• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 1  1 ᠤᠷᠳᠦ  ᠶᠢᠨ ᠲᠠᠭᠤᠤ  ᠶᠢᠨ ᠡᠭᠦᠰᠦᠯ ᠪᠡ ᠲᠡᠤᠬᠡᠨ ᠬᠦᠭᠵᠢᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 38.69 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-13
 • ᠄   1
 • ᠄   0
 • ᠄   0
 • ᠄  0

ᠮᠤᠩᠭᠤᠯ ᠠᠷᠡᠳ  ᠤᠨ ᠤᠷᠳᠦ ᠵᠢᠨ ᠲᠠᠭᠤᠤ ᠪᠤᠯ ᠮᠤᠩᠭᠤᠯ ᠦᠨᠳᠦᠰᠦᠳᠠᠨ  ᠤ ᠦᠨᠢ ᠤᠳᠠᠭᠠᠨ ᠲᠡᠤᠬᠡ  ᠲᠠᠢ ᠠᠭᠤᠤ ᠶᠡᠬᠡ ᠦᠪ ᠰᠤᠶᠤᠯ ᠪᠤᠯᠤᠨ᠎ᠠ ᠃ ᠮᠤᠩᠭᠤᠯ ᠠᠷᠡᠳ  ᠤᠨ ᠠᠷᠪᠢᠨ ᠪᠠᠶᠠᠨ ᠂ ᠤᠷᠳᠦ ᠵᠢᠨ ᠲᠠᠭᠤᠤ ᠪᠤᠯ ᠨᠡᠭᠦᠳᠡᠯᠴᠢᠨ ᠠᠷᠡᠳ ᠲᠦᠮᠡᠨ  ᠤ ᠲᠠᠶᠢᠨ ᠭᠦ ᠵᠠᠭᠤᠨ ᠦᠶ᠎ᠡ  ᠳᠦ ᠬᠠᠶᠢᠷᠠᠯᠠᠨ ᠬᠠᠳᠠᠭᠠᠯᠠᠵᠦ ᠢᠷᠡᠭᠰᠡᠨ ᠡᠷᠳᠡᠨᠢᠰ ᠤᠨ ᠨᠢᠭᠡᠨ ᠮᠦᠨ ᠪᠦᠭᠡᠳ ᠮᠤᠩᠭᠤᠯᠴᠤᠳ  ᠤᠨ ᠦᠨᠢ ᠤᠷᠳᠦ ᠲᠡᠤᠬᠡ ᠵᠢᠨ ᠪᠤᠯᠤᠷ ᠲᠤᠩᠭᠠᠯᠠᠭ ᠲᠤᠯᠢ ᠂ ᠮᠤᠩᠭᠤᠯ ᠬᠦᠮᠦᠨ  ᠤ ᠰᠡᠳᠬᠢᠯ  ᠤᠨ ᠤᠶᠤᠨ ᠤ ᠡᠭᠡᠰᠢᠭᠯᠢᠭ ᠲᠡᠭᠦᠰ ᠂ ᠡᠷᠢᠨ ᠭᠠᠯᠪᠠ ᠵᠢᠨ ᠲᠡᠷᠳᠡᠭᠡ ᠡᠴᠠ ᠢᠯᠡᠭᠡᠨ ᠲᠠᠭᠤᠷᠢᠰᠬᠤ ᠢᠷᠠᠭᠤ ᠴᠤᠤᠷᠢᠶ᠎ᠡ ᠬᠡᠮᠠᠪᠠᠴᠦ ᠪᠤᠯᠤᠨ᠎ᠠ ᠃ ᠰᠠᠷᠠᠭᠤᠯ ᠠᠭᠤᠳᠠᠮ ᠲᠠᠯ᠎ᠠ ᠨᠤᠳᠤᠭ  ᠨᠢ ᠤᠷᠳᠦ ᠵᠢᠨ ᠲᠠᠭᠤᠤ ᠤᠷᠠᠯᠢᠭ  ᠤᠨ ᠦᠯᠦᠭᠡᠢ ᠨᠤᠳᠤᠭ ᠶᠤᠮ ᠃ ᠤᠷᠳᠦ ᠵᠢᠨ ᠲᠠᠭᠤᠤ ᠤᠷᠠᠯᠢᠭ  ᠨᠢ ᠬᠠᠷᠢᠨ ᠲᠠᠯ᠎ᠠ ᠨᠤᠳᠤᠭ  ᠤᠨ ᠤᠨᠴᠠᠯᠢᠭ  ᠢ ᠬᠦᠢᠴᠡᠳ ᠬᠠᠷᠠᠭᠤᠯᠵᠠᠢ ᠃ ︽ ᠤᠷᠳᠦ ᠵᠢᠨ ᠲᠠᠭᠤᠤ ︾︱ ᠠᠷᠠᠳ  ᠤᠨ ᠲᠠᠭᠤᠤ ᠂ ᠤᠷᠠᠯᠢᠭ ᠂ ᠲᠡᠷᠡ ᠪᠤᠯ ᠨᠡᠭᠦᠳᠡᠯᠴᠢᠨ ᠮᠤᠩᠭᠤᠯᠴᠤᠳ  ᠤᠨ ᠡᠪᠡᠰᠦᠨ  ᠤ ᠰᠤᠷᠭᠤᠭ ᠤᠰᠤᠨ  ᠤ ᠲᠤᠩᠭᠠᠯᠠᠭ  ᠢ ᠰᠤᠩᠭᠤᠵᠦ ᠂  ᠡᠬᠡ ᠪᠠᠶᠢᠭᠠᠯᠢ  ᠲᠠᠢ ᠪᠠᠨ ᠨᠦᠭᠦᠴᠡᠯᠳᠦᠨ ᠬᠠᠷᠢᠯᠴᠠᠵᠦ ᠲᠠᠪᠤᠨ ᠬᠤᠰᠢᠭᠤ ᠮᠠᠯ ᠎᠎ ᠢᠶᠡᠨ ᠮᠠᠯᠵᠢᠵᠦ ᠠᠮᠢᠳᠤᠷᠠᠯ  ᠤᠨ ᠶᠠᠪᠤᠴᠠ  ᠳᠦ ᠡᠭᠦᠰᠦᠭᠰᠡᠨ ᠠᠷᠡᠳ  ᠤᠨ ᠲᠠᠭᠤᠤ ᠤᠷᠠᠯᠢᠭ  ᠤᠨ ᠰᠤᠩᠭᠤᠳᠠᠭ ᠲᠦᠷᠦᠯ ᠪᠤᠯᠤᠨ᠎ᠠ ᠃ ᠮᠤᠩᠭᠤᠯ ᠠᠷᠡᠳ  ᠤᠨ ᠤᠷᠳᠦ ᠵᠢᠨ ᠲᠠᠭᠤᠤ ᠵᠢ ᠲᠡᠯᠡᠬᠡᠢ ᠵᠢᠨ ᠤᠯᠠᠨ ᠡᠷᠳᠡᠮᠲᠡᠳ ᠭᠠᠷᠤᠯ ᠡᠭᠦᠰᠦᠯᠲᠡ ᠵᠢᠨ ᠲᠠᠯ᠎ᠠ ᠡᠴᠠ ᠢᠰᠡᠭᠡᠢ ᠲ᠋ᠤᠭᠤᠷᠭᠠᠳᠠᠨ  ᠤ ᠡᠷᠲᠡᠨ  ᠤ ᠲᠡᠤᠬᠡ  ᠲᠠᠢ ᠬᠤᠯᠪᠤᠨ ᠦᠵᠡᠵᠦ ᠪᠤᠢ ᠪᠦᠭᠡᠳ ᠮᠦᠨ ᠴᠦ ᠤᠯᠠᠨ ᠡᠷᠳᠡᠮᠳᠡᠤᠨ ᠤᠨ ᠲᠤᠭᠤᠷᠪᠢᠭᠰᠠᠨ ᠰᠢᠨᠵᠢᠯᠡᠯ ᠰᠤᠳᠤᠯᠤᠯ  ᠤᠨ ᠦᠬᠦᠯᠡᠯ  ᠳᠦ ︽ ᠬᠠᠮᠤᠭ  ᠤᠨ ᠨᠠᠭᠠᠳᠤ ᠵᠠᠬ᠎ᠠ ᠬᠡᠬᠦ  ᠳᠦ ᠯᠡ᠋  ᠾᠦᠡᠭᠨᠦ ᠰᠢᠶᠦᠢᠡᠭᠨᠦ ᠵᠢᠨ ᠴᠠᠭ ᠦᠶ᠎ᠡ  ᠳᠦ ᠬᠡᠪ ᠲᠦᠯᠦᠪ  ᠡᠢᠡᠨ ᠪᠦᠷᠢᠨ ᠤᠯᠤᠭᠰᠠᠨ ︾ ᠬᠡᠮᠡᠨ ᠦᠵᠡᠵᠦ ᠪᠤᠢ ᠃ ᠤᠮᠠᠷᠠᠳᠦ ᠵᠢᠨ ᠨᠡᠭᠦᠳᠡᠯᠴᠢᠨ ᠦᠨᠳᠦᠰᠦᠳᠠᠨ  ᠤ ᠰᠤᠶᠤᠯ ᠤᠷᠠᠯᠢᠭ  ᠤᠨ ᠬᠦᠭᠵᠢᠯᠳᠠ ᠵᠢᠨ ᠲᠡᠤᠬᠡ ᠵᠢ ᠰᠢᠨᠵᠢᠬᠦ  ᠳᠦ  ᠾᠦᠡᠭᠨᠦ ᠰᠢᠶᠦᠢᠡᠭᠨᠦ ᠵᠢᠨ ᠴᠠᠭ ᠦᠶ᠎ᠡ ︱ ᠰᠢᠶᠠᠨᠪᠢ ︱ ᠲᠦᠷᠦᠭ ︱ ᠮᠤᠩᠭᠤᠯ ᠪᠤᠯᠤᠨ᠎ᠠ ᠃ ᠡᠷᠳᠡᠮᠳᠡᠳ  ᠤᠨ ᠦᠵᠡᠬᠦ ᠪᠡᠷ ᠤᠮᠠᠷᠡᠳᠦ ᠵᠢᠨ ᠲᠠᠯ᠎ᠠ ᠨᠤᠳᠤᠭ  ᠤᠨ ᠰᠤᠶᠤᠯ ᠤᠷᠠᠯᠢᠭ  ᠤᠨ ᠠᠭᠦᠰᠦᠯ ᠬᠦᠭᠵᠢᠯᠳᠡ ᠵᠢᠨ ᠲᠡᠤᠬᠡ ᠂ ᠮᠤᠩᠭᠤᠯ ᠦᠨᠳᠦᠰᠦᠳᠠᠨ  ᠤ ᠪᠤᠢ ᠪᠤᠯᠭᠭᠠᠰᠠᠨ ᠴᠠᠭ ᠦᠶ᠎ᠡ ᠵᠢᠨ ᠬᠦᠭᠵᠢᠯᠳᠠ ᠵᠢᠨ ᠲᠡᠤᠬᠡᠨ  ᠡᠴᠡ ᠪᠠᠰᠠ ᠤᠷᠳᠦ ᠬᠡᠵᠦ ᠬᠡᠯᠡᠵᠦ ᠪᠤᠯᠤᠨ᠎ᠠ ᠃ ᠮᠦᠨ ᠮᠤᠩᠭᠤᠯ ᠬᠦᠮᠦᠨ  ᠣ ᠲᠡᠭᠡᠳᠦᠰ  ᠾᠦᠡᠭᠨᠦ ᠰᠢᠶᠦᠢᠡᠭᠨᠦ ᠵᠢᠨ ᠦᠶ᠎ᠡ ᠡᠴᠠ ᠤᠯᠠᠮᠵᠢᠯᠠᠵᠦ ᠢᠷᠡᠭᠰᠡᠨ ᠬᠡᠵᠦ ᠦᠵᠡᠵᠦ ᠪᠤᠯᠤᠨ᠎ᠠ ᠃ ᠮᠤᠩᠭᠤᠯ ᠦᠨᠳᠦᠰᠦᠳᠠᠨ  ᠤ ᠠᠶ᠎ᠠ ᠲᠠᠭᠤᠤ ᠵᠢᠨ ᠦᠪᠡᠷᠮᠢᠴᠡ ᠤᠨᠴᠠᠯᠢᠭ ᠰᠢᠨᠵᠢ  ᠨᠢ ᠮᠤᠩᠭᠤᠯ ᠦᠨᠳᠦᠰᠦᠳᠠᠨ  ᠤ ᠲᠤᠰ ᠪᠡᠶ᠎ᠡ ᠵᠢᠨ ᠤᠷᠠᠯᠢᠭ  ᠤᠨ ᠠᠭᠤᠤ ᠶᠡᠬᠡ ᠵᠤᠬᠢᠶᠠᠨ ᠪᠦᠳᠦᠭᠡᠬᠦ ᠬᠦᠴᠦᠨ  ᠢ ᠠᠭᠤᠯᠵᠦ ᠪᠠᠶᠢᠭᠰᠠᠨ ᠡᠴᠠ ᠭᠠᠳᠠᠨ᠎ᠠ ᠂ᠰᠢᠶᠦᠢᠡᠭᠨᠦ ᠰᠢᠶᠠᠨᠪᠢ ᠲᠦᠷᠦᠭ ᠵᠡᠷᠭᠡ ᠤᠮᠠᠷᠠᠳᠦ ᠵᠢᠨ ᠲᠠᠯ᠎ᠠ ᠨᠤᠳᠤᠭ  ᠤᠨ ᠰᠤᠶᠤᠯ ᠤᠷᠠᠯᠢᠭ ᠰᠢᠯᠢᠳᠡᠭ ᠪᠦᠳᠦᠭᠡᠯ  ᠢ ᠪᠦᠭᠦ ᠲᠠᠯ᠎ᠠ ᠪᠡᠷ ᠵᠠᠯᠭᠠᠮᠵᠢᠯᠠᠨ ᠠᠪᠤᠭᠰᠠᠨ  ᠨᠢ ᠴᠢᠬᠤᠯᠠ ᠰᠢᠯᠳᠠᠭᠠᠨ ᠪᠤᠯᠤᠨ᠎ᠠ ᠃ ᠮᠤᠩᠭᠤᠯ ᠬᠦᠮᠦᠨ ᠲᠡᠤᠬᠡ ᠵᠢᠨ ᠲᠠᠪᠴᠠᠩ ᠲᠡᠭᠡᠷ᠎ᠡ ᠶᠡᠬᠡ ᠠᠯᠬᠤᠮ ᠵᠶᠡᠷ ᠠᠯᠬᠤᠨ ᠭᠠᠷᠴᠦ ᠂ ᠲᠠᠯ᠎ᠠ ᠨᠤᠳᠤᠭ  ᠤᠨ ᠰᠤᠶᠤᠯ ᠤᠷᠠᠯᠢᠭ  ᠤᠨ ᠲᠤᠭ  ᠢ ᠦᠨᠳᠦᠷ ᠡᠷᠭᠦᠵᠤ ᠂ᠡᠮᠤᠨ᠎ ᠋᠌᠌᠋᠋᠌᠎᠌᠎ᠠ ᠎᠎᠎ ᠬᠤᠶᠢᠨᠡᠬᠢ ᠵᠢ ᠵᠠᠯᠭᠠᠭᠤᠯᠵᠦ ᠂ ᠲᠠᠯ᠎ᠠ ᠨᠤᠳᠤᠭ  ᠤᠨ ᠨᠡᠭᠦᠳᠡᠯᠴᠢᠳ  ᠤᠨ ᠠᠶ᠎ᠡ ᠲᠠᠭᠤᠨ  ᠤ ᠰᠤᠶᠤᠯ ᠤᠷᠠᠯᠢᠭ  ᠢ ᠤᠷᠢᠳ ᠠᠮᠤᠨ᠎ᠡ ᠭᠠᠷᠤᠭ᠎ᠠ ᠦᠭᠡᠢ ᠪᠡᠷ ᠬᠦᠭᠵᠢᠭᠦᠯᠦᠭᠰᠡᠨ ᠶᠤᠮ ᠃ ᠮᠤᠩᠭᠤᠯ ᠦᠨᠳᠦᠰᠦᠳᠠᠨ ᠵᠤᠷᠢᠭᠳᠠᠢ ᠪᠡᠷ ᠵᠤᠬᠢᠶᠠᠨ ᠪᠦᠳᠤᠬᠡᠵᠦ ᠡᠷᠡᠯᠬᠡᠭ  ᠢᠢᠡᠷ ᠰᠢᠨᠡᠴᠢᠯᠡᠯᠳᠡ ᠬᠢᠭᠰᠡᠨ ᠡᠴᠠ ᠲᠠᠯ᠎ᠠ ᠨᠤᠳᠤᠭ  ᠤᠨ ᠠᠶ᠎ᠠ ᠲᠠᠭᠤᠨ  ᠤ ᠰᠤᠶᠤᠯ ᠤᠷᠠᠯᠢᠭ  ᠤᠨ ᠤᠯᠠᠮᠵᠢᠯᠠᠯ ᠲᠠᠰᠤᠷᠠᠭ᠎ᠠ ᠦᠭᠡᠢ ᠪᠡᠷ ᠦᠯᠦ ᠪᠠᠷᠡᠨ ᠲᠡᠭᠦᠨ  ᠢ ᠰᠢᠨ᠎ᠡ ᠨᠢᠭᠡᠨ ᠬᠦᠭᠵᠢᠯᠳᠡ ᠵᠢᠨ ᠱᠠᠳᠤᠨ  ᠳᠦ ᠲᠦᠯᠬᠢᠨ ᠠᠬᠢᠭᠤᠯᠵᠠᠢ ᠃ 13 ᠳ᠋ᠤᠭᠡᠷ ᠵᠠᠭᠤᠨ  ᠳᠦ ᠤᠷᠢᠳ ᠡᠮᠦᠨ᠎ᠡ ᠭᠠᠷᠤᠭ᠎ᠠ ᠦᠭᠡᠢ ᠪᠡᠷ ᠬᠦᠭᠵᠢᠵᠦ ᠲᠡᠭᠦᠨ  ᠤ ᠨᠦᠯᠦᠭᠡ ᠲᠤᠰᠬᠠᠯ  ᠨᠢ ᠪᠦᠬᠦ ᠲᠡᠯᠡᠬᠡᠢ  ᠳᠦ ᠲᠦᠯᠬᠢᠨ ᠭᠠᠷᠭᠠᠪᠠ ᠃ ᠲᠠᠯ᠎ᠠ ᠨᠤᠳᠤᠭ  ᠤᠨ ᠰᠤᠶᠤᠯ ᠤᠷᠠᠯᠢᠭ  ᠤᠨ ᠬᠦᠭᠵᠢᠯᠳᠠ ᠵᠢᠨ ᠬᠡᠯᠬᠢᠶᠡᠨ  ᠤ ᠭᠤᠤᠯ ᠬᠡᠰᠡᠭ  ᠨᠢ ᠪᠤᠯᠤᠭᠰᠠᠨ  ᠤ ᠬᠤᠪᠢ  ᠳᠦ ᠮᠤᠩᠭᠤᠯ ᠦᠨᠳᠦᠰᠦᠳᠠᠨ  ᠤ ᠠᠶ᠎ᠡ ᠲᠠᠭᠤᠤ  ᠨᠢ ᠲᠡᠤᠬᠡ ᠵᠢᠨ ᠬᠦᠭᠵᠢᠯᠳᠠ ᠵᠢᠨ ᠢᠮ ᠲᠡᠮᠳᠡᠭ ᠪᠤᠯᠤᠨ ᠤᠳᠬ᠎ᠠ ᠰᠤᠶᠤᠯ  ᠤᠨ ᠬᠡᠷᠡᠴᠢᠯᠡᠭᠴᠢ ᠪᠤᠯᠤᠭᠰᠠᠨ ᠪᠠᠶᠢᠨ᠎ᠠ ᠃ ᠮᠤᠩᠭᠤᠯ ᠦᠨᠳᠦᠰᠦᠳᠠᠨ  ᠤ ᠠᠶ᠎ᠠ ᠲᠠᠭᠤᠨ  ᠤ ᠲᠤᠳᠤᠷ᠎ᠡ ᠡᠴᠠ ᠰᠢᠶᠦ᠍ᠩᠨᠦ ᠂ ᠰᠢᠶᠠᠨᠪᠢ ᠵᠢᠨ ᠠᠶ᠎ᠡ ᠲᠠᠭᠤᠨ  ᠤ ᠢᠮ ᠲᠡᠮᠳᠡᠭ  ᠢ ᠪᠠᠭ᠎ᠠ ᠴᠦ ᠪᠤᠯᠤᠭᠰᠠᠨ ᠡᠷᠢᠵᠤ ᠭᠠᠷᠭᠠᠵᠦ ᠪᠤᠯᠬᠤ ᠶᠤᠮ ᠃ ᠡᠨᠡ ᠤᠳᠬ᠎ᠠ ᠰᠠᠨᠠᠭ᠎ᠠ ᠡᠴᠠ ᠠᠪᠤᠵᠦ ᠬᠡᠯᠡᠪᠡᠯ ᠂ ᠮᠤᠩᠭᠤᠯ ᠦᠨᠳᠦᠰᠦᠳᠠᠨ  ᠤ ᠠᠶ᠎ᠠ ᠲᠠᠭᠤᠤ  ᠨᠢ ᠲᠡᠤᠬᠡ ᠪᠤᠯᠤᠨ ᠤᠷᠴᠢᠨ  ᠢ ᠵᠠᠯᠭᠠᠭᠤᠯᠵᠦ ᠂ ᠭᠤᠪᠢ  ᠶᠢᠨ ᠠᠷᠤ ᠵᠢᠨ ᠲᠠᠯ᠎ᠠ ᠨᠤᠳᠤᠭ ᠪᠤᠯᠤᠨ ᠲᠤᠮᠳᠠᠳᠦ ᠤᠷᠤᠨ  ᠤ ᠬᠤᠭᠤᠷᠤᠨᠳᠤᠬᠢ ᠨᠢᠭᠡᠨ ᠰᠠᠭᠤᠷᠢ ᠬᠦ᠍ᠭᠦᠷᠭᠡ ᠵᠢᠨ ᠦᠢᠯᠡᠳᠦᠯ  ᠢ ᠭᠠᠷᠭᠠᠭᠰᠠᠨ ᠪᠢᠯᠡ ᠃

1  1 ᠤᠷᠳᠦ  ᠶᠢᠨ ᠲᠠᠭᠤᠤ  ᠶᠢᠨ ᠡᠭᠦᠰᠦᠯ ᠪᠡ ᠲᠡᠤᠬᠡᠨ ᠬᠦᠭᠵᠢᠯ

ᠰᠢᠭᠦᠮᠵᠢ