• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 13.ᠡᠷᠡᠭᠳᠠᠢ ᠡᠮᠡᠭᠳᠠᠢ ᠤᠯᠠᠨ ᠬᠦᠮᠦᠨ  ᠤ ᠪᠦᠵᠢᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-14
 • ᠄   121
 • ᠄   0
 • ᠄   0
 • ᠄  0

1︶.ᠤᠷᠳᠤᠰ ᠪᠦᠵᠢᠭ

ᠣᠯᠠᠨ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠵᠢᠶᠠ ᠰᠦᠸᠸ ᠭᠣᠸᠠᠨᠭ᠍

ᠠᠶᠠᠯᠭᠣ ᠵᠣᠬᠢᠶᠠᠭᠰᠠᠨ  ᠨᠢ ᠄ ᠮᠢᠨᠭ  ᠲᠠᠢ

ᠲᠣᠭᠯᠠᠭᠰᠠᠨ  ᠨᠢ ᠄ ᠯᠢᠣ ᠴᠦᠨ ᠂ ᠴᠦᠢ ᠴᠦᠨ ᠮᠸᠢ ᠂ ᠵᠣᠣ ᠬᠠᠨ ᠫᠢᠨᠭ ᠂ ᠪᠠᠶᠠᠷ  ᠨᠠᠷ

ᠣᠷᠳᠣᠰ ᠪᠦᠵᠢᠭ ᠪᠣᠯ ᠭᠠᠵᠠᠷ ᠣᠷᠣᠨ ᠣ ᠨᠠᠷ᠎ᠠ ᠪᠠᠷ ᠨᠠᠷᠠᠯᠠᠭ᠍ᠰᠠᠨ ᠪᠦᠵᠢᠭ ᠶᠣᠮ ᠃ ᠠᠯᠳᠠᠷᠳᠣ ᠪᠦᠵᠢᠭ ᠣᠨ ᠤᠬᠠᠭᠠᠨᠳᠠᠨ ᠵᠢᠶᠠ ᠰᠦᠸᠸ ᠭᠣᠸᠠᠨᠭ᠍ ᠮᠣᠨᠭ᠍ᠭᠣᠯ ᠦᠨᠳᠣᠰᠣᠳᠡᠨ ᠣ ᠱᠠᠰᠢᠨ ᠣ ᠰᠣᠶᠣᠯ ᠣᠨ ᠤᠶᠢᠯᠠᠭᠠᠯᠳᠠ ᠪᠤᠯᠤᠨ  ᠲᠠᠯ᠎ᠠ ᠨᠣᠳᠣᠭ ᠣᠨ ᠠᠮᠢᠳᠣᠷᠠᠯ ᠢ ᠪᠠᠶᠢᠴᠠᠭᠠᠨ ᠰᠢᠨᠵᠢᠯᠠᠵᠦ ᠣᠷᠳᠣᠰ ᠮᠣᠨᠭ᠍ᠭᠣᠯᠴᠣᠳ ᠣᠨ ᠠᠮᠢᠳᠣᠷᠠᠯ  ᠳᠡᠬᠢ ᠣᠨᠴᠠᠯᠢᠭ ᠰᠢᠨᠵᠢ  ᠪᠠᠷ ᠢᠯᠭᠣᠮ ᠲᠣᠳᠣ ᠦᠢᠯᠠ ᠬᠦᠳᠡᠯᠬᠡᠬᠡᠨ ᠪᠠ ᠲᠦᠷᠢ ᠲᠦᠷᠬᠦ ᠵᠢ ᠦᠨᠳᠣᠰᠣᠳᠡᠨ ᠣ ᠤᠯᠠᠮᠵᠢᠯᠠᠯᠲᠤ  ᠰᠣᠶᠣᠯ ᠪᠣᠯᠣᠨ ᠠᠮᠢᠳᠣᠷᠠᠯ ᠡᠴᠠ ᠪᠣᠯᠪᠠᠰᠣᠷᠠᠭᠣᠯᠣᠨ ᠰᠢᠯᠢᠭᠰᠠᠨ ᠪᠦᠵᠢᠭ ᠣᠨ ᠬᠡᠯᠪᠡᠷᠢ  ᠲᠠᠢ ᠬᠠᠷᠢᠯᠴᠠᠨ ᠠᠭᠤᠰᠬᠠᠵᠦ  ᠣᠳᠣ ᠦᠶ᠎ᠠ ᠵᠢᠨ ᠮᠣᠨᠭ᠍ᠭᠣᠯ ᠦᠨᠳᠣᠰᠣᠳᠡᠨ ᠣ ᠪᠦᠵᠢᠭ ᠣᠨ ᠵᠣᠬᠢᠶᠠᠨ ᠪᠦᠳᠣᠬᠡᠯᠬᠡ ᠵᠢᠨ ᠡᠬᠢᠯᠡᠯᠲᠡ  ᠪᠣᠯᠭᠠᠵᠠᠢ ᠃ ᠪᠦᠵᠢᠭ ᠣᠨ ᠲᠦᠷᠢᠯᠢᠭ ᠪᠣᠳᠠᠳᠠᠢ ᠣᠷᠠᠯᠢᠭ ᠣᠨ ᠢᠯᠡᠷᠡᠬᠦᠯᠣᠯ ᠪᠤᠯᠤᠨ  ᠣᠨᠴᠠᠯᠢᠭ  ᠢᠶᠠᠷ  ᠣᠯᠠᠨ ᠣ ᠪᠠᠬᠠᠷᠬᠠᠯ ᠢ ᠬᠦᠴᠦᠳᠠᠢ ᠲᠠᠳᠠᠪᠠ ᠃

ᠲᠣᠰ ᠪᠦᠵᠢᠭ 1955 ᠣᠨ ᠳᠣ ᠪᠣᠯᠣᠭᠰᠠᠨ ᠲᠠᠪᠣᠳᠣᠭᠠᠷ ᠬᠣᠭᠣᠴᠠᠭᠠᠨ ᠣ ᠳᠡᠯᠡᠬᠡᠢ ᠵᠢᠨ ᠵᠠᠯᠠᠭᠣᠴᠣᠳ ᠣᠨ ᠨᠠᠶᠢᠷ ᠳᠡᠬᠡᠷ᠎ᠠ ᠠᠯᠳᠠᠨ ᠣᠳᠣᠨ  ᠢᠶᠡᠷ  ᠱᠠᠨᠭ᠍ᠨᠠᠭᠳᠠᠭᠰᠠᠨ ᠮᠦᠷᠲᠡᠭᠡᠨ ᠮᠠᠨ ᠣ ᠣᠯᠣᠰ ᠡᠴᠠ ᠬᠣᠷᠢᠳᠣᠭᠠᠷ ᠵᠠᠭᠣᠨ ᠣ ᠦᠨᠳᠣᠰᠣᠳᠡᠨ ᠣ ᠪᠦᠵᠢᠭ ᠣᠨ ᠰᠣᠨᠭ᠍ᠭᠣᠳᠠᠭ ᠪᠦᠳᠣᠬᠡᠯ  ᠢᠶᠡᠷ  ᠨᠠᠷᠠᠯᠠᠨ ᠲᠣᠭᠳᠠᠭᠠᠭᠰᠠᠨ ᠶᠣᠮ ᠃

2︶.ᠤᠳᠤᠷ  ᠤᠨ ᠵᠠᠩ ᠰᠡᠳᠭᠢᠯᠭᠡ

ᠣᠯᠠᠨ ᠬᠦᠮᠦᠨ ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠯᠢᠨ ᠱᠣ ᠱᠸᠠ

ᠠᠶᠠᠯᠭᠣ ᠵᠣᠬᠢᠶᠠᠭᠰᠠᠨ  ᠨᠢ ᠄ ᠬᠦᠭᠵᠢᠬᠦ

ᠲᠣᠭᠯᠠᠭᠰᠠᠨ  ᠨᠢ ᠄ ᠣᠯᠠᠭᠠᠨᠬᠠᠳᠠ ᠬᠣᠳᠠ ᠶᠢᠨ ᠦᠨᠳᠣᠰᠣᠳᠡᠨ ᠣ ᠪᠦᠵᠢᠭ ᠣᠨ ᠪᠦᠯᠬᠦᠮ 1984 ᠣᠨ ᠳᠣ ᠠᠨᠭ᠍ᠬ᠎ᠠ ᠲᠣᠭᠯᠠᠪᠠ

ᠪᠦᠵᠢᠭ ᠲᠣ ᠮᠣᠨᠭ᠍ᠭᠣᠯ ᠠᠶᠢᠯ ᠲᠣᠰᠬᠣᠨ ᠣ ᠵᠠᠨᠭ᠍ ᠵᠠᠨᠭ᠍ᠰᠢᠯ ᠪᠣᠯᠣᠨ ᠠᠷᠠᠳ ᠣᠨ ᠵᠠᠨᠭ᠍ ᠰᠠᠳᠬᠢᠯᠬᠡ ᠵᠢ ᠬᠠᠷᠠᠭᠣᠯᠵᠠᠢ ᠃ ᠨᠢᠬᠡ ᠡᠳᠤᠷ  ᠣᠨ ᠠᠵᠢᠯ ᠬᠦᠳᠠᠯᠮᠣᠷᠢ ᠪᠠᠨ ᠳᠠᠭᠤᠰᠬᠠᠭᠰᠠᠨ ᠮᠠᠯᠴᠢᠳ ᠠᠶᠢᠯ ᠣᠨ ᠵᠠᠬ᠎ᠠ ᠳᠣ ᠪᠣᠯᠵᠣᠨ ᠴᠣᠭᠯᠠᠷᠠᠵᠦ ᠂ ᠡᠷᠳᠡᠨ  ᠣ ᠠᠷᠠᠳ ᠣᠨ ᠲᠠᠭᠣᠣ ᠵᠢ ᠲᠠᠭᠣᠯᠠᠨ ᠂ ᠠᠷᠠᠳ ᠣᠨ ᠣᠯᠠᠮᠵᠢᠯᠠᠯᠳᠣ ᠪᠦᠵᠢᠭ ᠢ ᠪᠦᠵᠢᠭᠯᠠᠨ ᠨᠠᠶᠢᠷᠠᠯᠴᠠᠭᠠᠨ᠎ᠠ ᠃ ᠡᠭᠦᠨ  ᠢᠶᠡᠷ  ᠮᠠᠯᠴᠢᠳ ᠣᠨ ᠪᠠᠶᠠᠷᠯᠠᠨᠭ᠍ᠭᠣᠢ ᠰᠠᠳᠬᠢᠯᠬᠡ ᠂ ᠠᠮᠢᠳᠣᠷᠠᠯ ᠣᠨ ᠲᠣᠬᠠᠢ ᠣᠶᠢᠯᠭᠠᠯᠳᠠ ᠵᠢ ᠢᠯᠠᠳᠬᠡᠨ ᠂ ᠪᠠᠶᠢᠭᠠᠯᠢᠭ ᠠᠮᠢ ᠠᠬᠣᠢ ᠰᠢᠭ   ᠬᠡᠯᠪᠡᠷᠢ  ᠶᠢᠨ ᠡᠷᠳᠡᠨ   ᠣ ᠵᠠᠨᠭ᠍ ᠰᠠᠳᠬᠢᠯᠬᠡ ᠵᠢ ᠲᠠᠬᠢᠨ ᠢᠯᠡᠷᠡᠬᠦᠯᠣᠭ᠍ᠰᠠᠨ ᠶᠣᠮ ᠃ ᠪᠦᠵᠢᠭᠴᠢᠳ ᠡᠷᠡᠭᠲᠡᠢ  ᠡᠮᠡᠭᠲᠡᠢ ᠬᠣᠣᠰ ᠬᠣᠣᠰ  ᠢᠶᠡᠷ  ᠭᠠᠷ ᠬᠣᠯᠪᠣᠨ ᠵᠠᠯᠭᠠᠯᠳᠤᠵᠤ ᠲᠣᠭᠣᠶᠢᠯᠠᠨ ᠡᠷᠭᠢᠯᠳᠦᠬᠦ ᠳ᠋ᠡᠬᠡᠨ ᠬᠠᠷᠢᠯᠴᠠᠨ ᠮᠠᠨᠳᠣᠯᠠᠯᠴᠠᠨ ᠬᠠᠷᠢᠯᠴᠠᠨ ᠶᠠᠷᠢᠯᠴᠠᠬᠣ ᠦᠶᠠᠰ ᠮᠠᠯᠵᠢᠬᠣ ᠣᠷᠣᠨ ᠣ ᠠᠮᠢᠳᠣᠷᠠᠯ ᠣᠨ ᠦᠨᠭᠭᠡᠳᠣ ᠵᠢᠷᠣᠭ ᠣᠷᠠᠯᠢᠭ ᠣᠨ ᠲᠠᠶᠢᠰᠠᠨ ᠳᠣ ᠢᠯᠡᠷᠡᠨ ᠂ ᠠᠮᠢᠳᠣᠷᠠᠯ ᠣᠨ ᠦᠨᠣᠷ ᠠᠮᠳᠠ ᠲᠣᠪᠣᠶᠢᠨ ᠬᠠᠷᠠᠭᠳᠠᠨ᠎ᠠ ᠃

ᠲᠣᠰ ᠪᠦᠵᠢᠭ ᠪᠦᠬᠦ ᠣᠷᠣᠨ ᠣ ᠬᠣᠶᠠᠳᠣᠭᠠᠷ ᠬᠣᠭᠣᠴᠠᠭᠠᠨ ᠣ ᠪᠦᠵᠢᠭ ᠣᠨ ᠣᠷᠣᠯᠳᠣᠭᠠᠨ ᠳᠣ ᠰᠢᠯᠢᠳᠡᠭ ᠵᠣᠬᠢᠶᠠᠨ ᠪᠦᠳᠣᠬᠡᠯᠬᠡ ᠵᠢᠨ ᠱᠠᠨᠭ᠍ᠨᠠᠯ ᠪᠣᠯᠣᠨ ︽ ᠰᠠᠷᠠᠨ᠎ᠠ ︾ ᠪᠦᠵᠢᠭ ᠣᠨ ᠵᠣᠬᠢᠶᠠᠨ ᠪᠦᠳᠣᠬᠡᠯᠬᠡ ᠵᠢᠨ ᠲᠠᠳ᠋ ᠱᠠᠨᠭ᠍ᠨᠠᠯ ᠢ ᠬᠦᠷᠳᠠᠵᠠᠢ ᠃

3︶.ᠲᠠᠯ᠎ᠠ ᠨᠤᠳᠤᠭ  ᠤᠨ ᠲᠠᠭᠤᠯᠠᠯ

ᠣᠯᠠᠨ ᠬᠦᠮᠦᠨ  ᠣ ᠪᠦᠵᠢᠭ

ᠣᠷᠳᠣᠰ ᠠᠷᠠᠳ ᠣᠨ ᠪᠦᠵᠢᠭ

ᠦᠬᠡᠷᠡᠴᠢᠯᠠᠵᠦ ᠨᠠᠶᠢᠷᠠᠭᠣᠯᠣᠭᠰᠠᠨ  ᠨᠢ ᠄ ᠴᠠᠭᠠᠨᠴᠢᠯᠠᠭᠤ ᠭᠣᠣ  ᠲᠠᠢ

ᠲᠣᠭᠯᠠᠭᠰᠠᠨ  ᠨᠢ ᠄ ᠯᠢᠣ ᠴᠢᠶᠦᠨ ᠂ ᠣᠯᠠᠭᠠᠨᠬᠣᠸᠷ  ᠨᠠᠷ

ᠠᠯᠳᠠᠨ ᠬᠣᠨᠳᠠᠭ᠎ᠠ  ᠳᠠᠭᠠᠨ ᠠᠮᠳᠠᠳᠣ ᠰᠠᠷᠬᠣᠳ ᠵᠶᠠᠨ ᠬᠡᠮᠨᠡᠬᠡᠳ ᠂ ᠠᠷᠢᠭᠣᠨ ᠴᠠᠭᠠᠨ ᠬᠠᠳᠠᠭ ᠵᠶᠠᠨ ᠳᠡᠭᠰᠢ ᠳᠡᠬᠡᠭᠰᠢ ᠪᠠᠨ ᠡᠷᠭᠦᠭᠡᠳ ᠂ ᠬᠦᠳᠡᠬᠡ ᠨᠣᠳᠣᠭ ᠣᠨ ᠮᠠᠭᠳᠠᠭᠠᠯ ᠲᠠᠭᠣᠣ ᠪᠠᠨ ᠬᠠᠨᠭ᠍ᠭᠢᠨᠠᠭᠣᠯᠣᠨ ᠂ ᠬᠦᠭᠰᠢᠳ ᠡᠴᠠ ᠣᠯᠠᠮᠵᠢᠯᠠᠭᠰᠠᠨ ᠦᠨᠳᠣᠰᠣᠳᠡᠨ ᠣ ᠪᠦᠵᠢᠭ  ᠢᠶᠠᠨ  ᠪᠦᠵᠢᠭᠯᠠᠨ ᠲᠠᠯ᠎ᠠ ᠨᠣᠳᠣᠭ ᠣᠨ ᠬᠣᠷ᠎ᠠ ᠪᠣᠷᠣᠭᠠᠨ ᠳᠡᠭᠰᠢ ᠪᠠᠭᠣᠬᠣ ᠵᠢ ᠬᠦᠰᠠᠨᠠᠮ ᠂ ᠲᠠᠪᠣᠨ ᠬᠣᠰᠢᠭᠣ ᠮᠠᠯ ᠣᠨ ᠦᠨᠢᠷ ᠦᠰᠣᠯᠳᠠ ᠵᠢ ᠵᠦᠨᠭᠨᠠᠨᠠᠮ ᠃ ᠪᠦᠵᠢᠭ  ᠲᠡᠬᠢ ᠲᠠᠭᠣᠯᠠᠨ ᠪᠦᠵᠢᠭᠯᠠᠬᠦ ᠬᠡᠯᠪᠡᠷᠢ ᠳᠣ ︽ ᠰᠠᠪᠬᠠᠨ ᠪᠦᠵᠢᠭ ︾ ᠂ ︽ ᠬᠤᠨᠳᠠᠭᠠᠨ ᠪᠦᠵᠢᠭ ︾ ᠢ ᠠᠷᠠᠳ ᠣᠨ ᠬᠦᠭᠵᠢᠮ  ᠲᠠᠢ ᠢᠳᠡᠬᠡᠰᠢᠬᠦᠯᠵᠦ ᠂ ᠦᠨᠭᠭᠡ ᠦᠵᠠᠮᠵᠢᠳᠣ ᠵᠢᠷᠣᠭ ᠣᠨ ᠠᠬᠣᠢ ᠵᠢ ᠪᠦᠳᠣᠬᠡᠨ ᠂ ᠮᠣᠨᠭ᠍ᠭᠣᠯ ᠦᠨᠳᠣᠰᠣᠳᠡᠨ ᠣ ᠲᠠᠭᠣᠣ ᠪᠦᠵᠢᠭ ᠣᠨ ᠷᠢᠳᠢ  ᠰᠢᠳᠢ  ᠵᠢ ᠲᠠᠬᠢᠨ ᠢᠯᠡᠷᠡᠬᠦᠯᠵᠦ ᠂ ᠦᠨᠳᠣᠰᠣᠳᠡᠨ ᠣ ᠵᠠᠨᠭ᠍ ᠰᠠᠳᠬᠢᠯᠬᠡ ᠪᠣᠯᠣᠨ ᠴᠠᠭ ᠡᠷᠢᠨ  ᠣ ᠣᠨᠴᠠᠯᠢᠭ ᠰᠢᠨᠵᠢ ᠵᠢ ᠬᠠᠷᠠᠭᠣᠯᠵᠦ ᠂ ᠡᠭᠡᠯ ᠪᠣᠷᠣᠭᠵᠢᠬᠣᠨ ᠦᠨᠠᠨᠭ᠍ᠬᠦ ᠰᠠᠳᠬᠢᠯᠬᠡ ᠪᠠᠷ ᠲᠠᠯ᠎ᠠ ᠨᠣᠳᠣᠭ ᠣᠨ ᠬᠦᠮᠣᠰ ᠣᠨ ᠴᠣᠭ ᠰᠦᠯᠳᠠ ᠲᠡᠬᠦᠰ ᠵᠣᠷᠢᠭ ᠰᠠᠨᠠᠭᠠᠨ ᠣ ᠲᠦᠷᠰᠣ ᠪᠠᠶᠢᠳᠠᠯ ᠢ ᠮᠠᠭᠳᠠᠨ ᠲᠠᠭᠣᠯᠠᠵᠠᠢ ᠃

4︶.ᠰᠦ᠋ ᠰᠠᠭᠠᠯᠢᠲᠦ ᠨᠤᠳᠤᠭ  ᠤᠨ ᠰᠡᠳᠭᠢᠯᠭᠡ

5︶.ᠮᠤᠩᠭᠤᠯ ᠬᠦᠮᠦᠨ

ᠣᠯᠠᠨ ᠬᠦᠮᠦᠨ  ᠣ ᠪᠦᠵᠢᠭ

ᠨᠠᠶᠢᠷᠠᠭᠣᠯᠣᠨ ᠵᠣᠬᠢᠶᠠᠭᠰᠠᠨ  ᠨᠢ ᠄ ᠯᠢ ᠱᠢᠶᠣᠣ ᠴᠢᠨᠭ

ᠦᠬᠡᠷᠡᠴᠢᠯᠠᠨ ᠨᠠᠶᠢᠷᠠᠭᠣᠯᠣᠭᠰᠠᠨ  ᠨᠢ ᠄ ᠵᠢᠶᠠ ᠰᠦᠸᠸ ᠭᠣᠸᠠᠨᠭ᠍

ᠠᠶᠠᠯᠭᠣ ᠵᠣᠬᠢᠶᠠᠭᠰᠠᠨ  ᠨᠢ ᠄ ᠲᠡᠭᠷᠢ

ᠣᠳᠣᠷᠢᠳᠣᠨ ᠲᠣᠭᠯᠠᠭᠰᠠᠨ  ᠨᠢ ᠄ ᠴᠸᠨ ᠶᠦᠨᠭ ᠰᠢᠶᠠᠨᠭ᠍

ᠠᠯᠣᠰ ᠡᠴᠠ ᠬᠠᠨᠭ᠍ᠬᠢᠨᠠᠨ ᠴᠣᠣᠷᠢᠶᠠᠬᠣ ᠣᠷᠳᠣ ᠵᠢᠨ ᠲᠠᠭᠣᠣ ᠵᠢᠨ ᠬᠦᠭ ᠠᠶᠠᠯᠭᠣ ᠲᠠᠭᠠᠯᠠᠮᠵᠢᠳᠠᠢ ᠣᠳᠠᠭᠠᠪᠳᠣᠷ ᠬᠡᠮᠨᠠᠯ ᠂ ᠲᠣᠭᠳᠠᠮᠠᠯ ᠠᠢᠢᠵᠠᠮ  ᠢᠶᠡᠷ  ᠲᠠᠯ᠎ᠠ ᠨᠣᠳᠣᠭ ᠣᠨ ᠬᠦᠮᠣᠰ ᠣᠨ ᠰᠠᠶᠢᠨ ᠰᠠᠶᠢᠬᠠᠨ ᠢᠷᠡᠬᠡᠳᠣᠢ ᠵᠢ ᠬᠡᠯᠬᠢᠭᠰᠠᠨ   ᠪᠠᠶᠢᠳᠠᠭ ᠃ ᠣᠷᠳᠣ ᠵᠢᠨ ᠲᠠᠭᠣᠣ ᠵᠢᠨ ᠠᠶᠠᠯᠭᠣ ᠲᠣᠮᠳᠠ ᠪᠦᠵᠢᠭ ︽ ᠮᠣᠨᠭ᠍ᠭᠣᠯ ᠬᠦᠮᠦᠨ ︾ ᠲᠡᠣᠬᠡ ᠡᠴᠠ ᠨᠠᠰᠢᠯᠠᠨ ᠂ ᠡᠷᠳᠡᠨ  ᠣ ᠠᠷᠠᠳ ᠣᠨ ᠲᠠᠭᠣᠣ ᠵᠢᠨ ᠵᠢᠬᠦᠷ ᠳᠡᠬᠡᠷ᠎ᠠ ᠣᠳᠣᠬᠢ ᠬᠦᠮᠣᠰ ᠣᠨ ᠪᠣᠳᠣᠯ ᠰᠠᠳᠬᠢᠯ ᠢ ᠢᠯᠠᠳᠬᠡᠵᠦ ᠂ ᠪᠦᠵᠢᠭ ᠣᠨ ᠬᠡᠯᠪᠡᠷᠢ   ᠪᠡᠷ  ᠰᠢᠨ᠎ᠠ ᠡᠷᠢᠨ  ᠣ ᠮᠣᠨᠭ᠍ᠭᠣᠯᠴᠣᠳ ᠣᠨ ᠠᠮᠢᠳᠣᠷᠠᠯ ᠪᠤᠯᠤᠨ ᠬᠠᠶᠢᠷ᠎ᠠ ᠰᠠᠳᠬᠢᠯᠬᠡ ᠵᠢ ᠣᠷᠠᠯᠢᠭ  ᠢᠶᠡᠷ  ᠲᠠᠬᠢᠨ ᠢᠯᠡᠷᠡᠬᠦᠯᠪᠠ ᠃

ᠲᠣᠰ ᠪᠦᠵᠢᠭ ᠣᠯᠠᠮᠵᠢᠯᠠᠯᠳᠣ ᠪᠦᠵᠢᠭ ᠢ ᠵᠠᠯᠭᠠᠮᠵᠢᠯᠠᠭᠰᠠᠨ ᠰᠠᠭᠣᠷᠢᠨ ᠳᠡᠬᠡᠷ᠎ᠠ ᠣᠳᠣ ᠦᠶ᠎ᠠ ᠵᠢᠨ ᠪᠦᠵᠢᠭ ᠣᠨ ᠢᠯᠠᠳᠬᠡᠬᠦ ᠠᠷᠭ᠎ᠠ ᠪᠠᠷᠢᠯ ᠢ ᠠᠰᠢᠭᠯᠠᠵᠦ ᠰᠢᠨ᠎ᠠ ᠨᠢᠬᠡᠨ ᠦᠶ᠎ᠠ ᠵᠢᠨ ᠮᠣᠨᠭ᠍ᠭᠣᠯ ᠬᠦᠮᠦᠨ ᠣ ᠵᠣᠷᠢᠭ ᠰᠠᠨᠠᠭᠠᠨ ᠣ ᠰᠢᠨᠵᠢ ᠪᠠᠶᠢᠳᠠᠯ ᠢ ᠭᠣᠶᠢᠳᠠ ᠰᠠᠶᠢᠬᠠᠨ ᠬᠠᠷᠠᠭᠣᠯᠣᠭᠰᠠᠨ ᠶᠣᠮ ᠃

6︶.ᠨᠢᠰᠦᠭᠴᠢᠳ

7︶.ᠪᠠᠶᠠᠷ ᠬᠦᠭᠵᠢᠭᠡᠨᠳᠤ ᠲᠤᠷᠠᠰᠬᠠᠯ  ᠤᠨ ᠡᠳᠤᠷ

ᠤᠳᠤᠷ  ᠤᠨ ᠵᠠᠩ ᠰᠡᠳᠭᠢᠯᠭᠡ

ᠲᠠᠯ᠎ᠠ ᠨᠤᠳᠤᠭ  ᠤᠨ ᠲᠠᠭᠤᠯᠠᠯ

ᠤᠷᠳᠤᠰ ᠪᠦᠵᠢᠭ

ᠪᠠᠶᠠᠷ ᠬᠦᠭᠵᠢᠭᠡᠨᠳᠤ ᠲᠤᠷᠠᠰᠬᠠᠯ  ᠤᠨ ᠡᠳᠤᠷ

ᠮᠤᠩᠭᠤᠯ ᠬᠦᠮᠦᠨ

ᠰᠦ᠋ ᠰᠠᠭᠠᠯᠢᠲᠦ ᠨᠤᠳᠤᠭ  ᠤᠨ ᠰᠡᠳᠭᠢᠯᠭᠡ

ᠨᠢᠰᠦᠭᠴᠢᠳ

ᠰᠢᠭᠦᠮᠵᠢ ᠦᠯᠡᠳᠡᠭᠡᠬᠦ