• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠤᠷᠳᠤ ᠵᠢᠨ ᠳᠠᠭᠤᠤ ᠵᠢᠨ ᠳᠠᠭᠤᠯᠬᠠᠤ ᠮᠡᠷᠭᠡᠵᠢᠯ  ᠲᠠᠢ ᠬᠤᠯᠪᠤᠭᠳᠠᠭᠰᠡᠨ ᠨᠡᠷ᠎ᠡ ᠳᠤᠮᠢᠶᠠᠨ  ᠣ ᠲᠦᠭᠦᠮ ᠳᠠᠶᠢᠯᠪᠤᠷᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   81
  • ᠄   0
  • ᠄   0
  • ᠄  0

ᠤᠷᠲᠤ ᠵᠢᠨ ᠳᠠᠭᠤᠤ ᠵᠢᠨ ᠳᠠᠭᠤᠯᠬᠠᠤ ᠮᠡᠷᠭᠡᠵᠢᠯ  ᠲᠠᠢ ᠬᠤᠯᠪᠤᠭᠳᠠᠭᠰᠡᠨ ᠨᠡᠷ᠎ᠡ ᠳᠤᠮᠢᠶᠠᠨ  ᠣ ᠲᠦᠭᠦᠮ ᠳᠠᠶᠢᠯᠪᠤᠷᠢ

 

ᠳᠡᠯᠡᠭᠡᠢ ᠶᠢᠷᠳᠢᠨᠴᠦ  ᠳᠤ ᠤᠷᠤᠰᠢᠨ ᠠᠮᠢᠳᠤᠷᠠᠵᠦ ᠪᠠᠶᠢᠭ᠎ᠠ ᠶᠠᠮᠠᠷ ᠴᠤ ᠤᠯᠤᠰ ᠤᠷᠤᠨ  ᠣ ᠶᠠᠮᠠᠷ ᠴᠤ ᠨᠢᠭᠡᠨ ᠦᠨᠳᠦᠰᠦᠳᠡᠨ ᠪᠦᠷ ᠯᠠ ᠦᠪᠡᠷ  ᠣᠨ ᠵᠢᠠᠨ ᠭᠡᠰᠡᠨ ᠳᠠᠭᠤᠤ ᠭᠦᠭᠵᠢᠮ  ᠲᠠᠢ ᠮᠦᠷᠳᠡᠭᠡᠨ ᠳᠡᠷᠡ ᠭᠠᠵᠠᠷ ᠤᠷᠤᠨ ᠳᠠᠭᠠᠨ ᠭᠡᠪᠰᠢᠨ ᠲᠦᠷᠢᠮᠵᠢᠭᠰᠡᠨ ᠨᠡᠷ᠎ᠡ ᠳᠤᠮᠢᠶ᠎ᠠ ᠠᠷᠭ᠎ᠠ ᠪᠠᠷᠢᠯ ᠪᠠᠶᠢᠳᠠᠭ ᠃ ᠡᠭᠦᠨ   ᠳᠤ ᠮᠠᠨ ᠣ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠪᠤᠯ ᠳᠡᠯᠡᠭᠡᠢ ᠳᠤ ᠬᠤᠤᠰ ᠦᠭᠡᠢ ᠤᠷᠠᠯᠢᠭ ᠪᠤᠯᠠᠢ ᠃ ᠳᠡᠭᠦᠨ  ᠣ ᠭᠡᠯᠪᠡᠷᠢ ᠠᠭᠤᠯᠭ᠎ᠠ  ᠨᠢ ᠤᠨᠴᠠᠭᠠᠢ  ᠡᠴᠡ ᠭᠠᠳᠠᠨ᠎ᠠ ᠢᠯᠡᠳᠭᠡᠭᠦ ᠨᠡᠷ᠎ᠡ ᠳᠤᠮᠢᠶ᠎ᠠ  ᠨᠢ ᠳᠤᠩ ᠡᠲᠡᠭᠡᠳ  ᠶᠤᠮ ᠃ ᠤᠯᠠᠨ ᠵᠢᠯ ᠣᠨ ᠰᠤᠷᠪᠤᠯᠵᠢᠯᠠᠭ᠎ᠠ ᠵᠢᠨ ᠳᠤᠮᠳᠠ ᠡᠨᠡ  ᠭᠦ ᠤᠨᠴᠠᠭᠠᠢ ᠤᠷᠠᠯᠢᠭ  ᠲᠠᠢ ᠬᠤᠯᠪᠤᠭᠳᠠᠭᠰᠡᠨ ᠨᠡᠷ᠎ᠡ ᠳᠤᠮᠢᠶᠠᠨ ᠣ ᠤᠬᠠᠭᠳᠠᠬᠤᠨ ᠢ ᠳᠤᠳᠤᠷᠬᠠᠶᠢᠯᠠᠵᠦ ᠭᠡᠷᠡᠭᠯᠡᠭᠡ ᠵᠢ  ᠨᠢ ᠲᠦᠷᠢᠮᠵᠢᠭᠦᠯᠭᠦ ᠵᠢᠨ ᠵᠤᠷᠢᠯᠭ᠎ᠠ  ᠪᠡᠷ ︽ ᠤᠷᠳᠤ ᠵᠢᠨ ᠳᠠᠭᠤᠤ ᠵᠢᠨ ᠨᠡᠷ᠎ᠡ ᠳᠤᠮᠢᠶ᠎ᠠ ᠪᠠ ᠳᠠᠳᠠᠭᠡᠷ ᠢ ᠲᠦᠷᠢᠮᠵᠢᠭᠦᠯᠭᠦ ᠳᠤᠬᠠᠢ ᠰᠠᠨᠠᠯ ︾ ᠭᠡᠳᠡᠭ ᠦᠭᠦᠯᠡᠯ ᠢ ᠪᠢᠴᠢᠭᠰᠡᠨ ᠶᠤᠮ ᠃ ᠡᠨᠳᠡ  ᠪᠢ ᠲᠠᠭᠤᠯᠠᠬᠤᠢ ᠵᠢᠨ ᠮᠡᠷᠭᠡᠵᠢᠯ  ᠲᠠᠢ ᠬᠤᠯᠪᠤᠭᠳᠠᠭᠰᠡᠨ ᠨᠡᠷ᠎ᠡ ᠳᠤᠮᠢᠶ᠎ᠠ  ᠡᠴᠡ ᠲᠦᠭᠦᠮ ᠶᠠᠷᠢᠶ᠎ᠠ ᠃

 

ᠨᠢᠭᠡ ᠂ ᠳᠠᠭᠤᠯᠠᠬᠤᠢ ᠵᠢᠨ ᠭᠡᠢ ᠠᠮᠢᠰᠬᠤᠭ᠎ᠠ ᠵᠢᠨ ᠭᠦᠴᠦᠨ  ᠲᠠᠢ ᠬᠤᠯᠪᠤᠭᠳᠠᠭᠰᠡᠨ ᠨᠡᠷ᠎ᠡ ᠳᠤᠮᠢᠶ᠎ᠠ

ᠳᠠᠭᠤᠯᠠᠬᠤᠢ ᠵᠢᠨ ᠤᠷᠠᠯᠢᠭ ᠪᠤᠯ ᠭᠡᠢ ᠠᠮᠢᠰᠬᠤᠭ᠎ᠠ ᠵᠢᠨ ᠤᠷᠠᠯᠢᠭ ᠭᠡᠵᠦ ᠮᠡᠷᠭᠡᠵᠢᠯ ᠣᠨ ᠳᠠᠭᠤᠴᠢᠳ ᠪᠦᠷ ᠮᠡᠳᠡᠨ᠎ᠡ ᠃ ᠡᠭᠦᠨ   ᠳᠤ ᠮᠠᠨ  ᠣ ᠡᠪᠦᠭᠡ ᠳᠡᠭᠡᠳᠤᠰ ᠡᠨᠡ  ᠭᠦ ᠮᠡᠷᠭᠡᠵᠢᠯ ᠢ ᠡᠵᠡᠮᠰᠢᠭᠰᠡᠨ ᠵᠢᠡᠷ ᠪᠠᠷᠠᠬᠤ ᠦᠭᠡᠢ ᠳᠤᠩ ᠨᠠᠷᠢᠨ ᠨᠢᠭᠳᠠ ᠬᠤᠪᠢᠶᠠᠷᠢ ᠭᠢᠵᠠᠢ ᠃

1. ᠴᠡᠭᠡᠵᠢ ᠭᠡᠪᠡᠯᠢ ᠵᠢᠨ ᠠᠮᠢᠰᠬᠤᠭ᠎ᠠ

2. ᠪᠢᠳᠡᠭᠦᠦ ᠠᠮᠢᠰᠬᠤᠭ᠎ᠠ

3. ᠠᠮᠢᠰᠬᠤᠭ᠎ᠠ ᠨᠦᠭᠡᠴᠢᠯᠡᠭᠦ

4. ᠠᠮᠢᠰᠬᠤᠭ᠎ᠠ ᠵᠠᠳᠠᠯᠠᠬᠤ

5. ᠠᠮᠢᠰᠬᠤᠭ᠎ᠠ ᠲᠦᠭᠵᠢᠭᠦ

6. ᠠᠮᠢᠰᠬᠤᠭ᠎ᠠ ᠵᠢ ᠵᠦᠪ ᠬᠤᠪᠢᠶᠠᠷᠢᠯᠠᠬᠤ

7. ᠴᠦᠯᠡᠭᠦ ᠠᠭᠤᠵᠢᠮ ᠠᠮᠢᠰᠬᠤᠭ᠎ᠠ

8. ᠭᠢᠨᠵᠢᠨ ᠠᠮᠢᠰᠬᠤᠭ᠎ᠠ

9. ᠬᠤᠯᠠᠭᠠᠢ ᠠᠮᠢᠰᠬᠤᠭ᠎ᠠ

10. ᠨᠢᠭᠤᠴᠠ ᠠᠮᠢᠰᠬᠤᠭ᠎ᠠ

ᠭᠡᠵᠦ ᠪᠤᠰᠤᠳ ᠳᠠᠭᠤᠤ ᠵᠢ ᠳᠠᠭᠤᠯᠠᠬᠤ ᠭᠡᠢ ᠠᠮᠢᠰᠬᠤᠭ᠎ᠠ ᠭᠡᠷᠡᠭᠯᠡᠭᠦ ᠨᠡᠷᠡᠰ ᠣᠳ  ᠡᠴᠡ ᠤᠨᠴᠠᠭᠠᠢ ᠨᠡᠷᠡᠰ ᠣᠳ ᠤᠯᠠᠨ ᠪᠠᠶᠢᠨ᠎ᠠ ᠃ ᠵᠢᠱᠢᠶᠡᠯᠡᠪᠡᠯ ᠂ ᠠᠮᠢᠰᠬᠤᠭ᠎ᠠ ᠵᠢ ᠨᠦᠭᠡᠴᠢᠯᠡᠭᠦ ᠂ ᠵᠠᠳᠠᠯᠠᠬᠤ ᠂ ᠲᠦᠭᠵᠢᠭᠦ ᠂ ᠵᠦᠪ ᠬᠤᠪᠢᠶᠠᠷᠢᠯᠠᠬᠤ ᠂ ᠴᠦᠯᠡᠭᠦ ᠠᠭᠤᠵᠢᠮ ᠠᠮᠢᠰᠬᠤᠭ᠎ᠠ ᠂ ᠭᠢᠨᠵᠢᠨ ᠠᠮᠢᠰᠬᠤᠭ᠎ᠠ ᠵᠡᠷᠭᠡ ᠨᠡᠷᠡᠰ ᠳᠡᠯᠡᠭᠡᠢ ᠵᠢᠨ ᠤᠷᠠᠨ ᠳᠠᠭᠤᠯᠠᠯ ᠂ ᠰᠤᠩᠭᠤᠳᠠᠭ  ᠲᠤ ᠭᠡᠳ ᠶᠡᠷᠦ ᠡᠶᠢᠮᠦ  ᠤᠨᠴᠠᠭᠠᠢ ᠨᠡᠷᠡᠰ ᠪᠠᠶᠢᠭ᠎ᠠ ᠦᠭᠡᠢ ᠰᠢᠭ ᠪᠠᠶᠢᠨ᠎ᠠ ᠃ ᠮᠠᠨ  ᠣ ᠤᠷᠳᠤ ᠵᠢᠨ ᠳᠠᠭᠤᠤ ᠵᠢ ᠭᠡᠢ ᠠᠮᠢᠰᠬᠤᠭ᠎ᠠ ᠵᠢᠨ ᠡᠳᠡᠭᠡᠷ  ᠨᠡᠷᠡᠰ  ᠨᠢ ᠳᠡᠭᠷᠢ  ᠡᠴᠡ ᠵᠠᠶᠠᠭᠠᠭᠰᠡᠨ ᠴᠡᠩᠭᠡᠷ ᠭᠦᠭᠡ ᠤᠭᠳᠠᠷᠭᠤᠢ ᠂ ᠨᠤᠮᠢᠨ ᠨᠤᠭᠤᠭᠠᠨ ᠠᠭᠤᠳᠠᠮ ᠳᠠᠯ᠎ᠠ ᠵᠢᠨ ᠳᠠᠶᠢᠪᠤᠩ ᠳᠡᠨᠢᠭᠦᠨ ᠠᠭᠤᠷ ᠠᠮᠢᠰᠬᠤᠭ᠎ᠠ  ᠡᠴᠡ ᠢᠷᠡᠭᠰᠡᠨ ᠪᠠᠶᠢᠬ᠎ᠠ ᠃ ᠡᠷᠲᠡ  ᠳᠡᠭᠡᠳᠤᠰ  ᠡᠴᠡ ᠠᠪᠤᠭᠠᠳ ᠤᠯᠠᠮᠵᠢᠯᠠᠯ ᠳᠠᠭᠠᠨ ᠭᠡᠢ ᠠᠮᠢᠰᠬᠤᠭ᠎ᠠ ᠪᠠᠷᠢᠬᠤ ᠳᠠᠰᠬᠠᠯ ᠢ ᠭᠢᠯᠭᠡᠳᠡᠭ ᠪᠠᠶᠢᠭᠰᠠᠨ ᠃ ᠵᠢᠱᠢᠶᠡᠯᠡᠪᠡᠯ ᠂ ᠡᠷᠳᠡᠨᠢ  ᠵᠢᠨ ᠬᠤᠯᠤ ᠳᠤᠭᠠᠯᠠᠬᠤ ᠂ ᠭᠤᠴᠢᠨ ᠬᠤᠶᠠᠷ ᠴᠠᠭᠠᠨ ᠯᠤᠩᠬᠤ ᠳᠤᠭᠠᠯᠠᠬᠤ ᠂ ᠠᠯᠳᠠᠷᠳᠤ ᠳᠠᠭᠤᠴᠢᠨ ᠨᠤᠷᠪᠤᠪᠠᠨᠽᠠᠳ  ᠡᠴᠡ ᠰᠤᠷᠤᠭᠴᠢ ᠳᠠᠭᠠᠨ ᠬᠠᠮᠤᠭ ᠣᠨ ᠲᠦᠷᠦᠭᠦᠦ ᠨᠢᠭᠡ ᠠᠮᠢᠰᠬᠤᠭ᠎ᠠ  ᠪᠡᠷ ᠭᠤᠴᠢᠨ ᠬᠤᠶᠠᠷ ᠴᠠᠭᠠᠨ ᠯᠤᠩᠬᠤ ᠳᠤᠭᠠᠯᠠᠪᠠᠯ ᠰᠠᠶ᠋ᠢ ᠳᠠᠭᠤᠤ  ᠪᠠᠨ ᠡᠬᠢᠯᠡᠵᠦ  ᠵᠢᠭᠠᠳᠠᠭ ᠭᠡᠵᠦ ᠭᠡᠯᠡᠵᠦ ᠪᠠᠶᠢᠭᠰᠡᠨ ᠃

 

ᠬᠤᠶᠠᠷ ᠂ ᠤᠷᠳᠤ ᠵᠢᠨ ᠳᠠᠭᠤᠤ ᠵᠢᠨ ᠨᠤᠭᠤᠯᠤᠭ᠎ᠠ ︱ ᠠᠮᠢᠨ ᠰᠦᠨᠡᠰᠤ

ᠳᠠᠭᠤᠨ  ᠨᠢ ᠪᠤᠯ ᠳᠠᠭᠤᠨ ᠣ ᠭᠦᠪᠴᠢ ᠵᠢᠨ ᠳᠤᠷᠭᠢᠯᠳᠠ  ᠡᠴᠡ ᠭᠠᠷᠳᠠᠭ ᠃ ᠮᠡᠷᠭᠡᠵᠢᠯ ᠣᠨ ᠳᠠᠭᠤᠴᠢᠳ ᠮᠠᠰᠢ ᠤᠳᠠᠭᠠᠨ ᠳᠠᠭᠠᠮᠠᠭᠠᠢ ᠪᠤᠯᠪᠠᠰᠤᠷᠠᠯᠳᠠ  ᠡᠴᠡ ᠰᠠᠶ᠋ᠢ ᠳᠠᠭᠤᠨ ᠣ ᠭᠦᠪᠴᠢ ᠵᠢᠨ ᠭᠡᠷᠡᠭᠯᠡᠯᠳᠡ ᠵᠢ ᠡᠵᠡᠮᠰᠢᠵᠦ ᠴᠢᠳᠠᠳᠠᠭ ᠃ ᠮᠠᠨ  ᠣ ᠤᠷᠳᠤ ᠵᠢᠨ ᠳᠠᠭᠤᠤ  ᠳᠤ ᠲᠦᠪᠦᠩᠭᠡᠢ ᠵᠢᠨ ᠪᠦᠨᠵᠢᠭᠢᠨᠡᠭᠦ ᠭᠦᠳᠡᠯᠭᠡᠭᠡᠨ ᠵᠢᠡᠷ ᠤᠷᠠᠨ ᠭᠤᠶᠤ ᠨᠤᠭᠤᠯᠤᠭ᠎ᠠ ᠬᠤᠭᠤᠯᠤᠭ᠎ᠠ ᠭᠢᠵᠦ ᠤᠷᠳᠤ ᠵᠢᠨ ᠳᠠᠭᠤᠤ ᠵᠢᠨ ᠪᠤᠰᠤᠳ  ᠡᠴᠡ ᠦᠭᠡᠷ᠎ᠡ ᠤᠷ᠎ᠠ ᠮᠡᠷᠭᠡᠵᠢᠯ ᠵᠢᠡᠷ ᠤᠷᠳᠤ ᠵᠢᠨ ᠳᠠᠭᠤᠤ  ᠪᠠᠨ ᠠᠮᠢᠯᠠᠭᠤᠯᠵᠦ ᠂ ᠷᠢᠳᠢ ᠰᠢᠳᠢ  ᠲᠠᠢ ᠪᠤᠯᠭᠠᠳᠠᠭ ᠤᠨᠴᠠᠭᠠᠢ ᠲᠦᠷᠰᠦᠯᠢᠭ ᠨᠡᠷ᠎ᠡ ᠳᠤᠮᠢᠶ᠎ᠠ ᠪᠠᠶᠢᠳᠠᠭ ᠶᠤᠮ ᠃

1. ᠵᠢᠵᠢᠭ ᠨᠤᠭᠤᠯᠤᠭ᠎ᠠ

2. ᠳᠤᠷᠭᠠᠨ ᠵᠦᠭᠡᠯᠡᠨ ᠨᠤᠭᠤᠯᠤᠭ᠎ᠠ

3. ᠨᠤᠭᠤᠯᠤᠭ᠎ᠠ ᠬᠤᠭᠤᠯᠤᠭ᠎ᠠ

4. ᠴᠤᠭᠢᠶ᠎ᠠ ᠨᠤᠭᠤᠯᠤᠭ᠎ᠠ

5. ᠰᠢᠭᠰᠢᠭᠦ ᠨᠤᠭᠤᠯᠤᠭ᠎ᠠ

ᠳᠠᠭᠤᠯᠠᠬᠤᠢ ᠵᠢᠨ ᠴᠤᠤᠷᠢᠶᠠᠨ  ᠣ ᠡᠷᠭᠡᠳᠡᠨ  ᠳᠤ ᠬᠤᠯᠪᠤᠭᠳᠠᠭᠰᠡᠨ ᠨᠡᠷ᠎ᠡ ᠳᠤᠮᠢᠶ᠎ᠠ

1. ᠬᠤᠭᠤᠯᠠᠢ ᠨᠤᠭᠤᠯᠤᠭ᠎ᠠ

2. ᠡᠷᠡᠤ ᠨᠤᠭᠤᠯᠤᠭ᠎ᠠ

3. ᠳᠠᠩᠨᠠᠢ ᠨᠤᠭᠤᠯᠤᠭ᠎ᠠ

4. ᠭᠡᠦᠭᠡᠨ ᠭᠡᠯᠡ ᠵᠢᠨ ᠡᠭᠳᠦᠰ ᠨᠤᠭᠤᠯᠤᠭ᠎ᠠ

5. ᠬᠠᠮᠠᠷ  ᠣᠨ ᠭᠦᠨᠳᠡᠢ ᠵᠢᠨ ᠨᠤᠭᠤᠯᠤᠭ᠎ᠠ

6. ᠴᠡᠭᠡᠵᠢᠨ  ᠣ ᠭᠦᠨᠳᠡᠢ ᠵᠢᠨ ᠳᠤᠷᠭᠢᠶᠠᠨᠳᠤ ᠠᠶᠠᠰ

7. ᠡᠯᠢᠭᠡᠨ ᠴᠤᠭᠢᠶ᠎ᠠ

ᠶᠠᠮᠠᠷ ᠴᠤ ᠦᠭᠡ ᠠᠶᠠᠯᠠᠭᠤ ᠵᠠᠪᠠᠯ ᠵᠢᠷᠦᠭᠡᠨ ᠳ᠋ᠡᠬᠡᠨ ᠳᠠᠭᠤᠯᠠᠵᠦ ᠰᠡᠳᠭᠢᠯᠭᠡ  ᠪᠡᠷ ᠳᠠᠭᠤᠯᠠᠬᠤ ᠵᠢ ᠱᠠᠭᠠᠷᠳᠠᠳᠠᠭ ᠢ ᠭᠡᠯᠡᠵᠦ ᠪᠠᠶᠢᠨ᠎ᠠ ᠃

 

ᠭᠤᠷᠪᠠ ᠂ ᠳᠠᠭᠤᠨ ᠡᠭᠡᠰᠢᠭ ᠦᠨᠭᠭᠡ  ᠲᠠᠢ ᠬᠤᠯᠪᠤᠭᠳᠠᠭᠰᠡᠨ ᠨᠡᠷ᠎ᠡ ᠳᠤᠮᠢᠶ᠎ᠠ

ᠤᠷᠳᠤ ᠵᠢᠨ ᠳᠠᠭᠤᠤ ᠵᠢ ᠳᠠᠭᠤᠯᠠᠬᠤ ᠳᠠᠭᠠᠨ ᠡᠭᠡᠰᠢᠭ  ᠦᠨᠭᠭᠡ ᠵᠢᠨ ᠢᠯᠭᠠᠷᠠᠮᠵᠢ ᠵᠢ ᠠᠶᠠᠰ  ᠣᠨ ᠦᠭᠰᠦᠵᠦ ᠳᠤᠨᠤᠷᠠᠭᠤᠯᠬᠤ ᠂ ᠰᠢᠳᠠᠵᠦ ᠪᠦᠮᠪᠦᠷᠢᠭᠦᠯᠭᠦ  ᠲᠠᠢ ᠤᠶᠠᠯᠳᠤᠭᠤᠯᠤᠨ  ᠬᠠᠳᠬᠤᠵᠦ ᠳᠠᠭᠤᠯᠠᠬᠤ  ᠨᠢ ᠦᠨᠭᠭᠡ ᠢᠯᠭᠠᠷᠠᠭᠰᠡᠨ ᠴᠡᠴᠡᠭ ᠰᠢᠭ ᠬᠦᠮᠦᠰ ᠣᠨ ᠰᠡᠳᠭᠢᠯ ᠢ ᠬᠠᠩᠭᠠᠳᠠᠭ ᠶᠤᠮ ᠃

1. ᠴᠠᠶᠢᠷᠠᠭᠤᠯᠬᠤ

2. ᠰᠢᠷᠤᠩᠬᠠᠶᠢᠯᠠᠬᠤ ᠪᠤᠶᠤ ᠰᠢᠷᠭᠤᠭᠤᠯᠬᠤ

 

ᠲᠦᠷᠪᠡ ᠂ ᠤᠷᠳᠤ ᠵᠢᠨ ᠳᠠᠭᠤᠤ ᠵᠢᠨ ᠴᠢᠮᠡᠭ ᠠᠶᠠᠯᠭᠤ

ᠤᠷᠳᠤ ᠵᠢᠨ ᠳᠠᠭᠤᠤ  ᠳᠤ ᠤᠯᠠᠨ ᠶᠠᠩᠵᠤ ᠵᠢᠨ ᠤᠶᠠᠩᠭ᠎ᠠ ᠳᠡᠭᠦᠯᠳᠡᠷ ᠡᠭᠡᠰᠢᠭ  ᠨᠤᠭᠤᠯᠤᠭ᠎ᠠ  ᠪᠡᠷ ᠴᠢᠮᠡᠭᠯᠡᠵᠦ ᠳᠠᠭᠤᠯᠠᠬᠤ  ᠪᠡᠷ ᠭᠤᠤᠯ ᠪᠤᠯᠭᠠᠳᠠᠭ ᠤᠴᠢᠷ  ᠡᠴᠡ ᠳᠠᠭᠤᠴᠢᠳ ᠦᠪᠡᠷ ᠣᠨ ᠠᠪᠢᠶᠠᠰ ᠵᠢᠡᠷ ᠴᠢᠮᠡᠭ ᠠᠶᠠᠯᠭᠤ ᠵᠢ ᠭᠡᠷᠡᠭᠯᠡᠵᠦ ᠤᠷᠠᠯᠠᠨ ᠳᠠᠭᠤᠯᠠᠬᠤ  ᠨᠢ ᠨᠢᠭᠡᠨ ᠵᠦᠢᠯ ᠣᠨ ᠮᠡᠷᠭᠡᠵᠢᠯ ᠣᠨ ᠪᠠᠷᠢᠮᠵᠢᠶ᠎ᠠ ᠪᠤᠯᠤᠨ᠎ᠠ ᠃

1. ᠴᠠᠴᠤᠯᠭ᠎ᠠ ᠴᠢᠮᠡᠭ

2. ᠬᠠᠶᠠᠯᠭ᠎ᠠ ᠴᠢᠮᠡᠭ

3. ᠬᠠᠳᠠᠭᠤ ᠴᠢᠮᠡᠭ

4. ᠭᠡᠭᠵᠢᠭᠦᠨ ᠴᠢᠮᠡᠭ

5. ᠭᠤᠯᠭᠤᠷᠢᠭ᠎ᠠ ᠴᠢᠮᠡᠭ

6. ᠤᠯᠠᠨ ᠶᠠᠩᠵᠤ ᠵᠢᠨ ᠴᠤᠭᠢᠯᠭ᠎ᠠ ᠴᠢᠮᠡᠭ

ᠡᠳᠡᠭᠡᠷ  ᠴᠢᠮᠡᠭ ᠠᠶᠠᠯᠭᠤ ᠵᠢᠨ ᠠᠳᠠᠯᠢ ᠪᠤᠰᠤ ᠭᠡᠷᠡᠭᠯᠡᠯᠳᠡ  ᠡᠴᠡ ᠨᠤᠳᠤᠭ  ᠣᠨ ᠳᠠᠭᠤᠤ ᠵᠢᠨ ᠦᠪᠡᠷᠮᠢᠴᠡ ᠤᠨᠴᠠᠯᠢᠭ ᠂ ᠦᠨᠦᠷ ᠠᠮᠳᠠ ᠭᠡᠪ ᠨᠠᠮᠪᠠ ᠢᠯᠭᠠᠭᠳᠠᠨ᠎ᠠ ᠃

 

ᠮᠦᠯᠠᠨ ᠣ ᠳᠤᠪᠴᠢ ᠳᠠᠨᠢᠯᠴᠠᠭᠤᠯᠭ᠎ᠠ

ᠮᠦᠯᠠᠨ ᠂ ᠦᠪᠦᠷ ᠮᠤᠩᠭᠤᠯ ᠣᠨ ᠶᠡᠭᠡ ᠰᠤᠷᠭᠠᠭᠤᠯᠢ ᠵᠢᠨ ᠤᠷᠠᠯᠢᠭ ᠣᠨ ᠳᠡᠭᠡᠳᠤ ᠰᠤᠷᠭᠠᠭᠤᠯᠢ ᠵᠢᠨ ᠳᠡᠳ᠋ ᠫᠷᠤᠹᠸᠰᠰᠤᠷ ᠂ ᠳᠠᠭᠤᠴᠢᠨ ᠃

1949 ᠤᠨ  ᠳᠤ ᠬᠤᠷᠴᠢᠨ ᠨᠤᠳᠤᠭ ᠣᠨ ᠭᠦᠷᠢᠶ᠎ᠡ ᠬᠤᠰᠢᠭᠤᠨ  ᠳᠤ ᠨᠤᠳᠤᠭ  ᠲᠠᠢ ᠃

1965 ︱ 1959 ᠤᠨ  ᠳᠤ ᠦᠪᠦᠷ ᠮᠤᠩᠭᠤᠯ ᠣᠨ ᠤᠷᠠᠯᠢᠭ ᠣᠨ ᠰᠤᠷᠭᠠᠭᠤᠯᠢ  ᠳᠤ ᠰᠤᠷᠤᠯᠴᠠᠵᠠᠢ ᠃

1969 ︱ 1985 ᠤᠨ  ᠳᠤ ᠦᠪᠦᠷ ᠮᠤᠩᠭᠤᠯ ᠣᠨ ᠤᠷᠠᠯᠢᠭ ᠣᠨ ᠳᠠᠪᠴᠠᠩ  ᠳᠤ ᠳᠠᠭᠤᠴᠢᠨ ᠵᠦᠴᠦᠭᠡᠴᠢᠨ ᠵᠢᠡᠷ ᠠᠵᠢᠯᠯᠠᠵᠦ ᠂ ᠲᠦᠯᠦᠭᠡᠯᠡᠭᠴᠢ ᠵᠦᠴᠦᠭᠡ  ᠨᠢ ︽ ᠳᠠᠯ᠎ᠠ ᠨᠤᠳᠤᠭ ᠣᠨ ᠦᠷ ᠣᠨ ᠳᠤᠶᠠᠭ᠎ᠠ ︾ ᠂ ︽ ᠤᠶᠤᠴᠡᠴᠡᠭ ︾ ᠵᠡᠷᠭᠡ ᠵᠦᠴᠦᠭᠡ ᠵᠢᠨ ᠭᠤᠤᠯ ᠳᠤᠭᠯᠠᠭᠴᠢ ᠪᠠᠳᠮ᠎ᠠ ᠂ ᠤᠶᠤᠨᠴᠡᠴᠡᠭ ᠢ ᠲᠤᠰ ᠲᠤᠰ ᠳᠤᠭᠯᠠᠵᠠᠢ ᠃ ᠳᠠᠭᠤᠯᠠᠭᠰᠡᠨ ᠳᠠᠭᠤᠤ  ᠨᠤᠭᠤᠳ  ᠨᠢ ᠄ ︽ ᠤᠭ᠍ᠶᠤᠳᠠᠢ ︾ ᠂ ︽ ᠡᠷ᠎ᠡ ᠪᠤᠷᠤ ᠬᠠᠷᠴᠠᠭᠠᠢ ︾ ᠂ ︽ ᠮᠠᠨᠳᠤᠮᠠᠯ ᠭᠡᠭᠡᠨ ᠳᠢᠶᠠᠨ ᠠᠨ ᠮᠸᠨ ︾ ᠵᠡᠷᠭᠡ ᠠᠷᠠᠳ ᠣᠨ ᠳᠠᠭᠤᠤ ᠪᠠ ᠵᠤᠬᠢᠶᠠᠮᠠᠯ ᠳᠠᠭᠤᠤ  ᠨᠤᠭᠤᠳ ᠪᠤᠯᠤᠨ᠎ᠠ ᠃

1985 ᠤᠨ  ᠡᠴᠡ ᠦᠪᠦᠷ ᠮᠤᠩᠭᠤᠯ ᠣᠨ ᠤᠷᠠᠯᠢᠭ ᠣᠨ ᠰᠤᠷᠭᠠᠭᠤᠯᠢ  ᠳᠤ ᠪᠠᠭᠰᠢ  ᠪᠡᠷ ᠠᠵᠢᠯᠯᠠᠪᠠ ᠃

1988 ᠤᠨ  ᠳᠤ ᠯᠸᠺᠲ᠋ᠥᠷ ᠪᠠᠭᠰᠢ  ᠪᠡᠷ ᠦᠨᠡᠯᠡᠭᠳᠡᠵᠦ ᠂ ᠠᠷᠠᠳ ᠣᠨ ᠳᠠᠭᠤᠤ ᠵᠢᠨ ᠰᠤᠨᠢᠷᠬᠠᠮᠵᠢ ᠵᠢᠨ ᠭᠢᠴᠢᠶᠡᠯ ᠪᠠ ᠳᠠᠭᠤᠤ ᠵᠢᠨ ᠮᠡᠷᠭᠡᠵᠢᠯ ᠣᠨ ᠪᠠᠭᠰᠢ  ᠪᠡᠷ ᠤᠷᠢᠭᠳᠠᠪᠠ ᠃

1998 ᠤᠨ  ᠳᠤ ᠳᠡᠳ᠋ ᠫᠷᠤᠹᠸᠰᠰᠤᠷ ᠵᠢᠡᠷ ᠦᠨᠡᠯᠡᠭᠳᠡᠵᠦ ᠂ ᠳᠤᠰ ᠬᠤᠭᠤᠴᠠᠭᠠᠨ  ᠳᠤ  ᠪᠠᠨ ︽ ᠦᠨᠳᠦᠰᠦᠳᠡᠨ  ᠤ ᠳᠠᠭᠤᠤ ᠭᠦᠭᠵᠢᠮ ︾ ᠭᠡᠭᠦ ᠵᠢᠭᠠᠬᠤ ᠮᠠᠲ᠋ᠸᠷᠢᠶᠠᠯ ᠵᠢᠡᠨ ᠭᠡᠪᠯᠡᠭᠦᠯᠵᠡᠢ ᠃

2002 ᠤᠨ  ᠳᠤ ︽ ᠡᠯ᠎ᠡ ᠦᠨᠳᠦᠰᠦᠳᠡᠨ ᠣ ᠠᠷᠠᠳ ᠣᠨ ᠳᠠᠭᠤᠤ ︾ ᠭᠡᠳᠡᠭ ᠵᠢᠭᠠᠬᠤ ᠮᠠᠲ᠋ᠸᠷᠢᠶᠠᠯ ᠵᠢᠠᠨ ᠨᠠᠶᠢᠷᠠᠭᠤᠯᠤᠭᠰᠡᠨ ᠪᠦᠭᠡᠳ ᠤᠳᠤ ᠬᠦᠷᠳᠡᠯ᠎ᠡ ᠮᠦᠨ ᠭᠡᠷᠡᠭᠯᠡᠵᠦ ᠪᠤᠢ ᠃

2006 ᠤᠨ  ᠳᠤ ︽ ᠮᠤᠩᠭᠤᠯ ᠦᠨᠳᠦᠰᠦᠳᠡᠨ ᠣ ᠤᠯᠠᠮᠵᠢᠯᠠᠯᠳᠤ ᠠᠷᠠᠳ ᠣᠨ ᠳᠠᠭᠤᠤ ︾ ᠭᠡᠭᠦ ᠨᠤᠮ ᠵᠢᠡᠨ ᠨᠠᠶᠢᠷᠠᠭᠤᠯᠤᠭᠰᠡᠨ ᠪᠦᠭᠡᠳ ᠤᠳᠤ ᠴᠤ ᠮᠦᠨ ᠭᠡᠷᠡᠭᠯᠡᠵᠦ ᠪᠤᠢ ᠃

ᠤᠳᠤ ᠳᠤᠮᠳᠠᠳᠤ ᠤᠯᠤᠰ ᠣᠨ ᠴᠦᠭᠡᠨ ᠳᠤᠭᠠᠳᠤ ᠦᠨᠳᠦᠰᠦᠳᠡᠨ ᠣ ᠳᠠᠭᠤᠤ ᠭᠦᠭᠵᠢᠮ ᠣᠨ ᠨᠡᠶᠢᠭᠡᠮᠯᠢᠭ ᠣᠨ ᠭᠡᠰᠢᠭᠦᠨ᠂ ᠳᠤᠮᠳᠠᠳᠤ ᠤᠯᠤᠰ ᠣᠨ ᠤᠮᠠᠷᠠᠳᠤ ᠤᠷᠤᠨ ᠣᠨ ᠳᠠᠯ᠎ᠠ ᠨᠤᠳᠤᠭ ᠣᠨ ᠰᠤᠶᠤᠯ ᠤᠷᠠᠯᠢᠭ ᠣᠨ ᠰᠤᠳᠤᠯᠠᠬᠤ ᠨᠡᠶᠢᠭᠡᠮᠯᠢᠭ ᠣᠨ ᠪᠠᠶᠢᠩᠭᠤ ᠵᠢᠨ ᠭᠡᠷᠡᠭ ᠡᠷᠬᠢᠯᠡᠬᠦ  ᠭᠡᠰᠢᠭᠦᠨ ᠂ ᠦᠪᠦᠷ ᠮᠤᠩᠭᠤᠯ ᠣᠨ ᠤᠷᠳᠤ ᠵᠢᠨ ᠳᠠᠭᠤᠤ ᠵᠢᠨ ᠰᠤᠯᠢᠯᠴᠠᠭ᠎ᠠ ᠰᠤᠳᠤᠯᠭᠠᠨ ᠣ ᠨᠡᠶᠢᠭᠡᠮᠯᠢᠭ ᠣᠨ ᠰᠤᠷᠤᠯᠴᠠᠬᠤ ᠰᠤᠳᠤᠯᠬᠤ ᠬᠤᠷᠠᠯ ᠣᠨ ᠡᠷᠬᠢᠯᠡᠭᠴᠢ   ᠪᠡᠷ ᠠᠵᠢᠯᠯᠠᠵᠦ ᠪᠤᠢ ᠃

 

ᠨᠡᠶᠢᠭᠡᠮ ᠣᠨ ᠭᠦᠳᠡᠯᠭᠡᠭᠡᠨ  ᠳᠤ ᠤᠷᠤᠯᠴᠠᠭᠰᠡᠨ ᠪᠠᠶᠢᠳᠠᠯ ᠄

1990 ᠤᠨ  ᠣ 6 ᠰᠠᠷ᠎ᠠ  ᠳᠤ ᠦᠪᠦᠷ ᠮᠤᠩᠭᠤᠯ ᠣᠨ ᠤᠷᠠᠯᠢᠭᠴᠢᠳ ᠣᠨ ᠪᠦᠯᠭᠦᠮ ᠵᠢᠡᠷ ᠶᠠᠫᠤᠨ  ᠳᠤ ᠭᠦᠷᠴᠦ ᠳᠤᠭᠯᠠᠯᠳᠠ ᠭᠠᠷᠭᠠᠪᠠ ᠃

1993 ᠤᠨ  ᠳᠤ ᠦᠪᠦᠷ ᠮᠤᠩᠭᠤᠯ ᠣᠨ ᠤᠷᠠᠯᠢᠭᠴᠢᠳ ᠣᠨ ᠪᠦᠯᠭᠦᠮ ᠵᠢᠡᠷ ᠮᠤᠩᠭᠤᠯ ᠤᠯᠤᠰ  ᠲᠤ ᠪᠤᠯᠤᠭᠰᠡᠨ ︽ ᠤᠯᠠᠨ ᠤᠯᠤᠰ ᠣᠨ ᠤᠷᠳᠤ ᠵᠢᠨ ᠳᠠᠭᠤᠤ ︾ ᠵᠢᠨ ᠤᠷᠤᠯᠳᠤᠭᠠᠨ  ᠳᠤ ᠤᠷᠤᠯᠴᠠᠭᠰᠡᠨ ᠮᠦᠷᠳᠡᠭᠡᠨ ᠮᠦᠩᠭᠦᠨ ᠮᠸᠲ᠋ᠠᠯ ᠵᠢᠡᠷ ᠱᠠᠩᠨᠠᠭᠳᠠᠪᠠ ᠃

1995 ᠤᠨ  ᠳᠤ ᠶᠠᠫᠤᠨ  ᠳᠤ ᠪᠤᠯᠤᠭᠰᠡᠨ ︽ ᠵᠡᠭᠦᠨ ᠬᠤᠶᠢᠳᠤ ᠠᠽᠢᠶ᠎ᠠ ᠵᠢᠨ ᠦᠨᠳᠦᠰᠦᠳᠡᠨ ᠣ ᠲᠦᠷᠰᠦᠳᠤ ᠰᠤᠶᠤᠯ ᠤᠷᠠᠯᠢᠭ ᠣᠨ ᠬᠠᠮᠢᠶ᠎ᠠ ᠪᠦᠬᠦᠢ ᠰᠡᠳᠦᠪᠳᠤ ᠰᠤᠳᠤᠯᠤᠯ ᠣᠨ ᠬᠤᠷᠠᠯ ︾  ᠳᠤ ᠤᠷᠤᠯᠴᠠᠵᠠᠢ ᠃

1996 ᠤᠨ  ᠳᠤ ︽ ᠳᠤᠮᠳᠠᠳᠤ ᠤᠯᠤᠰ ᠣᠨ ᠳᠠᠭᠤᠤ ᠬᠥᠭᠵᠢᠮ  ᠣᠨ ᠰᠤᠳᠤᠯᠤᠯ ᠣᠨ ᠭᠦᠷᠢᠶᠡᠯᠡᠩ ︾ ᠣᠨ ᠮᠤᠩᠭᠤᠯ ᠦᠨᠳᠦᠰᠦᠳᠡᠨ  ᠣ ᠠᠷᠠᠳ ᠣᠨ ᠳᠠᠭᠤᠤ ᠭᠦᠭᠵᠢᠮ ᠢ ︽ ᠲᠦᠭᠡᠮᠡᠯᠵᠢᠭᠦᠯᠭᠦ ᠪᠠ ᠰᠤᠳᠤᠯᠠᠬᠤ ︾ ᠰᠡᠳᠦᠪ ᠣᠨ ᠳᠣᠭᠤᠶᠢᠯᠠᠩ  ᠳᠤ ᠤᠷᠤᠯᠴᠠᠪᠠ ᠃

1997 ᠤᠨ  ᠳᠤ ᠰᠤᠶᠤᠯ ᠣᠨ ᠶᠠᠮᠤᠨ ᠣ ᠤᠷᠳᠤ ᠵᠢᠨ ᠳᠠᠭᠤᠤ ᠵᠢᠨ ᠤᠷᠠᠯᠢᠭ ᠣᠨ ︽ ᠤᠯᠠᠮᠵᠢᠯᠠᠯ ᠪᠠ ᠭᠦᠭᠵᠢᠯᠳᠡ ︾ ᠰᠡᠳᠦᠪ ᠣᠨ ᠰᠤᠳᠤᠯᠭᠠᠨ ᠳᠣ ᠤᠷᠤᠯᠴᠠᠪᠠ ᠃

2001 ᠤᠨ  ᠳᠤ ᠰᠢᠶᠠᠩᠭᠠᠩ ᠣᠨ ᠭᠢᠳᠠᠳ ᠭᠡᠯᠡᠨ  ᠣ ᠶᠡᠭᠡ ᠰᠤᠷᠭᠠᠭᠤᠯᠢ ᠵᠢᠨ ᠤᠷᠠᠯᠢᠭ ᠣᠨ ᠰᠠᠯᠪᠤᠷᠢ ᠂ ᠳᠤᠮᠳᠠᠳᠤ ᠤᠯᠤᠰ ᠣᠨ ᠤᠷᠠᠯᠢᠭ ᠰᠤᠳᠤᠯᠤᠯ ᠣᠨ ᠭᠦᠷᠢᠶᠡᠯᠡᠩ ᠣᠨ ᠳᠠᠭᠤᠤ ᠭᠦᠭᠵᠢᠮ ᠰᠤᠳᠤᠯᠠᠬᠤ ᠭᠠᠵᠠᠷ ᠣᠨ ᠳᠤᠮᠳᠠᠳᠤ ᠤᠯᠤᠰ ᠣᠨ ᠤᠯᠠᠮᠵᠢᠯᠠᠯᠳᠤ ᠳᠠᠭᠤᠤ ᠭᠦᠭᠵᠢᠮ ᠣᠨ ᠬᠠᠮᠳᠤᠷᠠᠵᠦ ᠡᠷᠬᠢᠯᠡᠭᠰᠡᠨ  ︽ ᠳᠤᠮᠳᠠᠳᠤ ᠤᠯᠤᠰ ᠣᠨ ᠳᠠᠭᠤᠤ ᠭᠦᠭᠵᠢᠮ ᠣᠨ ᠰᠢᠨ᠎ᠡ ᠡᠷᠡᠨ  ᠳᠠᠬᠢ ᠪᠠᠶᠢᠷᠢ ᠰᠠᠭᠤᠷᠢ ᠵᠢ ᠳᠤᠭᠳᠠᠭᠠᠬᠤ ︾ ᠭᠡᠭᠦ ᠤᠯᠠᠨ ᠤᠯᠤᠰ ᠣᠨ ᠡᠷᠳᠡᠮ  ᠰᠢᠨᠵᠢᠯᠡᠭᠡᠨ ᠣ ᠰᠤᠳᠤᠯᠤᠯ ᠣᠨ ᠬᠤᠷᠠᠯ  ᠳᠤ ᠤᠷᠤᠯᠴᠠᠪᠠ ᠃

2001 ᠤᠨ ᠣ 8 ᠰᠠᠷ᠎ᠠ  ᠳᠤ ᠯᠢᠶᠤᠤᠨᠢᠩ ᠣᠨ ᠹᠦᠰᠢᠨ  ᠳᠤ ᠪᠤᠯᠤᠭᠰᠡᠨ ᠳᠤᠮᠳᠠᠳᠤ ᠤᠯᠤᠰ ᠣᠨ ᠮᠤᠩᠭᠤᠯ ᠭᠡᠯᠡᠨ ᠣ ᠶᠢᠰᠦᠳᠦᠭᠡᠷ ᠬᠤᠭᠤᠴᠠᠭᠠᠨ ᠣ ᠡᠷᠳᠡᠮ  ᠰᠢᠨᠵᠢᠯᠡᠭᠡᠨ ᠣ ᠬᠤᠷᠠᠯ  ᠳᠤ ᠤᠷᠤᠯᠴᠠᠭᠰᠡᠨ ᠪᠦᠭᠡᠳ ᠦᠭᠦᠯᠡᠯ ᠤᠩᠰᠢᠭᠠᠳ ᠰᠢᠯᠢᠳᠡᠭ ᠱᠠᠩᠨᠠᠯ ᠭᠠᠷᠳᠠᠪᠠ ᠃

 

ᠨᠠᠶᠢᠳᠡᠯᠡᠭᠰᠡᠨ ᠦᠭᠦᠯᠡᠯ ᠣᠳ ᠄

1. ︽ ᠤᠷᠳᠤ ᠵᠢᠨ ᠳᠠᠭᠤᠤ ᠪᠠ ᠳᠡᠭᠦᠨ ᠣ ᠳᠠᠭᠤᠯᠠᠬᠤᠢ ︾ 1990 ᠤᠨ

2. ︽ ᠤᠷᠳᠤᠰ ᠠᠷᠠᠳ ᠣᠨ ᠤᠷᠳᠤ ᠵᠢᠨ ᠳᠠᠭᠤᠴᠢᠨ ᠵᠠᠮᠰᠤ ᠵᠢᠨ ᠳᠠᠭᠤᠯᠠᠬᠤ ᠠᠷᠭ᠎ᠠ ᠪᠠᠷᠢᠯ ᠢ ᠲᠦᠭᠦᠮ ᠦᠭᠦᠯᠡᠭᠦ  ᠨᠢ ︾ 1993 ᠤᠨ

3. ︽ ᠤᠷᠳᠤ ᠵᠢᠨ ᠳᠠᠭᠤᠤ ᠵᠢᠨ ᠨᠡᠷᠡᠰ ᠳᠤᠮᠢᠶ᠎ᠠ ᠪᠠ ᠳᠡᠭᠦᠨ ᠢ ᠲᠦᠷᠢᠮᠵᠢᠭᠦᠯᠭᠦ ᠳᠤᠬᠠᠢ ᠰᠠᠨᠠᠯ ︾ 2002 ᠤᠨ

4. ︽ ᠮᠤᠩᠭᠤᠯ ᠦᠨᠳᠦᠰᠦᠳᠡᠨ ᠣ ᠶᠤᠰᠤᠯᠠᠯ ᠣᠨ ᠠᠷᠠᠳ ᠣᠨ ᠳᠠᠭᠤᠤ ᠵᠢᠨ ᠲᠦᠷᠦᠯ ᠭᠡᠯᠪᠡᠷᠢ ᠪᠠ ᠢᠷᠡᠯᠳᠡ ︾ 2003 ᠤᠨ

5. ︽ ᠳᠠᠯ᠎ᠠ ᠨᠤᠳᠤᠭ ᠣᠨ ᠰᠤᠶᠤᠯ ᠤᠷᠠᠯᠢᠭ ᠣᠨ ᠭᠤᠸ᠎ᠠ ᠵᠦᠢ ᠵᠢ ᠰᠤᠨᠢᠷᠬᠠᠬᠤ ᠳᠤᠬᠠᠢ ᠦᠭᠦᠯᠡᠭᠦ  ᠨᠢ ︾ 2005 ᠤᠨ

6. ︽ ᠪᠠᠷᠭᠤ ᠠᠷᠠᠳ  ᠣᠨ ᠤᠷᠳᠤ ᠵᠢᠨ ᠳᠠᠭᠤᠤ ᠵᠢᠨ ᠤᠯᠠᠮᠵᠢᠯᠠᠯ ᠪᠠ ᠭᠦᠭᠵᠢᠯᠳᠡ ᠵᠢᠨ ᠳᠤᠬᠠᠢ ᠭᠡᠳᠦᠨ ᠰᠡᠳᠭᠢᠮᠵᠢ ︾ 2007 ᠤᠨ

 

ᠦᠪᠦᠷ ᠮᠤᠩᠭᠤᠯ ᠣᠨ ᠶᠡᠭᠡ ᠰᠤᠷᠭᠠᠭᠤᠯᠢ ᠵᠢᠨ ᠤᠷᠠᠯᠢᠭ ᠣᠨ ᠳᠡᠭᠡᠳᠤ ᠰᠤᠷᠭᠠᠭᠤᠯᠢ ᠵᠢᠨ ᠳᠡᠳ᠋ ᠫᠷᠤᠹᠸᠰᠰᠤᠷ ᠂ ᠳᠠᠭᠤᠴᠢᠨ ︱ ︱ ᠮᠦᠯᠠᠨ

 

11 12 13 14 15 16 17 18 19 20

VCD ᠪᠢᠴᠢᠯᠭᠡ ︱ ᠲᠠᠶᠢᠯᠪᠤᠷᠢ ︵ ᠨᠢᠭᠡ ︶

VCD ᠪᠢᠴᠢᠯᠭᠡ ︱ ᠲᠠᠶᠢᠯᠪᠤᠷᠢ ︵ ᠬᠤᠶᠠᠷ ︶

VCD ᠪᠢᠴᠢᠯᠭᠡ ︱ ᠲᠠᠶᠢᠯᠪᠤᠷᠢ ︵ ᠭᠤᠷᠪᠠ ︶

VCD ᠪᠢᠴᠢᠯᠭᠡ ︱ ᠲᠠᠶᠢᠯᠪᠤᠷᠢ ︵ ᠳᠥᠷᠪᠡ ︶

ᠰᠢᠭᠦᠮᠵᠢ ᠦᠯᠡᠳᠡᠭᠡᠬᠦ