳᠤ ᠣᠷᠣᠭᠰᠠᠨ ᠵᠢᠦᠳᠣᠣ ᠪᠥᠬᠡ ᠂ ᠴᠢᠯᠥᠭᠡᠲᠦ ᠪᠥᠬᠡ ᠂ ᠰᠣᠩᠭᠣᠳᠠᠭ ᠪᠥᠬᠡ ᠡᠴᠡ ᠭᠠᠳᠠᠨ᠎ᠠ ᠲᠥᠪᠡᠳ ᠪᠥᠬᠡ ᠂ ᠤᠶᠢᠭᠤᠷ ᠪᠥᠬᠡ ᠂ ᠬᠢᠲᠠᠳ ᠪᠥᠬᠡ ᠂ ᠰᠣᠯᠣᠩᠭᠣᠰ ᠪᠥᠬᠡ ᠂ ᠢ ᠪᠥᠬᠡ ᠁ ᠭᠡᠳ ᠣᠯᠠᠨ ᠲᠥᠷᠥᠯ ᠦᠨ ᠪᠥᠬᠡ ᠪᠠᠶᠢᠳᠠᠭ ᠃ ᠲᠡᠷᠡ ᠳᠤᠮᠳᠠ ᠪᠠᠨ ᠮᠣᠩᠭᠣᠯ ᠪᠥᠬᠡ ᠪᠣᠯ ᠪᠠᠷᠢᠯᠳᠤᠭᠠᠨ ᠤ ᠥᠪᠡᠷᠮᠢᠴᠡ ᠳᠦᠷᠢᠮ ᠂ ᠡᠮᠦᠰᠬᠡᠯ ᠦᠨ ᠲᠣᠳᠣᠷᠬᠠᠢ ᠣᠨᠴᠠᠯᠢᠭ ᠂ ᠤᠯᠠᠮᠵᠢᠯᠠᠯ ᠤᠨ ᠨᠠᠨᠳᠢᠨ ᠶᠣᠰᠣ ᠂ ᠲᠥᠷᠥᠯ ᠵᠦᠢᠯ ᠦᠨ ᠪᠠᠶᠠᠯᠢᠭ ᠢᠶᠠᠷ ᠢᠶᠠᠨ ᠭᠠᠶᠢᠬᠠᠮᠰᠢᠭᠲᠠᠢ ᠶᠤᠮ ᠃

bh1

ᠮᠣᠩᠭᠣᠯ ᠪᠥᠬᠡ ᠶᠢᠨ ᠪᠠᠷᠢᠯᠳᠤᠭᠠᠨ ᠤ ᠡᠭᠦᠰᠦᠯ ᠨᠢ ᠪᠠᠯᠠᠷ ᠡᠷᠲᠡᠨ ᠦ ᠠᠪᠠ ᠠᠩᠨᠠᠯ ᠤᠨ ᠠᠮᠢᠳᠤᠷᠠᠯ ᠲᠠᠢ ᠰᠢᠭᠤᠳ ᠬᠣᠯᠪᠣᠭ᠎ᠠ ᠲᠠᠢ ᠃ ᠮᠣᠩᠭᠣᠯ ᠤᠯᠤᠰ ᠤᠨ ᠡᠷᠳᠡᠮᠲᠡᠨ ᠵ᠊ ᠂ ᠳᠠᠮᠳᠢᠨ ︽ ᠮᠣᠩᠭᠣᠯ ᠪᠥᠬᠡ ︾ ᠨᠣᠮ ᠳᠤ ᠪᠠᠨ ︽ ᠮᠣᠩᠭᠣᠯ ᠪᠥᠬᠡ ᠶᠢᠨ ᠭᠠᠷᠤᠯ ᠡᠭᠦᠰᠦᠯ ᠪᠣᠯ ᠪᠠᠯᠠᠷ ᠡᠷᠲᠡᠨ ᠦ ᠴᠢᠯᠠᠭᠤᠨ ᠵᠡᠪᠰᠡᠭ ᠦᠨ ᠦᠶ᠎ᠡ ᠲᠡᠢ ᠬᠣᠯᠪᠣᠭᠠᠲᠠᠢ ᠃ ᠲᠡᠷᠡ ᠴᠠᠭ ᠲᠤ ᠵᠠᠷ ᠵᠡᠪᠰᠡᠭ ᠭᠡᠭᠴᠢ  ᠶᠢ ᠦᠯᠦ ᠮᠡᠳᠡᠬᠦ ᠣᠲᠣᠭ ᠠᠶᠢᠮᠠᠭ ᠤᠳ ᠠᠷᠢᠶᠠᠲᠠᠨ ᠭᠥᠷᠥᠭᠡᠰᠦ ᠲᠡᠢ ᠤᠯᠠᠭᠠᠨ ᠭᠠᠷ ᠢᠶᠠᠷ ᠢᠶᠠᠨ ᠲᠤᠯᠵᠤ ᠢᠯᠠᠬᠤ ᠂ ᠢᠯᠠᠭᠳᠠᠬᠤ  ᠶᠢᠨ ᠪᠠᠶᠠᠷ ᠵᠣᠪᠠᠯᠠᠩ ᠢ ᠪᠠᠶᠢᠭᠰᠠᠨ ᠦᠶ᠎ᠡ ᠳᠦ ᠪᠡᠨ ᠠᠷᠢᠶᠠᠲᠠᠨ ᠭᠥᠷᠥᠭᠡᠰᠦ ᠲᠡᠢ ᠬᠡᠷᠬᠢᠨ ᠲᠡᠮᠡᠴᠡᠭᠰᠡᠨ ᠢᠶᠡᠨ ᠳᠦᠷᠰᠦᠯᠡᠵᠦ ᠪᠠᠶᠠᠷ ᠬᠥᠷ ᠪᠣᠯᠤᠨ ᠢᠯᠠᠯᠲᠠ ᠪᠠᠨ ᠲᠡᠮᠳᠡᠭᠡᠯᠡ ᠨᠣᠴᠣᠯᠳᠤᠵᠤ ᠂ ᠬᠡᠷᠬᠢᠨ ᠲᠤᠯᠤᠯᠳᠤᠬᠤ ᠪᠠᠨ ᠰᠤᠷᠭᠠᠭᠤᠯᠢᠯᠠᠨ ᠪᠠᠷᠢᠯᠳᠤᠵᠤ ᠂ ᠬᠡᠨ ᠨᠢ ᠢᠯᠡᠭᠦᠦ ᠪᠤᠢ ᠭᠡᠳᠡᠭ ᠢᠶᠡᠨ ᠲᠤᠷᠰᠢᠬᠤ ᠵᠡᠷᠭᠡ ᠪᠡᠷ ᠠᠩᠬ᠎ᠠ ᠲᠦᠷᠦᠭᠦᠴᠢ ᠶᠢᠨ ᠪᠠᠷᠢᠯᠳᠤᠭᠠᠨ ᠡᠭᠦᠰᠦᠭᠰᠡᠨ ᠨᠢ ᠮᠡᠳᠡᠭᠡᠵᠢ ᠶᠢᠨ ᠬᠡᠷᠡᠭ ᠃ ᠶᠠᠪᠤᠭ᠎ᠠ ᠶᠠᠪᠤᠭᠠᠨ ᠳᠤ ᠪᠠᠨ ᠲᠡᠷᠡ ᠨᠢ ᠠᠩ ᠭᠥᠷᠥᠭᠡᠰᠦ ᠠᠩᠨᠠᠵᠤ ᠂ ᠡᠯᠪᠡᠭ ᠳᠡᠯᠪᠡᠭ ᠣᠯᠵᠠ ᠣᠮᠣᠭ ᠣᠯᠤᠭᠰᠠᠨ ᠦᠶᠡᠰ ᠲᠦ ᠪᠡᠨ ᠪᠠᠶᠠᠷ ᠬᠥᠷ ᠪᠣᠯᠭᠠᠨ ᠶᠠᠪᠤᠭᠤᠯᠳᠠᠭ ᠨᠢᠭᠡᠨ ᠲᠥᠷᠥᠯ ᠦᠨ ᠲᠣᠭᠯᠠᠭᠠᠮ ᠪᠣᠯᠭᠠᠨ ᠬᠤᠪᠢᠷᠠᠵᠤ ᠂ ᠮᠣᠩᠭᠣᠯ ᠪᠥᠬᠡ ᠪᠤᠢ ᠪᠣᠯᠵᠠᠢ ︾ ᠭᠡᠵᠦ ᠲᠡᠮᠳᠡᠭᠯᠡᠭᠰᠡᠨ ᠪᠠᠶᠢᠳᠠᠭ ᠃ ᠪᠠᠭᠠᠵᠢ ᠡᠭᠦᠳᠦᠭᠡ ᠦᠭᠡᠢ ᠪᠠᠶᠢᠭᠰᠠᠨ ᠡᠷᠲᠡ ᠴᠠᠭ ᠤᠨ ᠬᠥᠮᠦᠨ ᠲᠥᠷᠥᠯᠬᠢᠲᠡᠨ ᠠᠷᠢᠶᠠᠲᠠᠨ ᠠᠮᠢᠲᠠᠨ  ᠯᠤᠭ᠎ᠠ ᠲᠡᠮᠡᠴᠡᠯᠳᠦᠬᠦ ᠂ ᠬᠣᠭᠣᠷᠣ ᠬᠣᠭᠣᠷᠣᠨᠳᠣ ᠪᠠᠨ ᠲᠡᠮᠡᠴᠡᠯᠳᠦᠬᠦ ᠳᠦ ︽ ᠡᠵᠢ ᠠᠪᠤ ᠶᠢᠨ ᠥᠭᠭᠦᠭᠰᠡᠨ ᠡᠭᠡᠮ ᠳᠠᠯᠤ ︾ ᠪᠠᠷ ᠴᠢᠳᠠᠯ ᠬᠦᠴᠦ ᠪᠡᠨ ᠰᠢᠯᠭᠠᠳᠠᠭ ᠪᠠᠶᠢᠭᠰᠠᠨ ᠶᠠᠪᠤᠳᠠᠯ ᠪᠥᠬᠡ ᠶᠢᠨ ᠡᠭᠦᠰᠦᠯ ᠲᠡᠢ ᠶᠡᠬᠡᠬᠡᠨ ᠬᠣᠯᠪᠣᠭ᠎ᠠ ᠲᠠᠢ ᠃ ᠰᠡᠭᠦᠯ ᠦᠨ ᠦᠶ᠎ᠡ ᠳᠦ ᠡᠨᠡ ᠨᠢ ᠵᠠᠩᠵᠤᠨ ᠴᠡᠷᠢᠭ ᠦᠨ ᠪᠣᠯᠪᠠᠰᠤᠷᠠᠯ ᠤᠨ ᠴᠢᠬᠤᠯᠠ ᠠᠭᠤᠯᠭ᠎ᠠ ᠪᠣᠯᠤᠭᠰᠠᠨ ᠪᠠ ᠬᠦᠴᠦ ᠴᠢᠳᠠᠯ ᠢ ᠳᠡᠭᠡᠳᠦᠯᠡᠨ ᠦᠵᠡᠳᠡᠭ ᠪᠠᠶᠢᠭᠰᠠᠨ ᠴᠠᠭ ᠦᠶ᠎ᠡ ᠳᠦ ᠡᠷ᠎ᠡ ᠬᠥᠮᠦᠨ ᠪᠦᠬᠦᠨ ᠦ ᠡᠵᠡᠮᠰᠢᠬᠦ ᠶᠣᠰᠣᠲᠠᠢ ᠡᠷᠳᠡᠮ ᠪᠠᠶᠢᠭᠰᠠᠨ ᠠᠵᠠᠢ ᠃ ᠳᠠᠶᠢᠨ ᠬᠥ ︽ ᠨᠠᠶᠢᠷ ᠲᠤ ᠭᠤᠷᠪᠠᠨ ᠳᠠᠭᠤᠤ ᠲᠠᠢ ᠂ ᠨᠠᠭᠠᠳᠤᠮ ᠳᠤ ᠭᠤᠷᠪᠠᠨ ᠳᠠᠪᠠᠭ᠎ᠠ ᠲᠠᠢ ︾ ᠭᠡᠰᠡᠨ ᠠᠷᠠᠳ ᠤᠨ ᠦᠭᠡ ᠪᠤᠢ ᠪᠣᠯᠤᠭᠰᠠᠨ ᠶᠤᠮ ᠃ ᠪᠦᠬᠦ ᠠᠷᠠᠳ ᠢᠶᠠᠷ  ᠢᠶᠠᠨ ᠴᠡᠷᠢᠭ ᠪᠠᠶᠢᠭᠰᠠᠨ ᠡᠷᠲᠡᠨ ᠦ ᠮᠣᠩᠭᠣᠯᠴᠤᠳ ᠪᠥᠬᠡ ᠶᠢ ᠡᠷ᠎ᠡ ᠬᠥᠮᠦᠨ ᠦ ᠡᠷᠬᠢᠮ ᠡᠷᠳᠡᠮ ᠪᠣᠯᠭᠠᠨ ᠳᠡᠭᠡᠳᠦᠯᠡᠵᠦ ᠪᠠᠶᠢᠭᠰᠠᠨ ᠢᠶᠠᠷ ᠲᠠᠶᠢᠪᠤᠩ ᠴᠠᠭ ᠤᠨ ᠲᠠᠪᠠᠲᠠᠢ ᠠᠮᠢᠳᠤᠷᠠᠯ ᠳᠤᠮᠳᠠ ᠪᠠᠨ ᠡᠭᠦᠨ ᠢᠶᠡᠨ ᠬᠠᠶᠠᠯ ᠦᠭᠡᠢ ᠨᠠᠶᠢᠳᠠ ᠠᠷᠠᠳ ᠤᠨ ᠰᠢᠨᠵᠢᠲᠡᠢ ᠨᠠᠭᠠᠳᠤᠮ ᠪᠤᠶᠤ ᠲᠠᠮᠢᠷ ᠤᠨ ᠬᠥᠳᠡᠯᠭᠡᠭᠡᠨ ᠪᠣᠯᠭᠠᠨ ᠰᠣᠶᠣᠯᠵᠢᠭᠤᠯᠤᠨ ᠥᠪᠯᠡᠭᠰᠡᠨ ᠰᠠᠨ ᠃ ᠣᠯᠠᠨ ᠵᠠᠭᠤᠨ ᠵᠢᠯ ᠦᠨ ᠲᠡᠦᠬᠡᠨ ᠬᠥᠭᠵᠢᠯ ᠦᠨ ᠶᠠᠪᠤᠴᠠ ᠳᠤ ᠮᠣᠩᠭᠣᠯ ᠪᠥᠬᠡ ᠮᠣᠩᠭᠣᠯᠴᠤᠳ ᠤᠨ ᠤᠯᠤᠰ ᠲᠥᠷᠥ ᠂ ᠴᠡᠷᠢᠭ ᠳᠠᠶᠢᠨ ᠂ ᠠᠵᠤ ᠠᠬᠤᠢ ᠂ ᠨᠠᠭᠠᠳᠤᠮ ᠲᠣᠭᠯᠠᠭᠠᠮ ᠂ ᠵᠠᠩ ᠦᠢᠯᠡ ᠂ ᠱᠠᠰᠢᠨ ᠰᠢᠲᠦᠯᠭᠡ ᠲᠡᠢ ᠲᠣᠬᠢᠷᠠᠯᠴᠠᠨ ᠥᠭᠡᠷᠡᠴᠢᠯᠡᠯᠲᠡ ᠬᠤᠪᠢᠰᠤᠯᠲᠠ ᠣᠷᠣᠭᠰᠠᠭᠠᠷ ᠪᠠᠶᠢᠵᠤ ᠣᠳᠣ ᠦᠶ᠎ᠡ ᠶᠢᠨ ᠣᠨᠴᠠᠯᠢᠭ ᠢ ᠪᠦᠷᠢᠯᠳᠦᠭᠦᠯᠦᠭᠰᠡᠨ ᠶᠤᠮ ᠃

ᠪᠥᠬᠡ ᠶᠢᠨ ᠲᠣᠶᠢᠮᠣ

ᠰᠢᠭᠦᠮᠵᠢ