• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠤᠩᠭᠤᠯ ᠦᠨᠳᠦᠰᠦᠳᠡᠨ ᠣ ᠠᠷᠠᠳ ᠣᠨ ᠳᠠᠭᠤᠤ ᠵᠢᠨ ᠳᠠᠭᠤᠤ ᠭᠦᠭᠵᠢᠮ  ᠣᠨ ᠭᠤᠸ᠎ᠠ ᠰᠤᠨᠢᠷᠬᠠᠮᠵᠢ ᠵᠢᠨ ᠤᠨᠴᠠᠯᠢᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   79
  • ᠄   0
  • ᠄   0
  • ᠄  0

ᠦᠪᠡᠷᠮᠢᠴᠡ ᠤᠨᠴᠠᠯᠢᠭ ᠪᠦᠬᠦᠢ ᠤᠶᠢᠯᠡᠳᠪᠤᠷᠢᠯᠡᠯ ᠠᠮᠢᠳᠤᠷᠠᠯ ᠣᠨ ᠠᠷᠭ᠎ᠠ ᠭᠡᠯᠪᠡᠷᠢ ᠪᠤᠯᠤᠨ ᠳᠡᠤᠭᠡ ᠰᠤᠶᠤᠯ ᠣᠨ ᠤᠯᠠᠮᠵᠢᠯᠠᠯ  ᠨᠢ ᠮᠤᠩᠭᠤᠯ ᠦᠨᠳᠦᠰᠦᠳᠡᠨ  ᠳᠤ ᠤᠨᠴᠠ ᠪᠠᠶᠢᠳᠠᠭ ᠳᠠᠭᠤᠤ ᠭᠦᠭᠵᠮ ᠣᠨ ᠭᠤᠸ᠎ᠠ ᠰᠤᠨᠢᠷᠬᠠᠮᠵᠢ ᠵᠢᠨ ᠵᠠᠩ ᠳᠠᠳᠬᠠᠯ   ᠢ ᠪᠤᠢ ᠪᠤᠯᠭᠠᠵᠠᠢ ᠃ ᠳ᠋ᠦᠩᠨᠠᠵᠦ ᠬᠤᠷᠢᠶᠠᠩᠭᠤᠶᠢᠯᠠᠪᠠᠯ ᠳᠡᠭᠦᠨ ᠣ ᠮᠦᠨ ᠴᠢᠨᠠᠷ ᠪᠤᠯ ᠳᠠᠷᠤᠢ ︽ ᠭᠦᠮᠦᠨ ᠪᠤᠯᠤᠨ ᠪᠠᠶᠢᠭᠠᠯᠢ ᠵᠢᠨ ᠡᠶ᠎ᠡ  ᠵᠤᠬᠢᠴᠠᠯ ︾ ᠪᠤᠯᠤᠨ ︽ ᠭᠦᠮᠦᠨ ᠭᠦᠮᠦᠨ ᠣ ᠬᠤᠭᠤᠷᠤᠨᠳᠤᠭᠢ ᠡᠶ᠎ᠡ  ᠵᠤᠬᠢᠴᠠᠯ ︾ ᠪᠤᠯᠤᠨ᠎ᠠ ᠃

ᠨᠡᠭᠦᠳᠡᠯ ᠮᠠᠯᠵᠢᠯ ᠣᠨ ᠦᠨᠳᠦᠰᠦᠳᠡᠨ ᠣ ᠪᠤᠢ ᠪᠦᠬᠦᠢ ᠠᠮᠢᠳᠤᠷᠠᠯ  ᠨᠢ ︽ ᠮᠠᠯᠵᠢᠯ ᠣᠨ ᠳᠠᠯᠠᠪᠠᠢ ︱ ᠮᠠᠯᠵᠢᠬᠤ ᠤᠶᠢᠯᠠᠳᠪᠤᠷᠢᠯᠡᠯ ︱ ᠮᠠᠯ ᠰᠦᠷᠦᠭ ︾ ᠭᠡᠭᠦ ᠭᠤᠷᠪᠠᠨ ᠵᠦᠢᠯ ᠣᠨ ᠬᠠᠨᠢᠳᠠᠳ ᠣᠨ ᠬᠠᠷᠢᠴᠠᠭ᠎ᠠ ᠵᠢᠴᠢ ᠬᠠᠨᠢᠳᠠᠳ ᠣᠨ ᠠᠵᠢᠯᠯᠠᠭ᠎ᠠ ᠳᠡᠭᠡᠷ᠎ᠡ ᠰᠠᠭᠤᠷᠢᠯᠠᠭᠳᠠᠭᠰᠠᠨ ᠪᠠᠶᠢᠳᠠᠭ ᠃ ᠳᠠᠷᠢᠶᠠᠯᠠᠬᠤ ᠦᠨᠳᠦᠰᠦᠳᠡᠨ  ᠳᠤ ᠠᠪᠴᠦ ᠭᠡᠯᠡᠪᠡᠯ ᠮᠠᠯᠵᠢᠯ ᠣᠨ ᠳᠠᠯᠠᠪᠠᠢ ᠪᠤᠯ ᠬᠠᠷᠠᠬᠠᠨ ᠬᠠᠭᠠᠯᠪᠤᠷᠢᠯᠠᠭ᠎ᠠ ᠦᠭᠡᠢ ᠭᠠᠵᠠᠷ ᠰᠢᠷᠤᠢ ᠵᠢᠨ ᠡᠬᠢ  ᠪᠠᠶᠠᠯᠢᠭ ᠪᠤᠯᠤᠨ᠎ᠠ ᠃ ᠬᠠᠷᠢᠨ ᠠᠳᠠᠯᠢᠬᠠᠨ ᠮᠠᠯᠵᠢᠯ  ᠣᠨ ᠳᠠᠯᠠᠪᠠᠢ  ᠨᠢ ᠨᠡᠭᠦᠳᠡᠯ ᠮᠠᠯᠵᠢᠯ ᠣᠨ ᠦᠨᠳᠦᠰᠦᠳᠡᠨ  ᠳᠤ ᠠᠪᠴᠦ ᠭᠡᠯᠡᠪᠡᠯ ᠂ ᠰᠢᠭᠤᠳ ᠤᠶᠢᠯᠡᠳᠪᠤᠷᠢᠯᠡᠯ ᠣᠨ ᠠᠵᠢᠯᠯᠠᠭ᠎ᠠ ᠭᠢᠭᠦ ᠪᠤᠳᠠᠰ ᠣᠨ ᠨᠦᠭᠦᠴᠡᠯ ᠪᠤᠯᠤᠨ᠎ᠠ ᠃ ᠮᠠᠯᠵᠢᠯ ᠣᠨ ᠳᠠᠯᠠᠪᠠᠢ ᠪᠤᠯ ᠳᠤᠭᠳᠠᠮᠠᠯ ᠭᠦᠷᠦᠨᠭᠭᠡ ᠪᠠᠶᠢᠵᠦ ᠂ ᠳᠠᠷᠤᠢ ᠠᠶᠠᠨᠳᠠᠭᠠᠨ ᠣ ᠤᠶᠢᠯᠠᠳᠪᠤᠷᠢᠯᠡᠯ ᠣᠨ ᠮᠠᠲ᠋ᠸᠷᠢᠶᠠᠯ ᠪᠤᠯᠤᠨ᠎ᠠ ︔ ︽ ᠮᠠᠯ ᠰᠦᠷᠦᠭ ︾ ᠪᠤᠯ ᠳᠤᠭᠳᠠᠮᠠᠯ ᠪᠤᠰᠤ ᠭᠦᠷᠦᠨᠭᠭᠡ ᠪᠠᠶᠢᠵᠦ ᠂ ᠮᠠᠯᠵᠢᠬᠤ ᠤᠶᠢᠯᠡᠳᠪᠤᠷᠢᠯᠡᠯ  ᠨᠢ ᠮᠠᠯᠵᠢᠯ ᠣᠨ ᠳᠠᠯᠠᠪᠠᠢ  ᠳᠤ ᠪᠡᠶᠡᠯᠡᠭᠦᠯᠭᠦ ᠪᠦᠳᠦᠭᠡᠭᠳᠡᠭᠦᠨ ᠣ ᠭᠡᠯᠪᠡᠷᠢ ᠮᠦᠨᠴᠦ ᠨᠡᠭᠦᠳᠡᠯ ᠮᠠᠯᠵᠢᠯ ᠣᠨ ᠦᠨᠳᠦᠰᠦᠳᠡᠨ ᠣ ᠠᠮᠢᠳᠤᠷᠠᠯ ᠣᠨ ᠭᠡᠷᠡᠭᠯᠡᠭᠡᠨ ᠣ ᠰᠢᠭᠤᠳ ᠢᠷᠡᠯᠳᠡ ᠪᠤᠯᠳᠠᠭ ᠃ ᠮᠤᠩᠭᠤᠯ ᠦᠨᠳᠦᠰᠦᠳᠡᠨ  ᠨᠢ ᠤᠯᠠᠷᠢᠯ ᠣᠨ ᠵᠢᠮ᠎ᠡ ᠶᠤᠰᠤᠭᠠᠷ ᠮᠠᠯᠵᠢᠯ ᠣᠨ ᠳᠠᠯᠠᠪᠠᠢ ᠪᠠᠨ ᠳᠠᠰᠤᠷᠠᠯᠳᠠ ᠦᠭᠡᠢ ᠰᠤᠯᠢᠵᠦ ᠂ ︽ ᠡᠪᠡᠰᠤ ᠪᠡᠯᠴᠢᠭᠡᠷ ᠤᠰᠤ ᠵᠢ ᠳᠠᠭᠠᠭᠠᠳ ᠨᠤᠳᠤᠭᠰᠢᠬᠤ ︾ ᠨᠡᠭᠦᠳᠡᠯ ᠮᠠᠯᠵᠢᠯ ᠣ ᠠᠮᠢᠳᠤᠷᠠᠯ ᠢ ᠡᠳ᠋ᠯᠡᠵᠦ  ᠢᠷᠡᠵᠡᠢ ᠃ ᠳᠠᠳᠠᠨᠠᠷ  ᠲᠤ ᠠᠪᠴᠦ ᠭᠡᠯᠡᠪᠡᠯ ᠂ ᠭᠠᠵᠠᠷ ᠨᠤᠳᠤᠭ  ᠨᠢ ᠤᠯᠠᠷᠢᠯ ᠣᠨ ᠬᠤᠪᠢᠷᠠᠯᠳᠠ ᠵᠢ ᠳᠠᠭᠠᠯᠳᠤᠨ ︽ ᠬᠤᠪᠢᠷᠠᠵᠦ ᠪᠠᠶᠢᠳᠠᠭ ︾ ᠭᠡᠭᠦ ᠤᠬᠠᠭᠳᠠᠬᠤᠨ ᠪᠤᠯᠤᠨ᠎ᠠ ᠃ ᠳᠡᠳᠡ ᠭᠠᠵᠠᠷ ᠨᠤᠳᠤᠭ ᠣᠨ ᠡᠯᠪᠡᠭ  ᠪᠠᠶᠠᠯᠢᠭ ᠪᠤᠶᠤ ᠡᠰᠡᠬᠦᠯ᠎ᠡ  ᠳᠠᠴᠢᠷ ᠬᠤᠭᠤᠰᠤᠨ ᠵᠢᠡᠷ ᠢᠷᠡᠵᠦ ᠠᠮᠢᠳᠤᠷᠠᠯ ᠣᠨ ᠠᠶᠢᠵᠠᠮ ᠵᠢᠡᠨ ᠵᠤᠬᠢᠴᠠᠭᠤᠯᠳᠠᠭ ᠦᠭᠡᠢ ᠂ ᠬᠠᠷᠢᠨ ᠤᠯᠠᠷᠢᠯ  ᠣᠨ ᠵᠢᠮ᠎ᠡ ᠶᠤᠰᠤᠭᠠᠷ ᠤᠶᠢᠯᠡᠳᠪᠤᠷᠢᠯᠡᠯ ᠠᠮᠢᠳᠤᠷᠠᠯ ᠵᠢᠡᠨ ᠵᠤᠬᠢᠴᠠᠭᠤᠯᠳᠠᠭ ᠃ ᠡᠶᠢᠮᠦ   ᠡᠴᠡ ᠭᠠᠵᠠᠷ ᠨᠤᠳᠤᠭ  ᠨᠢ ᠬᠦᠮᠦᠰ ᠣᠨ ᠬᠠᠮᠤᠭ ᠡᠴᠤᠰ  ᠣᠨ ᠲᠦᠰᠢᠳᠡᠭ ᠬᠠᠨᠢ ᠪᠤᠰᠤ ᠂ ᠬᠠᠷᠢᠨ ᠡᠳᠡᠭᠡᠷ  ᠭᠠᠵᠠᠷ ᠨᠤᠳᠤᠭ  ᠲᠤ ᠪᠡᠯᠴᠢᠭᠡᠷ ᠤᠰᠤ ᠭᠠᠷᠭᠠᠳᠠᠭ ᠪᠠᠶᠢᠭᠠᠯᠢ ᠵᠢᠨ ᠵᠢᠮ᠎ᠡ ᠬᠠᠤᠯᠢ  ᠨᠢ ᠰᠠᠶ᠋ᠢ ᠭᠦᠮᠦᠰ ᠣᠨ ᠬᠠᠮᠤᠭ ᠡᠴᠦᠰ ᠣᠨ ᠠᠩᠬᠠᠷᠤᠯ ᠪᠤᠯᠵᠦ ᠪᠠᠶᠢᠳᠠᠭ ᠃ ᠮᠠᠯ ᠤᠨᠤᠭ᠎ᠠ ᠳᠡᠵᠢᠭᠡᠨ ᠦᠷᠡᠵᠢᠭᠦᠯᠳᠡᠭ ᠤᠶᠢᠯᠡᠳᠪᠤᠷᠢᠯᠡᠯ ᠣᠨ ᠠᠷᠭ᠎ᠠ ᠮᠠᠶ᠋ᠢᠭ  ᠨᠢ ᠮᠤᠩᠭᠤᠯ ᠦᠨᠳᠦᠰᠦᠳᠡᠨ ᠣ ᠪᠠᠶᠢᠭᠠᠯᠢ ᠵᠢᠨ ᠡᠬᠢ  ᠪᠠᠶᠠᠯᠢᠭ ᠢ ᠪᠦᠳᠦᠮᠵᠢᠳᠡᠢ ᠢᠳᠡᠪᠭᠢᠳᠡᠢ ᠪᠡᠷ ᠠᠰᠢᠭᠯᠠᠵᠦ ᠪᠠᠶᠢᠭ᠎ᠠ ᠵᠢ ᠢᠯᠡᠷᠡᠭᠦᠯᠵᠦ ᠂ ᠤᠯᠠᠷᠢᠯ ᠢ ᠳᠠᠭᠠᠵᠦ ᠪᠡᠯᠴᠢᠭᠡᠷ ᠰᠤᠯᠢᠬᠤ  ᠨᠢ ᠳᠠᠳᠠᠨᠠᠷ ᠣᠨ ᠪᠠᠶᠢᠭᠠᠯᠢ ᠵᠢᠨ ᠵᠢᠮ᠎ᠡ ᠬᠠᠤᠯᠢ ᠵᠢ ᠳᠡᠭᠡᠳᠤ ᠭᠡᠮᠵᠢᠶ᠎ᠡ ᠪᠡᠷ ᠮᠦᠷᠳᠡᠨ ᠳᠠᠭᠠᠵᠦ ᠪᠠᠶᠢᠭ᠎ᠠ ᠵᠢ ᠬᠠᠷᠠᠭᠤᠯᠵᠦ ᠪᠤᠢ ᠃ ᠡᠶᠢᠮᠦ   ᠡᠴᠡ ᠮᠤᠩᠭᠤᠯ ᠦᠨᠳᠦᠰᠦᠳᠡᠨ ᠣ ᠦᠪᠡᠷᠮᠢᠴᠡ ᠤᠨᠴᠠᠯᠢᠭ ᠪᠦᠬᠦᠢ ᠤᠶᠢᠯᠡᠳᠪᠤᠷᠢᠯᠡᠯ ᠠᠮᠢᠳᠤᠷᠠᠯ ᠣᠨ ᠠᠷᠭ᠎ᠠ ᠭᠡᠯᠪᠡᠷᠢ  ᠨᠢ ᠳᠠᠳᠠᠨᠠᠷ ᠣᠨ ᠠᠩ ᠠᠩᠨᠠᠯ ᠣᠨ ᠦᠨᠳᠦᠰᠦᠳᠡᠨ ᠂ ᠳᠠᠷᠢᠶᠠᠯᠠᠬᠤ ᠦᠨᠳᠦᠰᠦᠳᠡᠨ ᠪᠤᠶᠤ ᠠᠵᠦ ᠤᠶᠢᠯᠡᠳᠪᠤᠷᠢ ᠵᠢᠨ ᠦᠨᠳᠦᠰᠦᠳᠡᠨ  ᠣ ︽ ᠪᠠᠶᠢᠭᠠᠯᠢ  ᠶᠢ ᠡᠷᠬᠡᠰᠢᠶᠡᠬᠦ  ︾ ᠂ ︽ ᠳᠡᠭᠷᠢ  ᠲᠠᠢ ᠳᠡᠮᠡᠴᠡᠭᠦ ︾ ᠰᠤᠶᠤᠯ ᠣᠨ ᠠᠷᠭ᠎ᠠ ᠭᠡᠯᠪᠡᠷᠢ ᠯᠤᠭᠡ ᠠᠳᠠᠯᠢ ᠪᠤᠰᠤ ᠭᠡᠳᠡᠭ ᠢ ᠬᠠᠷᠠᠭᠤᠯᠵᠦ ᠪᠤᠢ ᠃ ᠳᠠᠳᠠᠨᠠᠷ ᠳᠡᠭᠡᠳᠤ ᠭᠡᠮᠵᠢᠶᠡᠨ ᠣ ᠢᠳᠡᠪᠭᠢᠳᠡᠢ ᠤᠪᠤᠷ ᠪᠠᠶᠢᠳᠠᠯ ᠵᠢᠡᠷ ᠡᠬᠡ  ᠪᠠᠶᠢᠭᠠᠯᠢ  ᠳᠤ ᠠᠭᠤᠰᠤᠨ ᠂ ᠪᠠᠶᠢᠭᠠᠯᠢ ᠵᠢᠨ ᠵᠢᠮ᠎ᠡ ᠬᠠᠤᠯᠢ ᠵᠢ ᠮᠦᠷᠳᠡᠨ ᠳᠠᠭᠠᠵᠦ ᠂ ︽ ᠳᠡᠭᠷᠢ ᠯᠤᠭᠡ ᠳᠤᠳᠤᠨᠤ ︾ ᠡᠰᠡᠬᠦᠯ᠎ᠡ  ︽ ᠭᠦᠮᠦᠨ ᠪᠤᠯᠤᠨ ᠪᠠᠶᠢᠭᠠᠯᠢ ᠨᠢᠭᠡ ᠴᠤᠭᠴᠠᠵᠢᠭᠰᠠᠨ ︾ ᠪᠠᠶᠢᠳᠠᠯ  ᠳᠤ ᠭᠦᠷᠭᠦ ᠪᠤᠯᠤᠨ᠎ᠠ ᠃

ᠮᠤᠩᠭᠤᠯ ᠦᠨᠳᠦᠰᠦᠳᠡᠨ ᠣ ᠡᠶᠢᠮᠦᠷᠬᠦᠦ  ᠬᠦᠨ ᠤᠬᠠᠭᠠᠨᠴᠢ ᠪᠠᠶᠢᠳᠠᠯ  ᠨᠢ ᠳᠠᠳᠠᠨᠠᠷ ᠣᠨ ᠳᠠᠭᠤᠤ ᠭᠦᠭᠵᠢᠮ  ᠣᠨ ᠰᠤᠶᠤᠯ ᠵᠢᠡᠷ ᠬᠦᠢᠴᠡᠳ ᠢᠯᠡᠷᠡᠵᠦ ᠪᠠᠶᠢᠳᠠᠭ ᠃ ᠮᠤᠩᠭᠤᠯ ᠬᠦᠮᠦᠨ ᠣ ᠤᠯᠠᠨ ᠠᠶᠠᠯᠭᠤ ᠵᠢᠨ ᠤᠬᠠᠭᠳᠠᠬᠤᠨ ᠪᠤᠯ ᠳᠠᠷᠤᠢ ᠨᠢᠭᠡᠨ ᠦᠷᠭᠦᠯᠵᠢᠯᠡᠭᠰᠡᠨ ᠳᠤᠤᠷ᠎ᠠ ᠠᠶᠠᠯᠭᠤ ᠭᠢᠭᠡᠳ ᠨᠢᠭᠡᠨ ᠠᠶᠢᠵᠠᠮᠳᠤ ᠠᠶᠠᠯᠭᠤ ᠵᠢᠨ ᠭᠡᠰᠡᠭ ᠣᠨ ᠬᠠᠷᠢᠴᠠᠭᠤᠯᠤᠭᠰᠡᠨ ᠶᠠᠪᠤᠯᠴᠠᠭ᠎ᠠ ᠵᠢᠨ ᠰᠠᠭᠤᠷᠢᠨ ᠳᠡᠭᠡᠷ᠎ᠡ ᠪᠠᠶᠢᠭᠤᠯᠤᠭᠳᠠᠭᠰᠡᠨ ᠶᠤᠮ ᠃ ᠳᠠᠳᠠᠨᠠᠷ ᠳᠡᠯᠡᠭᠡᠢ ᠶᠢᠷᠳᠢᠨᠴᠦ ᠵᠢᠨ ᠲᠦᠮᠡᠨ ᠪᠤᠳᠠᠰ ᠣᠨ ︽ ᠭᠦᠳᠡᠯᠦᠯ ︾ ᠭᠢᠭᠡᠳ ︽ ᠨᠠᠮᠵᠢᠭᠤᠨ ︾ ᠂ ︽ ᠬᠤᠪᠢᠷᠠᠯ ︾ ᠭᠢᠭᠡᠳ ︽ ᠦᠯᠦ ᠬᠤᠪᠢᠷᠠᠯ ︾  ᠣᠨ ᠪᠠᠶᠢᠭᠠᠯᠢ ᠵᠢᠨ ᠵᠢᠮ᠎ᠡ ᠶᠤᠰᠤᠨ  ᠣ ᠳᠤᠮᠳᠠ  ᠡᠴᠡ ᠨᠢᠭᠡ ᠵᠦᠢᠯ ᠣᠨ ᠦᠪᠡᠷᠮᠢᠴᠡ ᠤᠨᠴᠠᠯᠢᠭ ᠪᠦᠬᠦᠢ ᠰᠤᠨᠤᠷ ᠣᠨ ᠭᠤᠸ᠎ᠠ ᠰᠠᠶᠢᠬᠠᠨ ᠢ ᠳ᠋ᠦᠩᠨᠠᠵᠦ ᠭᠠᠷᠭᠠᠭᠠᠳ ᠂ ᠡᠭᠦᠨ  ᠵᠢᠡᠨ ᠳᠠᠭᠤᠤ ᠭᠦᠭᠵᠢᠮ ᠵᠢᠡᠷ ᠢᠯᠡᠷᠡᠭᠦᠯᠵᠦ ᠭᠠᠷᠭᠠᠳᠠᠭ ᠄ ᠦᠷᠭᠦᠯᠵᠢᠯᠡᠭᠰᠡᠨ ᠳᠤᠤᠷ᠎ᠠ ᠠᠶᠠᠯᠭᠤ  ᠨᠢ ︽ ᠨᠠᠮᠵᠢᠭᠤᠨ ︾ ᠪᠤᠶᠤ ᠠᠰᠡᠭᠦᠯ᠎ᠡ ︽ ᠠᠰᠢᠳᠠ ︾ ᠵᠢᠨ ᠭᠡᠯᠪᠡᠷᠢ ᠪᠡᠷ ᠢᠯᠡᠷᠡᠵᠦ ᠂ ᠭᠡᠵᠢᠶᠡᠳᠡ ᠬᠤᠪᠢᠷᠠᠳᠠᠭ ᠦᠭᠡᠢ ᠡᠬᠡ  ᠭᠠᠵᠠᠷ ᠢ ᠪᠡᠯᠭᠡᠳᠡᠵᠦ ᠪᠠᠶᠢᠳᠠᠭ ︔ ︽ ᠭᠦᠳᠡᠯᠦᠯ ︾ ᠪᠤᠶᠤ ᠡᠰᠡᠬᠦᠯ᠎ᠡ  ︽ ᠬᠤᠪᠢᠷᠠᠯ ︾ ᠣᠨ ᠭᠡᠯᠪᠡᠷᠢ ᠪᠡᠷ ᠢᠯᠡᠷᠡᠳᠡᠭ ᠠᠶᠢᠵᠠᠮ ᠴᠤᠭᠢᠯᠭᠠᠳᠤ ᠠᠶᠠᠯᠭᠤ ᠵᠢᠨ ᠭᠡᠰᠡᠭ  ᠨᠢ ᠡᠭᠡᠭᠡ  ᠯᠡ ᠡᠬᠡ  ᠭᠠᠵᠠᠷ ᠣᠨ ᠤᠷᠤᠰᠬᠠᠯ ᠭᠤᠤᠯ ᠂ ᠡᠪᠡᠰᠤ ᠨᠠᠪᠴᠢ ᠂ ᠰᠤᠷᠭᠤᠭ ᠴᠡᠴᠡᠭ ᠂ ᠠᠷᠢᠶᠠᠳᠠᠨ ᠵᠢᠭᠦᠷᠳᠡᠨ ᠂ ᠭᠦᠮᠦᠨ ᠠᠮᠢᠳᠠᠨ ᠵᠡᠷᠭᠡ ᠶᠢᠷᠳᠢᠨᠴᠦ ᠳᠡᠯᠡᠭᠡᠢ ᠵᠢᠨ ᠲᠦᠮᠡᠨ ᠪᠤᠳᠠᠰ ᠰᠢᠭ ᠵᠢᠡᠷ ᠲᠦᠯᠵᠢᠨ ᠦᠷᠡᠵᠢᠵᠦ ᠂ ᠴᠢᠯᠦᠭᠡᠳᠡᠢ ᠭᠦᠭᠵᠢᠨ ᠂ ᠤᠯᠠᠷᠢᠯ ᠬᠤᠪᠢᠰᠤᠯ ᠭᠡᠮᠵᠢᠶ᠎ᠡ ᠭᠢᠵᠠᠭᠠᠷ ᠦᠭᠡᠢ ᠦᠷᠭᠦᠯᠵᠢᠯᠡᠭᠰᠡᠨ ᠳᠤᠤᠷ᠎ᠠ ᠠᠶᠠᠯᠭᠤ ᠳᠡᠭᠡᠷ᠎ᠡ ᠤᠶᠠᠬᠠᠨ ᠨᠡᠮᠡᠭᠦᠨ ᠵᠢᠡᠷ ᠢᠯᠡᠷᠡᠵᠦ ᠪᠠᠶᠢᠳᠠᠭ ᠃ ᠠᠷᠠᠳ ᠣᠨ ᠳᠤᠮᠳᠠᠭᠢ ᠨᠠᠶᠢᠷᠠᠯ ᠳᠠᠭᠤᠤ ︽ ᠴᠤᠭᠤᠷ ᠳᠠᠭᠤᠤ ︾  ᠡᠴᠡ ᠨᠢᠭᠡᠯᠡ ᠭᠦᠮᠦᠨ  ᠣ ᠭᠤᠴᠤᠯᠠᠯ ᠳᠠᠭᠤᠤ ︽ ᠭᠦᠭᠡᠮᠡᠢ ︾ ᠭᠦᠷᠳᠡᠯ᠎ᠡ ᠭᠦᠮᠦᠨ  ᠣ ᠳᠠᠭᠤᠯᠠᠬᠤ ᠪᠠ ᠭᠦᠭᠵᠢᠮᠳᠡᠭᠦᠷ ᠬᠠᠪᠰᠤᠷᠭᠠᠭᠰᠡᠨ ︽ ᠮᠤᠳᠤᠨ ᠴᠤᠭᠤᠷ ︾ ᠵᠢᠴᠢ ᠨᠤᠮ ᠣᠨ ᠭᠦᠪᠴᠢ  ᠲᠠᠢ ᠭᠦᠭᠵᠢᠮᠳᠡᠭᠦᠷ ︽ ᠴᠤᠭᠤᠷ ︾ ᠵᠡᠷᠭᠡ  ᠨᠢ ᠪᠦᠷ ᠯᠠ ᠡᠶᠢᠮᠦᠷᠬᠦᠦ  ᠭᠤᠸ᠎ᠠ ᠰᠤᠨᠢᠷᠬᠠᠮᠵᠢ ᠵᠢᠨ ᠬᠦᠷᠢᠶ᠎ᠡ ᠭᠡᠪᠴᠢᠶᠠᠨ ᠳᠠᠬᠢ ᠢᠯᠡᠷᠡᠭᠦᠯᠦᠯ ᠪᠤᠯᠤᠨ᠎ᠠ ᠃ ᠡᠨᠳᠡ  ᠮᠤᠩᠭᠤᠯ ᠦᠨᠳᠦᠰᠦᠳᠡᠨ  ᠨᠢ ᠦᠪᠡᠷ ᠣᠨ ᠵᠢᠡᠨ ᠭᠦᠨ ᠤᠬᠠᠭᠠᠨ ᠣ ᠪᠤᠳᠤᠯᠭᠢᠯᠠᠯ ᠪᠤᠯᠤᠨ ᠶᠢᠷᠳᠢᠨᠴᠦ ᠵᠢᠨ ᠦᠵᠡᠯᠳᠡ ᠵᠢᠨ ᠳᠠᠨᠢᠬᠤᠢ ᠪᠠᠨ ᠳᠠᠭᠤᠤ ᠭᠦᠭᠵᠢᠮ ᠵᠢᠡᠷ ᠳᠠᠮᠵᠢᠨ ᠤᠷᠠᠨ ᠭᠤᠴᠤ ᠳᠡᠭᠵᠢᠨ ᠴᠤᠪᠤᠭᠤᠯᠢᠭ ᠂ ᠲᠦᠷᠰᠦᠯᠢᠭ ᠰᠠᠶᠢᠬᠠᠨ ᠵᠢᠡᠷ ᠢᠯᠡᠷᠡᠭᠦᠯᠳᠡᠭ ᠃

ᠭᠦᠮᠦᠨ ᠪᠤᠯᠤᠨ ᠪᠠᠶᠢᠭᠠᠯᠢ ᠵᠢᠨ ᠡᠶ᠎ᠡ  ᠵᠤᠬᠢᠴᠠᠯ  ᠨᠢ ᠮᠤᠩᠭᠤᠯ ᠦᠨᠳᠦᠰᠦᠳᠡᠨ ᠣ ᠠᠷᠠᠳ ᠣᠨ ᠳᠠᠭᠤᠤ  ᠳᠤ ᠭᠦᠢᠴᠡᠳ ᠢᠯᠡᠷᠡᠵᠦ ᠪᠠᠶᠢᠳᠠᠭ ᠃ ᠤᠷᠳᠤ ᠵᠢᠨ ᠳᠠᠭᠤᠤ ᠵᠢᠨ ᠦᠭᠡ ᠳᠠᠬᠢ ᠨᠠᠶᠢᠳᠡᠯᠢᠭ ᠵᠠᠭᠪᠤᠷ ᠪᠤᠯ ᠪᠠᠳᠠᠭ ᠪᠦᠷᠢ ᠵᠢᠨ ᠦᠭᠡ  ᠨᠢ ᠡᠮᠦᠨ᠎ᠡ  ᠬᠤᠶᠢᠨᠠᠭᠢ ᠬᠤᠶᠠᠷ ᠭᠡᠰᠡᠭ ᠵᠢᠡᠷ ᠪᠦᠷᠢᠯᠳᠦᠳᠡᠭ ᠃ ᠡᠭᠦᠨ ᠳᠤ ᠡᠮᠦᠨ᠎ᠡ  ᠭᠡᠰᠡᠭ  ᠲᠤ ᠭᠦᠭᠡ ᠳᠡᠭᠷᠢ ᠂ ᠭᠦᠳᠡᠭᠡ ᠳᠠᠯ᠎ᠠ᠂ ᠠᠭᠤᠯᠠ ᠮᠦᠷᠡᠨ ᠂ ᠤᠰᠤ ᠭᠤᠤᠯ ᠂ ᠠᠭᠳᠠ ᠭᠦᠯᠦᠭ ᠵᠡᠷᠭᠡ ᠪᠠᠶᠢᠭᠠᠯᠢ ᠵᠢᠨ ᠳᠦᠮᠡᠨ ᠪᠤᠳᠠᠰ  ᠢ ᠳᠠᠭᠤᠯᠠᠵᠦ ︔ ᠬᠤᠶᠢᠨᠠᠭᠢ ᠭᠡᠰᠡᠭ  ᠲᠤ ᠭᠦᠮᠦᠨ ᠣ ᠤᠷᠴᠢᠯᠠᠩ ᠣᠨ ᠡᠨᠡᠷᠢᠯ  ᠬᠠᠶᠢᠷ᠎ᠠ ᠂ ᠡᠯᠪᠡᠷᠢᠯ  ᠵᠢᠷᠤᠮ ᠂ ᠢᠨᠠᠭ ᠠᠮᠠᠷᠠᠭ ᠂ ᠨᠠᠶᠢᠷ ᠰᠡᠳᠭᠢᠯᠭᠡ ᠂ ᠨᠤᠳᠤᠭ ᠤᠰᠤᠨ ᠣ ᠳᠤᠬᠠᠢ ᠰᠠᠨᠠᠯ ᠮᠦᠷᠦᠭᠡᠳᠦᠯ      ᠵᠢᠡᠨ ᠤᠶᠠᠩᠭᠠᠯᠠᠳᠠᠭ ᠃ ᠤᠷᠳᠤ ᠵᠢᠨ ᠳᠠᠭᠤᠤ ᠵᠢᠨ ᠦᠭᠡ ᠵᠢᠨ ᠠᠮᠦᠨ᠎ᠡ ᠬᠤᠶᠢᠨᠠᠭᠢ ᠬᠤᠶᠠᠷ ᠭᠡᠰᠡᠭ  ᠨᠢ ᠪᠦᠷᠢᠨ ᠬᠦᠢᠴᠡᠳ ᠰᠢᠯᠦᠭ ᠣᠨ ᠪᠠᠳᠠᠭ ᠪᠤᠯᠵᠦ ᠪᠦᠷᠢᠯᠳᠦᠭᠡᠳ ᠂ ᠡᠮᠦᠨᠡᠬᠢ   ᠨᠢ ᠪᠠᠶᠢᠭᠠᠯᠢ ᠵᠢ ᠳᠠᠭᠤᠯᠠᠵᠦ ᠂ ᠬᠤᠶᠢᠨᠠᠭᠢ  ᠨᠢ ᠰᠡᠳᠭᠢᠯᠭᠡ ᠵᠢ ᠢᠯᠡᠷᠡᠭᠦᠯᠳᠡᠭ ᠪᠦᠭᠡᠳ ᠳᠡᠷᠡ  ᠨᠢ ᠪᠠᠰᠠᠴᠤ ᠨᠢᠭᠡᠯᠠ ᠠᠶ᠎ᠠ ᠪᠡᠷ ᠬᠤᠶᠠᠷᠳᠠ ᠳᠠᠪᠳᠠᠮᠠᠨᠵᠢᠨ ᠪᠡᠶᠡᠯᠡᠭᠳᠡᠳᠡᠭ ᠃ ᠡᠭᠦᠨ   ᠡᠴᠡ ᠦᠵᠡᠭᠦ  ᠳᠤ ᠬᠦᠮᠦᠰ ᠪᠠᠶᠢᠭᠠᠯᠢ ᠵᠢᠨ ᠦᠵᠡᠭᠳᠡᠯ ᠪᠤᠳᠠᠰ ᠣᠨ ᠳᠤᠬᠠᠢ ᠭᠤᠸ᠎ᠠ ᠰᠤᠨᠢᠷᠬᠠᠮᠵᠢ ᠵᠢᠨ ᠲᠦᠷᠦᠭᠳᠡᠯ ᠪᠤᠯᠤᠨ ᠦᠪᠡᠷ ᠣᠨ ᠳᠤᠳᠤᠭᠠᠳᠤ ᠰᠡᠳᠭᠢᠯ ᠣᠨ ᠲᠦᠷᠦᠭᠳᠡᠯ ᠵᠢᠡᠨ ᠠᠳᠠᠯᠢᠬᠠᠨ ᠠᠶ᠎ᠠ ᠪᠡᠷ ᠳᠠᠭᠤᠯᠠᠵᠦ ᠭᠠᠷᠭᠠᠭᠠᠳ ᠡᠭᠦᠨ   ᠡᠴᠡ ᠪᠠᠨ ᠬᠠᠨᠢᠳᠠᠨ ᠪᠤᠯᠤᠨ ᠭᠤᠤᠯ ᠴᠤᠭᠴᠠ ᠵᠢᠨ ᠨᠢᠭᠡᠳᠦᠯ ᠂ ᠬᠦᠮᠦᠨ ᠪᠤᠯᠤᠨ ᠪᠠᠶᠢᠭᠠᠯᠢ ᠵᠢᠨ ᠨᠢᠭᠡᠳᠦᠯ  ᠨᠢ ᠬᠦᠢᠴᠠᠳ ᠳᠡᠭᠦᠯᠳᠡᠷ ᠤᠶᠠᠯᠳᠤᠨ ᠠᠭᠤᠰᠤᠭᠰᠡᠨ ᠪᠠᠶᠢᠳᠠᠭ ᠃ ᠮᠤᠩᠭᠤᠯ ᠦᠨᠳᠦᠰᠦᠳᠡᠨ ᠣ ᠠᠷᠠᠳ ᠣᠨ ᠳᠠᠭᠤᠤ  ᠡᠴᠡ ᠪᠢᠳᠡ ᠬᠦᠮᠦᠨ ᠲᠦᠷᠦᠯᠭᠢᠳᠡᠨ  ᠨᠢ ᠪᠠᠶᠢᠭᠠᠯᠢ ᠵᠢ ᠠᠰᠡᠷᠭᠦᠴᠡᠭᠰᠡᠨ ᠲᠤᠬᠠᠢ ᠤᠯᠵᠦ ᠰᠤᠨᠤᠰᠬᠤ ᠦᠭᠡᠢ ᠂ ᠬᠠᠷᠢᠨ ᠪᠠᠶᠢᠭᠠᠯᠢ ᠵᠢᠨ ᠳᠤᠬᠠᠢ ᠤᠶᠠᠩᠭᠠᠯᠠᠨ ᠮᠠᠭᠳᠠᠭᠰᠡᠨ ᠰᠡᠳᠭᠢᠯᠭᠡ ᠪᠢᠯᠬᠠᠵᠦ ᠪᠠᠶᠢᠳᠠᠭ ᠢ ᠬᠠᠷᠠᠨ᠎ᠠ ᠃ ᠳᠤᠤᠯᠢ ᠂ ᠤᠷᠳᠤ ᠵᠢᠨ ᠳᠠᠭᠤᠤ ᠪᠤᠭᠤᠨᠢ ᠳᠠᠭᠤᠤ ᠦᠯᠢᠭᠡᠷᠳᠤ ᠳᠠᠭᠤᠤ ᠵᠡᠷᠭᠡ ᠰᠲ᠋ᠸᠯᠢ  ᠳᠤ ᠦᠭᠦᠯᠡᠨ ᠳᠤᠭᠠᠴᠢᠵᠦ ᠤᠶᠠᠩᠭᠠᠯᠠᠨ ᠳᠠᠭᠤᠯᠠᠳᠠᠭ  ᠨᠢ ᠳᠠᠷᠤᠢ ᠬᠦᠮᠦᠨ ᠭᠢᠭᠡᠳ ᠪᠠᠶᠢᠭᠠᠯᠢ ᠂ ᠭᠦᠮᠦᠨ ᠭᠢᠭᠡᠳ ᠨᠡᠶᠢᠭᠡᠮ ᠣᠨ ︽ ᠶᠠᠷᠢᠯᠴᠠᠭ᠎ᠠ ︾ ᠵᠢᠨ ᠦᠯᠢᠭᠡᠷ ᠪᠠᠶᠢᠵᠦ ᠂ ᠡᠳᠡᠭᠡᠷ  ︽ ᠦᠯᠢᠭᠡᠷ ︾  ᠲᠤ ᠤᠯᠠᠩᠭᠢ ᠳᠠᠭᠠᠨ ᠳᠠᠯᠳᠠ ᠤᠳᠬ᠎ᠠ ᠪᠠ ᠪᠡᠯᠭᠡᠳᠡᠯ ᠰᠠᠨᠠᠭ᠎ᠠ ᠪᠡᠷ ᠠᠭᠡ ᠪᠠᠶᠢᠭᠠᠯᠢ ᠵᠢᠨ ᠡᠶ᠎ᠡ  ᠵᠤᠬᠢᠴᠠᠯ ᠳᠡᠭᠦᠯᠳᠡᠷ ᠰᠠᠶᠢᠬᠠᠨ ᠪᠠ ᠬᠦᠮᠦᠨ ᠲᠦᠷᠦᠯᠭᠢᠳᠡᠨ ᠣᠨ ᠳᠡᠤᠭᠡ ᠵᠢᠨ ᠰᠦᠷ ᠪᠠᠳᠠᠷᠠᠭᠤᠨ ᠦᠵᠡᠰᠭᠦᠯᠡᠨᠭᠳᠤ ᠰᠠᠶᠢᠬᠠᠨ ᠵᠢᠴᠢ ᠡᠭᠦᠨ   ᠣ ᠡᠯᠢᠭᠡᠨ   ᠳᠤ ᠠᠮᠢᠳᠤᠷᠠᠯ ᠤᠷᠤᠰᠢᠵᠦ ᠪᠠᠶᠢᠭ᠎ᠠ ᠪᠤᠢ ᠪᠦᠬᠦᠢ ᠠᠮᠢ ᠨᠠᠰᠤᠨ ᠣ ᠭᠤᠤᠯ ᠴᠤᠭᠴᠠ ᠵᠢᠨ ᠭᠢᠵᠠᠭᠠᠯᠠᠰᠢ ᠦᠭᠡᠢ ᠡᠯᠪᠡᠭ  ᠪᠠᠶᠠᠯᠢᠭ ᠰᠡᠳᠭᠢᠯᠭᠡ ᠵᠢᠨ ᠶᠢᠷᠳᠢᠨᠴᠦ ᠵᠢ ᠢᠯᠡᠷᠡᠭᠦᠯᠵᠦ ᠂ ᠬᠠᠯᠠᠭᠤᠨ ᠳᠤᠯᠠᠭᠠᠨ ᠬᠠᠶᠢᠷ᠎ᠠ ᠰᠡᠳᠭᠢᠯᠭᠡ ᠪᠠ ᠡᠴᠢᠨ᠎ᠠ ᠭᠦᠨ ᠪᠤᠳᠤᠯ ᠰᠡᠳᠭᠢᠭᠦᠢ ᠬᠠᠮᠢᠭ᠎ᠠ ᠭᠡᠵᠢᠶ᠎ᠡ ᠴᠤ ᠪᠢᠯᠬᠠᠵᠦ ᠪᠠᠶᠢᠬᠤ ᠵᠢ ᠢᠯᠡᠷᠡᠭᠦᠯᠳᠡᠭ ᠃

ᠮᠤᠩᠭᠤᠯ ᠦᠨᠳᠦᠰᠦᠳᠡᠨ ᠣ ᠤᠶᠤᠨ ᠰᠠᠨᠠᠭᠠᠨ ᠣ ᠠᠮᠢᠳᠤᠷᠠᠯ ᠳᠤᠮᠳᠠ ᠳᠠᠭᠤᠤ ᠭᠦᠭᠵᠢᠮ  ᠨᠢ ᠵᠦᠪᠭᠡᠨ ᠰᠡᠳᠭᠢᠯᠭᠡ ᠪᠠᠨ ᠤᠶᠠᠩᠭᠠᠯᠠᠬᠤ ᠂ ᠠᠮᠢᠳᠤᠷᠠᠯ ᠣᠨ ᠵᠤᠭ᠎ᠠ ᠴᠡᠩᠭᠡᠯ ᠨᠡᠮᠡᠭᠳᠡᠭᠦᠯᠭᠦ ᠯᠡ ᠪᠢᠰᠢ ᠂ ᠬᠠᠷᠢᠨ ᠳᠡᠷᠡ  ᠨᠢ ᠪᠠᠰᠠᠴᠤ  ᠳᠡᠤᠭᠡ ᠵᠢᠨ ᠳᠡᠮᠳᠡᠭᠯᠡᠯ ᠪᠠ ᠰᠤᠶᠤᠯ ᠣᠨ ᠪᠡᠯᠭᠡᠳᠡᠯ ᠪᠤᠯᠬᠤ ᠠᠵᠢ ᠃ ᠦᠰᠦᠭ ᠪᠢᠴᠢᠭ ᠳᠦᠭᠡᠮᠡᠯᠵᠢᠭᠡᠳᠦᠢ  ᠤᠨ ᠰᠠᠷ᠎ᠠ ᠨᠤᠭᠤᠳ  ᠲᠤ ᠳᠠᠭᠤᠤ  ᠳᠤ ᠤᠶᠠᠩᠭᠠᠯᠠᠨ ᠳᠠᠭᠤᠯᠠᠵᠦ ᠦᠭᠦᠯᠡᠨ ᠳᠤᠭᠠᠴᠢᠵᠦ ᠪᠠᠶᠢᠭᠰᠡᠨ  ᠨᠢ ᠳᠠᠷᠤᠢ ᠳᠡᠤᠭᠡ ᠵᠢᠨ ︽ ᠦᠨᠡᠨ ︾ ᠪᠤᠯᠬᠤ ᠶᠤᠮ ᠃ ᠡᠶᠢᠮᠦ   ᠡᠴᠡ ᠬᠦᠮᠦᠰ ᠶᠡᠷᠦ  ᠡᠴᠡ ᠳᠠᠭᠤᠤ ᠵᠢᠨ ᠭᠡᠯᠪᠡᠷᠢ ᠪᠡᠷ ᠳᠡᠤᠭᠡ ᠵᠢ ᠳᠡᠮᠳᠡᠭᠯᠡᠨ ᠳᠤᠭᠠᠴᠢᠵᠦ ᠂ ᠳᠡᠤᠭᠡ ᠵᠢ ᠰᠢᠨᠵᠢᠨ ᠦᠵᠡᠳᠡᠭ ︔ ᠳᠠᠭᠢᠭᠠᠳ ᠭᠡᠯᠡᠪᠡᠯ ᠪᠠᠰᠠᠴᠤ ᠳᠠᠭᠤᠤ ᠳᠠᠭᠤᠯᠠᠬᠤ ᠳᠤᠮᠳᠠ  ᠡᠴᠡ ᠳᠤᠷᠰᠢᠯᠭ᠎ᠠ ᠰᠤᠷᠭᠠᠮᠵᠢ ᠤᠯᠵᠦ ᠂ ᠦᠪᠡᠷᠰᠡᠳ ᠣᠨ ᠵᠢᠡᠨ ᠰᠤᠶᠤᠯ ᠣᠨ ᠤᠯᠠᠮᠵᠢᠯᠠᠯ ᠢ ᠡᠭᠦᠳᠦᠨ  ᠪᠦᠳᠦᠭᠡᠳᠡᠭ ᠪᠠᠶᠢᠯ᠎ᠠ ᠃ ᠮᠤᠩᠭᠤᠯ ᠦᠨᠳᠦᠰᠦᠳᠡᠨ ᠣ ᠳᠠᠭᠤᠤ ᠭᠦᠭᠵᠢᠮ ᠣᠨ ᠰᠤᠶᠤᠯ ᠳᠠᠬᠢ ᠦᠯᠡᠮᠵᠢ ᠤᠯᠠᠨ ᠳᠤᠤᠯᠢ ᠂ ᠦᠯᠢᠭᠡᠷᠳᠤ ᠳᠠᠭᠤᠤ ᠵᠡᠷᠭᠡ ᠪᠤᠯ ᠳᠠᠷᠤᠢ ᠳᠡᠤᠭᠡ ᠵᠢᠨ ᠳᠡᠮᠳᠡᠭᠯᠡᠯ ᠳᠤᠷᠠᠳᠬᠠᠯ ᠣᠨ ᠳᠤᠬᠠᠢ ᠭᠦᠮᠦᠰ ᠣᠨ ᠤᠷᠠᠯᠢᠭ ᠢᠯᠡᠷᠡᠭᠦᠯᠦᠯ ᠪᠤᠯᠬᠤ ᠶᠤᠮ ᠃ ᠭᠡᠭᠦ ᠳᠡᠬᠡᠨ ᠡᠶᠢᠮᠦᠷᠬᠦᠦ  ᠤᠷᠠᠯᠢᠭ ᠣᠨ ᠭᠡᠯᠪᠡᠷᠢ  ᠨᠢ ᠪᠠᠰᠠ ᠰᠦᠷ ᠪᠠᠳᠠᠷᠠᠭᠤᠨ ᠠᠤᠭ᠎ᠠ ᠶᠡᠭᠡ ᠭᠤᠸ᠎ᠠ ᠰᠤᠨᠢᠷᠬᠠᠮᠵᠢ ᠵᠢᠨ ᠠᠭᠤᠯᠬᠤᠨ  ᠲᠠᠢ ᠪᠤᠯᠵᠠᠢ ᠃ ᠮᠤᠩᠭᠤᠯ ᠦᠨᠳᠦᠰᠦᠳᠡᠨ ᠣ ᠰᠤᠶᠤᠯ  ᠳᠤ ᠂ ᠳᠠᠭᠤᠤ ᠭᠦᠭᠵᠢᠮ  ᠨᠢ ᠤᠨᠴᠠ ᠳᠤᠭᠳᠠᠭᠰᠡᠨ ᠦᠨᠳᠦᠰᠦᠳᠡᠨ ᠣ ᠵᠠᠩ ᠵᠠᠩᠰᠢᠯ ᠣᠨ ᠳᠡᠮᠳᠡᠭ ᠪᠢᠯᠡ ᠃ ᠡᠯ᠎ᠡ ᠭᠠᠵᠠᠷ ᠤᠷᠤᠨ  ᠣ ᠳᠠᠭᠤᠤ ᠭᠦᠭᠵᠢᠮ  ᠣᠨ ᠰᠲ᠋ᠸᠯᠢ ᠪᠤᠯᠤᠨ ᠳᠠᠭᠤᠤ ᠭᠦᠭᠵᠢᠮ ᠣᠨ ᠪᠦᠳᠦᠭᠡᠯ  ᠨᠢ ᠶᠡᠷᠦ  ᠡᠴᠡ ᠵᠤᠬᠢᠬᠤ ᠦᠨᠳᠦᠰᠦᠳᠡᠨ ᠣ ᠵᠠᠩ ᠵᠠᠩᠰᠢᠯ ᠣᠨ ᠴᠢᠳᠠᠪᠭᠢ ᠵᠢᠨ ᠳᠡᠰ ᠳᠠᠷᠠᠭᠠᠯᠠᠯ ᠶᠤᠰᠤᠭᠠᠷ ᠵᠢᠭᠰᠠᠵᠦ ᠂ ᠨᠠᠶᠢᠷ ᠣᠨ ᠳᠠᠭᠤᠤ ᠂ ᠬᠤᠷᠢᠮ  ᠣᠨ ᠳᠠᠭᠤᠤ ᠂ ᠳᠠᠭᠢᠯᠭ᠎ᠠ ᠳᠠᠶᠢᠯᠭ᠎ᠠ ᠵᠢᠨ ᠳᠠᠭᠤᠤ ᠂ ᠶᠤᠰᠤᠯᠠᠯ ᠣᠨ ᠳᠠᠭᠤᠤ ᠂ ᠨᠠᠭᠠᠳᠤᠮ ᠣᠨ ᠳᠠᠭᠤᠤ ᠭᠡᠭᠦ ᠵᠡᠷᠭᠡ ᠪᠡᠷ ᠬᠤᠪᠢᠶᠠᠵᠦ ᠂ ᠡᠩ  ᠵᠢᠷ ᠣᠨ ᠦᠨᠳᠦᠰᠦᠳᠡᠨ ᠣ ᠵᠠᠩ ᠵᠠᠩᠰᠢᠯ  ᠳᠤ ᠤᠷᠠᠯᠢᠭ ᠣᠨ ᠤᠳᠬ᠎ᠠ ᠠᠭᠤᠯᠬᠤᠨ ᠤᠷᠤᠭᠤᠯᠤᠭᠰᠡᠨ ᠪᠠᠶᠢᠳᠠᠭ ᠃ ᠮᠤᠩᠭᠤᠯ ᠦᠨᠳᠦᠰᠦᠳᠡᠨ ᠣ ︽ ᠭᠦᠮᠦᠨ ᠭᠢᠭᠡᠳ ᠪᠠᠶᠢᠭᠠᠯᠢ ᠵᠢᠨ ᠡᠶ᠎ᠡ  ᠵᠤᠬᠢᠴᠠᠵᠦ ᠨᠢᠭᠡᠳᠭᠦ ︾ ᠭᠦᠨ ᠤᠬᠠᠭᠠᠨ ᠣ ᠭᠡᠪ ᠴᠢᠨᠠᠷ  ᠨᠢ ᠨᠡᠶᠢᠭᠡᠮ ᠣᠨ ᠬᠠᠷᠢᠴᠠᠭ᠎ᠠ ᠵᠢᠨ ᠬᠦᠷᠢᠶ᠎ᠡ ᠭᠡᠪᠴᠢᠶ᠎ᠡ  ᠳᠤ ᠰᠢᠯᠵᠢᠭᠡᠳ ᠂ ᠮᠤᠩᠭᠤᠯ ᠦᠨᠳᠦᠰᠦᠳᠡᠨ  ᠣ ᠳᠠᠯ᠎ᠠ ᠨᠤᠳᠤᠭ ᠣᠨ ᠰᠤᠶᠤᠯ ᠳᠠᠬᠢ ᠭᠦᠮᠦᠨ ᠭᠦᠮᠦᠨ  ᠣ ᠬᠤᠭᠤᠷᠤᠨᠳᠤᠭᠢ ᠡᠶ᠎ᠡ  ᠨᠠᠶᠢᠷᠠᠮᠳᠠᠭᠤ ᠵᠢ ᠠᠭᠢᠭᠤᠯᠵᠠᠢ ᠃ ᠦᠯᠡᠮᠵᠢ ᠤᠯᠠᠨ ᠭᠦᠨ ᠤᠬᠠᠭᠠᠨᠴᠢ ᠳᠠᠭᠤᠤ ᠂ ᠵᠢᠱᠢᠶᠡᠯᠡᠪᠡᠯ ᠄ ︽ ᠨᠡᠯᠦᠭᠡᠷ ᠳᠠᠯᠠᠢ ︾ ᠂ ︽ ᠵᠢᠷᠠᠨ ᠰᠠᠶᠢᠬᠠᠨ ︾ ᠂ ᠰᠤᠷᠭᠠᠯ ᠰᠢᠭᠦᠮᠵᠢᠯᠡᠯ ᠣᠨ ᠳᠠᠭᠤᠤ ᠂ ᠵᠢᠱᠢᠶᠡᠯᠡᠪᠡᠯ ᠄ ︽ ᠪᠦᠷᠡᠩ ᠬᠠᠨ ᠣ ᠪᠤᠷᠭᠠᠰᠤ ︾ ᠂ ︽ ᠡᠬᠡ  ᠵᠢᠨ ᠰᠤᠷᠭᠠᠯ ︾ ᠂ ︽ ᠠᠪᠤ ᠵᠢᠨ ᠰᠤᠷᠭᠠᠯ ︾ ᠂ ᠶᠤᠭᠳᠠ ᠳᠠᠭᠤᠤ ᠂ ᠵᠢᠱᠢᠶᠡᠯᠡᠪᠡᠯ ᠄ ︽ ᠴᠢᠨᠭᠭᠢᠰ ᠣᠨ ᠬᠤᠶᠠᠷ ᠵᠠᠭᠠᠯ ︾ ᠂ ︽ ᠨᠠᠰᠤᠳᠠᠨ ᠪᠠ ᠭᠠᠯᠠᠭᠤ ︾ ᠂ ᠮᠡᠳᠡᠯᠭᠡ ᠵᠢᠨ ᠳᠠᠭᠤᠤ ᠂ ᠵᠢᠱᠢᠶᠡᠯᠡᠪᠡᠯ ᠄ ︽ ᠠᠷᠪᠠᠨ ᠬᠤᠶᠠᠷ ᠵᠢᠯ ᠣᠨ ᠠᠮᠢᠳᠠᠨ ᠣ ᠳᠠᠭᠤᠤ ︾ ᠂ ︽ ᠡᠭᠡᠰᠢᠭ  ᠳᠤᠯᠤᠭ᠎ᠠ ︾ ᠵᠡᠷᠭᠡ ᠰᠲ᠋ᠸᠯᠢ  ᠨᠢ ᠳᠠᠳᠠᠨᠠᠷ ᠣᠨ ᠳᠡᠤᠭᠡ ᠂ ᠮᠡᠳᠡᠯᠭᠡ ᠂ ᠶᠤᠰᠤᠯᠠᠯ ᠂ ᠲᠦᠷᠢᠮ ᠱᠠᠰᠢᠨ ᠰᠢᠳᠦᠯᠭᠡ ᠰᠡᠳᠭᠢᠯᠭᠡ ᠵᠢᠨ ᠠᠴᠢᠶᠠᠯᠠᠪᠤᠷᠢ ᠪᠤᠯᠵᠦ ᠳᠠᠯ᠎ᠠ ᠨᠤᠳᠤᠭ ᠣᠨ ᠰᠤᠶᠤᠯ ᠣᠨ ᠦᠨᠳᠦᠰᠦᠨ ᠦᠨ᠎ᠡ ᠦᠷᠳᠡᠭ ᠪᠤᠯᠤᠨ ᠦᠵᠡᠯ ᠰᠠᠨᠠᠭ᠎ᠠ ᠢᠳᠡᠭᠡᠯ ᠬᠦᠰᠡᠯ ᠢ ᠰᠤᠷᠳᠠᠯᠴᠢᠯᠠᠨ ᠤᠯᠠᠮᠵᠢᠯᠠᠵᠦ ᠪᠠᠶᠢᠳᠠᠭ ᠃

 

1 2 3 4 5 6 7 8 9 10 11

ᠰᠢᠭᠦᠮᠵᠢ ᠦᠯᠡᠳᠡᠭᠡᠬᠦ