• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠠᠷ ᠤᠷᠠᠯᠠᠯ  ᠤᠨ ᠡᠳ᠋ ᠮᠠᠲ᠋ᠸᠷᠢᠶᠠᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 6.46 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

 

ᠭᠠᠷ ᠤᠷᠠᠯᠠᠯ ︱ ᠡᠳ᠋ ᠮᠠᠲ᠋ᠸᠷᠢᠶᠠᠯ

 

1.ᠳᠦᠭᠦᠬᠡᠢ ᠮᠠᠲ᠋ᠸᠷᠢᠶᠠᠯ ︱ ᠮᠤᠡᠭ᠍ᠭᠤᠯᠴᠤᠳ ᠤᠨ ᠤᠷ᠎ᠠ ᠳᠠᠷᠬ᠎ᠠ ᠵᠢᠨ ᠵᠦᠢᠯ  ᠳᠤ ᠪᠠᠰᠠ ᠴᠢᠯᠠᠭᠤ ᠂ ᠶᠠᠰᠤ ᠂ ᠠᠷᠠᠰᠤ ᠰᠢᠷᠢ ᠂ ᠢᠰᠡᠬᠡᠢ ᠵᠡᠷᠭᠡ  ᠪᠡᠷ ᠬᠢᠭᠰᠡᠨ ᠡᠳ᠋ᠯᠡᠯ ᠪᠠ ᠭᠠᠷ ᠤᠷᠠᠯᠠᠯ ᠤᠨ ᠵᠢᠵᠢᠭ ᠪᠦᠲᠦᠭᠡᠯ ᠤᠳ ᠴᠤ ᠪᠠᠭᠳᠠᠨ᠎ᠠ ᠃ ᠵᠢᠱᠢᠶᠡᠯᠡᠪᠡᠯ ᠄ ᠬᠠᠳᠠ ᠴᠢᠯᠠᠭᠤ  ᠪᠡᠷ ᠰᠡᠶᠢᠯᠦᠭᠰᠡᠨ ᠬᠦᠮᠦᠨ ᠴᠢᠯᠠᠭᠤ ᠂ ᠪᠤᠭᠤᠨ ᠴᠢᠯᠠᠭᠤ ᠂ ᠪᠠᠭᠠᠨ᠎ᠠ ᠲᠤᠯᠭᠠᠭᠤᠷ ᠂ ᠪᠤᠷᠬᠠᠨ ᠤ ᠱᠤᠭᠤᠮᠠᠯ  ᠤᠳ ︔ ᠡᠯ᠎ᠡ ᠵᠦᠢᠯ ᠤᠨ ᠡᠷᠳᠡᠨᠢ ᠵᠢᠨ ᠴᠢᠯᠠᠭᠤ  ᠪᠡᠷ ᠬᠢᠭᠰᠡᠨ ᠬᠦᠬᠦᠷ ᠂ ᠪᠦᠭᠡᠵᠢ ᠂ ᠡᠭᠡᠮᠦᠭ ᠂ ᠰᠢᠯᠪᠢ ᠂ ᠡᠷᠡᠬᠡᠶᠢᠪᠴᠢ ᠂ ᠪᠤᠷᠬᠠᠨ ᠱᠠᠰᠢᠨ ᠤ ᠵᠠᠷᠢᠮ ᠦᠪᠡᠷᠮᠢᠴᠠ ᠡᠳ᠋ᠯᠡᠯ  ᠤᠳ ︔ ᠠᠷᠠᠰᠤ ᠰᠢᠷᠢ  ᠪᠡᠷ ᠬᠢᠭᠰᠡᠨ ᠭᠤᠳᠤᠯ ᠂ ᠡᠮᠡᠬᠡᠯ ᠤᠨ ᠬᠦᠯᠢᠮ ᠂ ᠰᠠᠪᠠ ᠂ ᠳᠠᠯᠢᠡᠭ᠍ ᠂ ᠪᠤᠭᠴᠤ ᠂ ᠬᠢᠳᠤᠭᠠᠨ ᠤ ᠬᠤᠢ ᠂ ᠳᠠᠰᠢᠭᠤᠷ ᠂ ᠤᠯᠤᠡᠭ᠍ ᠵᠢᠷᠢᠮ ︔ ᠢᠰᠡᠬᠡᠢ  ᠪᠡᠷ ᠬᠢᠭᠰᠡᠨ ᠰᠢᠷᠳᠡᠭ ᠂ ᠠᠶᠠᠭᠠᠨ ᠤ ᠰᠠᠪᠠ ᠂ ᠪᠡᠯᠡᠭ ᠳᠤᠷᠠᠰᠬᠠᠯ ᠤᠨ ᠪᠤᠳᠠᠰ ᠪᠠ ᠶᠠᠰᠤ  ᠪᠡᠷ ᠤᠷᠠᠯᠠᠭᠰᠠᠨ ᠰᠡᠶᠢᠯᠪᠤᠷᠢ ᠂ ᠰᠢᠬᠢᠴᠢᠯᠡᠬᠦᠷ ᠂ ᠬᠢᠳᠤᠭᠠᠨ ᠤ ᠪᠠᠷᠢᠭᠤᠯ ᠵᠡᠷᠭᠡ ᠵᠢ ᠲᠣᠭᠠᠴᠠᠵᠤ ᠪᠤᠯᠤᠨ᠎ᠠ ᠃ ᠡᠳᠡᠭᠡᠷ  ᠨᠢ ᠲᠦᠷᠦᠯ ᠵᠦᠢᠯ ᠢᠶᠠᠷ ᠳᠤᠶᠢᠯ ᠤᠨ ᠡᠯᠪᠡᠭ ᠪᠢᠯᠡ ᠃ ᠡᠭᠦᠨ ᠢ ᠣᠯᠠᠨ ᠲᠥᠷᠥᠯ ᠦᠨ ᠮᠠᠲ᠋ᠧᠷᠢᠶᠠᠯ ᠪᠠ ᠣᠯᠠᠨ ᠵᠦᠢᠯ ᠦᠨ ᠮᠡᠷᠭᠡᠵᠢᠯ ᠢ ᠤᠶᠠᠯᠳᠤᠭᠤᠯᠤᠨ ᠬᠢᠭᠰᠡᠨ ᠪᠠᠶᠢᠳᠠᠭ ᠃

 

 

1 2 3 4 5 6

 

2. ᠪᠠᠭᠠᠵᠢ ᠬᠡᠷᠡᠭᠰᠡᠯ ︱ ᠮᠤᠡᠭ᠍ᠭᠤᠯ ᠤᠷᠠᠴᠤᠳ ᠤᠨ ᠬᠡᠷᠡᠭᠯᠡᠳᠡᠭ ᠪᠠᠭᠠᠵᠢ ᠬᠡᠷᠡᠭᠰᠡᠯ  ᠨᠢ ᠦᠪᠡᠷ ᠦᠪᠡᠷ ᠤᠨ ᠳᠤᠭᠳᠠᠭᠰᠠᠨ ᠵᠤᠷᠢᠭᠤᠯᠤᠯᠳᠠ ᠳᠠᠢ ᠤᠯᠠᠨ ᠵᠦᠢᠯ  ᠪᠠᠶᠢᠳᠠᠭ ᠃ ᠤᠶᠤᠳᠠᠯ ᠦᠢᠯᠡ ᠳᠤ ᠵᠡᠬᠦᠦ ᠂ ᠬᠤᠷᠤᠭᠤᠪᠴᠢ ᠂ ᠢᠯᠡᠦᠷ ᠂ ᠰᠢᠪᠦᠬᠡ᠂ ᠬᠠᠶᠢᠴᠢ ᠵᠡᠷᠭᠡ ᠵᠢ ᠬᠡᠷᠡᠭᠯᠡᠳᠡᠭ ᠃ ᠮᠤᠳᠤᠨ ᠡᠳ᠋ᠯᠡᠯ ᠬᠢᠬᠦ ᠳᠤ ᠴᠦᠴᠡ ᠂ ᠦᠷᠦᠮ ᠂ ᠬᠠᠷᠤᠭᠤᠯ ᠂ ᠬᠢᠷᠦᠭᠡ ᠂ ᠰᠦᠬᠡ ᠂ ᠠᠯᠤᠬ᠎ᠠ ᠂ ᠰᠡᠶᠢᠯᠦᠭᠦᠷ ᠤᠨ ᠬᠢᠳᠤᠭ᠎ᠠ ᠵᠡᠷᠭᠡ ᠵᠢ ᠬᠡᠷᠡᠭᠯᠡᠳᠡᠭ ᠃ ᠤᠷᠠᠨ ᠪᠢᠴᠢᠯᠭᠡ ᠪᠢᠴᠢᠬᠦ ᠳᠤ ᠦᠰᠦᠨ ᠪᠢᠷ ᠂ ᠬᠤᠯᠤᠰᠤᠨ ᠦᠵᠦᠭ ᠂ ᠪᠤᠯᠤᠳ ᠪᠢᠷ ᠂ ᠴᠠᠭᠠᠰᠤᠨ ᠤ ᠳᠠᠷᠤᠭᠤᠯ ᠂ ᠪᠡᠬᠡᠨ ᠤ ᠵᠢᠭᠤᠷᠠᠭᠤᠯ ᠵᠡᠷᠭᠡ ᠵᠢ ᠬᠡᠷᠡᠭᠯᠡᠳᠡᠭ ᠃ ᠵᠢᠷᠤᠭ ᠵᠢᠷᠤᠬᠤ ᠳᠤ ᠡᠯ᠎ᠡ ᠵᠦᠢᠯ ᠤᠨ ᠰᠢᠷ ᠪᠤᠳᠤᠭ᠂ ᠪᠤᠳᠤᠭ ᠤᠨ ᠵᠢᠭᠤᠷᠠᠭᠤᠯ ᠂ ᠠᠳᠠᠯᠢ ᠪᠤᠰᠤ ᠵᠢᠨ ᠬᠡᠷᠡᠭᠴᠡᠭᠡ ᠳᠠᠢ ᠪᠢᠷ ᠵᠡᠷᠭᠡ ᠵᠢ ᠬᠡᠷᠡᠭᠯᠡᠳᠡᠭ ᠃ ᠠᠯᠳᠠ ᠮᠦᠡᠭᠭᠦ ᠳᠡᠮᠦᠷ ᠤᠨ ᠳᠠᠷᠬᠠᠨ  ᠨᠠᠷ ᠦᠯᠢᠶᠡᠪᠦᠷ ᠂ ᠬᠡᠪ ᠂ ᠵᠢᠵᠢᠭ ᠠᠯᠤᠬ᠎ᠠ ᠂ ᠬᠦᠬᠡᠷᠭᠡ ᠵᠡᠷᠭᠡ ᠵᠢ ᠬᠡᠷᠡᠭᠯᠡᠳᠡᠭ ᠃ ᠭᠡᠪᠡᠴᠦ ᠦᠨᠦᠳᠦᠷ ᠤᠨ ᠭᠠᠷ ᠤᠷᠠᠯᠠᠯ ᠤᠨ ᠪᠦᠲᠦᠭᠡᠭᠳᠡᠭᠦᠨ ᠨᠤᠬᠦᠳ ᠤᠨ ᠤᠯᠠᠡᠭ᠍ᠭᠢ ᠵᠢ  ᠨᠢ ᠬᠡᠪ  ᠲᠤ ᠴᠢᠳᠬᠤᠬᠤ ᠠᠷᠭ᠎ᠠ  ᠪᠡᠷ ᠬᠢᠳᠡᠭ ᠪᠤᠯᠤᠭᠰᠠᠨ ᠵᠢᠡᠷ ᠭᠠᠷ ᠵᠢᠡᠷ ᠤᠷᠠᠯᠠᠵᠤ ᠬᠢᠭᠰᠡᠨ ᠪᠦᠲᠦᠭᠡᠭᠳᠡᠭᠦᠨ ᠮᠠᠰᠢ ᠴᠦᠬᠡᠷᠡᠵᠦ ᠂ ᠭᠠᠷ ᠤᠨ ᠤᠷ᠎ᠠ  ᠪᠡᠷ ᠵᠢᠡᠨ ᠠᠯᠳᠠᠷᠰᠢᠭᠰᠠᠨ ᠤᠷᠠᠨ ᠳᠠᠷᠬᠠᠨ ᠬᠦᠮᠦᠰ ᠴᠤ ᠴᠦᠬᠡᠷᠡᠵᠡᠢ ᠃

 

7 8 9 10 11 12 13 14

ᠭᠠᠷ ᠤᠷᠠᠯᠠᠯ  ᠤᠨ ᠡᠳ᠋ ᠮᠠᠲ᠋ᠸᠷᠢᠶᠠᠯ

ᠭᠠᠷ ᠤᠷᠠᠯᠠᠯ  ᠤᠨ ᠡᠳ᠋ ᠮᠠᠲ᠋ᠸᠷᠢᠶᠠᠯ

ᠭᠠᠷ ᠤᠷᠠᠯᠠᠯ  ᠤᠨ ᠡᠳ᠋ ᠮᠠᠲ᠋ᠸᠷᠢᠶᠠᠯ

ᠰᠢᠭᠦᠮᠵᠢ