• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠᠷᠠᠳ ᠤᠨ ᠳᠠᠭᠤᠤ ᠵᠢᠨ ᠳᠤᠬᠠᠢ ᠳᠤᠶᠢᠮᠤᠴᠢᠯᠠᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-03-27
 • ᠄   92
 • ᠄   0
 • ᠄   0
 • ᠄  0

ᠠᠷᠠᠳ  ᠤᠨ ᠳᠠᠭᠤᠤ

 

ᠠᠷᠠᠳ  ᠤᠨ ᠳᠠᠭᠤᠤ ᠪᠤᠯ ᠠᠷᠠᠳ ᠲᠦᠮᠡᠨ  ᠤ ᠳᠠᠭᠤᠤ ᠂ ᠠᠷᠠᠳ  ᠤᠨ ᠳᠤᠮᠳᠠ ᠠᠮᠠ ᠪᠠᠷ ᠤᠯᠠᠮᠵᠢᠯᠠᠨ ᠳᠠᠭᠤᠯᠠᠭᠳᠠᠵᠦ ᠪᠠᠶᠢᠭ᠎ᠠ ᠳᠠᠭᠤᠤ ᠪᠤᠯᠤᠨ᠎ᠠ ᠃ ᠡᠨᠡ  ᠪᠣᠯ ᠦᠷᠭᠡᠨ ᠤᠯᠠᠨ ᠠᠷᠠᠳ ᠲᠦᠮᠡᠨ  ᠤ ᠨᠡᠶᠢᠭᠡᠮ  ᠤᠨ ᠰᠤᠶᠤᠯ ᠤᠷᠠᠯᠢᠭ ᠂ ᠠᠮᠢᠳᠤᠷᠠᠯ  ᠤᠨ ᠳᠤᠮᠳᠠ ᠂ ᠦᠷᠭᠡᠨ ᠳᠡᠯᠭᠡᠷᠡᠭᠭᠦᠢ ᠪᠠᠷ ᠠᠮᠠ ᠪᠠᠷ ᠤᠯᠠᠮᠵᠢᠯᠠᠨ ᠳᠠᠭᠤᠯᠠᠭᠰᠠᠭᠠᠷ ᠠᠭᠠᠵᠢᠮ  ᠳᠠᠭᠠᠨ ᠪᠦᠷᠢᠯᠳᠦᠨ ᠬᠦᠭᠵᠢᠭᠰᠡᠨ ᠪᠠᠶᠢᠨ᠎ᠠ ᠂ ᠡᠨᠡ   ᠨᠢ ᠠᠷᠠᠳ  ᠤᠨ ᠠᠮᠢᠳᠤᠷᠠᠯ  ᠲᠠᠢ ᠨᠢᠭᠲᠠ ᠬᠠᠷᠢᠴᠠᠭ᠎ᠠ  ᠲᠠᠢ ᠳᠠᠭᠤᠤ ᠤᠷᠠᠯᠢᠭ ᠪᠤᠯᠤᠨ᠎ᠠ ᠃ ᠠᠷᠠᠳ  ᠤᠨ ᠳᠠᠭᠤᠤ ᠳ᠋ᠥ ᠳᠤᠤᠷᠠᠬᠢ ᠬᠡᠳᠦᠨ ᠵᠤᠶᠢᠯ  ᠤᠨ ᠤᠨᠴᠠᠯᠢᠭ  ᠲᠠᠢ ᠄

︵ 1 ︶ ᠠᠳᠠᠯᠢ ᠪᠤᠰᠤ ᠦᠨᠳᠦᠰᠦᠲᠡᠨ ᠂ ᠠᠳᠠᠯᠢ ᠪᠤᠰᠤ ᠭᠠᠵᠠᠷ ᠤᠷᠤᠨ  ᠤ ᠠᠷᠠᠳ  ᠤᠨ ᠳᠠᠭᠤᠤ ᠵᠢᠨ ᠠᠶᠠᠰ  ᠨᠢ ᠪᠦᠷ ᠦᠪᠡᠷ  ᠤᠨ ᠦᠨᠳᠦᠰᠦᠲᠡᠨ ᠪᠠ ᠭᠠᠵᠠᠷ ᠤᠷᠤᠨ  ᠤ ᠪᠠᠨ ᠬᠡᠪ ᠨᠠᠮᠪᠠ ᠂ ᠦᠪᠡᠷᠮᠢᠴᠡ ᠤᠨᠴᠠᠯᠢᠭ  ᠲᠠᠢ ᠪᠠᠶᠢᠳᠠᠭ ᠃ ᠡᠶᠢᠮᠦ  ᠡᠴᠠ ᠠᠷᠠᠳ  ᠤᠨ ᠳᠠᠭᠤᠤ ᠪᠣᠯ ᠲᠤᠰ ᠦᠨᠳᠦᠰᠦᠲᠡᠨ ᠂ ᠲᠤᠰ ᠭᠠᠵᠠᠷ ᠤᠷᠤᠨ  ᠤ ᠪᠠᠨ ᠦᠪ ᠰᠤᠶᠤᠯ ᠣᠨ ᠰᠢᠨᠵᠢ ᠲᠡᠮᠳᠡᠭ ᠪᠤᠯᠳᠠᠭ ᠃

︵ 2 ︶ ᠠᠷᠠᠳ  ᠤᠨ ᠳᠠᠭᠤᠤ ᠵᠢᠨ ᠳᠠᠭᠤᠤ ᠬᠦᠭᠵᠢᠮ ᠣᠨ ᠬᠡᠯᠪᠡᠷᠢ ᠮᠠᠶ᠋ᠢᠭ  ᠨᠢ ᠶᠡᠷᠦ ᠳ᠋ᠡᠭᠡᠨ ᠪᠤᠭᠤᠨᠢ ᠠᠪᠰᠠᠷᠬᠠᠨ ᠪᠠᠶᠢᠳᠠᠭ ᠂ ᠤᠯᠠᠭ᠍ᠬᠢ  ᠨᠢ ᠬᠦᠭᠵᠢᠮ  ᠤᠨ ᠪᠠᠳᠠᠭ  ᠢᠶᠡᠷ  ᠦᠨᠳᠦᠰᠦᠨ ᠴᠤᠭᠴᠠ ᠪᠡᠨ ᠪᠤᠯᠭᠠᠵᠤ ᠂ ᠬᠡᠳᠦᠨ ᠪᠠᠳᠠᠭ ᠳᠠᠭᠤᠤ ᠵᠢᠨ ᠦᠭᠡ ᠪᠠᠨ ᠠᠳᠠᠯᠢ ᠂ ᠢᠵᠢᠯ ᠨᠢᠭᠡ ᠠᠶᠠᠰ ᠳᠡᠭᠡᠷ᠎ᠡ ᠳᠠᠬᠢᠨ ᠳᠠᠪᠲᠠᠨ ᠳᠠᠭᠤᠯᠠᠳᠠᠭ ᠃

︵ 3 ︶ ᠠᠷᠠᠳ  ᠤᠨ ᠳᠠᠭᠤᠤ ᠵᠢᠨ ᠳᠠᠭᠤᠤ ᠬᠦᠭᠵᠢᠮ  ᠤᠨ ᠮᠠᠲ᠋ᠸᠷᠢᠶᠠᠯ  ᠨᠢ ᠳᠦᠭᠦᠮ ᠂ ᠢᠯᠡᠳᠭᠡᠬᠦ ᠠᠷᠭ᠎ᠠ  ᠨᠢ ᠠᠪᠰᠠᠷᠬᠠᠨ ᠨᠡᠶᠢᠴᠡᠪᠦᠷᠢᠲᠠᠢ ᠪᠠᠶᠢᠳᠠᠭ ᠃

︵ 4 ︶ ᠠᠷᠠᠳ  ᠤᠨ ᠳᠠᠭᠤᠤ  ᠨᠢ ᠨᠤᠲᠤᠭ ᠬᠡᠯᠡ ᠠᠶᠠᠯᠭᠤ  ᠲᠠᠢ ᠨᠢᠭᠲᠠ ᠬᠠᠷᠢᠴᠠᠭ᠎ᠠ  ᠲᠠᠢ ᠪᠠᠶᠢᠳᠠᠭ ᠃ ᠳᠠᠭᠤᠤ ᠬᠦᠭᠵᠢᠮ  ᠨᠢ ᠠᠮᠢᠳᠤᠷᠠᠯ  ᠢᠶᠡᠷ  ᠳᠠᠮᠵᠢᠨ ᠢᠯᠡᠷᠡᠳᠡᠭ ᠂ ᠬᠡᠯᠪᠡᠷᠢ ᠮᠠᠶ᠋ᠢᠭ  ᠨᠢ ᠠᠮᠢᠳᠤᠯᠢᠭ ᠂ ᠴᠤᠪᠤᠭᠤᠯᠢᠭ ᠂ ᠬᠤᠪᠢᠷᠠᠬᠤ ᠴᠢᠳᠠᠪᠤᠷᠢ  ᠨᠢ ᠴᠢᠳᠠᠮᠠᠭᠠᠢ ᠂ ᠠᠳᠠᠯᠢ ᠪᠤᠰᠦ ᠵᠢᠨ ᠠᠭᠤᠯᠭ᠎ᠠ ᠂ ᠳᠠᠭᠤᠤ ᠵᠢᠨ ᠦᠭᠡ ᠂ ᠳᠠᠭᠤᠯᠠᠬᠤ ᠭᠠᠵᠠᠷ ᠤᠷᠤᠨ ᠪᠤᠯᠤᠨ ᠨᠦᠬᠦᠴᠡᠯ ᠳ᠋ᠥ ᠨᠡᠯᠢᠶᠡᠳ ᠴᠢᠨᠭᠭ᠎ᠠ ᠵᠤᠬᠢᠴᠠᠬᠤ ᠴᠢᠳᠠᠪᠤᠷᠢᠲᠠᠢ ᠪᠠᠶᠢᠳᠠᠭ ᠃

 

ᠮᠣᠨᠭ᠍ᠭᠣᠯ ᠠᠷᠠᠳ  ᠤᠨ ᠳᠠᠭᠤᠤ  ᠶᠢᠨ ᠰᠲ᠋ᠧᠯᠢ  ᠶᠢᠨ ᠬᠤᠪᠢᠶᠠᠷᠯᠠᠯ

 

ᠳᠠᠭᠤᠨ ᠮᠦᠷ  ᠤᠨ ᠤᠯᠠᠨ ᠴᠦᠬᠡᠨ ᠵᠢ  ᠨᠢ ᠦᠨᠳᠦᠰᠦᠯᠡᠪᠡᠯ ᠮᠣᠨᠭ᠍ᠭᠣᠯ ᠠᠷᠠᠳ  ᠤᠨ ᠳᠠᠭᠤᠤ ᠵᠢ ᠭᠠᠭᠴᠠ ᠮᠦᠷᠲᠦ ᠠᠷᠠᠳ  ᠤᠨ ᠳᠠᠭᠤᠤ ᠪᠤᠯᠤᠨ ᠤᠯᠠᠨ ᠮᠦᠷᠲᠦ ᠠᠷᠠᠳ  ᠤᠨ ᠳᠠᠭᠤᠤ ᠭᠡᠵᠦ ᠬᠤᠶᠠᠷ ᠲᠦᠷᠤᠯ ᠬᠤᠪᠢᠶᠠᠳᠠᠭ ᠃ ᠳᠠᠭᠤᠤ ᠬᠦᠭᠵᠢᠮ ᠣᠨ ᠤᠨᠴᠠᠯᠢᠭ ᠢ  ᠨᠢ ᠦᠨᠳᠦᠰᠦᠯᠡᠪᠡᠯ ︵ ᠭᠤᠤᠯᠳᠠᠭᠤ ᠠᠢᠢᠵᠠᠮ  ᠴᠤᠬᠢᠯᠭ᠎ᠠ ᠵᠢᠨ ᠤᠨᠴᠠᠯᠢᠭ ︶ ᠭᠠᠭᠴᠠ ᠮᠦᠷᠲᠦ ᠠᠷᠠᠳ  ᠤᠨ ᠳᠠᠭᠤᠤ ᠵᠢ ᠤᠷᠲᠤ  ᠶᠢᠨ ᠳᠠᠭᠤᠤ ᠪᠤᠯᠤᠨ ᠪᠤᠭᠤᠨᠢ ᠳᠠᠭᠤᠤ ᠭᠡᠵᠦ ᠬᠤᠶᠠᠷ ᠶᠡᠬᠡ ᠲᠦᠷᠤᠯ ᠬᠤᠪᠢᠶᠠᠵᠦ ᠂ ᠡᠭᠦᠨ   ᠤ ᠳᠤᠲᠤᠷ᠎ᠠ ᠳᠠᠭᠤᠤ ᠵᠢᠨ ᠢᠯᠡᠳᠭᠡᠬᠦ ᠤᠨᠴᠠᠯᠢᠭ ᠪᠤᠯᠤᠨ ᠳᠠᠭᠤᠤ ᠵᠢᠨ ᠦᠭᠡ ᠵᠢᠨ ᠬᠠᠭᠤᠳᠠᠰᠤ ᠬᠡᠪᠴᠢᠶ᠎ᠡ ᠵᠢ ᠦᠨᠳᠦᠰᠦᠯᠡᠪᠡᠯ ᠡᠩ   ᠤᠨ ᠪᠤᠭᠤᠨᠢ ᠠᠷᠠᠳ  ᠤᠨ ᠳᠠᠭᠤᠤ ᠪᠤᠯᠤᠨ ᠦᠯᠢᠭᠡᠷᠲᠦ ᠠᠷᠠᠳ  ᠤᠨ ᠳᠠᠭᠤᠤ ᠭᠡᠵᠦ ᠬᠤᠪᠢᠶᠠᠵᠦ ᠂ ᠤᠯᠠᠨ ᠮᠦᠷᠲᠦ ᠠᠷᠠᠳ  ᠤᠨ ᠳᠠᠭᠤᠤ ᠵᠢ ᠪᠠᠰᠠ ᠴᠤᠭᠤᠷ ᠪᠤᠯᠤᠨ ᠬᠦᠮᠠᠢ ᠭᠡᠵᠦ ᠬᠤᠶᠠᠷ ᠲᠦᠷᠤᠯ ᠬᠤᠪᠢᠶᠠᠵᠦ ᠪᠤᠯᠳᠠᠭ ᠃ ᠡᠮᠦᠨᠡᠬᠢ   ᠨᠢ ᠪᠤᠯ ᠤᠯᠠᠨ ᠬᠦᠮᠦᠨ ᠳᠠᠭᠤᠯᠠᠳᠠᠭ ᠤᠯᠠᠨ ᠮᠦᠷᠲᠦ ᠨᠠᠶᠢᠷᠠᠯ ᠳᠠᠭᠤᠤ ᠵᠢᠨ ᠬᠡᠯᠪᠡᠷᠢ ᠮᠦᠨ ᠂ ᠬᠤᠶᠢᠨᠠᠬᠢ  ᠨᠢ ᠪᠤᠯ ᠭᠠᠭᠴᠠ ᠬᠦᠮᠦᠨ  ᠤ ᠳᠠᠭᠤᠯᠠᠳᠠᠭ ᠤᠯᠠᠨ ᠮᠦᠷᠲᠦ ᠳᠠᠭᠤᠯᠠᠬᠤ ᠤᠷᠠᠯᠢᠭ ᠪᠤᠯᠤᠨ᠎ᠠ ᠃

1. ᠭᠠᠭᠴᠠ ᠮᠦᠷᠲᠦ ᠠᠷᠠᠳ  ᠤᠨ ᠳᠠᠭᠤᠤ

(1) ᠤᠷᠲᠤ  ᠶᠢᠨ ᠳᠠᠭᠤᠤ

(2) ᠪᠤᠭᠤᠨᠢ ᠳᠠᠭᠤᠤ

a.ᠡᠠᠭ᠍  ᠤᠨ ᠪᠤᠭᠤᠨᠢ ᠠᠷᠠᠳ  ᠤᠨ ᠳᠠᠭᠤᠤ

b.ᠦᠯᠢᠭᠡᠷᠲᠦ ᠠᠷᠠᠳ  ᠤᠨ ᠳᠠᠭᠤᠤ

2.ᠤᠯᠠᠨ ᠮᠦᠷᠲᠦ ᠠᠷᠠᠳ  ᠤᠨ ᠳᠠᠭᠤᠤ

(1) ᠴᠤᠭᠤᠷ

(2) ᠬᠦᠮᠠᠢ

ᠤᠯᠤᠰ ᠣᠨ ᠳᠤᠳᠤᠭᠠᠳᠤ ᠭᠠᠳᠠᠭᠠᠳᠤ  ᠳᠤ ᠠᠯᠳᠠᠷ ᠮᠠᠨᠳᠤᠭᠰᠡᠨ ᠤᠷᠳᠤ ᠵᠢᠨ ᠳᠠᠭᠤᠤ ᠵᠢᠨ ᠤᠷᠠᠯᠢᠭ ᠣᠨ ᠳᠠᠷᠬᠠᠨ ᠪᠤᠶᠠᠨᠳᠡᠯᠭᠡᠷ ᠂ 1955 ᠤᠨ  ᠳᠤ ᠫᠤᠯᠠᠨᠳ᠋ ᠣᠨ ᠨᠠᠶᠢᠰᠯᠠᠯ ᠸᠠᠷᠱᠠᠸᠠ  ᠳᠤ ᠶᠠᠪᠤᠭᠳᠠᠭᠰᠡᠨ ᠳᠠᠪᠤᠳᠤᠭᠠᠷ ᠬᠤᠭᠤᠴᠠᠭᠠᠨ ᠣ ᠳᠡᠯᠡᠭᠡᠢ ᠵᠢᠨ ᠵᠠᠯᠠᠭᠤᠴᠤᠳ  ᠣᠨ ᠨᠠᠶᠢᠷ  ᠲᠤ ︽ ᠰᠠᠷᠠᠭᠤᠯ ᠳᠠᠯ᠎ᠠ ︾ ᠂ ︽ ᠰᠤᠶᠤᠭ ᠪᠤᠷᠤ ︾ ᠵᠢ ᠳᠠᠭᠤᠯᠠᠵᠦ ᠠᠯᠳᠠᠨ ᠱᠠᠩᠨᠠᠯ ᠭᠦᠷᠳᠡᠵᠡᠢ ᠃

1 2 3 4 5 6 7 8 9 10 11

ᠰᠢᠭᠦᠮᠵᠢ ᠦᠯᠡᠳᠡᠭᠡᠬᠦ