• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠠᠳᠠ ᠮᠡᠶᠢᠷᠡᠨ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   73
  • ᠄   0
  • ᠄   0
  • ᠄  0

ᠠᠭᠤᠯᠭ᠎ᠠ ᠄

 

︽ ᠭᠠᠳᠠ ᠮᠡᠶᠢᠷᠡᠨ ︾ ᠭᠡᠳᠡᠭ ᠬᠤᠷᠴᠢᠨ ᠠᠷᠠᠳ ᠣᠨ ᠦᠯᠢᠭᠡᠷᠲᠦ ᠳᠠᠭᠤᠤ ᠪᠤᠯ ᠬᠤᠷᠢᠳᠦᠭᠠᠷ ᠵᠠᠭᠤᠨ ᠣ ᠡᠬᠢᠨ  ᠣ ᠦᠶ᠎ᠡ  ᠪᠡᠷ ᠭᠠᠷᠤᠭᠰᠠᠨ ᠭᠠᠳᠠ ᠮᠡᠶᠢᠷᠡᠨ ᠣ ᠪᠤᠰᠤᠯᠭ᠎ᠠ  ᠪᠡᠷ ᠰᠢᠭᠤᠳ ᠰᠡᠳᠦᠪᠯᠡᠵᠦ ᠡᠭᠦᠰᠦᠭᠰᠡᠨ  ᠳᠠᠭᠤᠤ ᠪᠤᠯᠦᠨ᠎ᠠ ᠃

 

ᠨᠢᠭᠡ ᠂ ᠭᠠᠳᠠ ᠮᠡᠶᠢᠷᠡᠨ ᠣ ᠲᠤᠬᠠᠢ

 

ᠭᠠᠳᠠ ᠮᠡᠶᠢᠷᠡᠨ ᠦ ᠤᠤᠯ ᠨᠡᠷ᠎ᠡ  ᠨᠢ ᠨᠠᠳᠮᠢᠳ ᠂ ᠬᠢᠳᠠᠳ ᠨᠡᠷ᠎ᠡ  ᠨᠢ ᠮᠸᠩ ᠴᠢᠩ ᠱᠠᠨ ᠂ ᠦᠭᠡᠷ᠎ᠡ ᠨᠡᠷ᠎ᠡ  ᠨᠢ ᠮᠸᠨᠭ ᠶᠸᠰᠢ ᠭᠡᠳᠡᠭ ᠃ ᠴᠢᠨᠭ ᠤᠯᠤᠰ  ᠣᠨ ᠪᠠᠳᠠᠷᠠᠭᠤᠯᠲᠤ ᠲᠦᠷᠦ ᠵᠢᠨ ᠠᠷᠪᠠᠨ ᠨᠠᠢᠮᠠᠳᠦᠭᠠᠷ ᠤᠨ ︵ 1892 ᠤᠨ ︶  ᠳᠤ ᠵᠢᠷᠢᠮ ᠠᠶᠢᠮᠠᠭ ᠤᠨ ᠲᠠᠷᠬᠠᠨ ᠬᠤᠰᠢᠭᠤᠨ ︵ ᠤᠳᠤ ᠵᠢᠨ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤ ︶ ᠣ ᠲᠠᠪᠦᠨ ᠵᠠᠯᠠᠨ ᠣ ᠮᠠᠨᠳᠤᠯᠳᠤ ᠠᠶᠢᠯ ᠣᠨ ᠬᠠᠷᠠᠴᠦ ᠢᠳᠡᠷᠠᠨᠷᠰᠯᠠᠨ ᠣ ᠭᠡᠷ  ᠲᠤ ᠮᠡᠨᠳᠦᠯᠡᠵᠡᠢ ᠃ ᠠᠬ᠎ᠠ ᠳᠡᠭᠦᠦ ᠳᠦᠷᠪᠡᠭᠦᠯᠡ ᠵᠢᠨ ᠲᠤᠲᠤᠷ᠎ᠠ ᠤᠳᠬᠤᠨ  ᠨᠢ ᠪᠤᠯᠬᠤᠷ ︽ ᠭᠠᠳᠠ ︾ ᠭᠡᠵᠤ ᠡᠩᠬᠦᠷᠡᠶᠢᠯᠡᠨ  ᠳᠠᠭᠤᠳᠠᠭᠳᠠᠵᠠᠢ ᠃ ︽ ᠮᠡᠶᠢᠷᠡᠨ ︾ ᠭᠡᠳᠡᠭ  ᠨᠢ ᠲᠡᠭᠦᠨ ᠤ ᠠᠯᠪᠠᠨ ᠲᠤᠰᠢᠶᠠᠯ ᠣᠨ ᠴᠤᠯᠠ ᠪᠢᠯᠡ ᠃

ᠭᠠᠳᠠ ᠮᠡᠶᠢᠷᠡᠨ ᠣ ᠭᠡᠷ  ᠨᠢ ᠶᠠᠳᠠᠭᠤ ᠵᠦᠳᠡᠭᠦᠦ ᠪᠤᠯᠬᠤᠷ ᠲᠡᠷᠡ ᠬᠠᠷᠠᠬᠠᠨ ᠪᠠᠭ᠎ᠠ  ᠡᠴᠡ  ᠪᠠᠨ ᠠᠪᠦ ᠡᠵᠢ  ᠪᠠᠨ ᠬᠠᠪᠰᠤᠷᠦᠨ ᠠᠵᠢᠯ ᠬᠢᠵᠦ ᠂ ᠠᠷᠪᠠ ᠬᠦᠷᠦᠭᠰᠡᠨ ᠣ ᠳᠠᠷᠠᠭ᠎ᠠ ᠰᠠᠶ᠋ᠢ ᠭᠡᠷ ᠣᠨ ᠪᠠᠭᠰᠢ ᠡᠴᠡ ᠪᠢᠴᠢᠭ ᠰᠤᠷᠴᠤ ᠂ ᠬᠡᠳᠦᠨ ᠵᠢᠯ ᠣᠨ ᠴᠢᠷᠮᠠᠶᠢᠯᠭ᠎ᠠ  ᠪᠡᠷ ᠳᠠᠮᠵᠢᠨ ᠂ ᠮᠤᠨᠭ᠍ᠭᠤᠯ ᠬᠢᠳᠠᠳ ᠪᠢᠴᠢᠭ ᠢ ᠬᠠᠷᠠᠬᠠᠨ ᠡᠵᠡᠮᠰᠢᠭᠰᠡᠨ ᠪᠠᠶᠢᠨ᠎ᠠ ᠃ ᠳᠡᠷᠡ ᠠᠷᠪᠠᠨ ᠳᠤᠯᠤᠭᠠᠨ ᠨᠠᠰᠤᠲᠠᠢ ᠳᠠᠭᠠᠨ ᠳᠠᠷᠬᠠᠨ ᠬᠤᠰᠢᠭᠤᠨ ᠣ ᠬᠤᠰᠢᠭᠤ ᠴᠡᠷᠢᠭ  ᠲᠤ ᠡᠯᠰᠡᠭᠳᠡᠨ  ᠤᠷᠦᠵᠤ ᠂ ᠶᠡᠷᠦᠳᠡᠭᠡᠨ ᠪᠢᠴᠢᠭ ᠴᠡᠷᠢᠭ ᠣᠨ ᠡᠷᠳᠡᠮ  ᠬᠤᠤᠰᠯᠠᠨ ᠂ ᠡᠷᠡᠯᠬᠡᠭ  ᠪᠠᠭᠠᠲᠦᠷᠯᠢᠭ ᠂ ᠤᠬᠠᠭᠠᠨ ᠰᠠᠮᠪᠠᠭᠠᠯᠢᠭ ᠲᠤᠯᠠ ᠠᠯᠬᠤᠮ ᠠᠯᠬᠤᠮ ᠵᠢᠡᠷ ᠵᠡᠷᠭᠡ ᠳᠠᠪᠰᠢᠨ ᠂ ᠭᠤᠴᠢᠨ ᠳᠦᠷᠪᠡᠨ ᠨᠠᠰᠤᠲᠠᠢ ᠳᠠᠭᠠᠨ ᠬᠤᠰᠢᠭᠤ ᠴᠡᠷᠢᠭ ᠣᠨ ᠮᠡᠶᠢᠷᠡᠨ ᠵᠡᠷᠭᠡ  ᠳᠤ ᠳᠠᠪᠰᠢᠭᠰᠠᠨ ᠪᠠᠶᠢᠨ᠎ᠠ ᠃ ᠳᠡᠭᠡᠭᠡᠳ ︽ ᠭᠠᠳᠠ ᠮᠡᠶᠢᠷᠡᠨ ︾ ᠭᠡᠵᠦ ᠨᠤᠲᠤᠭ ᠲᠠᠶᠠᠭᠠᠷ ᠠᠯᠳᠠᠷᠰᠢᠵᠠᠢ ᠃

ᠲᠤᠬᠠᠢ ᠵᠢᠨ ᠦᠶ᠎ᠡ  ᠳᠤ ᠂ ᠵᠡᠭᠦᠨ ᠬᠤᠶᠢᠲᠦ ᠵᠢᠨ ᠴᠡᠷᠢᠭ ᠣᠨ ᠡᠷᠬᠡᠲᠡᠨ  ᠳᠠᠷᠬᠠᠨ ᠸᠠᠨᠭ᠍  ᠲᠠᠢ ᠰᠦᠯᠪᠡᠭᠡᠯᠳᠤᠨ ᠠᠳᠠᠷ ᠬᠠᠭᠠᠯᠪᠤᠷᠢᠯᠠᠨ ᠭᠠᠵᠠᠷ ᠰᠢᠷᠤᠢ  ᠪᠠᠨ ᠬᠤᠳᠠᠯᠳᠤᠵᠤ ᠂ ᠮᠠᠯᠴᠢᠨ ᠲᠦᠮᠡᠨ  ᠳᠤ ᠭᠠᠢ ᠭᠠᠮᠰᠢᠭ ᠤᠴᠠᠷᠠᠭᠤᠯᠤᠭᠰᠠᠨ  ᠳᠤ ᠭᠠᠳᠠ ᠮᠡᠶᠢᠷᠡᠨ ᠤᠯᠠᠨ ᠲᠦᠮᠡᠨ ᠢ ᠲᠠᠭᠠᠭᠤᠯᠵᠤ ᠬᠤᠷᠴᠢᠨ ᠂ ᠭᠤᠷᠯᠤᠰ ᠂ ᠵᠠᠷᠤᠳ ᠵᠡᠷᠭᠡ ᠭᠠᠵᠠᠷ  ᠢᠶᠡᠷ  ᠵᠡᠪᠰᠡᠭᠳᠤ ᠲᠡᠮᠡᠴᠡᠯ ᠬᠢᠭᠰᠡᠨ ᠪᠠᠶᠢᠨ᠎ᠠ ᠃ ᠭᠡᠪᠡᠴᠤ ᠬᠦᠴᠦᠨ ᠤ ᠵᠦᠷᠢᠶ᠎ᠡ ᠶᠡᠬᠡ  ᠡᠴᠡ ᠪᠤᠯᠵᠤ ᠂ ᠭᠠᠳᠠ ᠮᠡᠶᠢᠷᠡᠨ  ᠣ ᠪᠤᠰᠤᠯᠭ᠎ᠠ ᠡᠴᠦᠰ ᠲᠡᠭᠡᠨ ᠢᠯᠠᠭᠳᠠᠵᠤ ᠂ 1931 ᠤᠨ  ᠳᠤ ᠂ ᠭᠠᠳᠠ ᠮᠡᠶᠢᠷᠡᠨ ᠦᠯᠵᠠᠶᠢᠮᠥᠢᠷᠠᠨ ᠭᠤᠤᠯ ᠤᠨ ᠬᠦᠪᠡᠭᠡᠨ  ᠳᠤ ᠡᠷᠡᠯᠬᠡᠭ  ᠪᠠᠭᠠᠲᠤᠷᠯᠢᠭ  ᠢᠶᠡᠷ  ᠪᠡᠶ᠎ᠡ ᠦᠷᠡᠭᠳᠡᠪᠡ ᠃

 

ᠬᠤᠶᠠᠷ ᠂ ᠭᠠᠳᠠ ᠮᠡᠶᠢᠷᠡᠨ ᠣ ᠪᠤᠰᠤᠯᠭ᠎ᠠ ᠵᠢᠨ ᠲᠤᠬᠠᠢ

 

1928 ᠤᠨ  ᠳᠤ ᠂ ᠵᠡᠭᠦᠨ ᠬᠤᠶᠢᠳᠤ ᠵᠢᠨ ᠴᠡᠷᠢᠭ ᠤᠨ ᠡᠷᠬᠡᠲᠡᠨ  ᠵᠠᠨᠭ᠍ ᠽᠦᠸᠸ ᠯᠢᠨ ︽ ᠠᠲᠠᠷ ᠬᠠᠭᠠᠯᠪᠤᠷᠢᠯᠠᠬᠤ ᠲᠤᠪᠴᠢᠶ᠎ᠠ ︾ ᠭᠠᠷᠭᠠᠵᠤ ᠂ ᠲᠠᠷᠬᠠᠨ ᠸᠠᠩ ᠢ ᠡᠯᠳᠡᠪ  ᠠᠷᠭ᠎ᠠ  ᠪᠡᠷ ᠠᠶᠦᠯᠭᠠᠨ ᠰᠦᠷᠳᠡᠭᠦᠯᠵᠦ ᠂ ᠠᠷᠭᠠᠳᠠᠨ ᠲᠠᠲᠠᠵᠤ ᠪᠠᠶᠢᠭᠠᠳ ᠂ ᠭᠠᠵᠠᠷ ᠨᠤᠲᠤᠭ ᠢ ᠬᠤᠳᠠᠯᠳᠤᠨ ᠂ ᠶᠡᠬᠡ ᠬᠡᠮᠵᠢᠶ᠎ᠡ  ᠪᠡᠷ ᠠᠲᠠᠷ ᠬᠠᠭᠠᠯᠪᠤᠷᠢᠯᠠᠭᠰᠠᠨ  ᠡᠴᠡ ᠂ ᠳᠠᠷᠬᠠᠨ ᠬᠤᠰᠢᠭᠤᠨ ᠣ ᠦᠷᠭᠡᠨ ᠤᠯᠠᠨ ᠠᠷᠠᠳ ᠲᠦᠮᠡᠨ ᠣ ᠡᠷᠡᠰ ᠡᠰᠡᠷᠭᠦᠴᠡᠯ  ᠢ ᠤᠯᠵᠠᠢ ᠃ ᠨᠤᠲᠤᠭ ᠤᠷᠤᠨ ᠂ ᠠᠷᠠᠳ ᠲᠦᠮᠡᠨ ᠳᠡᠬᠡᠨ ᠬᠢᠵᠠᠭᠠᠯᠠᠰᠢ ᠦᠭᠡᠢ ᠬᠠᠶᠢᠷ᠎ᠠ ᠰᠡᠳᠭᠢᠯ ᠪᠦᠬᠦᠢ ᠭᠠᠳᠠ ᠮᠡᠶᠢᠷᠡᠨ ᠂ ᠶᠠᠷᠢᠶᠠᠨ ᠦᠭᠡᠢ ᠡᠰᠡᠷᠭᠦᠴᠡᠯ  ᠣᠨ ᠡᠩᠨᠡᠭᠡ  ᠵᠢᠨ ᠭᠠᠪᠰᠢᠭᠠᠶᠢᠯᠠᠭᠴᠢ ᠂ ᠲᠤᠯᠤᠭᠠᠶᠢᠯᠠᠭᠴᠢ ᠪᠤᠯᠤᠭᠰᠠᠨ ᠪᠠᠶᠢᠨ᠎ᠠ ᠃ ᠲᠡᠷᠡ ᠳᠠᠷᠬᠠᠨ ᠸᠠᠨᠭ᠍  ᠳᠤ ᠲᠠᠬᠢᠨ ᠳᠠᠪᠲᠠᠨ ᠡᠷᠭᠦᠳᠡᠯ  ᠰᠠᠨᠠᠭᠤᠯᠭ᠎ᠠ ᠭᠠᠷᠭᠠᠵᠤ ᠂ ᠭᠠᠵᠠᠷ ᠨᠤᠲᠤᠭ  ᠢᠶᠡᠨ  ᠬᠤᠳᠠᠯᠳᠤᠨ ᠠᠲᠠᠷ ᠬᠠᠭᠠᠯᠪᠤᠷᠢᠯᠠᠬᠤ ᠵᠢ ᠡᠰᠡᠷᠭᠦᠴᠡᠭᠰᠡᠨ  ᠪᠤᠯᠪᠠᠴᠤ ᠲᠤᠰᠠ ᠭᠠᠷᠤᠭᠰᠠᠨ ᠦᠭᠡᠢ ᠂ ᠭᠡᠳᠡᠷᠭᠦ  ᠪᠠᠨ ᠬᠠᠷᠢᠨ ᠬᠢᠯᠢᠰ ᠬᠦᠵᠢᠷ ᠶᠠᠯ᠎ᠠ  ᠪᠡᠷ ᠵᠡᠷᠭᠡ ᠲᠤᠰᠢᠶᠠᠯ  ᠢᠶᠡᠨ  ᠬᠠᠰᠤᠭᠳᠠᠭᠰᠠᠨ ᠪᠠᠶᠢᠨ᠎ᠠ ᠃

1929 ᠤᠨ  ᠳᠤ ᠂ ᠭᠠᠳᠠ ᠮᠡᠶᠢᠷᠡᠨ  ᠨᠠᠷ ᠤᠯᠠᠨ ᠲᠦᠮᠡᠨ ᠣ ᠬᠤᠷᠠᠯ ᠬᠢᠵᠦ ᠂ ︽ ᠵᠢᠷᠠᠨ ᠡᠪᠦᠭᠡᠨ ︾ ᠢ ᠲᠦᠯᠦᠭᠡᠯᠡᠭᠴᠢ  ᠪᠡᠷ ᠰᠤᠨᠭ᠍ᠭᠤᠵᠤ ᠂ ︽ ᠠᠲᠠᠷ ᠬᠠᠭᠠᠯᠪᠤᠷᠢᠯᠠᠬᠤ ᠵᠢ ᠬᠤᠷᠢᠭᠯᠠᠬᠤ ᠡᠷᠭᠦᠳᠡᠯ  ᠮᠡᠳᠡᠭᠦᠯᠬᠦ ᠲᠦᠯᠦᠭᠡᠯᠡᠭᠴᠢᠳ ᠣᠨ ᠪᠦᠯᠬᠦᠮ ︾ ᠪᠠᠶᠢᠭᠤᠯᠤᠭᠠᠳ ᠂ ᠭᠠᠳᠠ ᠮᠡᠶᠢᠷᠡᠨ  ᠨᠠᠷ  ᠢᠶᠡᠷ  ᠲᠦᠷᠦᠭᠦᠦ ᠪᠤᠯᠭᠠᠵᠤ ᠂ ᠲᠦᠮᠡᠨ ᠬᠦᠮᠦᠨ ᠣ ᠭᠠᠷ ᠣᠨ ᠦᠰᠦᠭ ᠵᠢᠷᠤᠭᠰᠠᠨ ᠲᠦᠭᠦᠷᠢᠭ ᠪᠢᠴᠢᠭ  ᠢᠶᠡᠨ  ᠠᠪᠴᠤ ᠂ ᠮᠦᠭᠳᠡᠨ ᠬᠤᠲᠠᠨ  ᠳᠤ ᠬᠦᠷᠴᠦ ᠡᠷᠭᠦᠳᠠᠯ  ᠭᠠᠷᠭᠠᠭᠰᠠᠨ ᠪᠠᠶᠢᠨ᠎ᠠ ᠃ ᠳᠠᠷᠬᠠᠨ ᠸᠠᠨᠭ᠍ ᠡᠷᠭᠦᠳᠠᠯ  ᠢ ᠤᠶᠢᠰᠢᠶᠠᠭᠰᠠᠨ ᠦᠭᠡᠢ ᠮᠦᠷᠲᠡᠭᠡᠨ ᠭᠠᠳᠠ ᠮᠡᠶᠢᠷᠡᠨ  ᠨᠠᠷ ᠢ ᠪᠠᠷᠢᠪᠴᠢᠯᠠᠵᠤ ᠠᠯᠠᠬᠤ ᠶᠠᠯ᠎ᠠ  ᠪᠡᠷ ᠰᠢᠳᠭᠡᠬᠦ  ᠪᠡᠷ ᠪᠤᠯᠤᠭᠰᠠᠨ  ᠳᠤ ᠭᠠᠳᠠ ᠮᠡᠶᠢᠷᠡᠨ ᠣ ᠭᠡᠷᠭᠡᠢ ᠮᠦᠳᠠᠨ ᠳᠤᠯᠤᠭᠠᠨ ᠵᠡᠪᠰᠡᠭᠲᠦ ᠢᠳᠡᠷᠴᠦᠳ ᠢ ᠳᠠᠭᠠᠭᠤᠯᠵᠤ ᠭᠢᠨᠳᠠᠨ ᠢ ᠡᠪᠳᠡᠨ ᠭᠠᠳᠠ ᠮᠡᠶᠢᠷᠡᠨ ᠢ ᠠᠪᠤᠷᠠᠵᠤ ᠭᠠᠷᠭᠠᠵᠠᠢ ᠃

ᠭᠠᠳᠠ ᠮᠡᠶᠢᠷᠡᠨ ᠭᠢᠨᠳᠠᠨ  ᠡᠴᠡ ᠭᠠᠷᠤᠭᠰᠠᠨ ᠣ ᠳᠠᠷᠠᠭ᠎ᠠ ᠂ ᠳᠠᠷᠦᠢ ᠵᠡᠪᠰᠡᠭᠲᠦ ᠤᠷᠪᠠᠯᠭᠠᠨ ᠭᠠᠷᠭᠠᠵᠤ ᠂ ᠠᠲᠠᠷ ᠬᠠᠭᠠᠯᠪᠤᠷᠢᠯᠠᠬᠤ ᠵᠢ ᠡᠰᠡᠷᠭᠦᠴᠡᠬᠦ  ᠬᠦᠳᠡᠯᠭᠡᠭᠡᠨ ᠢ ᠰᠦᠷ ᠳᠠᠯᠠᠶᠢᠴᠠ  ᠲᠠᠢ ᠦᠷᠨᠢᠬᠦᠯᠪᠡ ᠃ ᠭᠠᠳᠠ ᠮᠡᠶᠢᠷᠡᠨ ᠣ ᠪᠤᠰᠤᠯᠭ᠎ᠠ ᠦᠳᠲᠡᠷ ᠲᠦᠷᠭᠡᠨ  ᠢᠶᠡᠷ  ᠭᠠᠵᠠᠷ ᠨᠤᠲᠤᠭ  ᠢᠶᠡᠨ  ᠠᠯᠳᠠᠭᠰᠠᠨ ᠦᠷᠭᠡᠨ ᠤᠯᠠᠨ ᠲᠦᠮᠡᠨ ᠳᠣ ᠡᠷᠡᠰ  ᠬᠦᠷᠢᠶᠡᠯᠡᠭᠳᠡᠵᠤ ᠂ ᠰᠠᠷ᠎ᠠ ᠭᠠᠷᠦᠢ ᠵᠢᠨ ᠬᠤᠭᠤᠷᠤᠨᠳᠤ ᠠᠷᠪᠠᠭᠠᠳ ᠬᠦᠮᠦᠨ  ᠡᠴᠡ ᠬᠤᠶᠠᠷ ᠵᠠᠭᠤ ᠭᠠᠷᠤᠢ ᠬᠦᠮᠦᠨ ᠪᠤᠯᠵᠤ ᠨᠡᠮᠡᠭᠳᠡᠵᠠᠢ ᠃ ᠵᠠᠷᠢᠮ ᠮᠡᠳᠡᠭᠡ ᠵᠢ ᠦᠨᠳᠦᠰᠦᠯᠡᠪᠡᠯ ᠂ ᠪᠤᠰᠤᠯᠭ᠎ᠠ ᠵᠢᠨ ᠴᠡᠷᠢᠭ ᠬᠠᠮᠤᠭ ᠠᠷᠪᠢᠨ ᠳᠠᠭᠠᠨ ᠮᠢᠩᠭ᠎ᠠ  ᠢᠯᠡᠭᠦᠦ ᠬᠦᠮᠦᠨ ᠪᠤᠯᠤᠭᠰᠠᠨ ᠭᠡᠳᠡᠭ ᠃

ᠭᠠᠳᠠ ᠮᠡᠶᠢᠷᠡᠨ ᠣ ᠪᠤᠰᠤᠯᠭ᠎ᠠ ᠵᠢᠨ ᠴᠡᠷᠢᠭ ᠂ ᠬᠤᠶᠢᠰᠢ  ᠪᠠᠨ ᠰᠤᠯᠦᠨ ᠠᠭᠤᠯᠠ ᠂ ᠤᠷᠤᠭᠰᠢ  ᠪᠠᠨ ᠵᠠᠨᠭ᠍ ᠦ᠋ ᠰᠢᠶᠡᠨ ᠬᠦᠷᠲᠡᠯ᠎ᠡ ᠂ ᠳᠠᠷᠬᠠᠨ ᠂ ᠵᠠᠷᠤᠳ ᠂ ᠲᠦᠰᠢᠶᠡᠲᠦ ︵ ᠬᠤᠷᠴᠢᠨ ᠪᠠᠷᠠᠭᠤᠨ ᠭᠠᠷᠤᠨ ᠳᠤᠮᠳᠠᠳᠦ ᠬᠤᠰᠢᠭᠤ ︶ ᠵᠡᠷᠭᠡ ᠭᠤᠷᠪᠠᠨ ᠬᠤᠰᠢᠭᠤᠨ ᠣ ᠦᠷᠭᠡᠨ ᠠᠭᠤᠳᠠᠮ ᠭᠠᠵᠠᠷ ᠨᠤᠳᠤᠭ  ᠢᠶᠡᠷ  ᠲᠤᠭᠤᠷᠢᠨ ᠪᠠᠶᠢᠯᠳᠤᠵᠤ ᠂ ᠬᠦᠷᠦᠭᠰᠡᠨ ᠭᠠᠵᠠᠷ ᠪᠦᠬᠦᠨ  ᠳᠡᠭᠡᠨ ᠴᠡᠷᠢᠭ ᠣᠨ ᠡᠷᠬᠡᠲᠡᠨ  ᠣ ᠠᠲᠠᠷ ᠬᠠᠭᠠᠯᠪᠤᠷᠢᠯᠠᠬᠤ ᠠᠨᠭ᠍ᠬᠢ ᠪᠠ ᠭᠠᠵᠠᠷ ᠳᠡᠭᠡᠰᠡᠯᠡᠭᠦ ᠠᠨᠭ᠍ᠬᠢ ᠵᠢ ᠴᠤᠬᠢᠨ ᠦᠯᠳᠡᠵᠦ ᠂ ᠬᠠᠷᠬᠢᠰ ᠪᠠᠶᠠᠨ ᠂ ᠵᠠᠯᠢᠬᠠᠢ ᠮᠠᠶᠢᠮᠠᠶᠢᠴᠢᠨ  ᠨᠠᠷ ᠢ ᠰᠢᠳᠭᠡᠨ ᠂ ᠮᠤᠨᠭ᠍ᠭᠤᠯ ᠣᠨ ᠨᠤᠲᠤᠭ ᠳᠡᠪᠢᠰᠭᠡᠷ ᠢ ᠪᠤᠯᠢᠶᠠᠨ ᠡᠵᠡᠷᠭᠡᠵᠦ ᠪᠠᠶᠢᠭ᠎ᠠ ᠴᠡᠷᠢᠭ ᠣᠨ ᠠᠷᠭᠡᠳᠡᠨ ᠪᠠ ᠲᠡᠷᠰᠯᠡᠭᠦᠦ ᠨᠤᠶᠠᠷᠬᠠᠯ  ᠳᠤ ᠬᠦᠨᠳᠦ ᠴᠤᠬᠢᠯᠲᠠ ᠦᠭᠭᠦᠭᠰᠡᠨ ᠪᠠᠶᠢᠨ᠎ᠠ ᠃

ᠭᠠᠳᠠ ᠮᠡᠶᠢᠷᠡᠨ ᠣ ᠪᠤᠰᠤᠯᠭ᠎ᠠ ᠤᠳᠠᠭ᠎ᠠ ᠲᠠᠷᠠᠭᠠᠯᠠᠨ ᠢᠯᠠᠯᠲᠠ ᠤᠯᠤᠭᠰᠠᠨ  ᠳᠤ ᠂ ᠴᠡᠷᠢᠭ ᠣᠨ ᠡᠷᠬᠡᠲᠡᠨ  ᠶᠡᠬᠡ  ᠪᠡᠷ ᠰᠦᠷᠲᠡᠨ ᠪᠠᠯᠢᠳᠠᠵᠤ ᠂ ᠡᠯ᠎ᠡ ᠭᠠᠵᠠᠷ ᠡᠴᠡ ᠴᠡᠷᠢᠭ ᠮᠤᠷᠢ ᠲᠠᠲᠠᠵᠤ ᠂ ᠪᠤᠰᠤᠯᠭ᠎ᠠ ᠣᠨ ᠴᠡᠷᠢᠭ ᠢ ᠲᠠᠷᠤᠩᠭᠤᠶᠢᠯᠠᠬᠤ  ᠪᠡᠷ ᠬᠦᠳᠡᠯᠪᠡ ᠃ ᠳᠡᠮᠡᠢ ᠤᠳᠠᠯ ᠦᠭᠡᠢ ᠂ ᠳᠠᠶᠢᠰᠤᠨ ᠣ ᠴᠡᠷᠢᠭ ᠤᠳᠤ ᠵᠢᠨ ᠵᠠᠷᠤᠳ ᠬᠤᠰᠢᠭᠤᠨ ᠣ ᠨᠠᠢᠮᠠᠯᠵᠢ ᠤᠷᠴᠢᠮ ᠣᠨ ᠠᠭᠤᠯᠠᠨ  ᠳᠤ ᠪᠤᠰᠤᠯᠭ᠎ᠠ ᠵᠢᠨ ᠴᠡᠷᠢᠭ ᠢ ᠪᠦᠰᠡᠯᠡᠨ ᠴᠤᠬᠢᠪᠠ ᠃ ᠪᠠᠶᠢᠯᠳᠤᠭᠠᠨ ᠰᠠᠷ᠎ᠠ ᠰᠢᠬᠠᠮ ᠶᠠᠪᠤᠭᠳᠠᠵᠤ ᠂ ᠬᠦᠮᠦᠨ ᠣ ᠲᠤᠭ᠎ᠠ ᠂ ᠵᠡᠪᠰᠡᠭ ᠣᠨ ᠬᠦᠴᠦᠨ ᠣ ᠲᠠᠯ᠎ᠠ  ᠪᠡᠷ ᠬᠡᠲᠤᠷᠬᠡᠢ ᠵᠦᠷᠢᠶ᠎ᠡ  ᠲᠠᠢ ᠲᠤᠯᠠ ᠂ ᠭᠠᠳᠠ ᠮᠡᠶᠢᠷᠡᠨ  ᠨᠠᠷ ᠡᠴᠦᠰ  ᠲᠡᠭᠡᠨ ᠬᠡᠳᠦᠶᠢᠪᠡᠷ ᠪᠦᠰᠡᠯᠡᠯᠲᠡ ᠵᠢ ᠰᠢᠪᠲᠦᠯᠤᠨ ᠭᠠᠷᠤᠭᠰᠠᠨ ᠪᠤᠯᠪᠠᠴᠤ ᠴᠡᠷᠢᠭ ᠮᠤᠷᠢ ᠶᠡᠭᠡᠳᠡ ᠬᠤᠬᠢᠷᠠᠵᠤ ᠂ ᠠᠷᠠᠢ ᠲᠠᠪᠢᠭᠠᠳ ᠬᠦᠮᠦᠨ ᠯᠡ ᠦᠯᠡᠳᠡᠭᠰᠡᠨ ᠪᠠᠶᠢᠯ᠎ᠠ ᠃

1931 ᠤᠨ ᠣ ᠪᠢᠯᠢᠭ  ᠣᠨ ᠤᠯᠠᠷᠢᠯ ᠣᠨ 2 ᠰᠠᠷ᠎ᠠ ᠵᠢᠨ 2 ᠣᠨ ᠡᠳᠦᠷ  ᠂ ᠭᠠᠳᠠ ᠮᠡᠶᠢᠷᠡᠨ ᠣ ᠪᠤᠰᠤᠯᠭ᠎ᠠ ᠵᠢᠨ ᠴᠡᠷᠢᠭ ᠦᠯᠵᠡᠶᠢᠮᠦᠷᠡᠨ ᠣ ᠬᠤᠨᠭ᠍ᠭᠤᠷ ᠤᠪᠤᠭ᠎ᠠ ᠵᠢᠨ ᠤᠯᠤᠮ ᠳᠡᠭᠡᠷ᠎ᠡ ᠳᠠᠶᠢᠰᠤᠨ ᠣ ᠴᠡᠷᠢᠭ  ᠲᠤ ᠪᠦᠰᠡᠯᠡᠭᠳᠡᠨ ᠂ ᠤᠰᠤ ᠠᠷᠤᠯᠠᠭᠰᠠᠨ ᠬᠠᠲᠠᠭᠤᠵᠢᠯᠲᠠᠢ ᠪᠠᠶᠢᠯᠳᠤᠭᠠᠨ ᠲᠤᠯᠭᠠᠷᠠᠪᠠ ᠃ ᠭᠠᠳᠠ ᠮᠡᠶᠢᠷᠡᠨ ᠦᠪᠡᠷ  ᠢᠶᠡᠨ  ᠢᠷᠡᠬᠦ ᠳᠠᠶᠢᠰᠤᠨ ᠣ ᠵᠦᠭ᠍ ᠦᠬᠦᠨ ᠲᠤᠰᠤᠨ ᠪᠠᠶᠢᠯᠳᠤᠵᠤ ᠂ ᠳᠠᠶᠢᠴᠢᠨ ᠨᠦᠬᠦᠳ  ᠢᠶᠡᠨ  ᠬᠠᠮᠠᠭᠠᠯᠠᠵᠤ ᠭᠤᠤᠯ ᠭᠡᠲᠦᠯᠦᠭᠦᠯᠦᠭᠰᠡᠨ ᠣ ᠳᠠᠷᠠᠭ᠎ᠠ ᠰᠠᠶ᠋ᠢ ᠦᠪᠡᠷ  ᠢᠶᠡᠨ  ᠭᠤᠤᠯ ᠭᠡᠲᠦᠯᠬᠦ  ᠪᠡᠷ ᠮᠦᠰᠦᠨ ᠳᠡᠭᠡᠷ᠎ᠡ ᠳᠠᠪᠬᠢᠨ ᠭᠠᠷᠤᠭᠠᠳ ᠂ ᠭᠤᠤᠯ ᠣᠨ ᠳᠤᠮᠳᠠ ᠬᠦᠷᠴᠦ ᠢᠷᠡᠬᠦ ᠦᠶ᠎ᠡ ᠂ ᠳᠠᠶᠢᠰᠤᠨ ᠣ ᠰᠤᠮᠤᠨ  ᠳᠤ ᠤᠨᠤᠭᠳᠠᠵᠤ ᠬᠦᠮᠦᠨ ᠮᠤᠷᠢ  ᠲᠠᠢ  ᠪᠠᠨ ᠤᠰᠤᠨ  ᠳᠤ ᠤᠨᠠᠵᠤ ᠪᠡᠶ᠎ᠡ ᠦᠷᠡᠭᠳᠡᠭᠰᠡᠨ ᠪᠠᠶᠢᠨ᠎ᠠ ᠃ ᠲᠡᠭᠡᠭᠡᠳ ᠵᠢᠯ ᠭᠠᠷᠤᠢ ᠶᠠᠪᠤᠭᠳᠠᠭᠰᠠᠨ ᠭᠠᠳᠠ ᠮᠡᠶᠢᠷᠡᠨ ᠣ ᠪᠤᠰᠤᠯᠭ᠎ᠠ  ᠨᠢ ᠲᠡᠷᠰᠯᠡᠭᠦᠦ ᠡᠲᠡᠭᠡᠳ  ᠣᠨ ᠬᠡᠷᠴᠡᠬᠡᠢ ᠳᠠᠷᠤᠨᠭ᠍ᠭᠤᠶᠢᠯᠠᠯ ᠳᠤᠤᠷ᠎ᠠ ᠡᠴᠤᠰ  ᠲᠡᠭᠡᠨ ᠢᠯᠠᠭᠳᠠᠭᠰᠠᠨ ᠪᠠᠶᠢᠨ᠎ᠠ ᠃

 

ᠭᠤᠷᠪᠠ ᠂ ︽ ᠭᠠᠳᠠ ᠮᠡᠶᠢᠷᠡᠨ ︾ ᠭᠡᠳᠡᠭ ᠳᠠᠭᠣᠤ ᠵᠢᠨ ᠲᠤᠬᠠᠢ

 

ᠲᠤᠰ ᠲᠠᠭᠤᠤ ᠪᠤᠯ ᠭᠠᠳᠠ ᠮᠡᠶᠢᠷᠡᠨ ᠤ ᠪᠤᠰᠤᠯᠭ᠎ᠠ ᠵᠢᠨ ᠲᠡᠥᠬᠡᠳᠤ ᠦᠢᠯᠡ ᠶᠠᠪᠤᠳᠠᠯ  ᠢᠶᠡᠷ  ᠰᠡᠳᠦᠪᠯᠡᠭᠰᠡᠨ ᠲᠠᠭᠤᠤ ᠶᠤᠮ ᠃ ︽ ᠭᠠᠳᠠ ᠮᠡᠶᠢᠷᠡᠨ ︾ ᠭᠡᠳᠡᠭ ᠨᠤᠮ  ᠳᠤ ᠮᠡᠳᠡᠭᠡᠯᠡᠭᠰᠡᠨ  ᠢᠶᠡᠷ  ᠂ ᠲᠤᠰ ᠳᠠᠭᠤᠤ  ᠨᠢ ᠭᠠᠳᠠ ᠮᠡᠶᠢᠷᠡᠨ ᠣ ᠪᠡᠶ᠎ᠡ ᠦᠷᠡᠭᠳᠡᠭᠰᠡᠨ ᠣ ᠳᠠᠷᠠᠭᠠᠬᠠᠨ ︱ 1931 ᠤᠨ  ᠳᠤ ᠠᠷᠠᠳ ᠣᠨ ᠳᠤᠮᠳᠠ ᠮᠨᠨᠳᠤᠯᠡᠭ᠍ᠰᠡᠨ ᠪᠠᠶᠢᠨ᠎ᠠ ᠃ ᠳᠠᠭᠤᠤ ᠵᠢᠨ ᠦᠯᠢᠭᠡᠷ ᠤᠨ ᠲᠤᠶᠢᠮᠤ ᠪᠦᠳᠦᠴᠡ  ᠨᠢ ᠲᠤᠤᠷᠠᠬᠢ ᠮᠡᠳᠤ ᠄ (1) ᠲᠠᠷᠬᠠᠨ ᠸᠠᠩ ᠂ ᠴᠡᠷᠢᠭ ᠤᠨ ᠡᠷᠬᠡᠲᠡᠨ   ᠲᠠᠢ ᠰᠦᠯᠪᠡᠭᠡᠯᠡᠵᠤ ᠂ ᠭᠠᠵᠠᠷ ᠨᠤᠳᠤᠭ  ᠢᠶᠡᠨ  ᠬᠤᠳᠠᠯᠳᠤᠭᠰᠠᠨ (2) ᠭᠠᠳᠠ ᠮᠡᠶᠢᠷᠡᠨ ᠭᠠᠵᠠᠷ ᠰᠢᠷᠤᠢ ᠬᠤᠳᠠᠯᠳᠤᠬᠤ ᠵᠢ ᠡᠷᠡᠰ ᠡᠰᠡᠷᠭᠦᠴᠡᠭᠰᠡᠨ   ᠡᠴᠡ ᠪᠠᠷᠢᠪᠴᠢᠯᠠᠭᠳᠠᠨ ᠭᠢᠨᠳᠠᠨ  ᠳᠤ ᠤᠷᠤᠭᠰᠠᠨ (3) ᠮᠦᠳᠠᠨ ᠠᠶᠢᠯ ᠠᠶᠢᠮᠠᠭ ᠤᠨ ᠠᠬ᠎ᠠ ᠲᠡᠭᠦᠦ  ᠨᠠᠷ ᠵᠢᠡᠨ ᠴᠤᠭᠯᠠᠭᠤᠯᠵᠤ ᠭᠢᠨᠳᠠᠨ ᠢ ᠡᠪᠳᠡᠵᠤ ᠭᠠᠳᠠ ᠵᠢ ᠠᠪᠤᠷᠠᠭᠰᠠᠨ (4) ᠭᠠᠳᠠ ᠮᠡᠶᠢᠷᠡᠨ ᠪᠤᠰᠤᠯᠭ᠎ᠠ ᠭᠠᠷᠭᠠᠵᠤ ᠬᠤᠷᠴᠢᠨ ᠨᠤᠳᠤᠭ  ᠢᠶᠡᠷ  ᠵᠡᠪᠰᠡᠭᠳᠤ ᠲᠡᠮᠡᠴᠡᠯ ᠬᠢᠭᠰᠡᠨ (5) ᠴᠡᠷᠢᠭ ᠤᠨ ᠡᠷᠬᠡᠲᠡᠨ   ᠡᠴᠡ ᠪᠤᠰᠤᠯᠭ᠎ᠠ ᠵᠢ ᠲᠠᠷᠤᠩᠭᠤᠶᠢᠯᠠᠵᠤ ᠂ ᠭᠠᠳᠠ ᠮᠡᠶᠢᠷᠡᠨ ᠡᠷᠡᠯᠬᠡᠭ  ᠢᠶᠡᠷ  ᠪᠡᠶ᠎ᠡ ᠦᠷᠡᠭᠳᠡᠭᠰᠡᠨ ᠃ ᠡᠭᠦᠨ   ᠳᠤ ᠂ ᠦᠯᠢᠭᠡᠷ ᠤᠨ (3) ᠪᠦᠳᠤᠴᠡ ᠂ ᠲᠠᠷᠤᠢ ︽ ᠠᠬ᠎ᠠ ᠲᠡᠭᠦᠤ  ᠪᠠᠨ ᠴᠤᠭᠯᠠᠭᠤᠯᠤᠭᠰᠠᠨ ︾ ᠪᠠ ︽ ᠭᠢᠨᠳᠠᠨ ᠢ ᠡᠪᠳᠡᠭᠰᠡᠨ ︾ ᠬᠡᠰᠡᠭ  ᠲᠤ ᠮᠦᠳᠠᠨ ᠭᠠᠳᠠ ᠵᠢ ᠠᠪᠤᠷᠠᠬᠤ ᠵᠢᠨ ᠲᠦᠯᠦᠭᠡ ᠦᠪᠡᠷ ᠤᠨ ᠨᠢᠯᠬ᠎ᠠ ᠬᠡᠥᠬᠡᠨ ᠲᠢᠶᠠᠨ ᠵᠢᠢ ᠯᠢᠶᠠᠨᠭ᠍  ᠢᠶᠡᠨ  ᠫᠤᠤᠳᠠᠨ ᠠᠯᠠᠭᠰᠠᠨ ᠨᠢᠭᠡᠨ ᠭᠡᠰᠡᠭ ᠪᠠᠶᠢᠳᠠᠭ ᠃ ᠡᠭᠦᠨ  ᠤ ᠲᠤᠬᠠᠢ ᠠᠳᠠᠯᠢ ᠪᠤᠰᠤ ᠤᠷᠠᠯᠢᠭᠴᠢᠨ  ᠡᠴᠡ ᠠᠳᠠᠯᠢ ᠪᠤᠰᠤ ᠵᠢᠨ ᠠᠭᠤᠯᠭ᠎ᠠ  ᠪᠡᠷ ᠳᠠᠭᠤᠯᠠᠳᠠᠭ ᠃ ᠵᠠᠷᠢᠮ  ᠨᠢ ᠮᠦᠳᠠᠨ ᠬᠡᠥᠬᠡᠨ  ᠢᠶᠡᠨ  ᠫᠤᠤᠳᠠᠵᠤ ᠠᠯᠠᠭᠰᠠᠨ ᠭᠡᠵᠤ ᠂ ᠵᠠᠷᠢᠮ  ᠨᠢ ᠮᠦᠳᠠᠨ ᠬᠡᠥᠬᠡᠨ  ᠢᠶᠡᠨ  ᠬᠦᠮᠦᠨ ᠳᠦ ᠲᠡᠵᠢᠭᠡᠯᠭᠡᠭᠰᠡᠨ ᠭᠡᠳᠡᠭ ᠃ ᠦᠨᠡᠨ ᠳᠡᠭᠡᠨ ᠭᠠᠳᠠ ᠮᠡᠶᠢᠷᠡᠨ ᠪᠠ ᠮᠦᠳᠠᠨ ᠦᠨᠡᠬᠡᠷ ᠨᠢᠭᠡᠨ ᠬᠡᠦᠭᠡᠨ  ᠲᠠᠢ ᠪᠠᠶᠢᠭᠰᠠᠨ ᠪᠦᠭᠡᠳ ᠂ ᠲᠡᠷᠡ  ᠨᠢ ᠪᠤᠰᠤᠯᠭ᠎ᠠ  ᠡᠴᠡ ᠡᠮᠦᠨ᠎ᠡ  ᠡᠪᠡᠳᠴᠢᠨ  ᠢᠶᠡᠷ  ᠭᠡᠭᠡᠭᠳᠡᠭᠰᠡᠨ ᠭᠡᠵᠤ ︽ ᠬᠤᠷᠴᠢᠨ ᠠᠷᠠᠳ ᠤᠨ ᠳᠠᠭᠤᠤ ᠵᠢᠨ ᠪᠠᠭᠠᠲᠤᠷ  ᠤᠨ ᠳᠤᠮᠤᠭ ᠨᠠᠮᠳᠠᠷ ︾ ᠭᠡᠳᠡᠭ ᠨᠤᠮ  ᠳᠤ ᠮᠡᠳᠡᠭᠡᠯᠡᠭᠰᠡᠨ ᠪᠠᠶᠢᠨ᠎ᠠ ᠃ ᠳᠠᠭᠤᠤ  ᠵᠢᠨ ᠳᠤᠲᠤᠷ᠎ᠠ ᠢᠩᠭᠢᠵᠦ ᠰᠢᠢᠳᠪᠦᠷᠢᠯᠡᠭᠰᠡᠨ   ᠨᠢ ︽ ᠲᠡᠦᠭᠡᠨ ᠦᠢᠯᠡ ᠶᠠᠪᠤᠳᠠᠯ ︾ ᠢ ᠤᠷᠠᠯᠢᠭᠵᠢᠭᠤᠯᠵᠤ ︽ ᠤᠷᠠᠯᠢᠭ ᠣᠨ ᠦᠢᠯᠡ ᠶᠠᠪᠤᠳᠠᠯ ︾ ᠪᠤᠯᠭᠠᠬᠤ ᠱᠠᠭᠠᠷᠳᠠᠯᠭ᠎ᠠ  ᠡᠴᠡ ᠪᠤᠯᠤᠭᠰᠠᠨ ᠪᠢᠯᠡ ᠃

ᠰᠤᠳᠤᠯᠤᠭᠰᠠᠨ ᠢ ᠦᠨᠳᠦᠰᠦᠯᠡᠪᠡᠯ ᠂ ᠳᠤᠰ ᠳᠠᠭᠤᠤ  ᠨᠢ ᠬᠤᠷᠴᠢᠨ ᠠᠷᠠᠳ ᠣᠨ ᠳᠠᠭᠤᠤ ︽ ᠲᠢᠶᠡᠨ ᠬᠤ ︾ ᠭᠡᠳᠡᠭ ᠳᠠᠭᠤᠤ ᠵᠢᠨ ᠠᠶᠠᠯᠭᠤ ᠳᠡᠭᠡᠷ᠎ᠡ ᠦᠭᠡ ᠲᠠᠭᠠᠷᠠᠭᠤᠯᠤᠨ ᠵᠤᠬᠢᠶᠠᠭᠳᠠᠭᠰᠠᠨ ᠪᠠᠶᠢᠨ᠎ᠠ ᠃

 

ᠲᠦᠷᠪᠡ ᠂ ᠠᠶᠠᠰ ᠣᠨ ᠵᠠᠳᠠᠯᠦᠯᠲᠠ

 

ᠲᠤᠰ ᠲᠠᠭᠤᠤ ᠲᠡᠭᠡᠷ᠎ᠡ ᠲᠤᠤᠷ᠎ᠠ ᠬᠤᠶᠠᠷ ᠬᠦᠭᠵᠢᠮ ᠤᠨ ᠦᠭᠦᠯᠡᠪᠤᠷᠢ  ᠪᠡᠷ ᠪᠦᠷᠢᠯᠳᠤᠵᠤ ᠂ ᠬᠦᠭᠵᠢᠮ ᠤᠨ ᠦᠭᠦᠯᠡᠪᠤᠷᠢ ᠪᠦᠷᠢ  ᠨᠢ ᠲᠤᠰ ᠪᠦᠷᠢ ᠲᠠᠪᠤᠨ ᠪᠠᠭ᠎ᠠ ᠲᠠᠰᠤᠯᠭ᠎ᠠ  ᠲᠠᠢ ᠪᠠᠶᠢᠵᠤ ᠂ ᠪᠦᠷ ᠠᠶᠠᠯᠭᠤᠨ ᠬᠡᠪ ᠤᠨ ᠭᠤᠤᠯ ᠳᠠᠭᠤᠨ ᠶᠦᠳᠠᠭᠤᠨ ᠲᠡᠭᠡᠷ᠎ᠡ ᠵᠤᠭᠰᠤᠵᠤ ᠴᠦᠮ ᠡᠮᠦᠨ᠎ᠡ  ᠬᠤᠶᠢᠨ᠎ᠠ ᠬᠤᠶᠠᠷ ᠲᠠᠰᠤᠯᠪᠤᠷᠢ ᠪᠤᠯᠤᠨ ᠬᠤᠪᠢᠶᠠᠭᠳᠠᠵᠤ ᠂ ᠡᠮᠦᠨ᠎ᠡ  ᠲᠠᠰᠤᠯᠪᠤᠷᠢ  ᠨᠢ ᠬᠤᠶᠠᠷ ᠪᠠᠭ᠎ᠠ ᠲᠠᠰᠤᠯᠭ᠎ᠠ ᠂ ᠬᠤᠶᠢᠨ᠎ᠠ ᠲᠠᠰᠤᠯᠪᠤᠷᠢ  ᠨᠢ ᠭᠤᠷᠪᠠᠨ ᠪᠠᠭ᠎ᠠ ᠲᠠᠰᠤᠯᠭ᠎ᠠ  ᠪᠡᠷ ᠪᠦᠷᠢᠯᠳᠦᠭᠰᠡᠨ  ᠡᠴᠡ ︽ 2+3 ︾ ᠵᠢᠨ ᠲᠡᠩᠴᠡᠭᠦᠦ ᠪᠤᠰᠤ ᠪᠦᠳᠦᠴᠡ  ᠲᠠᠢ ᠪᠤᠯᠵᠠᠢ ᠃ ᠲᠡᠭᠡᠷ᠎ᠡ ᠲᠤᠤᠷ᠎ᠠ ᠬᠦᠭᠵᠢᠮ ᠤᠨ ᠦᠭᠦᠯᠡᠪᠤᠷᠢ ᠵᠢᠨ ᠨᠢᠭᠡᠳᠦᠭᠡᠷ ᠲᠠᠰᠤᠯᠪᠤᠷᠢ ᠵᠢᠨ ᠲᠡᠭᠦᠰᠭᠡᠯ ᠤᠨ ᠲᠠᠰᠤᠯᠭ᠎ᠠ  ᠨᠢ ᠠᠳᠠᠯᠢ ᠪᠠᠶᠢᠳᠠᠭ ᠃ ᠬᠤᠶᠠᠷ ᠬᠦᠭᠵᠢᠮ ᠤᠨ ᠦᠭᠦᠯᠡᠪᠤᠷᠢ ᠵᠢᠨ ᠬᠤᠶᠠᠳᠤᠭᠠᠷ ᠲᠠᠰᠤᠯᠪᠤᠷᠢ ᠵᠢᠨ ᠬᠤᠶᠠᠳᠤᠭᠠᠷ ᠪᠠᠭ᠎ᠠ ᠲᠠᠰᠤᠯᠭ᠎ᠠ ᠵᠢᠨ ᠮᠠᠲ᠋ᠸᠷᠢᠶᠠᠯ  ᠨᠢ ᠪᠠᠰᠠ ᠠᠳᠠᠯᠢ ᠪᠠᠶᠢᠵᠤ ᠂ ᠶᠠᠪᠤᠭᠳᠠᠭᠰᠠᠨ ᠴᠢᠭᠯᠡᠯ  ᠨᠢ ᠬᠠᠷᠢᠯᠴᠠᠨ ᠡᠰᠡᠷᠭᠦ  ᠪᠤᠯᠵᠠᠢ ᠃ ᠲᠡᠭᠡᠷ᠎ᠡ ᠬᠦᠭᠵᠢᠮ ᠤᠨ ᠦᠭᠦᠯᠡᠪᠤᠷᠢ ᠵᠢᠨ ᠲᠦᠷᠪᠡᠳᠤᠭᠡᠷ ᠲᠠᠰᠤᠯᠭ᠎ᠠ ᠵᠢᠨ ᠬᠤᠶᠢᠨᠠᠬᠢ ᠬᠡᠰᠡᠭ  ᠨᠢ ︽ ᠵᠢᠳᠠᠭᠤᠨ  ᠭᠦᠩᠳᠠᠭᠤᠨ ︾ ᠤ ᠬᠤᠭᠤᠷᠤᠨᠳᠤ ᠲᠡᠭᠡᠭᠰᠢ ᠤᠷᠤᠭᠰᠢᠯᠠᠵᠤ ᠂ ᠲᠠᠪᠤᠳᠤᠭᠠᠷ ᠲᠠᠰᠤᠯᠭ᠎ᠠ ᠵᠢᠨ ᠵᠤᠭᠰᠤᠯᠳᠠ  ᠨᠢ ᠲᠤᠤᠷ᠎ᠠ ᠪᠠᠶᠢᠷᠢ ᠵᠢᠨ ᠭᠤᠤᠯ ᠲᠠᠭᠤᠨ ᠲᠡᠭᠡᠷ᠎ᠡ ᠪᠠᠭᠤᠭᠰᠠᠨ  ᠡᠴᠡ ᠂ ᠳᠡᠭᠡᠷ᠎ᠡ ᠳᠤᠤᠷ᠎ᠠ ᠬᠤᠶᠠᠷ ᠬᠦᠭᠵᠢᠮ ᠤᠨ ᠦᠭᠦᠯᠡᠪᠦᠷᠢ  ᠨᠢ ᠬᠤᠭᠤᠷᠤᠨᠳᠤ  ᠪᠠᠨ ︽ ᠵᠢᠷᠭᠤᠭᠠᠨ ᠱᠠᠳᠤᠨ ︵ ᠨᠠᠢᠮᠠᠴᠠ ︶ ᠤ ᠠᠳᠠᠯᠢ ᠲᠠᠭᠤᠨ ᠠᠭᠡᠰᠢᠭ ︾  ᠤᠨ ᠠᠪᠤᠯᠴᠠᠭ᠎ᠠ ᠪᠤᠯᠵᠠᠢ ᠃

 

ᠲᠠᠭᠤᠤ ᠵᠢᠨ ᠦᠭᠡ

 

ᠤᠷᠢᠳᠤ ᠵᠦᠭ᠍  ᠡᠴᠡ ᠨᠢᠰᠤᠭᠡᠳ ᠢᠷᠡᠬᠦ ᠤᠯᠠᠭᠠᠨᠭᠠᠯᠠᠭᠤᠨ ᠦ ᠵᠤᠯᠵᠠᠭ᠎ᠠ ᠬᠦ᠋ ᠂

ᠤᠷᠳᠤ ᠶᠡᠭᠡ ᠰᠢᠷ᠎ᠠ ᠮᠦᠷᠡᠨ ᠳᠡᠭᠡᠨ ᠰᠠᠭᠤᠬᠤ ᠦᠭᠡᠢ  ᠪᠡᠷ ᠨᠢᠰᠤᠨ᠎ᠠ ᠤᠤ ᠳ᠋ᠡ ᠬᠦ᠋ ᠃

ᠤᠷᠪᠠᠭᠠᠳ ᠭᠠᠷᠤᠭᠰᠠᠨ ᠭᠠᠳᠠ ᠮᠡᠶᠢᠷᠡᠨ ᠦ ᠤᠴᠢᠷ ᠶᠠᠪᠤᠳᠠᠯ ᠢ ᠬᠡᠯᠡᠪᠡᠯ ᠡ ᠬᠦ᠋ ᠂

ᠦᠷᠭᠡᠨ ᠤᠯᠠᠨ ᠮᠤᠨᠭ᠍ᠭᠤᠯᠴᠤᠳ ᠤᠨ ᠭᠠᠵᠠᠷ ᠰᠢᠷᠦᠢ ᠶᠢᠨ ᠲᠦᠯᠦᠭᠡ ᠶᠤᠮ ᠳ᠋ᠠ ᠬᠦ᠋ ᠃

 

ᠬᠤᠶᠢᠲᠤ ᠵᠦᠭ᠍  ᠡᠴᠡ ᠨᠢᠰᠤᠭᠡᠳ ᠢᠷᠡᠬᠦ ᠬᠠᠯᠢᠭᠤᠨ ᠭᠠᠯᠠᠭᠤᠨ ᠦ ᠵᠤᠯᠵᠠᠭ᠎ᠠ ᠬᠦ᠋ ᠂

ᠬᠤᠶᠢᠲᠤ ᠶᠡᠭᠡ ᠰᠢᠷ᠎ᠠ ᠮᠦᠷᠡᠨ ᠳᠡᠭᠡᠨ ᠰᠠᠭᠤᠬᠤ ᠦᠭᠡᠢ  ᠪᠡᠷ ᠨᠢᠰᠤᠨ᠎ᠠ ᠤᠤ ᠳ᠋ᠡ ᠬᠦ᠋ ᠃

ᠬᠤᠪᠢᠰᠤᠭᠠᠳ ᠭᠠᠷᠤᠭᠰᠠᠨ ᠭᠠᠳᠠ ᠮᠡᠶᠢᠷᠡᠨ ᠦ ᠤᠴᠢᠷ ᠶᠠᠪᠤᠳᠠᠯ ᠢ ᠬᠡᠯᠡᠪᠡᠯ ᠡ ᠬᠦ᠋ ᠂

ᠬᠤᠰᠢᠭᠤ ᠨᠤᠲᠤᠭ ᠮᠤᠨᠭ᠍ᠭᠤᠯᠴᠤᠳ ᠤᠨ ᠭᠠᠵᠠᠷ ᠰᠢᠷᠦᠢ ᠶᠢᠨ ᠲᠦᠯᠦᠭᠡ ᠶᠤᠮ ᠳ᠋ᠠ ᠬᠦ᠋ ᠃

 

 

1

 

 

ᠭᠠᠳᠠ ᠮᠠᠶᠢᠷᠠᠨ  ᠣ ᠳᠤᠬᠠᠢ ᠨᠤᠮ  ᠣᠳ

 

 

2

 

3

 

4

 

5

MP3 ᠪᠢᠴᠢᠯᠭᠡ ︱ ︽ ᠭᠠᠳᠠ ᠮᠡᠶᠢᠷᠡᠨ ︾ ︵ ᠢᠳᠡᠮᠵᠠᠪ ᠳᠠᠭᠤᠯᠠᠨ᠎ᠠ ︶

VCD ᠪᠢᠴᠢᠯᠭᠡ ︱ ︽ ᠭᠠᠳᠠ ᠮᠡᠶᠢᠷᠡᠨ ︾ ︵ ᠢᠳᠡᠮᠵᠠᠪ ᠳᠠᠭᠤᠯᠠᠨ᠎ᠠ ︶

ᠰᠢᠭᠦᠮᠵᠢ ᠦᠯᠡᠳᠡᠭᠡᠬᠦ