• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 09.ᠭᠠᠭᠴᠠ ᠬᠦᠮᠦᠨ  ᠤ ᠪᠦᠵᠢᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-14
  • ᠄   40
  • ᠄   0
  • ᠄   0
  • ᠄  0

1︶.ᠡᠮᠨᠢᠭᠴᠢᠨ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠴᠠᠭᠠᠨᠴᠢᠯᠠᠭᠤ

ᠠᠶᠠᠯᠭᠣ ᠵᠣᠬᠢᠶᠠᠭᠰᠠᠨ  ᠨᠢ ᠄ ᠮᠢᠨᠭ  ᠲᠠᠢ

ᠲᠣᠭᠯᠠᠭᠰᠠᠨ  ᠨᠢ ᠄ ᠴᠠᠭᠠᠨᠴᠢᠯᠠᠭᠤ 1960 ᠣᠨ ᠳᠣ ᠠᠨᠭ᠍ᠬ᠎ᠠ ᠲᠣᠭᠯᠠᠪᠠ

ᠪᠦᠵᠢᠭ ᠲᠣ ᠠᠵᠣ ᠬᠦᠳᠡᠯᠮᠣᠷᠢ ᠵᠢᠨ ᠲᠣᠮᠳᠠᠬᠢ ᠮᠣᠷᠢ ᠣᠷᠭᠠᠯᠠᠬᠣ ᠂ ᠣᠷᠭ᠎ᠠ ᠪᠠᠨ ᠲᠠᠳᠠᠬᠣ ᠂ ᠣᠷᠭᠠᠯᠠᠭᠳᠠᠭᠰᠠᠨ ᠡᠮᠨᠢᠭ  ᠣᠨ ᠬᠣᠶᠢᠨ᠎ᠠ ᠡᠴᠠ ᠲᠠᠭᠠᠯᠳᠣᠨ ᠲᠠᠪᠬᠢᠬᠣ ᠪᠠ ᠵᠢᠴᠢ ᠮᠣᠷᠢ ᠣᠨᠣᠬᠣ ᠂ ᠮᠣᠷᠢᠨ ᠨᠢᠷᠣᠭᠣᠨ ᠡᠴᠠ ᠰᠠᠯᠬᠣ ᠂ ᠲᠠᠬᠢᠨ ᠪᠠᠶ᠎ᠠ ᠣᠷᠪᠠᠨ ᠮᠣᠷᠳᠠᠬᠣ ᠮᠠᠳᠣ ᠵᠢᠨ ᠦᠢᠯᠠ ᠬᠦᠳᠡᠯᠬᠡᠬᠡᠨ ᠢ ᠣᠷᠠᠯᠢᠭᠴᠢᠯᠠᠨ ᠮᠣᠨᠭ᠍ᠭᠣᠯ ᠵᠠᠯᠠᠭᠣᠴᠣᠳ ᠣᠨ ᠮᠠᠯᠵᠢᠯ ᠣᠨ ᠠᠮᠢᠳᠣᠷᠠᠯ ᠢ ᠲᠦᠷᠰᠣᠯᠢᠭ ᠰᠠᠶᠢᠬᠠᠨ ᠬᠠᠷᠠᠭᠣᠯᠪᠠ ᠃ ᠡᠮᠨᠢᠭᠴᠢᠨ  ᠣ ᠡᠮᠨᠢᠭ ᠲᠣᠭᠰᠢᠨ ᠮᠣᠷᠢᠳ ᠢ ᠨᠤᠮᠤᠬᠠᠳᠬᠠᠨ ᠰᠣᠷᠭᠠᠬᠣ ᠬᠦᠳᠠᠯᠮᠣᠷᠢ ᠵᠢᠨ ᠶᠠᠪᠣᠴᠠ ᠪᠠᠷ ᠳᠠᠮᠵᠢᠭᠣᠯᠵᠦ ᠨᠢᠬᠡᠨ ᠬᠦᠴᠦ ᠲᠣᠷᠪᠢᠳᠠᠢ ᠵᠠᠯᠠᠭᠣ ᠠᠳᠣᠭᠣᠴᠢᠨ ᠣ ᠡᠷᠡᠯᠭᠡᠭ  ᠰᠢᠭᠣᠷᠬᠠᠢ ᠂ ᠣᠬᠠᠭᠠᠨ ᠰᠠᠮᠪᠠᠭ᠎ᠠ  ᠲᠠᠢ ᠂ ᠨᠢᠴᠣᠰᠢ ᠦᠬᠡᠢ ᠲᠠᠮᠠᠴᠠᠳᠡᠭ᠍ ᠵᠣᠷᠢᠭ ᠰᠠᠨᠠᠭ᠎ᠠ ᠵᠢ ᠢᠯᠡᠷᠡᠬᠦᠯᠣᠭ᠍ᠰᠠᠨ ᠶᠣᠮ ᠃ ᠪᠦᠵᠢᠭ ᠲᠣ ᠮᠣᠨᠭ᠍ᠭᠣᠯ ᠦᠨᠳᠣᠰᠣᠳᠡᠨ ᠣ ᠪᠦᠵᠢᠭ  ᠲᠡᠬᠢ ︽ ᠮᠦᠷᠣ ᠴᠠᠴᠠᠷᠡᠬᠦᠯᠬᠦ ᠰᠢᠯᠬᠡᠬᠡᠬᠦ ᠂ ᠮᠣᠷᠢᠨ ᠣ ᠠᠯᠬᠣᠬ᠎ᠠ ᠂ ᠭᠠᠷ ᠬᠠᠶᠠᠯᠠᠬᠣ ︾ ᠵᠡᠷᠬᠡ ᠬᠦᠳᠡᠯᠬᠡᠬᠡᠨ - ᠲᠠᠪᠭᠣᠯᠣᠯ ᠶᠡᠬᠡᠰᠬᠡᠯ ᠣᠨ ᠣᠨᠴᠠᠯᠢᠭ ᠵᠶᠠᠷ ᠮᠣᠨᠭ᠍ᠭᠣᠯ ᠠᠷᠡᠭ᠍ᠳᠠᠶᠢᠴᠣᠳ ᠣᠨ ᠢᠳᠡᠷᠡᠬᠦᠨ ᠰᠦᠷᠯᠢᠬᠦᠨ ᠲᠦᠷᠢ ᠳᠦᠷᠭᠦ ᠵᠢ ᠣᠷᠠᠯᠢᠭ ᠣᠨ ᠲᠠᠶᠢᠰᠠᠨ ᠳᠣ ᠲᠠᠬᠢᠨ ᠢᠯᠡᠷᠡᠬᠦᠯᠵᠦ ᠂ ᠮᠣᠨᠭ᠍ᠭᠣᠯ ᠦᠨᠳᠣᠰᠣᠳᠡᠨ ᠣ ᠠᠷᠡᠭ᠍ᠳᠠᠢ ᠬᠦᠮᠦᠨ ᠣ ᠪᠦᠵᠢᠭ ᠣᠨ ᠣᠷᠠᠯᠢᠭ ᠣᠨ ᠬᠡᠪ ᠨᠠᠮᠪᠠ ᠂ ᠦᠨᠭᠭᠡ ᠣᠨᠴᠠᠯᠢᠭ ᠣᠨ ᠰᠠᠭᠣᠷᠢ ᠵᠢ ᠲᠠᠯᠪᠢᠵᠠᠢ ᠃ ᠲᠣᠰ ᠪᠦᠵᠢᠭ ᠦᠵᠡᠭᠴᠢᠳ ᠣᠨ ᠲᠠᠭᠠᠯᠠᠯ ᠳᠣ ᠨᠠᠶᠢᠴᠠᠭ᠍ᠰᠠᠨ ᠪᠠᠶᠢᠨ᠎ᠠ ᠃

2︶.ᠴᠢᠩ ᠰᠡᠳᠭᠢᠯ  ᠤᠨ ᠲᠠᠭᠤᠤ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠰᠠᠴᠠᠨᠳᠠᠷᠬᠢ

ᠠᠶᠠᠯᠭᠣ ᠵᠣᠬᠢᠶᠠᠭᠰᠠᠨ  ᠨᠢ ᠄ ᠰᠠᠮᠪᠣᠣ ᠮᠡᠷᠬᠡᠵᠢᠬᠦ

ᠲᠣᠭᠯᠠᠭᠰᠠᠨ  ᠨᠢ ᠄ ᠰᠠᠴᠠᠨᠳᠠᠷᠬᠢ 1977 ᠣᠨ ᠳᠣ ᠠᠨᠭ᠍ᠬ᠎ᠠ ᠲᠣᠭᠯᠠᠪᠠ

ᠪᠦᠵᠢᠭ ᠲᠣ ︽ ᠲᠦᠷᠪᠠᠨ ᠬᠦᠮᠦᠨ ᠣ ᠪᠦᠯᠦᠭ ︾ ᠢ ᠪᠣᠳᠠ ᠴᠣᠬᠢᠭᠰᠠᠨ ᠣ ᠳᠠᠷᠠᠭ᠎ᠠ ᠮᠣᠨᠭ᠍ᠭᠣᠯ ᠦᠨᠳᠣᠰᠣᠳᠡᠨ ᠣ ᠡᠮᠡᠭᠲᠡᠢᠴᠤᠳ  ᠪᠠᠶᠠᠷᠯᠠᠨ ᠬᠦᠭᠰᠠᠭ᠍ᠰᠠᠨ ᠴᠢᠨᠭ ᠰᠠᠳᠬᠢᠯ ᠣᠨ ᠲᠠᠭᠣᠣ ᠪᠠᠨ ᠲᠠᠭᠣᠯᠠᠬᠣ ᠵᠢ ᠬᠦᠰᠠᠭ᠍ᠰᠠᠨ ᠰᠠᠶᠢᠨ ᠰᠠᠶᠢᠬᠠᠨ ᠬᠦᠰᠠᠯ ᠡᠷᠡᠮᠡᠯᠵᠡᠯ ᠢ ᠢᠯᠠᠳᠬᠡᠵᠠᠢ ᠃ ᠪᠦᠵᠢᠭ ᠲᠣ ᠲᠠᠶᠢᠰᠠ ᠵᠢ ᠣᠯᠠᠨᠳᠠ ᠡᠷᠭᠢᠯᠳᠦᠬᠦ  ᠵᠢᠵᠢᠭ ᠠᠯᠬᠣᠭ᠎ᠠ ᠪᠠᠷ ᠪᠦᠵᠢᠭᠴᠢ ᠵᠢᠨ ᠣᠷᠬᠢᠯᠣᠮ᠎ᠠ ᠰᠠᠳᠬᠢᠯᠬᠡ ᠵᠢ ᠢᠯᠡᠷᠡᠬᠦᠯᠵᠦ ᠂ ᠲᠣᠭᠠᠴᠢᠬᠣ ᠬᠡᠯᠪᠡᠷᠢ ᠵᠢᠨ ᠠᠮᠢᠳᠣᠷᠠᠯ ᠣᠨ ᠬᠡᠯᠡᠪᠤᠷ ᠵᠶᠡᠷ ᠲᠡᠬᠦᠨ ᠣ ᠠᠮᠢᠳᠣᠷᠠᠯ ᠪᠠ ᠰᠠᠳᠬᠢᠯᠬᠡ ᠵᠢ ᠦᠵᠡᠬᠦᠯᠣᠨ ᠂ ᠮᠣᠨᠭ᠍ᠭᠣᠯ ᠦᠨᠳᠣᠰᠣᠳᠡᠨ ᠣ ᠣᠯᠠᠮᠵᠢᠯᠠᠯᠳᠣ ᠪᠦᠵᠢᠭ  ᠣᠨ ᠬᠦᠳᠡᠯᠬᠡᠬᠡᠨ  ᠢᠶᠠᠷ  ᠴᠠᠭ ᠦᠶ᠎ᠠ ᠵᠢᠨ ᠬᠦᠰᠠᠯ ᠱᠠᠭᠠᠷᠳᠠᠯᠭ᠎ᠠ ᠵᠢ ᠢᠯᠡᠷᠡᠬᠦᠯᠣᠨ ᠂ ᠠᠮᠣᠷ ᠵᠢᠮᠣᠷ ᠂ ᠵᠣᠯ ᠵᠢᠷᠭᠠᠯᠳᠣ ᠠᠮᠢᠳᠣᠷᠠᠯ  ᠣᠨ ᠬᠦᠰᠠᠯ ᠨᠠᠶᠢᠳᠠᠪᠣᠷᠢ ᠵᠢ ᠬᠦᠢᠴᠠᠳ ᠬᠠᠷᠠᠭᠣᠯᠣᠭᠰᠠᠨ ᠪᠠᠶᠢᠨ᠎ᠠ ᠃ ᠲᠣᠰ ᠪᠦᠵᠢᠭ 1980 ᠣᠨ ᠳᠣ ᠪᠣᠯᠣᠭᠰᠠᠨ ᠪᠦᠬᠦ ᠣᠯᠣᠰ ᠣᠨ ᠠᠨᠭ᠍ᠬᠠᠳᠣᠭᠠᠷ ᠬᠣᠭᠣᠴᠠᠭᠠᠨ ᠣ ᠪᠦᠵᠢᠭ ᠣᠨ ᠣᠷᠣᠯᠳᠣᠭᠠᠨ ᠣ ᠲᠣᠰᠬᠠᠢ ᠣᠷᠢᠭᠰᠠᠨ ᠲᠣᠭᠯᠠᠯᠳᠠ ᠳᠣ ᠰᠢᠯᠢᠳᠡᠭ ᠲᠣᠭᠯᠠᠭᠴᠢ ᠵᠢᠨ ᠱᠠᠨᠭ᠍ᠨᠠᠯ ᠬᠦᠷᠳᠠᠵᠠᠢ ᠃

3︶.ᠮᠤᠩᠭᠤᠯ ᠬᠦᠮᠦᠨ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠪᠠᠳᠣ ᠣᠳᠣᠨᠬᠡᠷᠡᠯ

ᠠᠶᠠᠯᠭᠣ ᠵᠣᠬᠢᠶᠠᠭᠰᠠᠨ  ᠨᠢ ᠄ ᠲᠡᠭᠷᠢ

ᠲᠣᠭᠯᠠᠭᠰᠠᠨ  ᠨᠢ ᠄ ᠣᠳᠣᠨᠬᠡᠷᠡᠯ 1993 ᠣᠨ ᠳᠣ ᠠᠨᠭ᠍ᠬ᠎ᠠ ᠲᠣᠭᠯᠠᠪᠠ

ᠪᠦᠵᠢᠭ ᠲᠣ ᠪᠦᠵᠢᠭᠴᠢ ᠬᠣᠶᠠᠷ ᠭᠠᠷ  ᠢᠶᠡᠨ  ᠴᠠᠬᠡᠵᠢᠨ ᠡᠮᠦᠨ᠎ᠡ  ᠪᠠᠨ ᠭᠣᠷᠪᠠᠨᠳᠠ ᠲᠠᠪᠬᠣᠷᠯᠠᠨ ᠠᠳᠬᠣᠭᠰᠠᠭᠠᠷ ᠲᠠᠶᠢᠰᠠᠨ ᠣ ᠠᠷᠣ ᠡᠴᠠ ᠠᠭᠠᠵᠢᠮᠬᠠᠨ ᠭᠠᠷᠴᠣ ᠢᠷᠡᠳᠡᠭ ᠃ ᠡᠭᠦᠨ  ᠢᠶᠡᠷ  ᠮᠣᠨᠭ᠍ᠭᠣᠯ ᠦᠨᠳᠣᠰᠣᠳᠡᠨ ᠣ ᠡᠮᠡᠭᠲᠡᠶᠢᠴᠦᠳ  ᠣᠨ ᠯᠠᠪᠳᠠᠭᠣᠨ ᠲᠣᠭᠳᠠᠭᠣᠨ ᠵᠠᠩ ᠴᠢᠨᠠᠷ ᠪᠣᠯᠣᠨ ᠪᠠᠭᠳᠠᠮᠵᠢ ᠪᠣᠯᠭᠣᠮᠵᠢ  ᠲᠠᠢ ᠣᠪᠣᠷ ᠪᠠᠶᠢᠳᠠᠯ ᠢ ᠬᠠᠷᠠᠭᠣᠯᠣᠨ ᠂ ᠲᠣᠳᠣᠭᠠᠳᠣ ᠰᠠᠳᠬᠢᠯ ᠣᠨ ᠭᠠᠳᠠᠭᠠᠳᠣ ᠢᠯᠡᠷᠡᠯ  ᠢᠶᠡᠷ  ᠠᠳᠠᠯᠢ ᠪᠣᠰᠣ ᠱᠠᠳᠣ ᠦᠶ᠎ᠠ  ᠳᠡᠬᠢ ᠴᠠᠭ ᠡᠷᠢᠨ  ᠣ ᠦᠨᠭᠭᠡ ᠣᠨᠴᠠᠯᠢᠭ ᠢ ᠢᠯᠠᠳᠬᠡᠭ᠍ᠰᠠᠨ ᠶᠣᠮ ᠃ ᠪᠦᠵᠢᠭᠯᠠᠯ ᠲᠦᠷᠬᠡᠨ ᠪᠣᠯᠬᠣ ᠦᠶᠠᠰ ᠪᠦᠵᠢᠭᠴᠢ ᠪᠠᠩᠵᠢᠯ  ᠦᠨ  ᠢᠶᠡᠨ ᠡᠮᠦᠨ᠎ᠡ  ᠬᠣᠶᠢᠨ᠎ᠠ ᠬᠣᠶᠠᠷ ᠲᠠᠯ᠎ᠠ ᠵᠢ ᠠᠳᠬᠣᠨ ᠬᠦᠳᠡᠯᠬᠡᠵᠦ ᠲᠦᠷᠬᠡᠬᠡᠨ ᠪᠠᠶ᠎ᠠ ᠣᠷᠪᠠᠨ ᠮᠦᠷᠣ ᠪᠠᠨ ᠰᠢᠯᠬᠡᠬᠡᠨ ᠣᠬᠣᠷᠢᠵᠦ ᠶᠠᠪᠣᠬᠣ  ᠳᠠᠭᠠᠨ ᠬᠠᠷᠠᠭᠠᠰᠣ ᠪᠠᠨ ᠬᠣᠪᠢᠷᠠᠭᠣᠯᠣᠨ ︽ ᠮᠦᠷᠣ ᠪᠠᠨ ᠴᠠᠴᠠᠷᠡᠬᠦᠯᠬᠦ ︾ ︽ ᠮᠦᠷᠣ ᠪᠠᠨ ᠡᠷᠭᠦᠯᠭᠢᠯᠡᠬᠦ  ︾ ᠂ ︽ ᠮᠦᠷᠣ ᠪᠠᠨ ᠰᠣᠯᠢᠪᠴᠠᠭᠣᠯᠣᠨ ᠬᠦᠳᠡᠯᠬᠡᠬᠦ ︾ ᠵᠡᠷᠬᠡ ᠬᠦᠳᠡᠯᠬᠡᠬᠡᠨ  ᠢᠶᠡᠷ  ᠪᠦᠵᠢᠭ  ᠦᠨ ᠠᠢᠢᠵᠠᠮ  ᠢ ᠲᠣᠪᠣᠶᠢᠯᠭᠠᠨ ᠂ ᠲᠠᠯᠠᠪᠣᠷ ᠣᠨ ᠬᠣᠪᠢᠷᠠᠯᠳᠠ ᠵᠢ ᠲᠦᠷᠬᠡᠰᠬᠡᠨ ᠣᠳᠣ ᠦᠶ᠎ᠠ ᠵᠢᠨ ᠮᠣᠨᠭ᠍ᠭᠣᠯ ᠠᠮᠡᠭ᠍ᠳᠠᠶᠢᠴᠣᠳ ᠣᠨ ᠴᠣᠭ ᠵᠢᠪᠬᠣᠭ᠎ᠠ ᠣᠮᠣᠭ ᠲᠡᠬᠦᠯᠳᠠᠷ ᠲᠦᠷᠰᠣ ᠪᠠᠶᠢᠳᠠᠯ ᠢ ᠬᠠᠷᠠᠭᠤᠯᠤᠨ᠎ᠠ ᠃ ᠪᠦᠵᠢᠭ  ᠨᠢ ᠬᠡᠳᠣᠨ ᠦᠶ᠎ᠠ ᠵᠢᠨ ᠪᠦᠵᠢᠭᠴᠢᠳ ᠣᠨ ᠣᠷᠠᠯᠢᠭ ᠣᠨ ᠬᠡᠪ ᠨᠠᠮᠪᠠ ᠵᠢ ᠲᠦᠪᠯᠠᠷᠠᠬᠦᠯᠣᠨ ᠬᠠᠳᠠᠭᠠᠯᠠᠭᠰᠠᠨ ᠵᠣᠬᠢᠬᠣ ᠬᠡᠮᠵᠢᠶᠠᠨ ᠣ ᠲᠦᠯᠣᠬᠡᠯᠠᠬᠦ ᠴᠢᠨᠠᠷᠳᠠᠢ ᠪᠢᠯᠠ ᠃ 1993 ᠣᠨ ᠳᠣ ᠪᠡᠬᠡᠵᠢᠨᠭ ᠳᠣ ᠪᠣᠯᠣᠭᠰᠠᠨ ᠬᠣᠪᠢ ᠬᠦᠮᠦᠨ ᠣ ᠪᠦᠵᠢᠭ ᠣᠨ ᠦᠳᠡᠰᠢᠯᠡᠭᠡ ᠳᠡᠬᠡᠷ᠎ᠠ ᠵᠣᠬᠢᠶᠠᠭᠴᠢ ᠪᠦᠬᠡᠳ ᠲᠣᠭᠯᠠᠭᠴᠢ ᠣᠳᠣᠨᠬᠡᠷᠡᠯ ︽ ᠮᠣᠨᠭ᠍ᠭᠣᠯ ᠬᠦᠮᠦᠨ ︾ ᠪᠦᠵᠢᠭ  ᠢᠶᠡᠷ  ᠢᠶᠠᠨ  ᠲᠣᠭᠯᠠᠯᠳᠠ ᠵᠢᠨ ᠰᠠᠬᠦᠯ ᠬᠣᠷᠢᠶᠠᠭᠠᠳ ᠶᠡᠬᠡᠬᠡᠨ ᠠᠮᠵᠢᠯᠳᠠ ᠣᠯᠵᠦ ᠂ ᠦᠵᠠᠭ᠍ᠴᠢᠳ ᠲᠣ ᠬᠦᠨᠵᠡᠬᠡᠢ ᠬᠣᠨᠣᠭᠰᠢᠯ ᠢ ᠬᠣᠴᠣᠷᠭᠠᠵᠠᠢ ᠃

4︶.ᠨᠢᠰᠥᠭᠴᠢ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠣᠳᠣᠨᠬᠡᠷᠡᠯ

ᠠᠶᠠᠯᠭᠣ ᠵᠣᠬᠢᠶᠠᠭᠰᠠᠨ  ᠨᠢ ᠄ ᠸᠠᠩ  ᠷᠦᠢ ᠯᠢᠨ

ᠲᠣᠭᠯᠠᠭᠰᠠᠨ  ᠨᠢ ᠄ ᠣᠳᠣᠨᠬᠡᠷᠡᠯ   1990 ᠣᠨ ᠳ᠋ᠣ ᠠᠨᠭ᠍ᠬ᠎ᠠ ᠲᠣᠭᠯᠠᠪᠠ

ᠬᠦᠨ ᠴᠠᠨᠭ᠍ᠭᠡᠷ ᠣᠭᠳᠠᠷᠭᠣᠢ ᠳᠣ ᠠᠷᠬᠡ ᠲᠣᠷ᠎ᠠ ᠪᠠᠷ ᠢᠶᠠᠨ  ᠬᠠᠯᠢᠨ  ᠲᠡᠬᠦᠯᠢᠨ ᠨᠢᠰᠬᠦ ᠵᠢᠬᠦᠷᠳᠠᠨ ᠰᠢᠪᠠᠭᠣᠳ ᠢᠶᠡᠷ  ᠬᠦᠮᠣᠰ ᠠᠨᠭ᠍ᠭᠡ ᠲᠠᠢᠪᠦᠩ ᠂ ᠡᠷᠬᠡ ᠴᠢᠯᠣᠬᠡ ᠂ ᠵᠣᠯ ᠵᠢᠷᠭᠠᠯ ᠣᠨ ᠪᠡᠯᠬᠡ ᠲᠡᠮᠳᠡᠭ ᠪᠣᠯᠭᠠᠳᠠᠭ ᠃ ᠮᠣᠨᠭ᠍ᠭᠣᠯ ᠦᠨᠳᠣᠰᠣᠳᠡᠨ ᠣ ᠪᠦᠵᠢᠭᠴᠢᠨ ᠣᠳᠣᠨᠬᠡᠷᠡᠯ ᠲᠠᠯ᠎ᠠ ᠨᠣᠳᠣᠭ ᠣᠨ ᠠᠮᠢᠳᠣᠷᠠᠯ ᠣᠨ ᠤᠶᠢᠯᠠᠭᠠᠯᠳᠠ ᠪᠠ ᠣᠷᠠᠯᠢᠭ ᠣᠨ ᠠᠪᠢᠶᠠᠰ  ᠢᠶᠡᠷ  ︽ ᠨᠢᠰᠣᠭ᠍ᠴᠢ ︾ ᠪᠦᠵᠢᠭ ᠢ ᠵᠣᠬᠢᠶᠠᠵᠠᠢ ᠃

ᠪᠦᠵᠢᠭ ᠲᠣ ᠠᠭᠣᠳᠠᠮ ᠨᠣᠮᠢᠨ ᠣᠭᠳᠠᠷᠭᠣᠢ  ᠳᠦ ᠡᠷᠬᠡ  ᠲᠠᠪᠠ ᠪᠠᠷ  ᠢᠶᠡᠷ  ᠨᠢᠰᠣᠨ ᠳᠡᠭᠦᠯᠢᠭᠴᠢ ᠬᠣᠨ ᠭᠠᠯᠠᠭᠣ ᠨᠠᠭᠣᠷ ᠲᠣ ᠪᠠᠭᠣᠵᠦ ᠂ ᠣᠰᠣ ᠤᠤᠭᠤᠨ ᠂ ᠦᠳᠤ  ᠰᠣᠳᠣ ᠪᠠᠨ ᠵᠠᠰᠠᠨ ᠴᠢᠮᠡᠭᠯᠠᠵᠦ ᠂ ᠨᠠᠭᠠᠳᠣᠨ ᠴᠢᠮᠠᠭ᠍ᠰᠠᠨ ᠣ ᠳᠠᠷᠠᠭ᠎ᠠ ᠲᠠᠬᠢᠨ ᠬᠦᠬᠡ ᠣᠭᠳᠠᠷᠭᠣᠢ  ᠳᠠᠭᠠᠨ ᠨᠢᠰᠴᠣ ᠲᠡᠬᠦᠯᠢᠭᠰᠠᠨ ᠶᠠᠪᠣᠴᠠ ᠪᠠᠷ ᠳᠠᠮᠵᠢᠭᠣᠯᠵᠦ ᠬᠦᠮᠦᠨ ᠪᠠᠶᠢᠭᠠᠯᠢ ᠬᠣᠶᠠᠷ ᠣᠨ ᠵᠣᠬᠢᠴᠠᠨᠭ᠍ᠭᠣᠢ ᠣᠷᠴᠢᠨ ᠲᠣᠭᠣᠷᠢᠨ  ᠳᠡᠬᠢ ᠲᠠᠯ᠎ᠠ ᠨᠣᠳᠣᠭ ᠣᠨ ᠬᠡᠣᠬᠡᠨᠴᠣᠳ ᠣᠨ ᠲᠠᠢᠪᠦᠩ  ᠴᠢᠯᠣᠬᠡᠳᠣ ᠰᠢᠨ᠎ᠠ ᠠᠮᠢᠳᠣᠷᠠᠯ ᠣᠨ ᠲᠣᠬᠠᠢ ᠣᠶᠢᠯᠭᠠᠯᠳᠠ ᠪᠠ ᠬᠦᠰᠠᠯ ᠨᠠᠶᠢᠳᠠᠯᠭ᠎ᠠ ᠵᠢ ᠢᠯᠠᠳᠬᠡᠪᠠ ᠃

ᠪᠦᠵᠢᠭ ᠲᠣ ᠭᠠᠷ ᠬᠣᠷᠣᠭᠣᠨ ᠣ ᠠᠵᠢᠯᠯᠠᠭ᠎ᠠ ᠪᠠᠷ ᠰᠢᠪᠠᠭᠣᠨ ᠣ ᠵᠢᠬᠦᠷ ᠪᠣᠯᠭᠠᠨ ᠬᠠᠯᠢᠨ ᠲᠡᠬᠦᠯᠢᠬᠦ ᠦᠢᠯᠠ ᠬᠦᠳᠡᠯᠬᠡᠬᠡᠨ ᠢ ᠢᠯᠠᠳᠬᠡᠵᠦ ᠂ ᠡᠷᠬᠡ  ᠴᠢᠯᠣᠬᠡᠳᠣ ᠬᠣᠨ ᠭᠠᠯᠠᠭᠣᠨ ᠣ ᠣᠶᠢᠷ᠎ᠠ ᠡᠴᠠ ᠬᠣᠯᠠ ᠂ ᠬᠣᠯᠠ ᠡᠴᠠ ᠣᠶᠢᠷ᠎ᠠ ᠬᠠᠯᠢᠨ ᠲᠡᠬᠦᠯᠢᠬᠦ ᠲᠦᠷᠰᠣ ᠪᠠᠶᠢᠳᠠᠯ ᠢ ᠦᠨᠠᠨ ᠮᠦᠨ ᠢᠶᠡᠷ  ᠲᠣᠪᠣᠶᠢᠯᠭᠠᠨ ᠦᠵᠡᠬᠦᠯᠵᠠᠢ ᠃ ᠪᠦᠵᠢᠭ ᠣᠨ ᠰᠠᠳᠬᠢᠮᠵᠢ  ᠨᠢ ᠰᠢᠨ᠎ᠠ ᠰᠠᠪᠠᠬᠦᠨ ᠂ ᠢᠯᠠᠳᠬᠡᠬᠦ ᠠᠷᠭ᠎ᠠ  ᠨᠢ ᠦᠪᠡᠷᠮᠢᠴᠠ ᠣᠨᠳᠣᠣ ᠂ ᠬᠦᠮᠣᠨᠴᠢᠯᠠᠬᠦ ᠠᠷᠭ᠎ᠠ ᠪᠠᠷ ᠲᠠᠶᠢᠰᠠᠨ ᠣ ᠣᠷᠠᠯᠢᠭ ᠣᠨ ᠦᠷ᠎ᠠ ᠨᠦᠯᠣᠬᠡ ᠵᠢ ᠴᠢᠩᠭᠠᠳᠬᠠᠪᠠ ᠃

ᠲᠣᠰ ᠪᠦᠵᠢᠭ ᠪᠦᠬᠦ ᠣᠯᠣᠰ ᠣᠨ ᠴᠦᠬᠡᠨ ᠲᠣᠭᠠᠳᠣ ᠦᠨᠳᠣᠰᠣᠳᠡᠨ ᠣ ᠪᠦᠵᠢᠭ ᠣᠨ ᠶᠡᠬᠡ ᠣᠷᠣᠯᠳᠣᠭᠠᠨ ᠳᠣ ᠵᠣᠬᠢᠶᠠᠨ ᠪᠦᠳᠣᠬᠡᠬᠦ ᠂ ᠲᠣᠭᠯᠠᠬᠣ ᠬᠣᠶᠠᠷ ᠵᠦᠢᠯ ᠳᠣ ᠪᠦᠷ ᠲᠡᠷᠢᠬᠦᠨ ᠱᠠᠨᠭ᠍ᠨᠠᠯ ᠢ ᠬᠦᠷᠳᠠᠵᠠᠢ ᠃

5︶.ᠮᠤᠷᠢᠨ ᠬᠤᠭᠤᠷ  ᠤᠨ ᠡᠭᠡᠰᠢᠭ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠬᠠᠰ

ᠠᠶᠠᠯᠭᠣ ᠵᠣᠬᠢᠶᠠᠭᠰᠠᠨ  ᠨᠢ ᠄ ᠴᠠᠭᠠᠨ

ᠲᠣᠭᠯᠠᠭᠰᠠᠨ  ᠨᠢ ᠄ ᠪᠠᠭᠠᠨ᠎ᠠ   1999 ᠣᠨ ᠳ᠋ᠣ ᠠᠨᠭ᠍ᠬ᠎ᠠ ᠲᠣᠭᠯᠠᠪᠠ

ᠪᠦᠵᠢᠭ ᠲᠣ ᠮᠣᠨᠭ᠍ᠭᠣᠯ ᠦᠨᠳᠣᠰᠣᠳᠡᠨ ᠣ ᠲᠠᠭᠣᠣ ᠬᠦᠭᠵᠢᠮ ᠪᠣᠯᠣᠨ ᠮᠣᠷᠢᠨ ᠬᠣᠭᠣᠷ ᠲᠣ ᠪᠠᠬᠠᠳᠠᠢ ᠨᠢᠬᠡᠨ ᠵᠠᠯᠠᠭᠤ ᠲᠣᠶᠢᠯ ᠣᠨ ᠶᠡᠬᠡ ᠬᠦᠰᠠᠯ ᠨᠠᠶᠢᠳᠠᠯᠭ᠎ᠠ ᠵᠢ ᠡᠪᠣᠷᠯᠠᠨ ᠬᠦᠭᠵᠢᠮ ᠣᠨ ᠡᠭᠡᠰᠢᠭ  ᠢ ᠲᠠᠭᠠᠯᠳᠣᠨ ᠮᠣᠷᠢᠨ ᠬᠣᠭᠣᠷ ᠣᠨ ᠦᠯᠢᠬᠡᠷ ᠢ ᠡᠷᠢᠭᠰᠡᠨ  ᠃ ᠡᠷᠳᠡᠨ  ᠣ ᠬᠦᠭᠵᠢᠮ ᠣᠨ ᠡᠭᠡᠰᠢᠭᠯᠡᠯ  ᠂ ᠣᠷᠳᠣ ᠣᠳᠠᠭᠠᠨ ᠲᠠᠭᠣᠷᠢᠰᠣᠭᠰᠠᠨ ᠠᠶᠠᠯᠭᠣ  ᠨᠢ ᠲᠡᠬᠦᠨ ᠢ ᠬᠦᠨ ᠪᠣᠳᠣᠯ ᠳᠣ ᠬᠦᠳᠣᠯᠣᠭ᠍ᠰᠠᠨ ᠂ ᠲᠠᠷᠠ ᠵᠠᠯᠠᠭᠣ ᠡᠴᠣᠰ ᠲᠠᠬᠢᠨ ᠦᠪᠡᠷ  ᠢᠶᠠᠨ  ᠮᠣᠷᠢᠨ ᠬᠣᠭᠣᠷ ᠬᠣᠭᠣᠷᠳᠠᠭᠰᠠᠭᠠᠷ ᠬᠦᠭᠵᠢᠮ ᠣᠨ ᠡᠬᠡᠰᠢᠭ  ᠲᠣ ᠰᠣᠭᠳᠣᠭᠣᠷᠠᠭᠰᠠᠨ ᠦᠢᠯᠠ ᠶᠠᠪᠣᠳᠠᠯ ᠢ ᠬᠠᠷᠠᠭᠣᠯᠵᠠᠢ ᠃ ᠪᠦᠵᠢᠭ ᠲᠣ ᠮᠣᠨᠭ᠍ᠭᠣᠯ ᠦᠨᠳᠣᠰᠣᠳᠡᠨ ᠣ ᠪᠦᠵᠢᠭ ᠣᠨ ᠦᠢᠯᠠ ᠬᠦᠳᠡᠯᠬᠡᠬᠡᠨ ᠳᠣ ᠰᠠᠭᠣᠷᠢᠯᠠᠭᠣᠯᠵᠦ ᠮᠣᠷᠢᠨ ᠬᠣᠭᠣᠷ ᠬᠣᠭᠣᠷᠳᠠᠬᠣ ᠦᠢᠯᠠ ᠬᠦᠳᠡᠯᠬᠡᠬᠡᠨ ᠢ ᠶᠡᠬᠡᠰᠬᠡᠯ ᠂ ᠲᠠᠪᠠᠭᠣᠯᠣᠯ ᠣᠨ ᠠᠷᠭ᠎ᠠ ᠪᠠᠷ ᠬᠣᠭᠣᠷᠳᠠᠨ ᠪᠠᠶᠢᠭ᠎ᠠ ᠬᠦᠭᠵᠢᠮᠴᠢᠨ ᠣ ᠬᠦᠳᠠᠯᠣᠯ ᠪᠠᠶᠢᠳᠠᠯ ᠪᠠ ᠲᠣᠳᠣᠭᠠᠳᠣ ᠰᠠᠳᠬᠢᠯᠬᠡ ᠵᠢ ᠢᠯᠠᠳᠬᠡᠪᠠ ᠃ ᠪᠦᠵᠢᠭ ᠣᠨ ᠦᠢᠯᠠ ᠬᠦᠳᠡᠯᠬᠡᠬᠡᠨ  ᠨᠢ ᠭᠣᠶᠣ ᠂ ᠲᠦᠷᠢ ᠲᠦᠷᠬᠦ  ᠨᠢ ᠲᠠᠭᠠᠯᠠᠮᠵᠢᠳᠠᠢ ᠃ ᠦᠵᠠᠭ᠍ᠴᠢᠳ ᠲᠣ ᠣᠷᠠᠯᠢᠭ ᠣᠨ ᠬᠦᠷᠳᠡᠬᠡᠯ ᠣᠯᠭᠣᠨ᠎ᠠ ᠃

ᠲᠣᠰ ᠪᠦᠵᠢᠭ ᠠᠷᠪᠠᠳᠣᠭᠠᠷ ᠬᠣᠭᠣᠴᠠᠭᠠᠨ ᠣ ︽ ᠲᠣᠭᠣᠰ ᠬᠣᠨᠳᠣᠭᠠᠳᠣ ︾ ᠴᠦᠬᠡᠨ ᠲᠣᠭᠠᠳᠣ ᠦᠨᠳᠣᠰᠣᠳᠡᠨ ᠣ ᠪᠦᠵᠢᠭ ᠣᠨ ᠣᠷᠣᠯᠳᠣᠭᠠᠨ ᠳᠣ ᠵᠣᠬᠢᠶᠠᠨ ᠪᠦᠳᠣᠬᠡᠯᠬᠡ ᠵᠢᠨ ᠲᠡᠷᠢᠬᠦᠨ ᠱᠠᠨᠭ᠍ᠨᠠᠯ ᠂ ᠲᠣᠭᠯᠠᠯᠳᠠ ᠵᠢᠨ ᠲᠠᠳ᠋ ᠱᠠᠨᠭ᠍ᠨᠠᠯ ᠢ ᠬᠦᠷᠳᠡᠵᠠᠢ ᠃

6︶.ᠡᠬᠡ ᠶᠢᠨ ᠬᠠᠶᠢᠷ᠎ᠠ (ᠰᠤᠨᠢᠷᠬᠠᠠᠠᠤ)

7︶.ᠰᠡᠳᠭᠢᠯ  ᠳᠡᠬᠢ ᠭᠠᠳᠠ (ᠰᠤᠨᠢᠷᠬᠠᠠᠠᠤ)

8︶.ᠬᠦᠯᠢᠶᠡᠯᠲᠡ(ᠰᠤᠨᠢᠷᠬᠠᠠᠠᠤ)

9︶.ᠪᠠᠶᠠᠰᠤᠯ (ᠲᠠᠨᠢᠯᠴᠠᠭᠤᠯᠭ᠎ᠠ)

ᠭᠠᠭᠴᠠ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠵᠢᠶᠠ ᠰᠦᠸᠸ ᠭᠤᠸᠠᠩ

ᠠᠶᠠᠯᠭᠣ ᠵᠣᠬᠢᠶᠠᠭᠰᠠᠨ  ᠨᠢ ᠄ ᠯᠢᠣ ᠰᠢᠨᠭ ᠬᠠᠨ

ᠲᠣᠭᠯᠠᠭᠰᠠᠨ  ᠨᠢ ᠄ ᠣᠳᠣᠮᠠᠯ   1976 ᠣᠨ ᠳ᠋ᠣ ᠠᠨᠭ᠍ᠬ᠎ᠠ ᠲᠣᠭᠯᠠᠪᠠ

ᠪᠦᠵᠢᠭ ᠲᠣ ᠮᠣᠨᠭ᠍ᠭᠣᠯ ᠦᠨᠳᠣᠰᠣᠳᠡᠨ ᠣ ᠠᠮᠡᠭ᠍ᠳᠠᠶᠢᠴᠣᠳ ᠣᠨ ᠬᠡᠷ ᠨᠣᠳᠣᠭ  ᠢᠶᠠᠨ  ᠬᠠᠶᠢᠷᠠᠯᠠᠬᠣ ᠂ ᠠᠮᠢᠳᠣᠷᠠᠯ ᠢ ᠬᠠᠶᠢᠷᠠᠯᠠᠬᠣ ᠪᠠᠶᠠᠷᠯᠠᠨᠭ᠍ᠭᠣᠢ ᠰᠠᠳᠬᠢᠯᠬᠡ ᠵᠢ ᠢᠯᠠᠳᠬᠡᠵᠠᠢ ᠃ ᠪᠦᠵᠢᠭ ︽ ᠨᠢᠷᠣᠭᠣ  ᠪᠠᠨ ᠶᠡᠬᠡ ᠪᠠᠷ ᠬᠦᠳᠡᠯᠬᠡᠬᠦ ︾ ᠪᠠᠷ ᠡᠬᠢᠯᠡᠨ  ︽ ᠲᠣᠭᠣᠷᠢᠭ ᠠᠯᠬᠣᠭ᠎ᠠ ︾ ᠪᠠᠷ ᠲᠣᠭᠯᠠᠯᠳᠠ ᠵᠢᠨ ᠲᠠᠶᠢᠰᠠ ᠵᠢ ᠲᠣᠭᠣᠶᠢᠯᠠᠨ ᠡᠷᠭᠢᠯᠳᠤᠵᠤ  ᠪᠦᠵᠢᠭᠴᠢᠨ ᠣ ᠠᠮᠢᠳᠣᠷᠠᠯ ᠣᠨ ᠲᠣᠬᠠᠢ ᠰᠠᠷᠠᠭ᠍ᠳᠠᠯ ᠪᠠ ᠬᠡᠷ ᠨᠣᠳᠣᠭ ᠢᠶᠠᠨ  ᠬᠠᠶᠢᠷᠠᠯᠠᠬᠣ ᠰᠠᠳᠬᠢᠯᠬᠡ ᠵᠢ ᠢᠯᠡᠷᠡᠬᠦᠯᠪᠠ ᠃ ᠡᠬᠢᠯᠡᠯᠲᠡ ᠵᠢᠨ ᠬᠦᠭᠵᠢᠮ ᠣᠨ ᠳᠠᠷᠠᠭ᠎ᠠ ᠪᠦᠵᠢᠭᠴᠢᠨ ᠲᠤᠭᠠᠴᠢᠯᠳᠠ ᠵᠢᠨ ᠴᠢᠨᠠᠷᠳᠠᠢ ᠬᠦᠳᠡᠯᠬᠡᠬᠡᠨ ᠣ ᠬᠡᠯᠪᠡᠷᠢ  ᠪᠠᠷ ᠬᠦᠳᠠᠯᠣᠨᠭ᠍ᠭᠦᠢ ᠲᠣᠳᠣᠷᠠᠬᠢ ᠨᠠᠮᠵᠢᠭᠣᠨ ᠪᠠᠶᠢᠳᠠᠯ ᠢ ᠰᠣᠨᠭ᠍ᠭᠣᠵᠦ ᠂ ᠲᠣᠭᠳᠠᠭᠣᠨ ᠲᠣᠳᠣᠷ᠎ᠠ ᠡᠴᠠ ᠣᠨᠳᠣᠷᠣᠮᠠᠯ ᠰᠠᠳᠬᠢᠭ᠍ᠳᠠᠯ ᠢ ᠢᠯᠠᠳᠬᠡᠵᠦ ᠂ ᠮᠣᠨᠭ᠍ᠭᠣᠯ ᠡᠮᠡᠭᠲᠡᠶᠢᠴᠦᠳ  ᠣᠨ ︽ ᠪᠠᠶᠠᠰᠣᠯ ︾ ᠡᠴᠠ ᠪᠣᠯᠣᠭᠰᠠᠨ ᠴᠠᠭ ᠡᠷᠢᠨ   ᠣ ᠵᠣᠷᠢᠭ ᠰᠠᠨᠠᠭ᠎ᠠ ᠵᠢ ᠣᠷᠠᠯᠢᠭ ᠢᠶᠡᠷ  ᠲᠠᠬᠢᠨ ᠢᠯᠡᠷᠡᠬᠦᠯᠣᠭ᠍ᠰᠠᠨ ᠪᠠᠶᠢᠨ᠎ᠠ ᠃ ᠪᠦᠵᠢᠭ ᠣᠨ ᠡᠴᠣᠰ ᠲᠣ ᠪᠦᠵᠢᠭᠴᠢ ᠪᠠᠶ᠎ᠠ ᠡᠷᠭᠢᠨ  ᠦᠵᠠᠭ᠍ᠴᠢᠳ ᠲᠣ ︽ ᠪᠠᠶ᠎ᠠ ᠪᠠᠨ ᠦᠵᠡᠬᠦᠯᠣᠨ ︾ ᠬᠠᠵᠠᠭᠣ ᠵᠢᠨ ᠬᠦᠰᠢᠬᠡ ᠲᠡᠢᠢᠰᠢ  ᠶᠠᠪᠣᠭᠰᠠᠨ ᠴᠣ ᠬᠠᠷᠢᠨ ᠬᠦᠮᠣᠰ ᠣᠨ ᠦᠳᠡᠯᠬᠡ ᠲᠣᠮᠳᠠ ᠬᠡᠨᠠᠳᠳᠠ  ᠪᠠᠷ ᠪᠠᠶ᠎ᠠ ᠡᠷᠭᠢᠵᠤ  ᠲᠠᠬᠢᠨ ᠨᠢᠬᠡ ᠣᠳᠠᠭ᠎ᠠ ᠲᠠᠶᠢᠰᠠ ᠵᠢ ᠲᠣᠭᠣᠷᠢᠭᠰᠠᠭᠠᠷ ᠲᠠᠶᠢᠰᠠ ᠵᠢᠨ ᠲᠦᠪ ᠲᠣ ᠬᠦᠷᠴᠣ ᠦᠵᠠᠭ᠍ᠴᠢᠳ ᠲᠣ ᠲᠠᠯᠠᠷᠬᠠᠭᠠᠳ ᠬᠦᠰᠢᠬᠡ ᠬᠠᠭᠠᠭᠳᠠᠨ᠎ᠠ ᠃ ᠡᠨᠡᠬᠦ  ᠣᠷᠠᠯᠢᠭ ᠣᠨ ᠢᠯᠠᠳᠬᠡᠬᠦ ᠠᠷᠭ᠎ᠠ  ᠨᠢ ᠲᠠᠶᠢᠰᠠᠨ ᠣ ᠣᠷᠠᠯᠢᠭ ᠣᠨ ᠠᠮᠵᠢᠯᠳᠠ ᠵᠢ ᠲᠣᠪᠣᠶᠢᠯᠭᠠᠵᠠᠢ ᠃ ᠪᠦᠵᠢᠭ ᠣᠨ ᠣᠯᠠᠨ ᠣᠳᠠᠭᠠᠨ ᠣ ᠲᠣᠭᠯᠠᠯᠳᠠ ᠳᠣ ᠵᠠᠯᠭᠠᠯᠳᠣᠭ᠎ᠠ ᠪᠠᠷ ᠲᠠᠯᠠᠷᠬᠠᠨ ᠬᠦᠰᠢᠬᠡ ᠬᠠᠭᠠᠬᠣ  ᠨᠢ ᠣᠯᠣᠰ ᠣᠨ ᠲᠣᠳᠣᠭᠠᠳᠣ ᠭᠠᠳᠠᠭᠠᠳᠣ ᠵᠢᠨ ᠦᠵᠠᠭ᠍ᠴᠢᠳ ᠣᠨ ᠦᠨᠳᠣᠷ ᠦᠨᠠᠯᠠᠯᠳᠠ ᠵᠢ ᠣᠯᠣᠭᠰᠠᠨ ᠶᠣᠮ ᠃

10︶.ᠬᠠᠶᠢᠷ᠎ᠠ ᠰᠢᠩᠭᠡᠭᠰᠡᠨ ᠲᠠᠯ᠎ᠠ ᠨᠤᠲᠤᠭ (ᠰᠤᠨᠢᠷᠬᠠᠠᠠᠤ)

11︶.ᠤᠷᠡᠨᠭᠤᠸ᠎ᠠ (ᠰᠤᠨᠢᠷᠬᠠᠠᠠᠤ)

12︶.ᠡᠷᠭᠢᠴᠡᠭᠥᠯᠥᠯ (ᠰᠤᠨᠢᠷᠬᠠᠠᠠᠤ)

ᠬᠦᠯᠢᠶᠡᠯᠲᠡ

ᠡᠷᠭᠢᠴᠡᠭᠥᠯᠥᠯ

ᠮᠤᠩᠭᠤᠯ ᠬᠦᠮᠦᠨ

ᠮᠤᠷᠢᠨ ᠬᠤᠭᠤᠷ  ᠤᠨ ᠡᠭᠡᠰᠢᠭ

ᠡᠬᠡ ᠶᠢᠨ ᠬᠠᠶᠢᠷ᠎ᠠ

ᠬᠠᠶᠢᠷ᠎ᠠ ᠰᠢᠩᠭᠡᠭᠰᠡᠨ ᠲᠠᠯ᠎ᠠ ᠨᠤᠲᠤᠭ

ᠤᠷᠡᠨᠭᠤᠸ᠎ᠠ

ᠨᠢᠰᠥᠭᠴᠢ

ᠡᠮᠨᠢᠭᠴᠢᠨ

ᠪᠠᠶᠠᠰᠤᠯ

ᠰᠡᠳᠬᠢᠯ ᠳ᠋ᠡᠬᠢ ᠭᠠᠳᠠ

ᠴᠢᠩ ᠰᠡᠳᠬᠢᠯ  ᠦᠨ ᠳᠠᠭᠤᠤ

ᠰᠢᠭᠦᠮᠵᠢ ᠦᠯᠡᠳᠡᠭᠡᠬᠦ