• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 06.ᠵᠤᠯᠠᠨ ᠪᠦᠵᠢᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-14
  • ᠄   44
  • ᠄   0
  • ᠄   0
  • ᠄  0

1.ᠵᠤᠯᠠᠨ ᠪᠦᠵᠢᠭ

ᠵᠤᠯᠠᠨ ᠪᠦᠵᠢᠭ ᠬᠡᠳᠡᠭ  ᠨᠢ ᠵᠣᠯᠠ  ᠶᠢ ᠲᠣᠯᠣᠭᠠᠢ ᠳᠡᠬᠡᠷ᠎ᠠ  ᠪᠠᠨ ᠲᠠᠯᠪᠢᠨ ᠪᠦᠵᠢᠭᠯᠡᠳᠡᠭ ᠣᠳᠬ᠎ᠠ  ᠲᠠᠢ ᠃ ᠡᠬᠦᠨ  ᠣ ᠢᠷᠡᠯ  ᠢ ᠬᠣᠶᠠᠷ ᠶᠠᠨᠭ᠍ᠵᠦ  ᠪᠠᠷ ᠲᠠᠶᠢᠯᠪᠣᠷᠢᠯᠠᠵᠦ ᠪᠣᠢ ᠃ ᠨᠢᠬᠡ ᠳ᠋ᠣᠨᠢ ᠠᠯᠳᠠᠨ ᠣᠯᠣᠰ ᠶᠣᠸᠠᠨ ᠣᠯᠣᠰ  ᠣᠨ ᠦᠶ᠎ᠠ  ᠳᠡᠬᠢ ︽ ᠲᠠᠭᠣᠯᠠᠬᠣ ︾ ᠲᠠᠭᠣᠷᠢ ᠰᠢ  ᠶᠢᠨ ᠲᠣᠳᠣᠷᠡᠬᠢ ᠲᠣᠯᠣᠭᠠᠢ ᠳᠡᠬᠡᠷ᠎ᠠ  ᠪᠠᠨ ᠵᠣᠯᠠ ᠲᠠᠯᠪᠢᠨ ᠪᠦᠵᠢᠭᠯᠠᠬᠦ ᠪᠦᠵᠢᠭ  ᠲᠠᠢ ᠵᠠᠷᠢᠮ ᠲᠠᠯ᠎ᠠ  ᠶᠢᠨ ᠬᠣᠯᠪᠣᠭᠠᠳᠠᠢ ᠬᠡᠳᠡᠭ ᠃ ᠬᠣᠶᠠᠷ ᠲᠣᠨᠢ ᠲᠦᠪᠠᠳ  ᠠᠴᠠ ᠪᠣᠷᠬᠠᠨ  ᠣ ᠱᠠᠰᠢᠨ ᠮᠣᠨᠭ᠍ᠭᠣᠯ ᠣᠷᠣᠨ  ᠳᠣ ᠨᠠᠪᠳᠠᠷᠡᠨ ᠣᠷᠣᠵᠦ ᠢᠷᠠᠭ᠍ᠰᠠᠨ  ᠣ ᠳᠠᠷᠠᠭ᠎ᠠ ᠪᠣᠷᠬᠠᠨ  ᠣ ᠰᠢᠳᠣᠬᠡᠯᠳᠠᠨ ᠨᠣᠬᠦᠳ ᠪᠣᠷᠬᠠᠨ  ᠣ ᠲᠠᠬᠢᠯᠭ᠎ᠠ ᠬᠢᠬᠦ ᠳ᠋ᠡᠬᠡᠨ ᠰᠦᠮ᠎ᠠ ᠬᠡᠶᠢᠳ ᠪᠣᠶᠣ ᠬᠡᠷ ᠦᠷᠦᠬᠡ ᠲᠣᠳᠣᠷ᠎ᠠ  ᠪᠠᠨ ᠪᠣᠷᠬᠠᠨ  ᠣ ᠬᠦᠨᠭᠭᠠᠷᠠᠪᠠ  ᠶᠢᠨ ᠡᠮᠣᠨ᠎ᠠ ᠬᠠᠳᠠᠭ ᠲᠠᠯᠪᠢᠵᠦ ᠂ ᠰᠢᠷ᠎ᠠ ᠲᠣᠰᠣᠨ ᠵᠣᠯᠠ ᠠᠰᠬᠠᠭᠠᠳ ᠭᠠᠵᠠᠷ ᠲᠣ ᠰᠦᠬᠦᠳᠣᠨ ᠂ ᠬᠣᠶᠠᠷ ᠭᠠᠷ  ᠢᠶᠠᠷ  ᠢᠶᠠᠨ ᠵᠣᠯᠠ  ᠪᠠᠨ ᠳᠡᠬᠡᠭᠰᠢ ᠡᠷᠬᠦᠨ ᠰᠦᠰᠦᠭᠯᠠᠨ ᠨᠠᠮᠠᠨᠴᠢᠯᠠᠵᠦ ᠠᠪᠣᠷᠠᠯ ᠰᠣᠶᠣᠷᠬᠠᠯ ᠡᠷᠢᠳᠡᠭ ᠱᠠᠰᠢᠨ  ᠣ ᠰᠦᠰᠦᠭ ᠪᠢᠰᠢᠷᠡᠯ  ᠲᠠᠢ ᠬᠣᠯᠪᠣᠭᠠᠳᠠᠢ ᠬᠡᠳᠡᠭ ᠃ ᠣᠳᠣᠬᠠᠨ ᠪᠠᠶᠠᠨᠨᠠᠭᠣᠷ ᠠᠶᠢᠮᠠᠭ ᠂ ᠣᠯᠠᠭᠠᠨᠬᠠᠳᠠ ᠬᠣᠳᠠ ᠂ ᠣᠷᠳᠣᠰ ᠵᠡᠷᠬᠡ ᠭᠠᠵᠠᠷ ᠣᠷᠣᠨ  ᠢᠶᠠᠷ ᠣᠯᠠᠮᠵᠢᠯᠠᠭᠳᠠᠨ ᠲᠠᠷᠬᠠᠵᠦ ᠂ ᠣᠯᠠᠨᠭ᠍ᠭᠢ  ᠳᠠᠭᠠᠨ ᠪᠠᠶᠠᠷ ᠲᠣᠷᠠᠰᠬᠠᠯ ᠴᠣᠭᠯᠠᠭᠠᠨ ᠨᠠᠶᠢᠷ ᠲᠣ ᠲᠣᠭᠯᠠᠨ ᠪᠦᠵᠢᠭᠯᠡᠳᠡᠭ ᠶᠣᠮ ᠃ ︽ ᠵᠤᠯᠠᠨ ᠪᠦᠵᠢᠭ ︾ ᠲᠣ ᠬᠣᠶᠠᠷ ᠵᠦᠢᠯ  ᠣᠨ ᠦᠨᠳᠣᠰᠣᠨ ᠬᠡᠯᠪᠡᠷᠢᠳᠠᠢ ᠃ ᠨᠢᠬᠡ  ᠨᠢ ᠲᠣᠰᠣᠨ ᠳ᠋ᠸᠨᠭ  ᠢ ᠲᠣᠯᠣᠭᠠᠢ ᠳᠡᠬᠡᠷ᠎ᠠ  ᠪᠠᠨ ᠲᠠᠯᠪᠢᠳᠠᠭ ᠃ ᠲᠣᠯᠣᠭᠠᠢ ᠳᠡᠬᠡᠷ᠎ᠠ  ᠪᠠᠨ ᠲᠣᠰᠣᠨ ᠳ᠋ᠸᠨᠭ ᠲᠠᠯᠪᠢᠭᠰᠠᠳ ᠵᠣᠯᠠ  ᠶᠢᠨ ᠲᠣᠰᠣ  ᠪᠠᠨ ᠴᠠᠷᠴᠠᠭᠠᠨ ᠵᠣᠯᠠ  ᠶᠢᠨ ᠭᠣᠣᠯ  ᠢᠶᠠᠨ ᠨᠣᠴᠣᠭᠠᠳᠠᠭ ᠃ ᠲᠣᠯᠣᠭᠠᠢ ᠳᠡᠬᠡᠷ᠎ᠠ  ᠪᠠᠨ ᠣᠰᠣ ᠲᠠᠯᠪᠢᠭᠰᠠᠳ  ᠨᠢ ᠡᠷᠳᠠᠮ ᠮᠡᠷᠬᠡᠰᠢᠯ  ᠢᠶᠠᠷ ᠦᠨᠳᠣᠷ ᠪᠠᠶᠢᠵᠦ ᠂ ᠪᠦᠵᠢᠭᠯᠠᠬᠦ ᠳ᠋ᠡᠬᠡᠨ ᠠᠶᠠᠭ᠎ᠠ  ᠪᠠᠨ ᠣᠨᠠᠭᠠᠬᠣ ᠦᠬᠡᠢ ᠂ ᠣᠰᠣ  ᠪᠠᠨ ᠠᠰᠬᠠᠬᠣ ᠦᠬᠡᠢ ᠂ ᠡᠬᠦᠨ  ᠳᠣ ᠨᠢᠬᠡᠨ ᠬᠡᠮᠵᠢᠶᠠᠨ  ᠣ ᠬᠦᠴᠢᠷᠳᠠᠯ  ᠲᠠᠢ ᠪᠠᠶᠢᠬᠣ  ᠨᠢ ᠮᠡᠳᠡᠬᠡᠵᠢ  ᠶᠢᠨ ᠬᠡᠷᠡᠭ ᠃ ᠪᠦᠵᠢᠭᠯᠠᠬᠦ ᠦᠶᠠᠰ ᠪᠦᠵᠢᠭ  ᠣᠨ ᠬᠡᠷᠡᠭᠰᠠᠯ  ᠣᠨ ᠬᠢᠵᠠᠭᠠᠷᠯᠠᠯ  ᠠᠴᠠ ᠪᠣᠯᠵᠦ ᠂ ᠲᠣᠯᠣᠭᠠᠢ ᠪᠣᠯᠣᠨ ᠬᠦᠵᠣᠬᠦᠦ  ᠪᠠᠨ ᠳᠡᠭᠰᠢ ᠲᠣᠭᠳᠠᠪᠣᠷᠢ  ᠲᠠᠢ ᠪᠠᠶᠢᠯᠭᠠᠵᠦ ᠂ ᠲᠣᠣᠷ᠎ᠠ ᠪᠠᠶ᠎ᠠ  ᠶᠢᠨ ᠬᠦᠳᠡᠯᠬᠡᠬᠡᠨ  ᠢᠶᠠᠨ ᠪᠠᠭᠠᠰᠬᠠᠨ ᠂ ᠭᠣᠣᠯᠳᠠᠭᠣ ᠵᠦᠬᠡᠯᠠᠨ ᠰᠣᠨᠠᠮᠭᠠᠢ ᠴᠢᠨᠠᠷᠳᠠᠢ ︽ ᠮᠦᠷᠣ  ᠪᠠᠨ ᠬᠦᠳᠡᠯᠬᠡᠬᠦ ︾ ᠂ ︽ ᠭᠠᠷ  ᠢᠶᠠᠨ ᠨᠠᠬᠢᠯᠵᠠᠭᠣᠯᠬᠣ ︾ ᠂ ︽ ᠲᠣᠬᠣᠢ  ᠪᠠᠨ ᠡᠷᠬᠦᠬᠦ ︾ ᠂ ︽ ᠪᠠᠭᠣᠣ  ᠪᠠᠨ ᠦᠰᠦᠷᠬᠡᠬᠦ ︾ ᠵᠡᠷᠬᠡ ᠡᠯ᠎ᠠ ᠵᠦᠢᠯ  ᠣᠨ ᠬᠦᠳᠡᠯᠬᠡᠬᠡᠨ  ᠢ ᠣᠷᠭᠠᠨᠢᠭ  ᠢᠶᠠᠷ ᠬᠣᠯᠪᠣᠨ ︽ ᠨᠢᠷᠣᠭᠣ  ᠪᠠᠨ ᠠᠰᠯᠠᠬᠣ ︾ ᠂ ︽ ᠨᠢᠷᠣᠭᠣ    ᠪᠠᠨ ᠬᠦᠳᠠᠯᠣᠰᠬᠢᠬᠦ ︾ ᠂ ︽ ᠨᠢᠷᠣᠭᠣ  ᠪᠠᠨ ᠬᠦᠳᠣᠶᠢᠯᠬᠡᠬᠦ ︾ ᠵᠡᠷᠬᠡ ᠮᠡᠷᠬᠡᠰᠢᠯ  ᠢ ᠬᠠᠪᠴᠢᠭᠣᠯᠣᠨ ᠰᠣᠯᠢᠪᠴᠢᠯᠠᠭᠣᠯᠵᠦ ᠂ ᠣᠷᠢᠳᠠᠪᠠᠷ ᠲᠣᠭᠳᠠᠭᠣᠨ ᠠᠭᠠᠵᠢᠮ ᠂ ᠰᠠᠬᠦᠯᠳᠠᠵᠦ ᠣᠷᠬᠢᠯᠣᠮ᠎ᠠ ᠬᠠᠯᠠᠭᠣᠨ ᠬᠦᠳᠡᠯᠬᠡᠬᠡᠨ  ᠣ ᠬᠡᠮᠨᠠᠯ  ᠢ ᠪᠦᠷᠢᠯᠳᠣᠬᠦᠯᠣᠨ᠎ᠠ ᠃

2.ᠵᠤᠯᠠᠨ ᠪᠦᠵᠢᠭ  ᠤᠨ ᠲᠦᠷᠦᠯ ᠵᠦᠢᠯ

1︶.ᠮᠦᠩᠬᠡ ᠵᠤᠯᠠ

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠪᠠᠳᠮ᠎ᠠ

ᠠᠶᠠᠯᠭᠣ ᠵᠣᠬᠢᠶᠠᠭᠰᠠᠨ  ᠨᠢ ᠄ ᠯᠢ ᡁᠢ ᠰᠢᠶᠠᠨᠭ᠍

ᠲᠣᠭᠯᠠᠭᠰᠠᠨ  ᠨᠢ ᠄ ᠵᠢᠷᠭᠣᠭ᠎ᠠ   1990 ᠣᠨ ᠳᠣ ᠠᠨᠭ᠍ᠬ᠎ᠠ ᠲᠣᠭᠯᠠᠪᠠ

ᠪᠦᠵᠢᠭ ᠲᠣ ᠮᠣᠨᠭ᠍ᠭᠣᠯ ᠦᠨᠳᠣᠰᠣᠳᠡᠨ ᠣ ︽ ᠭᠠᠯ ︾ ᠪᠠ ︽ ᠬᠡᠷᠡᠯ ︾ ᠢ ᠰᠢᠳᠣᠨ ᠪᠢᠰᠢᠷᠡᠬᠦ ᠵᠠᠨᠭ᠍ ᠲᠠᠳᠬᠠᠯ ᠪᠠ ᠵᠢᠴᠢ ᠲᠡᠬᠦᠨ ᠡᠴᠠ ᠡᠭᠦᠰᠦᠭᠰᠡᠨ  ︽ ᠵᠣᠯᠠ ︵ ᠳ᠋ᠸᠨᠭ ︶ ︾ ᠵᠢ ᠮᠠᠭᠳᠠᠨ ᠲᠠᠭᠣᠯᠠᠵᠠᠢ ᠃ ᠪᠦᠵᠢᠭᠴᠢ ᠲᠣᠯᠣᠭᠠᠢ ᠳᠡᠬᠡᠷ᠎ᠠ ᠪᠠᠨ ᠲᠣᠸᠠᠯᠠᠨ ᠬᠡᠷᠡᠯᠳᠣᠭ᠍ᠴᠢ ︽ ᠰᠢᠷ᠎ᠠ ᠲᠣᠰᠣᠨ ᠵᠣᠯᠠ ︾ ᠵᠢ ᠲᠠᠯᠪᠢᠵᠦ ᠂ ᠬᠣᠷᠮᠣᠶᠢᠪᠴᠢ  ᠳᠠᠭᠠᠨ ᠮᠦᠨ ᠯᠠ ᠰᠢᠷ᠎ᠠ ᠲᠣᠰᠣᠨ ᠵᠣᠯᠠ ᠵᠢ ᠰᠢᠬᠢᠳᠬᠡᠨ ᠂ ᠣᠰᠣᠨ ᠣᠷᠣᠰᠬᠠᠯ ᠰᠢᠭ ᠵᠢᠵᠢᠭ ᠠᠯᠬᠣᠭ᠎ᠠ  ᠪᠡᠷ ᠡᠷᠭᠢᠯᠳᠦᠬᠦ  ᠳᠣ ᠮᠣᠨᠭ᠍ᠭᠣᠯᠴᠣᠳ ᠣᠨ ᠰᠢᠳᠣᠨ ᠬᠦᠨᠳᠦᠳᠬᠡᠳᠡᠭ  ᠬᠣᠪᠢᠯᠭᠠᠨ ᠵᠣᠯᠠ ᠠᠭᠠᠷ ᠲᠣ ᠳᠡᠭᠳᠡᠭᠦ ᠮᠠᠳᠣ ᠪᠠᠷ ᠬᠠᠷᠠᠨᠭ᠍ᠭᠣᠢ ᠵᠢᠨ ᠲᠣᠮᠳᠠ ᠬᠦᠮᠣᠰ ᠲᠣ ᠬᠡᠷᠡᠯ ᠬᠡᠬᠡ ᠵᠢ ᠣᠯᠭᠣᠬᠣ ᠲᠦᠷᠦᠭᠳᠠᠯ ᠢ ᠦᠭᠳᠡᠭ ᠃ ᠪᠦᠵᠢᠭᠴᠢ ᠨᠢᠷᠣᠭᠣ ᠪᠠᠷ ᠭᠣᠣᠯᠯᠠᠭᠣᠯᠵᠦ ᠂ ᠭᠠᠷ  ᠢᠶᠡᠷ  ᠢᠶᠡᠨ  ᠪᠠᠶ᠎ᠠ ᠵᠢᠨ ᠬᠣᠶᠠᠷ ᠲᠠᠯ᠎ᠠ  ᠳᠡᠬᠢ ︽ ᠬᠣᠪᠢᠯᠭᠠᠨ ᠵᠣᠯᠠ ︾ ᠵᠢ ᠲᠣᠭᠣᠷᠢᠭᠣᠯᠣᠨ ᠬᠦᠳᠡᠯᠬᠡᠬᠦ ᠵᠢᠨ ᠬᠠᠮᠳᠣ ᠬᠦᠯ ᠲᠣᠭᠳᠠᠭᠣᠨ ᠳᠡᠭᠰᠢᠬᠡᠨ ᠡᠷᠭᠢᠯᠳᠦᠬᠦ  ᠳᠣ ᠬᠦᠷᠦᠭᠰᠠᠨ ᠭᠠᠵᠠᠷ ᠪᠦᠬᠦᠨ ᠳ᠋ᠣ ᠬᠡᠷᠡᠯ ᠬᠡᠬᠡ ᠬᠠᠷᠠᠭᠳᠠᠨ᠎ᠠ ᠃ ᠪᠦᠵᠢᠭ ᠣᠨ ᠭᠣᠶᠣ ᠦᠵᠠᠰᠬᠦᠯᠠᠨᠭ᠍  ᠨᠢ ᠬᠡᠷᠡᠯ ᠣᠨ ᠰᠠᠴᠣᠷᠠᠭ ᠲᠣ ᠪᠣᠢ ᠃ ᠣᠭᠳᠠᠷᠭᠣᠢ ᠳᠣ ᠲᠦᠬᠡᠭᠰᠠᠨ ᠬᠡᠷᠡᠯ ᠣᠨ ᠰᠠᠴᠣᠷᠠᠭ  ᠨᠢ ᠪᠦᠵᠢᠭ ᠣᠨ ᠬᠦᠳᠠᠯᠣᠯ ᠪᠠᠶᠢᠳᠠᠯ ᠢ ᠣᠯᠠᠮ ᠴᠢᠮᠡᠭᠯᠠᠨ ᠭᠣᠶᠣᠯᠠᠳᠠᠭ ᠠᠵᠢ ᠃

ᠲᠣᠰ ᠪᠦᠵᠢᠭ 1990 ᠣᠨ ᠳᠣ ᠪᠣᠯᠣᠭᠰᠠᠨ ᠪᠦᠬᠦ ᠣᠯᠣᠰ ᠣᠨ ᠴᠦᠬᠡᠨ ᠲᠣᠭᠠᠳᠣ ᠦᠨᠳᠣᠰᠣᠳᠡᠨ ᠣ ︵ ᠭᠠᠭᠴᠠ ᠬᠦᠮᠦᠨ ᠂ ᠬᠣᠶᠠᠷ ᠬᠦᠮᠦᠨ ᠂ ᠭᠣᠷᠪᠠᠨ ᠬᠦᠮᠦᠨ ︶ ᠪᠦᠵᠢᠭ ᠣᠨ ᠣᠷᠣᠯᠳᠣᠭᠠᠨ ᠳᠣ ᠵᠣᠬᠢᠶᠠᠨ ᠪᠦᠳᠣᠬᠡᠯᠬᠡ ᠵᠢᠨ ᠲᠠᠳ᠋ ᠱᠠᠨᠭ᠍ᠨᠠᠯ ᠢ ᠬᠦᠷᠳᠡᠭᠰᠠᠨ ᠪᠠ ᠦᠪᠦᠷ ᠮᠣᠨᠭ᠍ᠭᠣᠯ ᠣᠨ ᠲᠦᠷᠪᠠᠳᠣᠬᠡᠷ ᠬᠣᠭᠣᠴᠠᠭᠠᠨ ᠣ ︽ ᠰᠠᠷᠠᠨ᠎ᠠ ︾ ᠱᠠᠨᠭ᠍ᠨᠠᠯ ᠢ ᠣᠯᠣᠭᠰᠠᠨ ᠶᠣᠮ ᠃

2︶.ᠭᠡᠷᠡᠯ

ᠨᠠᠶᠢᠷᠠᠭᠣᠯᠣᠨ ᠵᠣᠬᠢᠶᠠᠭᠰᠠᠨ  ᠨᠢ ᠄ ᠵᠤᠤ ᠯᠢᠨ ᠫᠢᠩ

ᠲᠣᠭᠯᠠᠭᠰᠠᠨ  ᠨᠢ ᠄ ᠰᠤᠳᠤᠨ᠎ᠠ

3︶.ᠵᠤᠯᠠᠨ ᠪᠦᠵᠢᠭ

4︶.ᠬᠤᠪᠢᠯᠭᠠᠨ ᠵᠤᠯᠠ ᠶᠢᠨ ᠪᠦᠵᠢᠭᠯᠡᠯ

5︶.ᠳ᠋ᠸᠩ  ᠤᠨ ᠪᠦᠵᠢᠭᠯᠡᠯ

ᠳ᠋ᠧᠩ  ᠦᠨ ᠪᠥᠵᠢᠭᠯᠡᠯ

ᠭᠡᠷᠡᠯ

ᠮᠥᠩᠬᠡ ᠵᠤᠯᠠ

ᠬᠤᠪᠢᠯᠭᠠᠨ ᠵᠤᠯᠠ  ᠶᠢᠨ ᠪᠥᠵᠢᠭᠯᠡᠯ

ᠵᠤᠯᠠᠨ ᠪᠥᠵᠢᠭ 1

ᠵᠤᠯᠠᠨ ᠪᠥᠵᠢᠭ

ᠰᠢᠭᠦᠮᠵᠢ ᠦᠯᠡᠳᠡᠭᠡᠬᠦ