• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠤᠨᠭ᠍ᠭᠤᠯ ᠳᠠᠭᠤᠤ ᠬᠦᠭᠵᠢᠮ  ᠣᠨ ᠳᠤᠬᠠᠢ ᠳᠤᠶᠢᠮᠤᠴᠢᠯᠠᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   80
  • ᠄   0
  • ᠄   0
  • ᠄  0

ᠮᠤᠨᠭ᠍ᠭᠤᠯ ᠳᠠᠭᠤᠤ ᠬᠦᠭᠵᠢᠮ

 

ᠠᠷᠠᠳ ᠣᠨ ᠳᠠᠭᠤᠤ ᠬᠦᠭᠵᠢᠮ ᠪᠤᠯ ᠮᠤᠩᠭᠤᠯ ᠦᠨᠳᠦᠰᠦᠳᠡᠨ ᠣ ᠬᠠᠮᠤᠭ ᠣᠨ ᠪᠠᠶᠠᠯᠢᠭ ᠰᠠᠶᠢᠬᠠᠨ ᠦᠪ ᠰᠤᠶᠤᠯ ᠣᠨ ᠨᠢᠭᠡᠨ ᠪᠦᠷᠢᠯᠳᠦᠭᠦᠨ ᠪᠤᠯᠤᠨ᠎ᠠ ᠃ ᠮᠤᠩᠭᠤᠯ ᠦᠨᠳᠦᠰᠦᠳᠡᠨ ᠣ ᠳᠠᠭᠤᠤ ᠬᠦᠭᠵᠢᠮ ᠣᠨ ᠰᠤᠶᠤᠯ ᠤᠷᠠᠯᠢᠭ  ᠲᠤ ᠪᠦᠬᠡ ᠮᠦᠷᠭᠦᠯ ᠣᠨ ᠳᠠᠭᠤᠤ ᠪᠦᠵᠢᠭ ᠂ ᠪᠠᠭᠠᠲᠤᠷᠯᠢᠭ ᠲᠤᠤᠯᠢ ᠂ ᠭᠦᠭᠡᠮᠡᠢ  ᠂ ᠴᠤᠭᠤᠷ ᠂ ᠴᠤᠭᠤᠷ  ᠣᠨ ᠳᠠᠭᠤᠤ ᠂ ᠤᠷᠳᠤ ᠵᠢᠨ ᠳᠠᠭᠤᠤ ᠂ ᠲᠤᠶᠢᠭ ᠣᠨ ᠳᠠᠭᠤᠤ ᠂ ᠠᠨᠳᠠᠢ ᠂ ᠪᠤᠷᠬᠠᠨ ᠱᠠᠰᠢᠨ ᠣ ᠳᠠᠭᠤᠤ ᠬᠦᠭᠵᠢᠮ ᠂ ᠮᠤᠷᠢᠨ ᠬᠤᠭᠤᠷ ᠂ ᠪᠤᠭᠤᠨᠢ ᠳᠠᠭᠤᠤ ᠂ ᠦᠯᠢᠭᠡᠷᠳᠦ ᠳᠠᠭᠤᠤ ᠂ ᠬᠡᠯᠡᠵᠦ ᠳᠠᠭᠤᠯᠠᠬᠤ ᠤᠷᠠᠯᠢᠭ ᠵᠡᠷᠭᠡ ᠤᠯᠠᠨ ᠵᠦᠢᠯ  ᠣᠨ ᠰᠲ᠋ᠸᠯᠢ ᠪᠠᠶᠢᠳᠠᠭ ᠃ ᠡᠭᠦᠨ  ᠣ ᠳᠤᠳᠤᠷ᠎ᠠ ᠵᠠᠷᠢᠮ  ᠨᠢ ︵ ᠵᠢᠱᠢᠶᠡᠯᠡᠪᠡᠯ ᠄ ᠪᠦᠭᠡ ᠵᠢᠨ ᠳᠠᠭᠤᠤ ᠪᠦᠵᠢᠭ ᠂ ᠪᠠᠭᠠᠲᠤᠷᠯᠢᠭ ᠲᠤᠤᠯᠢ ︶ ᠪᠤᠯ ᠮᠤᠩᠭᠤᠯ ᠦᠨᠳᠦᠰᠦᠳᠡᠨ ᠣ ᠡᠷᠲᠡ  ᠤᠵᠠᠭᠤᠷ ᠡᠴᠠ ᠳᠠᠭᠠᠵᠤ ᠪᠦᠷᠢᠯᠳᠦᠭᠰᠡᠨ ᠪᠠᠶᠢᠨ᠎ᠠ ᠃ ᠵᠠᠷᠢᠮ  ᠨᠢ ︵ ᠵᠢᠱᠢᠶᠡᠯᠡᠪᠡᠯ ᠄ ᠦᠯᠢᠭᠡᠷᠳᠦ ᠳᠠᠭᠤᠤ ᠂ ᠮᠤᠷᠢᠨ ᠬᠤᠭᠤᠷ ︶ ᠪᠤᠯ ᠤᠷᠴᠢᠨ ᠦᠶ᠎ᠡ  ᠳᠤ ᠰᠠᠶ᠋ᠢ ᠪᠤᠢ ᠪᠤᠯᠤᠭᠰᠠᠨ ᠂ ᠵᠠᠷᠢᠮ  ᠨᠢ ︵ ᠵᠢᠱᠢᠶᠡᠯᠡᠪᠡᠯ ᠄ ᠤᠷᠳᠤ ᠵᠢᠨ ᠳᠠᠭᠤᠤ ︶ ᠪᠤᠯ ᠮᠤᠨᠭ᠍ᠭᠤᠯ ᠦᠨᠳᠦᠰᠦᠳᠡᠨ ᠣ ᠲᠡᠦᠭᠡ ᠡᠴᠠ ᠪᠠᠰᠠ ᠡᠷᠲᠡ  ᠪᠠᠶᠢᠵᠤ ᠮᠡᠳᠡᠨ᠎ᠡ ᠃ ᠡᠨᠡ  ᠤᠯᠠᠨ ᠳᠠᠭᠤᠤ ᠬᠦᠭᠵᠢᠮ ᠣᠨ ᠬᠡᠯᠪᠡᠷᠢ  ᠨᠢ ᠮᠤᠩᠭᠤᠯ ᠦᠨᠳᠦᠰᠦᠳᠡᠨ ᠣ ᠦᠬᠡ ᠬᠡᠯᠨ ᠂ ᠲᠡᠦᠭᠡ ᠂ ᠱᠠᠰᠢᠨ ᠰᠤᠷᠳᠠᠬᠤᠨ ᠂ ᠰᠡᠳᠬᠢᠴᠡ ᠂ ᠶᠢᠷᠲᠢᠨᠴᠤ ᠵᠢᠨ ᠦᠵᠡᠯᠳᠡ᠂ ᠠᠮᠢ ᠠᠬᠤᠢ ᠵᠢᠨ ᠦᠵᠡᠯᠳᠡ ᠪᠤᠯᠤᠨ ᠠᠮᠢᠳᠤᠷᠠᠬᠤᠢ ᠵᠢᠨ ᠦᠵᠡᠯᠳᠡ  ᠲᠠᠢ ᠨᠢᠭᠳᠠ ᠬᠠᠷᠢᠴᠠᠭ᠎ᠠ  ᠲᠠᠢ ᠮᠦᠷᠳᠡᠭᠡᠨ ᠂ ᠲᠠᠯ᠎ᠠ ᠨᠤᠳᠤᠭ ᠣᠨ ᠰᠤᠶᠤᠯ ᠤᠷᠠᠯᠢᠭ ᠣᠨ ᠤᠨᠴᠠᠯᠢᠭ  ᠲᠠᠢ ᠪᠠᠶᠢᠳᠠᠭ ᠃

ᠮᠤᠩᠭᠤᠯ ᠦᠨᠳᠦᠰᠦᠳᠡᠨ ᠣ ᠳᠠᠭᠤᠤ ᠬᠦᠭᠵᠢᠮ ᠢ ᠠᠷᠠᠳ ᠣᠨ ᠳᠠᠭᠤᠤ ᠂ ᠤᠷᠳᠤᠨ ᠣ ᠳᠠᠭᠤᠤ ᠂ ᠱᠠᠰᠢᠨ ᠣ ᠳᠠᠭᠤᠤ ᠪᠤᠯᠤᠨ ᠲᠠᠬᠢᠯᠭ᠎ᠠ ᠵᠢᠨ ᠳᠠᠭᠤᠤ ᠵᠡᠷᠭᠡ ᠳᠦᠷᠪᠡᠨ ᠶᠡᠬᠡ ᠲᠦᠷᠦᠯ ᠬᠤᠪᠢᠶᠠᠵᠤ ᠪᠤᠯᠤᠨ᠎ᠠ ᠃ ᠠᠷᠠᠳ ᠣᠨ ᠳᠠᠭᠤᠤ ᠬᠦᠭᠵᠢᠮ  ᠳᠤ ᠠᠷᠠᠳ ᠣᠨ ᠳᠠᠭᠤᠤ ᠂ ᠳᠠᠭᠤᠤ ᠪᠦᠵᠢᠭ ᠂ ᠬᠡᠯᠡᠵᠦ ᠳᠠᠭᠤᠯᠠᠬᠤ ᠤᠷᠠᠯᠢᠭ ᠂ ᠵᠦᠴᠦᠭᠡᠳᠦ ᠳᠠᠭᠤᠤ ᠪᠤᠯᠤᠨ ᠬᠦᠭᠵᠢᠮ ᠵᠡᠷᠭᠡ ᠵᠢ ᠪᠠᠭᠳᠠᠭᠠᠨ᠎ᠠ ᠃ ᠤᠷᠳᠤᠨ ᠣ ᠳᠠᠭᠤᠤ ᠪᠤᠯ ᠮᠤᠩᠭᠤᠯ ᠪᠠ ᠶᠤᠸᠠᠨ ᠣ ᠦᠶ᠎ᠡ ᠪᠤᠯᠤᠨ ᠤᠮᠠᠷᠠᠳᠤ ᠶᠤᠸᠠᠨ ᠣ ᠦᠶ᠎ᠡ ᠵᠢᠨ ᠮᠤᠩᠭᠤᠯ ᠦᠨᠳᠦᠰᠦᠳᠡᠨ ᠣ ᠤᠷᠳᠤᠨ ᠣ ᠳᠠᠭᠤᠤ ᠬᠦᠭᠵᠢᠮ ᠪᠤᠯᠤᠨ ᠴᠢᠩ ᠤᠯᠤᠰ ᠣᠨ ᠦᠶ᠎ᠡ ᠵᠢᠨ ᠮᠠᠨᠵᠤ ᠦᠨᠳᠦᠰᠦᠳᠡᠨ ᠣ ᠤᠷᠳᠤᠨ ᠣ ᠳᠠᠭᠤᠤ ᠪᠡᠷ ᠭᠤᠤᠯᠯᠠᠵᠤ ᠂ ᠱᠠᠰᠢᠨ ᠣ ᠳᠠᠭᠤᠤ ᠬᠦᠭᠵᠢᠮ  ᠳᠤ ᠪᠦᠬᠡ ᠮᠦᠷᠭᠦᠯ ᠣᠨ ᠳᠠᠭᠤᠤ ᠬᠦᠭᠵᠢᠮ ᠪᠤᠯᠤᠨ ᠪᠤᠷᠬᠠᠨ ᠱᠠᠰᠢᠨ ᠣ ᠳᠠᠭᠤᠤ ᠬᠦᠭᠵᠢᠮ ᠢ ᠪᠠᠭᠳᠠᠭᠠᠨ᠎ᠠ ᠃ ᠡᠭᠦᠨ  ᠣ ᠳᠤᠳᠤᠷ᠎ᠠ ᠂ ᠠᠷᠠᠳ ᠣᠨ ᠳᠠᠭᠤᠤ ᠵᠢ ᠳᠠᠭᠤᠨ ᠮᠦᠷ  ᠣᠨ ᠤᠯᠠᠨ ᠴᠦᠬᠡᠨ ᠢ ᠦᠨᠳᠦᠰᠦᠯᠡᠵᠦ ᠂ ᠭᠠᠭᠴᠠ ᠳᠠᠭᠤᠨ ᠮᠦᠷᠳᠦ ᠠᠷᠠᠳ ᠣᠨ ᠳᠠᠭᠤᠤ ᠪᠤᠯᠤᠨ ᠤᠯᠠᠨ ᠳᠠᠭᠤᠨ ᠮᠦᠷᠳᠦ ᠠᠷᠠᠳ ᠣᠨ ᠳᠠᠭᠤᠤ ᠭᠡᠵᠦ ᠬᠤᠶᠠᠷ ᠵᠦᠢᠯ ᠬᠤᠪᠢᠶᠠᠨ᠎ᠠ ᠃ ᠭᠠᠭᠴᠠ ᠮᠦᠷᠳᠦ ᠠᠷᠠᠳ ᠣᠨ ᠳᠠᠭᠤᠤ ᠵᠢ ᠠᠶᠢᠵᠢᠮ ᠴᠤᠬᠢᠯᠭ᠎ᠠ ᠵᠢᠨ ᠤᠨᠴᠠᠯᠢᠭ ᠢ  ᠨᠢ ᠦᠨᠳᠦᠰᠦᠯᠡᠵᠦ ᠤᠷᠳᠤ ᠵᠢᠨ ᠳᠠᠭᠤᠤ ᠪᠤᠯᠤᠨ ᠪᠤᠭᠤᠨᠢ ᠳᠠᠭᠤᠤ ᠭᠡᠵᠦ ᠬᠤᠪᠢᠶᠠᠨ᠎ᠠ ᠃ ᠤᠯᠠᠨ ᠮᠦᠷᠳᠦ ᠠᠷᠠᠳ ᠣᠨ ᠳᠠᠭᠤᠤ  ᠳᠤ ᠤᠯᠠᠨ ᠬᠦᠮᠦᠨ  ᠣ ᠳᠠᠭᠤᠯᠠᠳᠠᠭ ᠴᠤᠭᠤᠷ ᠳᠠᠭᠤᠤ ᠪᠤᠯᠤᠨ ᠭᠠᠭᠴᠠ ᠬᠦᠮᠦᠨ ᠥ ᠳᠠᠭᠤᠯᠠᠳᠠᠭ ᠬᠦᠮᠠᠢ ᠭᠡᠵᠦ ᠬᠤᠶᠠᠷ ᠵᠦᠢᠯ ᠪᠠᠶᠢᠨ᠎ᠠ ᠃

ᠠᠷᠠᠳ ᠣᠨ ᠲᠠᠭᠣᠣ ᠵᠢᠨ ᠠᠭᠣᠯᠭ᠎ᠠ ᠪᠣᠯᠣᠨ ᠳᠠᠭᠤᠤ ᠵᠢᠨ ᠦᠭᠡ ᠵᠢ  ᠨᠢ ᠦᠨᠳᠣᠰᠣᠯᠠᠪᠠᠯ ᠡᠩ  ᠣᠨ ᠣᠶᠠᠨᠭ᠍ᠭ᠎ᠠ ᠲᠠᠭᠣᠣ ᠪᠣᠯᠣᠨ ᠦᠯᠢᠬᠡᠷᠳᠣ ᠲᠠᠭᠣᠣ ᠬᠡᠵᠦ ᠬᠣᠶᠠᠷ ᠲᠦᠷᠦᠯ ᠪᠠᠶᠢᠳᠠᠭ ᠃ ᠦᠯᠢᠬᠡᠷᠳᠣ ᠲᠠᠭᠣᠣ ᠪᠣᠯ ᠠᠷᠠᠳ ᠣᠨ ᠲᠠᠭᠣᠣ ᠪᠣᠯᠣᠨ ᠬᠡᠯᠡᠵᠦ ᠳᠠᠭᠤᠯᠠᠬᠤ ᠲᠠᠭᠣᠣ ᠬᠦᠭᠵᠢᠮ ᠣᠨ ᠬᠣᠭᠣᠷᠣᠨᠳᠣᠬᠢ ᠨᠢᠬᠡᠨ ᠰᠲ᠋ᠸᠯᠢ ᠪᠣᠯᠣᠨ᠎ᠠ ᠃ ᠡᠷᠲᠡᠨ  ᠣ ᠦᠯᠢᠬᠡᠷᠳᠣ ᠲᠠᠭᠣᠣ ᠪᠣᠯᠣᠨ ᠣᠶᠢᠷ᠎ᠠ ᠣᠷᠴᠢᠨ ᠦᠶ᠎ᠠ ᠵᠢᠨ ᠦᠯᠢᠬᠡᠷᠳᠣ ᠲᠠᠭᠣᠣ ᠬᠡᠵᠦ ᠬᠣᠶᠠᠷ ᠵᠦᠢᠯ ᠪᠠᠶᠢᠳᠠᠭ ᠃ ᠠᠷᠠᠳ ᠣᠨ ᠲᠠᠭᠣᠣ ᠵᠢᠨ ᠲᠠᠭᠣᠯᠠᠭᠳᠠᠬᠣ ᠰᠣᠶᠣᠯ ᠣᠨ ᠠᠭᠣᠯᠭ᠎ᠠ ᠪᠠ ᠵᠠᠨᠭ᠍ ᠦᠢᠯᠠ ᠵᠢᠨ ᠦᠢᠯᠠᠳᠣᠯ ᠡᠴᠠ ᠦᠵᠠᠪᠠᠯ ᠂ ᠡᠩ   ᠣᠨ ᠠᠷᠠᠳ ᠣᠨ ᠲᠠᠭᠣᠣ ᠂ ᠬᠦᠳᠡᠯᠮᠦᠷᠢ ᠵᠢᠨ ᠲᠠᠭᠣᠣ ᠂ ᠮᠠᠭᠳᠠᠭᠠᠯ ᠲᠠᠭᠣᠣ ᠂ ᠰᠣᠷᠭᠠᠯ ᠲᠠᠭᠣᠣ ᠂ ᠬᠣᠷᠢᠮ ᠨᠠᠶᠢᠷ ᠣᠨ ᠲᠠᠭᠣᠣ ᠂ ᠨᠠᠭᠠᠳᠣᠮ ᠣᠨ ᠲᠠᠭᠣᠣ ᠂ ᠬᠡᠣᠬᠡᠳ ᠣᠨ ᠲᠠᠭᠣᠣ ᠵᠡᠷᠬᠡ ᠬᠡᠳᠣᠨ ᠵᠦᠢᠯ  ᠢᠶᠡᠷ  ᠬᠣᠪᠢᠷᠠᠵᠦ ᠪᠣᠯᠣᠨ᠎ᠠ ᠃ ᠮᠣᠨᠭ᠍ᠭᠣᠯ ᠦᠨᠳᠣᠰᠣᠳᠡᠨ ᠣ ᠲᠠᠭᠣᠣ ᠪᠦᠵᠢᠭ ᠣᠨ ᠣᠷᠠᠯᠢᠭ ᠳᠣ ᠂ ᠶᠠᠷᠣ ᠳ᠋ᠡᠬᠡᠨ ᠵᠠᠨᠭ᠍ ᠦᠢᠯᠠ ᠵᠢᠨ ᠲᠠᠭᠣᠣ ᠪᠦᠵᠢᠭ ᠪᠠ ᠱᠠᠰᠢᠨ ᠰᠣᠷᠳᠠᠬᠣᠨ ᠣ ᠲᠠᠭᠣᠣ ᠪᠦᠵᠢᠭ ᠬᠡᠵᠦ ᠬᠣᠶᠠᠷ ᠲᠦᠷᠦᠯ ᠬᠣᠪᠢᠶᠠᠳᠠᠭ ᠃ ᠵᠢᠱᠢᠶᠠᠯᠠᠪᠠᠯ ᠂ ᠰᠢᠨᠵᠢᠶᠠᠨᠭ᠍ ᠣᠨ ᠮᠣᠨᠭ᠍ᠭᠣᠯ ᠦᠨᠳᠣᠰᠣᠳᠡᠨ  ᠤ ︽ ᠰᠠᠪᠤᠷᠳᠢᠩ  ︾ ᠂ ᠤᠷᠳᠤᠰ  ᠤᠨ ︽ ᠠᠶᠠᠭᠠᠨ ᠪᠦᠵᠢᠭ ︾ ᠂ ᠵᠤᠤ ᠤᠳᠠ ᠵᠢᠨ ︽ ᠬᠤᠲᠤᠭᠴᠢᠨ ︾ ᠂ ᠬᠤᠷᠴᠢᠨ  ᠤ ︽ ᠠᠨᠳᠠᠢ ︾ ᠂ ᠬᠦᠯᠦᠨ ᠪᠤᠶᠢᠷ  ᠤᠨ ᠪᠦᠷᠢᠶᠠᠳᠴᠤᠳ  ᠤᠨ ︽ ᠨᠠᠷᠭᠢᠯᠭᠡ ︾ ᠵᠡᠷᠭᠡ ᠃ ᠮᠤᠩᠭᠤᠯ ᠦᠨᠳᠦᠰᠦᠳᠡᠨ  ᠳᠤ ᠡᠯᠪᠡᠭ  ᠪᠠᠶᠠᠯᠢᠭ ᠦᠯᠢᠭᠡᠷᠲᠦ ᠳᠠᠭᠤᠤ ᠵᠢᠨ ᠦᠪ ᠬᠦᠷᠦᠨᠭᠭᠡ  ᠲᠠᠢ ᠃ ᠳᠡᠭᠡᠷᠡᠬᠢ ᠶᠠᠷᠢᠭᠰᠠᠨ ᠦᠯᠢᠭᠡᠷᠲᠦ ᠠᠷᠠᠳ  ᠤᠨ ᠳᠠᠭᠤᠤ ᠡᠴᠠ ᠭᠠᠳᠠᠨ᠎ᠠ ᠪᠠᠰᠠ ᠪᠠᠭᠠᠲᠤᠷᠯᠢᠭ ᠲᠤᠤᠯᠢ ᠂ ᠬᠤᠭᠤᠷ  ᠤᠨ ᠦᠯᠢᠭᠡᠷ ᠪᠠ ᠠᠪᠤᠨ ᠵᠤᠬᠢᠶᠠᠨ ᠬᠡᠯᠡᠵᠦ ᠳᠠᠭᠤᠯᠠᠬᠤ ᠬᠡᠯᠪᠡᠷᠢ ᠪᠠᠶᠢᠳᠠᠭ ᠃ ᠡᠭᠦᠨ  ᠳ᠋ᠥ ᠲᠤᠤᠯᠢ ᠂ ᠲᠤᠭᠤᠵᠢ ᠂ ᠮᠠᠭ᠍ᠭᠤᠰ  ᠤᠨ ᠦᠯᠢᠭᠡᠷ ᠂ ᠬᠤᠭᠤᠷ  ᠤᠨ ᠦᠯᠢᠭᠡᠷ ᠂ ᠬᠤᠯᠪᠤᠭ᠎ᠠ ᠵᠡᠷᠭᠡ ᠪᠠᠭᠲᠠᠨ᠎ᠠ ᠃ ᠮᠣᠨᠭ᠍ᠭᠣᠯ ᠦᠨᠳᠣᠰᠣᠳᠡᠨ ᠣ ᠬᠦᠭᠵᠢᠮ  ᠤᠨ ᠤᠷᠠᠯᠢᠭ  ᠳᠤ ᠳᠡᠯᠡᠳᠬᠦ ᠬᠦᠭᠵᠢᠮᠳᠡᠭᠦᠷ ᠂ ᠨᠤᠮᠤᠲᠤ ᠬᠦᠭᠵᠢᠮᠳᠡᠭᠦᠷ ᠂ ᠲᠤᠪᠰᠢᠭᠤᠷ ᠬᠦᠭᠵᠢᠮᠳᠡᠭᠦᠷ ᠪᠠ ᠦᠯᠢᠶᠡᠪᠦᠷᠢ ᠬᠦᠭᠵᠢᠮᠳᠡᠭᠦᠷ ᠭᠡᠵᠦ ᠪᠠᠶᠢᠳᠠᠭ ᠃ ᠳᠡᠯᠡᠳᠬᠦ ᠬᠦᠭᠵᠢᠮ ᠳ᠋ᠥ ᠪᠦᠬᠡ ᠵᠢᠨ ᠬᠡᠨᠭᠭᠡᠷᠭᠡ ᠂ ᠴᠠᠨᠭ᠍ ᠵᠡᠷᠭᠡ ᠪᠤᠢ ᠂ ᠡᠳᠡᠭᠡᠷ  ᠬᠦᠭᠵᠢᠮᠳᠡᠭᠦᠷ  ᠤᠳ  ᠨᠢ ᠱᠠᠰᠢᠨ ᠰᠤᠷᠲᠠᠬᠤᠨ  ᠤ ᠲᠠᠭ᠍ᠭᠠᠷᠢᠭ  ᠤᠨ ᠡᠳ᠋   ᠤᠨ ᠲᠦᠯᠦᠭᠡᠯᠡᠬᠦ ᠴᠢᠨᠠᠷ  ᠲᠠᠢ ᠪᠠᠶᠢᠳᠠᠭ ᠃ ᠨᠤᠮᠤᠲᠦ ᠬᠦᠭᠵᠢᠮᠳᠡᠭᠦᠷ  ᠲᠤ ᠴᠤᠭᠤᠷ  ᠤᠨ ᠲᠦᠷᠤᠯ  ᠤᠨ ᠨᠤᠮᠤᠲᠤ ᠬᠦᠭᠵᠢᠮᠳᠡᠭᠦᠷ ᠪᠠ ᠬᠤᠭᠤᠷ  ᠤᠨ ᠲᠦᠷᠤᠯ  ᠤᠨ ᠨᠤᠮᠤᠲᠤ ᠬᠦᠭᠵᠢᠮᠳᠡᠭᠦᠷ ᠭᠡᠵᠦ ᠬᠤᠶᠠᠷ ᠵᠤᠶᠢᠯ ᠬᠤᠪᠢᠶᠠᠳᠠᠭ ᠃ ᠴᠤᠭᠤᠷ  ᠤᠨ ᠲᠦᠷᠤᠯ  ᠤᠨ ᠨᠤᠮᠤᠲᠤ ᠬᠦᠭᠵᠢᠮᠳᠡᠭᠦᠷ  ᠲᠤ ᠴᠤᠭᠤᠷ ᠂ ᠶᠢᠺᠢᠯ ᠬᠤᠭᠤᠷ ᠂ ᠰᠢᠨᠠᠭᠠᠨ ᠬᠤᠭᠤᠷ ᠂ ᠠᠷᠠᠰᠤᠨ ᠬᠤᠭᠤᠷ ᠂ ᠬᠢᠯᠭᠠᠰᠤᠨ ᠬᠤᠭᠤᠷ ᠵᠡᠷᠭᠡ ᠪᠠᠭᠲᠠᠨ᠎ᠠ ᠃ ᠴᠤᠭᠤᠷ  ᠤᠨ ᠲᠦᠷᠤᠯ  ᠤᠨ ᠬᠦᠭᠵᠢᠮ  ᠤᠨ ᠳᠠᠭᠤᠨ ᠥ ᠦᠨᠭᠭᠡ  ᠨᠢ ᠪᠤᠷᠤᠭᠵᠢᠭᠤᠨ ᠂ ᠦᠨᠭᠭᠡᠵᠢᠭᠦᠯᠬᠦ ᠳᠠᠭᠤ  ᠨᠢ ᠪᠠᠶᠠᠯᠢᠭ ᠪᠠᠶᠢᠳᠠᠭ ᠂ ᠦᠭᠭᠡᠷᠡᠭᠰᠡᠨ ᠳ᠋ᠥ ᠪᠠᠭᠠᠲᠤᠷᠯᠢᠭ ᠲᠤᠤᠯᠢ ᠂ ᠠᠷᠠᠳ  ᠤᠨ ᠳᠠᠭᠤᠤ ᠵᠢ ᠳᠠᠭᠤᠯᠠᠬᠤ ᠳ᠋ᠥ ᠬᠠᠪᠰᠤᠷᠭᠠᠬᠤ ᠬᠦᠭᠵᠢᠮ  ᠢᠶᠡᠷ  ᠬᠡᠷᠡᠭᠯᠡᠭᠳᠡᠵᠦ ᠂ ᠬᠦᠭᠵᠢᠮ  ᠤᠨ ᠠᠨᠭ᠍ᠬᠢ ᠵᠢᠨ ᠨᠠᠶᠢᠷᠠᠯ ᠬᠦᠭᠵᠢᠮ ᠳ᠋ᠥ ᠪᠠᠰᠠ ᠵᠠᠷᠤᠳᠠᠭ ᠃ ᠬᠤᠭᠤᠷ  ᠤᠨ ᠲᠦᠷᠤᠯ  ᠤᠨ ᠬᠦᠭᠵᠢᠮᠳᠡᠭᠦᠷ  ᠲᠤ ᠶᠡᠬᠡ ᠬᠤᠭᠤᠷ ᠂ ᠪᠠᠭ᠎ᠠ ᠬᠤᠭᠤᠷ ᠬᠤᠶᠠᠷ ᠵᠤᠶᠢᠯ ᠪᠠᠶᠢᠨ᠎ᠠ ᠃ ᠲᠤᠪᠰᠢᠭᠤᠷ ᠬᠦᠭᠵᠢᠮ ᠳ᠋ᠥ ᠬᠤᠪᠢᠰ ᠂ ᠲᠤᠪᠰᠢᠭᠤᠷ ᠂ ᠶᠠᠲᠤᠭ᠎ᠠ ᠂ ᠶᠠᠨᠭ᠍ᠴᠢᠨ ᠬᠦᠭᠵᠢᠮ ᠂ ᠱᠠᠨᠵᠠ ᠵᠡᠷᠭᠡ ᠪᠠᠶᠢᠨ᠎ᠠ ᠃ ᠦᠯᠢᠶᠡᠪᠦᠷᠢ ᠬᠦᠭᠵᠢᠮᠳᠡᠭᠦᠷ  ᠲᠤ ᠮᠤᠳᠤᠨ ᠴᠤᠭᠤᠷ ᠂ ᠯᠢᠨᠭᠪᠦ  ᠂ ᠠᠮᠠᠨ ᠬᠤᠭᠤᠷ ᠵᠡᠷᠭᠡ ᠪᠠᠶᠢᠨ᠎ᠠ ᠃ ᠮᠣᠨᠭ᠍ᠭᠣᠯ ᠦᠨᠳᠣᠰᠣᠳᠡᠨ ᠣ ᠱᠠᠰᠢᠨ ᠰᠤᠷᠲᠠᠬᠤᠨ  ᠤ ᠳᠠᠭᠤᠤ ᠬᠦᠭᠵᠢᠮ ᠳ᠋ᠥ ᠭᠤᠤᠯᠳᠠᠭᠤ ᠪᠦᠬᠡ ᠵᠢᠨ ᠳᠠᠭᠤᠤ ᠬᠦᠭᠵᠢᠮ ᠪᠠ ᠪᠤᠷᠬᠠᠨ ᠱᠠᠰᠢᠨ  ᠤ ᠳᠠᠭᠤᠤ ᠬᠦᠭᠵᠢᠮ ᠭᠡᠵᠦ ᠬᠤᠶᠠᠷ ᠵᠦᠢᠯ ᠪᠠᠶᠢᠳᠠᠭ ᠃ ᠡᠭᠦᠨ  ᠳ᠋ᠥ ᠪᠤᠷᠬᠠᠨ ᠱᠠᠰᠢᠨ  ᠤ ᠳᠠᠭᠤᠤ ᠬᠦᠭᠵᠢᠮ  ᠨᠢ ᠡᠯᠪᠡᠭ  ᠪᠠᠶᠠᠯᠢᠭ ᠮᠦᠷᠲᠡᠭᠡᠨ ᠪᠤᠳᠤᠯᠢᠶᠠᠨᠲᠠᠢ ᠪᠠᠶᠢᠳᠠᠭ ᠃ ᠶᠡᠬᠡ ᠲᠦᠯᠤᠪ ᠳ᠋ᠡᠭᠡᠨ ᠨᠤᠮ ᠤᠨᠭ᠍ᠰᠢᠬᠤ ᠠᠶ᠎ᠠ ᠂ ᠳᠠᠭᠤᠤ ᠪᠦᠵᠢᠭ ᠪᠤᠯᠤᠨ ᠬᠦᠭᠵᠢᠮ ᠵᠡᠷᠭᠡ ᠭᠤᠷᠪᠠᠨ ᠵᠤᠶᠢᠯ ᠪᠠᠶᠢᠨ᠎ᠠ ᠃ ᠱᠠᠰᠢᠨ ᠰᠤᠷᠲᠠᠬᠤᠨ  ᠤ ᠳᠠᠭᠤᠤ ᠬᠦᠭᠵᠢᠮ ᠡᠴᠠ ᠭᠠᠳᠠᠨ᠎ᠠ ᠮᠣᠨᠭ᠍ᠭᠣᠯ ᠦᠨᠳᠣᠰᠣᠳᠡᠨ  ᠳᠤ ᠪᠠᠰᠠ ᠨᠢᠭᠡᠨ ᠦᠪᠡᠷᠮᠢᠴᠡ ᠤᠨᠴᠠᠯᠢᠭ  ᠲᠠᠢ ᠲᠠᠬᠢᠯ  ᠤᠨ ᠳᠠᠭᠤᠤ ᠬᠦᠭᠵᠢᠮ ᠭᠡᠵᠦ ᠪᠠᠶᠢᠳᠠᠭ ᠃ ᠤᠳᠤ ᠭᠤᠤᠯᠳᠠᠭᠤ ︽ ᠴᠢᠨᠭᠬᠢᠰ ᠬᠠᠭᠠᠨ  ᠤ ᠲᠠᠬᠢᠯ  ᠤᠨ ᠳᠠᠭᠤᠤ ︾ ᠪᠠ ︽ ᠬᠠᠪᠤᠲᠤ ᠬᠠᠰᠠᠷ  ᠤᠨ ᠲᠠᠬᠢᠯ  ᠤᠨ ᠳᠠᠭᠤᠤ ︾ ᠦᠯᠡᠳᠡᠭᠳᠡᠵᠦ ᠪᠠᠶᠢᠨ᠎ᠠ ᠃

ᠤᠯᠤᠰ ᠣᠨ ᠳᠤᠳᠤᠭᠠᠳᠤ ᠭᠠᠳᠠᠭᠠᠳᠤ  ᠳᠤ ᠠᠯᠳᠠᠷ ᠮᠠᠨᠳᠤᠭᠰᠡᠨ ᠤᠷᠳᠤ ᠵᠢᠨ ᠳᠠᠭᠤᠤ ᠵᠢᠨ ᠤᠷᠠᠯᠢᠭ ᠣᠨ ᠳᠠᠷᠬᠠᠨ   ᠪᠤᠶᠠᠨᠳᠡᠯᠭᠡᠷ ᠂ 1955 ᠤᠨ  ᠳᠤ ᠫᠤᠯᠠᠨᠳ᠋ ᠣᠨ ᠨᠠᠶᠢᠰᠯᠠᠯ ᠸᠠᠷᠱᠠᠸᠠ  ᠳᠤ ᠶᠠᠪᠤᠭᠳᠠᠭᠰᠡᠨ ᠳᠠᠪᠤᠳᠤᠭᠠᠷ ᠬᠤᠭᠤᠴᠠᠭᠠᠨ ᠣ   ᠳᠡᠯᠡᠭᠡᠢ ᠵᠢᠨ ᠵᠠᠯᠠᠭᠤᠴᠤᠳ  ᠣᠨ ᠨᠠᠶᠢᠷ  ᠲᠤ ︽ ᠰᠠᠷᠠᠭᠤᠯ ᠳᠠᠯ᠎ᠠ ︾ ᠂ ︽ ᠰᠤᠶᠤᠭ ᠪᠤᠷᠤ ︾ ᠵᠢ ᠳᠠᠭᠤᠯᠠᠵᠦ ᠠᠯᠳᠠᠨ   ᠱᠠᠩᠨᠠᠯ ᠭᠦᠷᠳᠡᠵᠡᠢ ᠃

 

1 2 3 4 5 6 7 8 9 10 11

ᠰᠢᠭᠦᠮᠵᠢ ᠦᠯᠡᠳᠡᠭᠡᠬᠦ