• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠ ᠶᠢᠨ ᠳᠤᠯᠤᠭᠠᠨ ᠡᠭᠡᠰᠢᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   40
 • ᠄   0
 • ᠄   0
 • ᠄  0

ᠲᠤᠰ ᠳᠠᠭᠤᠤ ᠵᠢᠨ ᠳᠤᠬᠠᠢ

 

ᠲᠤᠰ ᠲᠠᠭᠤᠤ ᠪᠤᠯ ᠮᠡᠷᠭᠡᠨ ᠭᠡᠭᠡᠨ ᠤ ᠪᠦᠲᠦᠭᠡᠯ ᠮᠦᠨ ᠃ ᠮᠡᠷᠭᠡᠨ ᠭᠡᠭᠡᠨ ᠦ ᠪᠦᠳᠦᠭᠡᠯ  ᠳᠤ ᠲᠦᠪ ᠶᠡᠬᠡᠮᠰᠤᠭ᠍ ᠱᠠᠰᠢᠨ ᠰᠤᠷᠳᠠᠬᠤᠨ ᠤ ᠰᠡᠳᠦᠪ ᠮᠠᠲ᠋ᠸᠷᠢᠶᠠᠯ ᠪᠠ ᠵᠠᠩ ᠦᠢᠯᠡ ᠵᠢᠨ ᠰᠡᠳᠦᠪ ᠪᠠᠶᠢᠬᠤ  ᠪᠡᠷ ᠪᠠᠷᠠᠬᠤ ᠦᠭᠡᠢ ᠪᠠᠰᠠ ᠲᠡᠭᠵᠢᠨ ᠴᠤᠪᠤᠭᠤᠯᠢᠭ ᠬᠡᠥᠬᠡᠳ ᠤᠨ ᠳᠠᠭᠤᠤ ᠵᠢᠨ ᠰᠡᠳᠦᠪ ᠮᠠᠲ᠋ᠸᠷᠢᠶᠠᠯ ᠴᠤ ᠪᠠᠶᠢᠳᠠᠭ ᠃ ᠵᠢᠱᠢᠶᠡᠯᠡᠪᠡᠯ ᠂ ᠮᠡᠷᠭᠡᠨ ᠭᠡᠭᠡᠨ ᠲᠤᠬᠠᠢ ᠵᠢᠨ ᠭᠠᠵᠠᠷ ᠤᠨ ᠬᠡᠥᠬᠡᠳ ᠲᠤ ᠮᠤᠩᠭᠤᠯ ᠦᠰᠦᠭ ᠰᠤᠷᠭᠠᠵᠤ ᠪᠠᠶᠢᠬᠤ ᠳᠠᠭᠠᠨ ︽ ᠠ ᠠᠩᠬ᠎ᠠ ︾ ᠂ ︽ ᠴᠠᠭᠠᠨ ᠲᠤᠯᠤᠭᠠᠢ ᠵᠢᠨ ᠬᠤᠪᠢᠯᠭ᠎ᠠ ︾ ᠂ ︽ ᠠ ᠵᠢᠨ ᠲᠤᠯᠤᠭᠠᠨ ᠡᠭᠡᠰᠢᠭ  ︾ ᠵᠡᠷᠭᠡ ᠲᠠᠭᠤᠤ ᠵᠤᠬᠢᠶᠠᠵᠠᠢ ᠃ ᠡᠳᠡᠭᠡᠷ  ᠲᠠᠭᠤᠤ  ᠨᠢ ᠲᠤᠬᠠᠢ ᠵᠢᠨ ᠦᠶ᠎ᠡ  ᠳᠤ ᠲᠤᠰ ᠭᠠᠵᠠᠷ ᠤᠨ ᠠᠷᠠᠳ ᠤᠯᠠᠨ ᠤ ᠮᠤᠩᠭᠤᠯ ᠦᠰᠦᠭ ᠪᠢᠴᠢᠭ ᠰᠤᠷᠬᠤ ᠠᠩᠬᠠᠳᠠᠭᠴᠢ ᠭᠠᠷ ᠮᠠᠲ᠋ᠸᠷᠢᠶᠠᠯ ᠪᠤᠯᠵᠤ ᠂ ᠴᠢᠨᠠᠭᠰᠢᠯᠠᠭᠠᠳ ᠴᠢᠯᠦᠭᠡᠯᠡᠭᠳᠡᠭᠰᠡᠨ ᠤ ᠲᠠᠷᠠᠭᠠᠬᠢ ᠨᠡᠯᠢᠶᠡᠳ ᠤᠷᠳᠤ ᠬᠤᠭᠤᠴᠠᠭᠠᠨ  ᠳᠤ ᠴᠤ ᠤᠷᠠᠳ ᠨᠤᠳᠤᠭ  ᠲᠤ ᠦᠷᠭᠡᠨ  ᠢᠶᠡᠷ  ᠤᠯᠠᠮᠵᠢᠯᠠᠭᠳᠠᠨ ᠳᠠᠭᠤᠯᠠᠭᠳᠠᠵᠤ ᠪᠠᠶᠢᠵᠠᠢ ᠃

ᠲᠤᠰ ᠳᠠᠭᠤᠤ  ᠨᠢ ᠰᠤᠷᠭᠠᠯ ᠴᠡᠭᠡᠷᠯᠡᠯ  ᠣᠨ ᠰᠢᠨᠵᠢ ᠂ ᠭᠦᠨ ᠤᠬᠠᠭᠠᠯᠢᠭ ᠰᠢᠨᠵᠢ ᠂ ᠤᠷᠠᠨ ᠰᠠᠶᠢᠬᠠᠨ  ᠣ ᠭᠤᠸ᠎ᠠ ᠳᠠᠭᠠᠰᠢᠶᠠᠯ  ᠣᠨ ᠰᠢᠨᠵᠢ ᠂ ᠢᠷᠥᠭᠡᠯ ᠣᠨ ᠰᠢᠨᠵᠢ ᠂ ᠮᠠᠭᠳᠠᠭᠠᠯ  ᠣᠨ ᠰᠢᠨᠵᠢ ᠂ ᠳᠠᠭᠠᠳᠬᠠᠯ ᠵᠠᠯᠪᠠᠷᠢᠯ  ᠣᠨ ᠰᠢᠨᠵᠢ ᠂ ᠮᠦᠷᠦᠭᠡᠳᠦᠯ  ᠣᠨ ᠰᠢᠨᠵᠢ ᠂ ᠨᠠᠮᠳᠠᠷ ᠳᠡᠤᠭᠡ ᠵᠢᠨ ᠰᠢᠨᠵᠢ ᠵᠡᠷᠭᠡ ᠤᠯᠠᠨ ᠰᠢᠨᠵᠢ  ᠲᠠᠢ ᠪᠠᠶᠢᠵᠤ ᠂ ᠪᠦᠯᠬᠦᠮᠳᠠᠨ ᠨᠢᠭᠡᠳᠭᠦ ᠵᠢ ᠱᠠᠭᠠᠷᠳᠠᠵᠤ ᠂ ᠬᠠᠭᠠᠴᠠᠨ ᠪᠤᠳᠠᠷᠠᠬᠤ ᠵᠢ ᠡᠷᠡᠰ ᠡᠰᠡᠷᠭᠦᠴᠡᠵᠦ  ᠂ ᠡᠷᠳᠡᠮ  ᠮᠡᠳᠡᠯᠭᠡ ᠡᠵᠡᠮᠰᠢᠭᠦ ᠵᠢ ᠤᠬᠠᠭᠤᠯᠵᠦ ᠂ ᠡᠷᠳᠡᠮ  ᠴᠢᠳᠠᠪᠤᠷᠢᠳᠠᠨ  ᠢ ᠭᠦᠨᠳᠦᠳᠭᠡᠨ ᠭᠡᠷᠡᠭᠯᠡᠭᠦ ᠭᠡᠷᠡᠭᠳᠡᠢ ᠭᠡᠮᠡᠨ ᠰᠤᠷᠭᠠᠵᠤ ᠂ ᠠᠪᠤ ᠡᠵᠢ ᠠᠬᠠᠰ ᠵᠠᠬᠠᠰ  ᠲᠠᠭᠠᠨ ᠠᠴᠢᠯᠠᠯ ᠡᠯᠪᠡᠷᠢᠯ  ᠣᠨ ᠵᠢᠷᠤᠮ  ᠢ ᠭᠦᠢᠴᠡᠳᠭᠡᠵᠤ ᠂ ᠠᠴᠢᠷ ᠦᠷ᠎ᠡ  ᠪᠠᠨ ᠨᠢᠯᠬ᠎ᠠ ᠪᠠᠭ᠎ᠠ  ᠡᠴᠡ  ᠨᠢ ᠳᠤᠳᠤᠮᠳᠠᠵᠦ ᠭᠦᠮᠦᠵᠢᠭᠦᠯᠭᠦ ᠭᠡᠷᠡᠭᠳᠡᠢ ᠭᠡᠵᠦ ᠱᠠᠭᠠᠷᠳᠠᠭᠰᠡᠨ ᠪᠠᠶᠢᠨ᠎ᠠ ᠃

 

ᠮᠡᠷᠭᠡᠨ ᠭᠡᠭᠡᠨ  ᠣ ᠳᠤᠬᠠᠢ

 

18 ᠳ᠋ᠤᠭᠠᠷ ᠵᠠᠭᠤᠨ  ᠣ ᠦᠶ᠎ᠡ ᠵᠢᠨ ᠮᠤᠩᠭᠤᠯ ᠦᠨᠳᠦᠰᠦᠳᠡᠨ  ᠣ ᠳᠡᠤᠭᠡᠨ ᠳᠡᠭᠡᠷ᠎ᠡ ᠤᠢ ᠪᠢᠯᠢᠭ ᠤᠯᠠᠨ  ᠡᠴᠡ ᠭᠡᠳᠦᠶᠢᠳᠦᠭᠰᠡᠨ ᠂ ᠤᠷ᠎ᠠ ᠡᠷᠳᠡᠮ  ᠪᠤᠰᠤᠳ  ᠡᠴᠡ ᠳᠠᠪᠠᠭᠰᠡᠨ ᠨᠢᠭᠡᠨ ᠭᠠᠶᠢᠬᠠᠯᠳᠠᠢ ᠡᠷᠳᠡᠮᠲᠡᠨ ᠭᠠᠷᠤᠭᠰᠡᠨ ᠪᠠᠶᠢᠨ᠎ᠠ ᠃ ᠱᠠᠰᠢᠨ  ᠣ ᠤᠬᠠᠭᠠᠨ ᠂ ᠵᠢᠷᠥᠬᠠᠢ ᠵᠢᠨ ᠤᠬᠠᠭᠠᠨ ᠂ ᠳᠡᠤᠭᠡ ᠵᠢᠨ ᠤᠬᠠᠭᠠᠨ ᠂ ᠭᠡᠯᠡ ᠪᠢᠴᠢᠭ  ᠣᠨ ᠤᠬᠠᠭᠠᠨ ᠂ ᠠᠨᠠᠭᠠᠬᠤ ᠤᠬᠠᠭᠠᠨ ᠵᠠᠷᠭᠡ ᠤᠯᠠᠨ ᠰᠢᠨᠵᠢᠯᠡᠭᠡᠨ  ᠣ ᠲᠤᠮᠤ ᠡᠷᠳᠡᠮᠲᠡᠨ  ᠪᠤᠯᠤᠭᠰᠡᠨ ᠪᠦᠭᠡᠳ ᠤᠨᠴᠠᠭᠠᠶᠢᠯᠠᠨ ᠤᠯᠠᠨ ᠭᠡᠯᠡᠨ  ᠳᠤ ᠨᠡᠪᠳᠡᠷᠡᠳᠡᠭ ᠪᠠᠶᠢᠵᠤ ᠲᠦᠪᠡᠳ ᠂ ᠳᠠᠩᠭᠤᠳ ᠭᠡᠯᠡ  ᠪᠡᠷ ᠪᠢᠴᠢᠭᠳᠡᠭᠰᠡᠨ ᠪᠤᠳ᠋ᠾᠾᠠ ᠵᠢᠨ ᠱᠠᠰᠢᠨ ᠣ ᠨᠤᠮ ᠢ ᠮᠤᠩᠭᠤᠯᠴᠢᠯᠠᠬᠤ  ᠳᠤ ᠠᠤᠭ᠎ᠠ ᠶᠡᠭᠡ ᠬᠤᠪᠢ ᠨᠡᠮᠡᠷᠢ ᠦᠵᠡᠭᠦᠯᠦᠭᠰᠡᠨ ᠪᠠᠶᠢᠨ᠎ᠠ ᠃ ᠡᠭᠦᠨ  ᠣ ᠬᠠᠮᠳᠤ ᠮᠦᠨ ᠨᠢᠭᠡᠨ ᠭᠠᠶᠢᠬᠠᠮᠰᠢᠭᠳᠠᠢ ᠤᠷᠠᠯᠢᠭ  ᠣᠨ ᠮᠠᠰᠲ᠋ᠸᠷ ᠪᠠᠶᠢᠵᠤ ᠂ 18 ᠳ᠋ᠤᠭᠠᠷ ᠵᠠᠭᠤᠨ  ᠣ ᠳᠤᠮᠳᠠᠴᠢ ᠦᠶ᠎ᠡ  ᠡᠴᠡ ᠨᠠᠰᠢ ᠤᠷᠠᠳ  ᠣᠨ ᠡᠯ᠎ᠡ ᠬᠤᠰᠢᠭᠤᠨ  ᠣ ᠬᠤᠷᠢᠨ ᠭᠡᠳᠦᠨ ᠰᠦᠮ᠎ᠡ ᠭᠡᠶᠢᠳ  ᠲᠤ ᠪᠦᠷ ᠳᠡᠭᠦᠨ ᠣ ᠵᠤᠭᠢᠶᠠᠭᠰᠠᠨ ᠭᠦᠭ ᠠᠶ᠎ᠠ  ᠪᠡᠷ ᠳᠡᠭᠦᠨ  ᠣ ᠮᠤᠩᠭᠤᠯ ᠭᠡᠯᠡ  ᠪᠡᠷ ᠨᠠᠶᠢᠷᠠᠭᠤᠯᠵᠦ ᠤᠷᠴᠢᠭᠤᠯᠤᠭᠰᠠᠨ ᠱᠠᠰᠢᠨ  ᠣ ᠨᠤᠮ ᠢ ᠤᠩᠰᠢᠵᠦ ᠪᠠᠶᠢᠳᠠᠭ ᠃ ᠳᠡᠭᠦᠨ ᠣ ᠳᠠᠭᠤᠤ ᠪᠦᠳᠦᠭᠡᠯ  ᠨᠢ ᠮᠦᠨ ᠴᠤ ᠡᠯᠪᠡᠭ  ᠠᠷᠪᠢᠨ ᠪᠠᠶᠢᠵᠤ ᠂ ᠨᠢᠭᠡᠨᠳᠡ ᠦᠪᠡᠷ  ᠣᠨ ᠭᠡᠪ ᠨᠠᠮᠪᠠ ᠂ ᠦᠪᠡᠷᠮᠢᠴᠠ ᠤᠨᠴᠠᠯᠢᠭ  ᠲᠠᠢ ᠠᠷᠠᠳ  ᠣᠨ ᠲᠠᠭᠤᠤ ᠵᠢᠨ ᠲᠦᠷᠦᠯ ᠪᠤᠯᠵᠦ ᠂ ᠤᠷᠠᠳᠴᠤᠳ ᠳᠡᠭᠦᠨ  ᠢ ︽ ᠰᠢᠯᠦᠭ ᠲᠠᠭᠤᠤ ︾ ᠭᠡᠵᠤ ᠭᠦᠨᠳᠦᠳᠭᠡᠨ ᠭᠡᠯᠡᠳᠡᠭ ᠃ ᠳᠡᠷᠡ ᠪᠤᠯ ᠲᠠᠷᠤᠢ ︽ ᠲᠠᠭᠤᠴᠢ ᠪᠯᠠᠮᠠᠬᠠᠢ ︾ ᠂ ︽ ᠮᠡᠷᠭᠡᠨ ᠰᠢᠳᠢᠳᠤ ᠪᠯᠠᠮᠠᠬᠠᠢ ︾ ᠭᠡᠭᠦ ᠠᠯᠳᠠᠷ ᠴᠤᠯᠠ  ᠪᠡᠷ ᠠᠷᠠᠳ ᠤᠯᠠᠨ ᠣ ᠳᠤᠮᠳᠠ ᠠᠯᠳᠠᠷᠰᠢᠭᠰᠠᠨ ᠭᠤᠷᠪᠠᠳᠤᠭᠠᠷ ᠦᠶ᠎ᠡ ᠵᠢᠨ ᠮᠡᠷᠭᠡᠨ ᠭᠡᠭᠡᠨ ᠯᠤᠪᠰᠠᠩᠳᠠᠮᠪᠢᠵᠠᠯᠰᠠᠨ ᠪᠤᠯᠤᠨ᠎ᠠ ᠃

ᠭᠤᠷᠪᠠᠳᠤᠭᠠᠷ ᠦᠶ᠎ᠡ ᠵᠢᠨ ᠮᠡᠷᠭᠡᠨ ᠭᠡᠭᠡᠨ ᠯᠤᠪᠰᠠᠩᠳᠠᠮᠪᠢᠵᠠᠯᠰᠠᠨ 1717 ᠤᠨ ︵ ᠴᠢᠩ ᠤᠯᠤᠰ  ᠣᠨ ᠡᠩᠬᠡ  ᠠᠮᠤᠭᠤᠯᠠᠩ ᠬᠠᠭᠠᠨ  ᠣ 56 ᠤᠨ ︶  ᠳᠤ ᠤᠷᠠᠳ  ᠣᠨ ᠪᠠᠷᠠᠭᠤᠨ ᠭᠦᠩ ᠣᠨ ᠬᠤᠰᠢᠭᠤᠨ  ᠣ ᠡᠩ  ᠣᠨ ᠨᠢᠭᠡᠨ ᠮᠠᠯᠴᠢᠨ ᠠᠶᠢᠯ  ᠳᠤ ᠮᠠᠨᠳᠦᠯᠠᠵᠠᠢ ᠃ 1721 ᠤᠨ ︵ ᠴᠢᠩ ᠤᠯᠤᠰ ᠣᠨ ᠡᠩᠬᠡ  ᠠᠮᠤᠭᠤᠯᠠᠩ ᠬᠠᠭᠠᠨ  ᠣ 60 ᠤᠨ ︶  ᠳᠤ ᠭᠡᠭᠡᠨ ᠣ ᠦᠨᠳᠦᠷ ᠰᠠᠭᠤᠳᠠᠯ  ᠳᠤ ᠵᠠᠯᠠᠷᠠᠨ ᠰᠠᠭᠠᠳᠠᠵᠠᠢ ᠃ ᠳᠡᠷᠡ ᠦᠯᠢᠭᠦᠨᠳᠠᠯᠠᠢ ᠂ ᠨᠤᠮᠤᠨᠳᠠᠯᠠᠢ ᠵᠠᠷᠭᠡ ᠡᠷᠳᠡᠮᠲᠡᠨ  ᠣ ᠰᠤᠷᠭᠠᠯ ᠳᠤᠤᠷ᠎ᠠ ᠂ ᠬᠠᠷᠠᠬᠠᠨ ᠪᠠᠭ᠎ᠠ  ᠡᠴᠡ  ᠪᠠᠨ ᠮᠤᠩᠭᠤᠯ ᠂ ᠮᠠᠨᠵᠤ ᠂ ᠲᠦᠪᠡᠳ ᠂ ᠰᠠᠨᠰᠺᠷᠢᠲ ᠂ ᠭᠢᠳᠠᠳ ᠵᠡᠷᠭᠡ ᠳᠠᠪᠤᠨ ᠭᠡᠯᠡᠨ  ᠳᠤ ᠨᠠᠪᠳᠠᠷᠠᠵᠦ ᠂ ᠪᠤᠷᠬᠠᠨ  ᠣ ᠱᠠᠰᠢᠨ  ᠣ ᠨᠤᠮ ᠰᠤᠳᠤᠷ ᠢ ᠦᠷᠭᠡᠨ ᠵᠢᠡᠷ ᠬᠠᠶᠢᠨ ᠤᠩᠰᠢᠵᠤ ᠂ ᠰᠢᠯᠭᠠᠷᠠᠭᠰᠡᠨ ᠪᠯᠠᠮ᠎ᠠ ᠡᠷᠳᠡᠮᠲᠡᠨ  ᠪᠤᠯᠤᠭᠰᠠᠨ ᠪᠠᠶᠢᠨ᠎ᠠ ᠃ ᠮᠠᠷᠭᠡᠨ ᠭᠡᠭᠡᠨ  ᠣ ᠵᠤᠭᠢᠶᠠᠯ ᠪᠦᠳᠦᠭᠡᠯ  ᠳᠤ ᠦᠷᠭᠡᠨ ᠭᠡᠮᠵᠢᠶᠡᠨ ᠣ ᠪᠤᠷᠬᠠᠨ  ᠣ ᠱᠠᠰᠢᠨ  ᠣ ᠰᠤᠷᠪᠤᠯᠵᠢ ᠪᠢᠴᠢᠭ ᠪᠠᠶᠢᠬᠤ  ᠡᠴᠡ ᠭᠠᠳᠠᠨ᠎ᠠ ᠂ ᠳᠡᠤᠭᠡᠨ ᠳᠤᠮᠤ ᠪᠦᠳᠦᠭᠡᠯ ︽ ᠶᠡᠭᠡ ᠮᠤᠩᠭᠤᠯ ᠤᠯᠤᠰ ᠣᠨ ᠦᠨᠳᠦᠰᠦᠨ  ᠣ ᠠᠯᠳᠠᠨ ᠳᠤᠪᠴᠢ ︾ ᠂ ᠠᠨᠠᠭᠠᠬᠤ ᠤᠬᠠᠭᠠᠨ  ᠣ ᠶᠡᠭᠡ ᠪᠦᠳᠦᠭᠡᠯ ︽ ᠮᠤᠨᠢ ᠵᠢᠨ ᠠᠭᠤᠯᠠ ᠵᠢᠨ ᠡᠪᠡᠰᠤ ᠤᠷᠭᠤᠮᠠᠯ  ᠣᠨ ᠵᠤᠷ ︾ ᠂ ︽ ᠮᠡᠷᠭᠡᠨ ᠭᠡᠭᠡᠨ ᠣ ᠵᠤᠷ ︾ ᠵᠡᠷᠭᠡ ᠪᠦᠳᠦᠭᠡᠯ ᠪᠠᠶᠢᠵᠦ ᠂ ᠤᠳᠬ᠎ᠠ ᠵᠤᠬᠢᠶᠠᠯ ᠂ ᠤᠷᠠᠯᠢᠭ ᠣᠨ ᠪᠦᠳᠦᠭᠡᠯ ᠴᠤ ᠳᠤᠭᠠᠯᠠᠰᠢ ᠦᠭᠡᠢ ᠤᠯᠠᠨ ᠪᠠᠶᠢᠵᠦ ᠂ ᠵᠦᠪᠭᠡᠨ ᠡᠯ᠎ᠡ ᠲᠦᠷᠦᠯ ᠣᠨ ᠰᠢᠯᠦᠭ ᠳᠠᠭᠤᠤ  ᠨᠢ ᠭᠤᠷᠪᠠᠨ ᠵᠠᠭᠤ  ᠡᠴᠡ ᠳᠠᠪᠠᠵᠤ ᠂ ᠦᠰᠦᠭ ᠣᠨ ᠲᠤᠭ᠎ᠠ  ᠨᠢ ᠭᠡᠳᠦᠨ ᠠᠷᠪᠠᠨ ᠲᠦᠮᠡ ᠳᠣ ᠭᠦᠷᠴᠦ ᠂ ᠠᠭᠤᠯᠭ᠎ᠠ  ᠨᠢ ᠰᠤᠷᠭᠠᠯ ᠰᠢᠯᠦᠭ ᠂ ᠵᠠᠯᠪᠠᠷᠢᠯ ᠳᠠᠭᠠᠳᠬᠠᠯ ᠣᠨ ᠰᠢᠯᠦᠭ ᠂ ᠮᠠᠭᠳᠠᠭᠠᠯ ᠰᠢᠯᠦᠭ ᠵᠡᠷᠭᠡ ᠠᠷᠪᠠᠭᠠᠳ ᠲᠦᠷᠦᠯ ᠵᠦᠢᠯ  ᠢ ᠪᠠᠭᠳᠠᠭᠠᠭᠰᠡᠨ ᠪᠠᠶᠢᠨ᠎ᠠ ᠃ ᠮᠡᠷᠭᠡᠨ ᠭᠡᠭᠡᠨ ᠨᠠᠰᠤᠨ ᠲᠤᠷᠰᠢᠳᠠ ᠤᠯᠠᠨ ᠠᠷᠪᠢᠨ ᠠᠷᠠᠳ ᠣᠨ ᠳᠠᠭᠤᠤ ᠵᠤᠬᠢᠶᠠᠵᠤ ᠂ ᠤᠷᠠᠳᠴᠤᠳ ᠳᠡᠭᠦᠨ ᠢ  ᠨᠢ ︽ ᠮᠡᠷᠭᠡᠨ ᠭᠡᠭᠡᠨ ᠣ ᠰᠢᠯᠦᠭ ᠳᠠᠭᠤᠤ ︾ ᠪᠠ ︽ ᠮᠡᠷᠭᠡᠨ ᠭᠡᠭᠡᠨ  ᠣ ᠰᠤᠷᠭᠠᠯ ᠰᠢᠯᠦᠭ ︾ ᠭᠡᠵᠦ ᠭᠦᠨᠳᠦᠳᠭᠡᠨ ᠡᠷᠬᠢᠮᠯᠡᠵᠦ  ᠂ ᠡᠳᠦᠭᠡ  ᠪᠤᠯᠳᠠᠯ᠎ᠠ ᠤᠯᠠᠮᠵᠢᠯᠠᠨ ᠳᠠᠭᠤᠯᠠᠭᠰᠠᠭᠠᠷ ᠢᠷᠡᠵᠡᠢ ᠃ ᠮᠡᠷᠭᠡᠨ ᠭᠡᠭᠡᠨ  ᠣ ᠰᠢᠯᠦᠭ ᠳᠠᠭᠤᠤ ᠵᠢᠨ ᠦᠭᠡ ᠠᠶᠠᠯᠭᠤ  ᠪᠠᠨ ᠴᠦᠮ  ᠢ ᠮᠡᠷᠭᠡᠨ ᠭᠡᠭᠡᠨ ᠦᠪᠡᠷ ᠵᠢᠡᠨ ᠵᠤᠬᠢᠶᠠᠭᠰᠠᠨ ᠭᠡᠵᠦ ᠡᠷᠳᠡᠮᠲᠡᠨ  ᠦ᠋᠊  ᠨᠠᠷᠠᠨᠪᠠᠳᠤ ᠮᠡᠳᠡᠭᠡᠯᠡᠵᠡᠢ ᠃

ᠮᠡᠷᠭᠡᠨ ᠭᠡᠭᠡᠨ  ᠣ ᠰᠢᠯᠦᠭ ᠳᠠᠭᠤᠤ  ᠨᠢ ᠨᠡᠶᠢᠳᠡ ᠨᠠᠶᠠᠨ ᠨᠢᠭᠡᠨ ᠡᠬᠢ   ᠲᠠᠢ ᠭᠡᠳᠡᠭ ᠴᠤ ᠂ ᠦᠨᠡᠨ ᠳ᠋ᠡᠬᠡᠨ ᠨᠠᠶᠠᠨ ᠨᠢᠭᠡ  ᠪᠡᠷ ᠵᠤᠭᠰᠤᠬᠤ ᠪᠢᠰᠢ ᠶᠤᠮ ᠃ ᠨᠠᠶᠠᠨ ᠨᠢᠭᠡ ᠭᠡᠳᠡᠭ  ᠨᠢ ᠵᠦᠪᠭᠡᠨ ᠠᠷᠠᠳ  ᠣᠨ ᠳᠤᠮᠳᠠᠭᠢ ᠪᠡᠯᠭᠡᠳᠡᠯ ᠳᠤᠭ᠎ᠠ ᠪᠠᠶᠢᠵᠤ ᠂ ᠳᠡᠭᠦᠨ ᠣ ᠳᠠᠭᠤᠤ ᠪᠦᠳᠦᠭᠡᠯ ᠣᠨ ᠤᠯᠠᠨ ᠭᠡᠰᠡᠨ  ᠢ ᠬᠠᠷᠠᠭᠤᠯᠵᠠᠢ ᠃ ᠠᠭᠤᠯᠭ᠎ᠠ ᠵᠢᠨ ᠳᠠᠯ᠎ᠠ  ᠡᠴᠡ ᠦᠵᠡᠪᠡᠯ ᠂ ᠰᠢᠯᠦᠭ ᠲᠠᠭᠤᠤ  ᠨᠢ ᠶᠡᠭᠡ ᠲᠦᠯᠦᠪ ᠰᠤᠷᠭᠠᠯ ᠳᠠᠭᠤᠤ ᠂ ᠮᠠᠭᠳᠠᠭᠠᠯ ᠳᠠᠭᠤᠤ ᠂ ᠵᠠᠩ ᠤᠶᠢᠯᠠ ᠵᠢᠨ ᠳᠠᠭᠤᠤ ᠭᠡᠵᠦ ᠭᠤᠷᠪᠠᠨ ᠲᠦᠷᠦᠯ ᠣᠨ ᠪᠠᠶᠢᠳᠠᠭ ᠃ ᠰᠤᠷᠭᠠᠯ ᠳᠠᠭᠤᠤ  ᠳᠤ ︽ ᠪᠦᠷᠦᠨᠭ ᠬᠠᠨ  ᠣ ᠪᠤᠷᠭᠠᠰᠤ ︾ ᠂ ︽ ᠮᠠᠩᠯᠠᠢ ᠭᠤᠷᠪᠠᠨ ᠡᠷᠳᠡᠨᠢ  ︾ ᠂ ︽ ᠲᠦᠪ ᠤᠬᠠᠭᠠᠨ ᠪᠢᠯᠢᠭ ︾ ᠂ ︽ ᠴᠤᠭᠴᠠᠯᠠᠭᠰᠠᠨ ᠪᠤᠶᠠᠨ ︾ ᠂ ︽ ᠬᠠᠪᠤᠷ ᠭᠡᠰᠭᠦ ᠳᠤᠯᠠᠭᠠᠨ ︾ ᠂ ︽ ᠠᠪᠤᠷᠠᠯ ᠳᠡᠭᠡᠳᠤ ᠭᠤᠷᠪᠠᠨ ᠪᠤᠷᠬᠠᠨ ︾ ᠂ ︽ ᠨᠠᠢᠮᠠᠨ ᠭᠦᠭ ᠣᠨ ᠠᠶᠠᠯᠭᠤ ︾ ᠵᠠᠷᠭᠡ ᠪᠠᠶᠢᠵᠤ ᠂ ᠪᠤᠷᠬᠠᠨ  ᠣ ᠱᠠᠰᠢᠨ  ᠢ ᠰᠤᠷᠳᠠᠯᠴᠢᠯᠠᠨ ᠂ ᠶᠢᠷᠳᠢᠨᠴᠦ ᠵᠢᠨ ᠪᠤᠵᠠᠷ ᠪᠤᠯᠠᠢ ᠂ ᠮᠠᠭᠤ ᠮᠠᠭᠤᠬᠠᠢ ᠵᠠᠩ ᠤᠶᠢᠯᠠ ᠵᠢ ᠵᠢᠭᠰᠢᠨ ᠦᠭᠡᠶᠢᠰᠭᠡᠵᠤ ᠂ ᠤᠶᠤᠨ ᠤᠬᠠᠭᠠᠨ ᠂ ᠡᠷᠬᠢᠮ  ᠰᠤᠷᠳᠠᠯ ᠢ ᠴᠢᠬᠤᠯᠠᠴᠢᠯᠠᠵᠦ ᠂ ᠳᠡᠭᠦᠨ ᠣ ᠦᠵᠡᠯ ᠰᠠᠨᠠᠭ᠎ᠠ ᠂ ᠦᠵᠡᠯᠳᠡ ᠲᠠᠨᠢᠯᠳᠠ ᠵᠢ ᠬᠠᠮᠤᠭ  ᠡᠴᠡ ᠢᠯᠡᠭᠦᠦ ᠬᠠᠷᠠᠭᠤᠯᠤᠭᠰᠠᠨ ᠨᠢᠭᠡᠨ ᠲᠦᠷᠦᠯ  ᠨᠢ ᠪᠤᠯᠤᠨ᠎ᠠ ᠃ ᠳᠡᠭᠦᠨ ᠣ ᠰᠢᠯᠦᠭ ᠳᠠᠭᠤᠤ ᠳᠣ ᠮᠠᠭᠳᠠᠭᠠᠯ ᠳᠠᠭᠤᠤ ᠬᠠᠮᠤᠭ ᠠᠷᠪᠢᠨ ᠪᠠᠶᠢᠵᠦ ᠂ ᠡᠭᠦᠨ  ᠳᠣ  ᠨᠢ ᠪᠠᠰᠠ ᠱᠠᠰᠢᠨ ᠰᠢᠳᠦᠯᠭᠡ ᠵᠢᠨ ᠮᠠᠭᠳᠠᠭᠠᠯ ᠳᠠᠭᠤᠤ ᠪᠠ ᠵᠠᠩ ᠤᠶᠢᠯᠡ ᠵᠢᠨ ᠮᠠᠭᠳᠠᠭᠠᠯ ᠳᠠᠭᠤᠤ ᠭᠡᠵᠦ ᠬᠤᠶᠠᠷ ᠲᠦᠷᠦᠯ ᠪᠠᠭᠳᠠᠳᠠᠭ ᠃ ᠪᠤᠷᠬᠠᠨ ᠣ ᠱᠠᠰᠢᠨ ᠣ ᠮᠠᠭᠳᠠᠭᠠᠯ ᠳᠠᠭᠤᠤ  ᠳᠤ ︽ ᠳᠡᠭᠡᠳᠤ ᠱᠠᠭᠵᠠᠮᠤᠨᠢ ︾ ᠂ ︽ ᠠᠴᠢᠳᠤ ᠪᠤᠷᠬᠠᠨ ᠽᠦᠩᠺᠠᠸ᠎ᠠ ︾ ᠂ ︽ ᠦᠨᠡᠨ ᠭᠤᠷᠪᠠᠨ ᠡᠷᠳᠡᠨᠢ  ︾ ᠂ ︽ ᠨᠤᠮᠤᠨ ᠡᠵᠡᠨ ᠽᠦᠩᠺᠠᠸ᠎ᠠ ︾ ᠂ ︽ ᠳᠡᠭᠷᠢ ᠵᠢᠨ ᠰᠠᠯᠭᠢ ︾ ᠂ ︽ ᠱᠠᠵᠠᠩᠳᠤ ᠵᠢᠨ ᠳᠠᠪᠠᠭ᠎ᠠ ︾ ᠵᠡᠷᠭᠡ ᠪᠤᠷᠬᠠᠨ  ᠣ ᠱᠠᠰᠢᠨ  ᠣ ᠭᠡᠭᠡᠨ ᠰᠤᠷᠭᠠᠯ ᠢ ᠮᠠᠭᠳᠠᠨ ᠳᠠᠭᠤᠯᠠᠭᠰᠠᠨ ᠳᠠᠭᠤᠤ ᠪᠠ ︽ ᠤᠷᠠᠨ ᠮᠠᠨᠽᠤᠰᠢᠷᠢ ᠵᠢᠨ ᠤᠷᠤᠨ ︾ ᠂ ︽ ᠪᠠᠳᠺᠠᠷ ᠽᠥᠢᠯᠠᠩ ᠭᠡᠶᠢᠳ ︾ ᠂ ︽ ᠪᠤᠳᠠᠯᠠ ᠠᠭᠤᠯᠠ ︾ ᠵᠡᠷᠭᠡ ᠨᠡᠷᠡᠳᠤ ᠰᠦᠮ᠎ᠡ ᠭᠡᠶᠢᠳ ᠪᠠ ᠠᠯᠳᠠᠷᠳᠤ ᠤᠷᠥᠨ  ᠨᠤᠭᠤᠳ  ᠢ ᠮᠠᠭᠳᠠᠭᠰᠠᠨ ᠳᠠᠭᠤᠤ ᠪᠠᠶᠢᠳᠠᠭ ᠃ ᠵᠠᠩ ᠤᠶᠢᠯᠠ ᠵᠢᠨ ᠮᠠᠭᠳᠠᠭᠠᠯ ᠲᠠᠭᠤᠤ  ᠳᠤ ︽ ᠡᠷᠳᠡᠨᠢᠲᠤ  ᠡᠵᠡᠨ ᠪᠤᠭᠳᠠ ᠴᠢᠨᠭᠭᠢᠰ ︾ ᠂ ︽ ᠡᠵᠡᠨ ᠪᠤᠭᠳᠠ ︾ ᠵᠡᠷᠭᠡ ᠴᠢᠨᠭᠭᠢᠰ ᠬᠠᠭᠠᠨ  ᠣ ᠳᠡᠤᠭᠡᠳᠤ ᠠᠴᠢ ᠭᠠᠪᠢᠶ᠎ᠠ ᠵᠢ ᠦᠨᠡᠯᠡᠨ ᠮᠠᠭᠳᠠᠭᠰᠠᠨ ᠳᠠᠭᠤᠤ ᠂ ︽ ᠮᠤᠨᠠ ᠬᠠᠨ  ᠣ ᠠᠭᠤᠯᠠ ︾ ᠂ ︽ ᠲᠦᠰᠢᠭᠳᠤ ᠮᠤᠨᠠ ᠠᠭᠤᠯᠠ ︾ ᠂ ︽ ᠡᠷᠳᠡᠨᠢ  ᠵᠢᠨ ᠴᠤᠭᠳᠠᠢ ᠦᠨᠳᠦᠷ ᠮᠤᠨᠠ ︾ ᠂ ︽ ᠴᠡᠩᠭᠡᠷ ᠮᠤᠨᠠ ᠵᠢᠨ ᠴᠠᠭᠠᠨ ᠠᠷᠰᠯᠠᠨ ︾ ᠂ ︽ ᠳᠡᠯᠭᠡᠷ ᠰᠠᠶᠢᠬᠠᠨ ᠬᠠᠩᠭᠠᠢ ︾ ᠵᠡᠷᠭᠡ ᠦᠯᠦᠭᠡᠢ ᠨᠤᠳᠤᠭ  ᠣᠨ  ᠢᠶᠡᠨ  ᠠᠭᠤᠯᠠ ᠤᠰᠤ ᠵᠢ ᠮᠠᠭᠳᠠᠭᠰᠠᠨ ᠳᠠᠭᠤᠤ ᠂ ︽ ᠰᠠᠶᠢᠷ ᠪᠤᠯᠠᠭ ᠣᠨ ᠤᠰᠤ ︾ ᠂ ︽ ᠮᠤᠨᠠ ᠬᠠᠨ  ᠣ ᠭᠦᠯᠦᠭ ︱ ᠡᠭᠦᠯᠡᠨ  ᠭᠦᠭᠡ ︾ ᠂ ︽ ᠬᠠᠨ ᠠᠭᠤᠯᠠ ᠵᠢᠨ ᠦᠪᠦᠷ  ᠲᠤ ︾ ᠂ ︽ ᠰᠢᠯᠢ ᠳᠡᠭᠡᠷ᠎ᠡ  ᠨᠢ ᠤᠨᠠᠭᠠᠯᠠᠭᠰᠠᠨ ︾ ᠵᠡᠷᠭᠡ ᠠᠭᠳᠠ ᠭᠦᠯᠦᠭ ᠵᠢᠡᠨ ᠮᠠᠭᠳᠠᠨ ᠳᠠᠭᠤᠯᠠᠭᠰᠠᠨ ᠳᠠᠭᠤᠤ ᠂ ︽ ᠪᠡᠭᠡᠵᠢᠨᠭ ᠬᠤᠳᠠ ᠵᠢᠨ ᠮᠠᠭᠳᠠᠭᠠᠯ ︾ ᠂ ︽ ᠲᠦᠷᠪᠡᠯᠵᠢᠨ ᠶᠡᠭᠡ ᠪᠡᠭᠡᠵᠢᠨᠭ ︾ ᠂ ︽ ᠠᠷᠤ ᠪᠤᠭᠳᠠ ᠵᠢᠨ ᠭᠦᠷᠢᠶ᠎ᠡ ︾ ᠵᠡᠷᠭᠡ ᠨᠡᠷᠡᠳᠤ ᠬᠤᠳᠠ ᠂ ᠭᠤᠯᠤᠮᠳᠠ ᠤᠷᠤᠨ ᠢ ᠮᠠᠭᠳᠠᠭᠰᠠᠨ ᠳᠠᠭᠤᠤ ᠂ ︽ ᠤᠭᠳᠠᠷᠭᠤᠢ ᠵᠢᠨ ᠳᠤᠯᠤᠭᠠᠨ ᠪᠤᠷᠬᠠᠨ ︾ ᠂ ︽ ᠴᠤᠯᠮᠤᠨ ᠠᠮᠠᠳᠤ ᠭᠡᠭᠡᠷ ︾ ᠵᠡᠷᠭᠡ ᠡᠴᠢᠭᠡ ᠡᠬᠡ  ᠵᠢᠨ ᠡᠨᠡᠷᠢᠯ  ᠬᠠᠶᠢᠷ᠎ᠠ ᠵᠢ ᠮᠠᠭᠳᠠᠨ ᠳᠠᠭᠤᠯᠠᠭᠰᠠᠨ ᠳᠠᠭᠤᠤ  ᠨᠤᠭᠤᠳ ᠪᠠᠶᠢᠳᠠᠭ ᠃

ᠮᠡᠷᠭᠡᠨ ᠭᠡᠭᠡᠨ ᠣ ᠰᠢᠯᠦᠭ ᠳᠠᠭᠤᠤ ᠳ᠋ᠣ ᠠᠮᠢᠳᠤᠷᠠᠯ  ᠣᠨ ᠵᠠᠩ ᠠᠭᠠᠯᠢ ᠵᠢᠨ ᠳᠠᠭᠤᠤ  ᠨᠢ ᠠᠵᠦ ᠠᠮᠢᠳᠤᠷᠠᠯ  ᠣᠨ ᠭᠡᠪ ᠨᠠᠮᠪᠠ ᠤᠨᠴᠠᠯᠢᠭ ᠰᠢᠨᠵᠢ  ᠪᠡᠷ ᠬᠠᠮᠤᠭ  ᠡᠴᠡ ᠳᠤᠪᠤᠶᠢᠭᠰᠠᠨ ᠪᠠᠶᠢᠵᠦ ᠂ ᠬᠤᠷᠢᠮ  ᠣᠨ ᠵᠠᠩ ᠤᠶᠢᠯᠠ  ᠲᠠᠢ ᠬᠤᠯᠪᠤᠭ᠎ᠠ ᠪᠦᠬᠦᠢ ᠮᠦᠷᠦᠭᠡᠳᠦᠯ  ᠣᠨ ᠳᠠᠭᠤᠤ  ᠨᠢ ᠮᠡᠷᠭᠡᠨ ᠭᠡᠭᠡᠨ  ᠣ ᠡᠭᠡᠯ  ᠵᠢᠷ  ᠣᠨ ᠭᠦᠮᠦᠨ ᠪᠤᠯᠤᠭᠰᠠᠨ ᠴᠤ ᠤᠯᠤᠰ ᠭᠡᠷ ᠂ ᠦᠯᠦᠭᠡᠢ ᠨᠤᠳᠤᠭ ᠂ ᠡᠴᠢᠭᠡ ᠡᠬᠡ  ᠂ ᠡᠯᠢᠭᠡᠨ  ᠰᠠᠳᠤᠨ ᠳᠠᠭᠠᠨ ᠭᠢᠵᠠᠭᠠᠯᠠᠰᠢ ᠦᠭᠡᠢ ᠬᠠᠶᠢᠷᠠᠳᠠᠢ ᠪᠠᠶᠢᠭ᠎ᠠ ᠵᠢ ᠪᠦᠷᠢᠨ ᠬᠦᠢᠴᠡᠳ ᠬᠠᠷᠠᠭᠤᠯᠤᠭᠰᠠᠨ ᠪᠠᠶᠢᠨ᠎ᠠ ᠃ ᠵᠢᠱᠢᠶᠡᠯᠡᠪᠡᠯ ᠂ ︽ ᠪᠠᠶᠠᠨ ᠬᠠᠩᠭᠠᠢ ︾ ᠂ ︽ ᠠᠷᠤᠨ ᠲᠠᠯ᠎ᠠ ᠵᠢᠨ ᠠᠷᠴᠠ ︾ ᠂ ︽ ᠡᠷᠬᠢᠮ  ᠳᠡᠭᠡᠳᠤ ᠪᠯᠠᠮ᠎ᠠ ︾ ᠵᠡᠷᠭᠡ ᠬᠠᠷᠢ ᠳ᠋ᠣ ᠮᠤᠷᠳᠠᠭᠰᠠᠨ ᠭᠡᠦᠭᠡᠨ ᠣ ᠲᠦᠷᠦᠭᠰᠡᠨ ᠨᠤᠳᠤᠭ ᠂ ᠲᠦᠷᠦᠯ ᠰᠠᠳᠤᠨ ᠵᠢᠨᠨ ᠰᠠᠨᠠᠨ ᠮᠦᠷᠦᠭᠡᠳᠦᠭᠰᠡᠨ ᠳᠠᠭᠤᠤ ᠪᠤᠯᠤᠨ ︽ ᠳᠠᠯ᠎ᠠ ᠳᠤᠭᠤᠢ ᠰᠠᠷᠠ ︾ ᠵᠡᠷᠭᠡ ᠠᠪᠤ ᠡᠵᠢ ᠪᠤᠯᠤᠭᠰᠠᠳ  ᠣᠨ ᠦᠷ᠎ᠡ ᠭᠡᠦᠭᠡᠳ ᠵᠢᠡᠨ ᠮᠦᠷᠦᠭᠡᠳᠴᠦ ᠰᠠᠨᠠᠭᠰᠠᠨ ᠳᠠᠭᠤᠤ ᠪᠠᠶᠢᠳᠠᠭ ᠃ ᠮᠡᠷᠭᠡᠨ ᠭᠡᠭᠡᠨ  ᠣ ᠪᠦᠳᠦᠭᠡᠯ  ᠣᠨ ᠵᠠᠷᠢᠮ  ᠨᠢ ᠰᠢᠭᠤᠳ ᠬᠤᠷᠢᠮ ᠨᠠᠶᠢᠷ  ᠣᠨ ᠪᠠᠶᠠᠷ ᠶᠤᠰᠤᠯᠠᠯ  ᠳᠤ ᠵᠤᠷᠢᠭᠤᠯᠵᠤ ᠵᠤᠬᠢᠶᠠᠭᠰᠠᠨ ᠳᠠᠭᠤᠤ ᠪᠤᠯᠤᠨ᠎ᠠ ᠃ ᠵᠢᠱᠢᠶᠡᠯᠡᠪᠡᠯ ᠂ ︽ ᠴᠤᠭᠴᠠᠯᠠᠭᠰᠠᠨ ᠪᠤᠶᠠᠨ ︾ ᠂ ︽ ᠡᠷᠲᠡ  ᠵᠢᠨ ᠢᠷᠦᠭᠡᠯ ᠪᠤᠶᠠᠨ ︾ ᠂ ︽ ᠦᠯᠠᠮᠵᠢ ᠵᠢᠨ ᠪᠤᠶᠠᠨ ︾ ᠂ ︽ ᠤᠭᠤᠴᠠ ᠰᠢᠭᠦᠰᠤ ᠳᠠᠯᠪᠢᠬᠤ ᠳᠠᠭᠤᠤ ︾ ᠵᠡᠷᠭᠡ ᠪᠤᠢ ᠃ ᠡᠳᠡᠭᠡᠷ  ᠳᠠᠭᠤᠤ  ᠨᠢ ᠭᠦᠨ ᠭᠦᠨᠵᠡᠭᠡᠢ ᠂ ᠤᠭᠢ ᠰᠤᠳᠤ ᠭᠦᠨ ᠤᠬᠠᠭᠠᠨᠴᠢ ᠦᠵᠡᠯ ᠰᠠᠨᠠᠭ᠎ᠠ ᠪᠤᠯᠤᠨ ᠡᠯᠪᠡᠭ  ᠵᠤᠵᠠᠭᠠᠨ ᠰᠠᠨᠠᠭ᠎ᠠ ᠠᠬᠤᠢ  ᠲᠠᠢ ᠪᠠᠶᠢᠵᠤ ᠂ ᠳᠡᠭᠦᠨ  ᠣ ᠠᠤᠭ᠎ᠠ ᠠᠭᠤᠳᠠᠮ ᠂ ᠪᠤᠷᠤᠭᠵᠢᠭᠤᠨ ᠢᠷᠠᠭᠤ ᠳᠠᠭᠤᠤ ᠠᠶᠠᠯᠭᠤ  ᠲᠠᠢ  ᠪᠠᠨ ᠨᠡᠶᠢᠯᠠᠯᠴᠠᠨ ᠭᠦᠮᠦᠰ  ᠲᠤ ᠴᠢᠩᠭ᠎ᠠ  ᠰᠢᠷᠦᠭᠦᠨ ᠂ ᠬᠤᠷᠴᠠ ᠳᠤᠳᠤ ᠤᠷᠠᠯᠢᠭ  ᠣᠨ ᠨᠦᠯᠦᠭᠡ ᠦᠭᠳᠡᠭ ᠪᠠᠶᠢᠨ᠎ᠠ ᠃

ᠮᠡᠷᠭᠡᠨ ᠭᠡᠭᠡᠨ ᠰᠢᠯᠦᠭ ᠳᠠᠭᠤᠤ  ᠪᠡᠷ ᠵᠢᠡᠨ ᠳᠠᠮᠵᠢᠨ ᠦᠪᠡᠷ  ᠣᠨ ᠦᠵᠡᠯ ᠰᠠᠨᠠᠭ᠎ᠠ ᠂ ᠦᠵᠡᠯᠳᠡ ᠲᠠᠨᠢᠯᠳᠠ  ᠪᠠᠨ ᠠᠷᠠᠳ ᠤᠯᠠᠨ ᠳ᠋ᠣ ᠤᠯᠠᠮᠵᠢᠯᠠᠨ ᠳᠡᠯᠭᠡᠷᠡᠭᠦᠯᠵᠦ ᠂ ᠬᠦᠮᠦᠰ  ᠣᠨ ᠵᠠᠩ ᠵᠠᠩᠰᠢᠯ ᠂ ᠤᠪᠤᠷ ᠰᠤᠷᠳᠠᠯ ᠂ ᠠᠮᠢᠳᠤᠷᠠᠯ ᠳᠠᠳᠬᠠᠯ  ᠢ ᠨᠦᠯᠦᠭᠡᠯᠡᠭᠦ ᠵᠢᠨ ᠳᠠᠭᠠᠤ ᠂ ᠪᠤᠷᠬᠠᠨ  ᠣ ᠱᠠᠰᠢᠨ  ᠣ ᠦᠵᠠᠯ ᠰᠠᠨᠠᠭᠠᠨ  ᠣ ᠭᠦᠰᠡᠯ ᠱᠠᠭᠠᠷᠳᠠᠯᠭ᠎ᠠ ᠪᠠ ᠮᠤᠩᠭᠤᠯ ᠦᠨᠳᠦᠰᠦᠳᠡᠨ  ᠣ ᠤᠯᠠᠮᠵᠢᠯᠠᠯᠳᠤ ᠭᠡᠪ ᠵᠤᠷᠰᠢᠯ  ᠲᠠᠢ ᠨᠡᠶᠢᠴᠡᠭᠰᠡᠨ ᠶᠤᠰᠤ ᠲᠢᠭᠯᠢᠮ  ᠢ ᠪᠤᠢ ᠪᠤᠯᠭᠠᠬᠤ ᠵᠢ ᠵᠤᠷᠢᠵᠠᠢ ᠃ ᠨᠢᠭᠡ ᠳᠠᠯ᠎ᠠ  ᠪᠡᠷ ᠪᠤᠷᠬᠠᠨ  ᠣ ᠱᠠᠰᠢᠨ  ᠣ ᠦᠵᠡᠯ ᠰᠠᠨᠠᠭ᠎ᠠ ᠵᠢ ᠰᠤᠷᠳᠠᠯᠴᠢᠯᠠᠵᠦ ᠂ ᠨᠦᠭᠦᠭᠡ ᠳᠠᠯ᠎ᠠ  ᠪᠡᠷ ᠮᠤᠩᠭᠤᠯ ᠦᠨᠳᠦᠰᠦᠳᠡᠨ ᠣ ᠤᠯᠠᠮᠵᠢᠯᠠᠯᠳᠤ ᠵᠠᠩ ᠤᠶᠢᠯᠠ ᠵᠢᠨ ᠦᠵᠡᠯᠳᠡ ᠵᠢ ᠶᠡᠭᠡ  ᠪᠡᠷ ᠰᠤᠷᠳᠠᠯᠴᠢᠯᠠᠵᠦ ᠂ ᠡᠨᠡ  ᠬᠤᠶᠠᠷ ᠦᠵᠡᠯ ᠰᠠᠨᠠᠭᠠᠨ  ᠣ ᠬᠤᠭᠤᠷᠤᠨᠳᠤ ᠨᠢᠭᠡᠨ ︽ ᠡᠷᠬᠢᠮ  ᠰᠤᠷᠳᠠᠯ ︾ ᠣᠨ ᠪᠠᠷᠢᠮᠵᠢᠶ᠎ᠠ ᠵᠢ ᠪᠤᠢ ᠪᠤᠯᠭᠠᠨ ᠂ ᠡᠭᠦᠨ  ᠵᠢᠡᠷ ᠵᠢᠡᠨ ᠨᠡᠶᠢᠭᠡᠮ  ᠣᠨ ᠭᠤᠤᠯ ᠦᠵᠡᠯ ᠰᠠᠨᠠᠭ᠎ᠠ ᠵᠢ ᠵᠢᠯᠤᠭᠤᠳᠤᠭᠤᠯᠬᠤ ᠵᠢ ᠵᠤᠷᠢᠭᠰᠠᠨ ᠪᠠᠶᠢᠨ᠎ᠠ ᠃ ᠤᠷᠠᠳ ᠠᠷᠠᠳ  ᠣᠨ ᠠᠮᠢᠳᠤᠷᠠᠯ ᠳ᠋ᠣ ︽ ᠰᠢᠯᠦᠭ ᠳᠠᠭᠤᠤ ︾  ᠨᠢ ᠡᠷᠬᠢᠮ  ᠳᠡᠭᠡᠳᠤ ᠨᠠᠶᠢᠷ ᠶᠤᠰᠤᠯᠠᠯ  ᠢ ᠪᠡᠯᠭᠡᠳᠡᠵᠤ ᠪᠠᠶᠢᠳᠠᠭ  ᠡᠴᠡ ᠂ ᠰᠢᠯᠦᠭ ᠳᠠᠭᠤᠤ ᠵᠢ ᠡᠷᠬᠡᠪᠰᠢ  ᠲᠤᠰᠬᠠᠢ ᠤᠷᠢᠵᠤ ᠠᠪᠴᠢᠷᠠᠭᠰᠠᠨ ᠳᠠᠭᠤᠴᠢᠨ ᠵᠢᠡᠷ ᠳᠠᠭᠤᠯᠠᠭᠤᠯᠳᠠᠭ ᠪᠦᠭᠡᠳ ᠳᠠᠭᠤᠴᠢᠨ  ᠨᠢ ᠡᠷᠬᠡᠪᠰᠢ  ᠪᠡᠶ᠎ᠡ ᠮᠠᠬᠠᠪᠤᠳ ᠡᠷᠡᠭᠦᠯ  ᠴᠢᠭᠢᠷᠠᠭ ᠂ ᠭᠡᠷ ᠬᠤᠳᠠᠯᠠᠭᠠᠷ  ᠨᠢ ᠪᠦᠷᠢᠨ ᠳᠡᠭᠦᠰ ᠪᠠᠶᠢᠬᠤ ᠭᠡᠷᠡᠭᠳᠡᠢ ᠃ ᠰᠢᠯᠦᠭ ᠳᠠᠭᠤᠤ ᠵᠢ ᠳᠠᠭᠤᠯᠠᠬᠤ ᠳᠣ ᠡᠷᠬᠡᠪᠰᠢ  ᠲᠦᠪ ᠭᠢᠴᠢᠶᠡᠩᠭᠦᠢ  ᠪᠡᠷ ᠠᠯᠳᠠᠭ᠎ᠠ ᠤᠰᠤᠯ ᠭᠠᠷᠭᠠᠬᠤ ᠦᠭᠡᠢ ᠵᠢ ᠭᠢᠴᠢᠶᠠᠵᠤ ᠂ ᠳᠠᠪᠳᠠᠯᠳᠠ ᠨᠤᠷᠱᠤᠯ ᠦᠭᠡᠢ  ᠪᠡᠷ ᠵᠦᠪ ᠳᠠᠭᠤᠯᠠᠬᠤ ᠭᠡᠷᠡᠭᠳᠡᠢ ᠶᠤᠮ ᠃ ᠰᠢᠯᠦᠭ ᠳᠠᠭᠤᠤ  ᠲᠠᠢ ᠬᠤᠯᠪᠤᠭᠳᠠᠭᠰᠠᠨ ᠡᠳᠡᠭᠡᠷ  ᠭᠡᠪ ᠵᠠᠩᠰᠢᠯ  ᠨᠢ ᠵᠤᠭᠢᠶᠠᠭᠴᠢ ᠮᠡᠷᠭᠡᠨ ᠭᠡᠭᠡᠨ  ᠳᠤ ᠭᠦᠨᠳᠦᠳᠭᠡᠯ ᠳᠠᠪᠰᠢᠭᠦᠯᠵᠦ ᠪᠠᠶᠢᠭ᠎ᠠ ᠰᠡᠳᠭᠢᠯᠭᠡ ᠵᠢ ᠬᠠᠷᠠᠭᠤᠯᠵᠤ ᠪᠠᠶᠢᠳᠠᠭ ᠃

ᠮᠡᠷᠭᠡᠨ ᠭᠡᠭᠡᠨ ᠶᠡᠷᠤ  ᠨᠢ ᠦᠪᠡᠷ  ᠣᠨ ᠵᠤᠬᠢᠶᠠᠯ ᠪᠦᠳᠦᠭᠡᠯ ᠵᠢᠠᠨ ᠤᠷᠳᠤ ᠤᠳᠠᠭᠠᠨ ᠠᠮᠢᠵᠢᠷᠠᠯ  ᠣᠨ ᠭᠦᠴᠦᠨ  ᠲᠠᠢ ᠪᠤᠯᠭᠠᠨ᠎ᠠ ᠭᠡᠪᠡᠯ ᠡᠷᠬᠡᠪᠰᠢ  ᠠᠷᠠᠳᠴᠢᠯᠠᠬᠤ ᠂ ᠠᠮᠢᠳᠤᠷᠠᠯᠴᠢᠯᠠᠬᠤ ᠂ ᠵᠠᠩᠰᠢᠯᠴᠢᠯᠠᠬᠤ ᠭᠡᠷᠡᠭᠳᠡᠢ ᠭᠡᠵᠤ ᠵᠤᠷᠢᠭᠰᠠᠨ  ᠡᠴᠡ ᠳᠡᠭᠦᠨ  ᠣ ᠵᠤᠭᠢᠶᠠᠯ ᠪᠦᠳᠦᠭᠡᠯ  ᠨᠢ ᠲᠤᠪᠴᠢ ᠠᠪᠰᠠᠷᠬᠠᠨ ᠰᠤᠷᠭᠠᠯ ᠰᠤᠷᠳᠠᠯᠴᠢᠯᠠᠯ ᠪᠠ ᠡᠩ  ᠶᠡᠷᠦ ᠵᠢᠨ ᠰᠠᠨᠠᠭ᠎ᠠ ᠰᠡᠳᠭᠢᠯᠭᠡ ᠵᠢᠨ ᠤᠶᠠᠩᠭᠠᠯᠠᠯ ᠳᠡᠳᠦᠢ ᠪᠢᠰᠢ ᠪᠠᠶᠢᠵᠤ ᠂ ᠬᠠᠷᠢᠨ ᠠᠷᠠᠳ ᠣᠨ ᠵᠠᠩ ᠤᠶᠢᠯᠠ ᠵᠢᠨ ᠭᠡᠪᠰᠢᠯ  ᠲᠠᠢ ᠪᠦᠷᠢᠨ ᠳᠡᠭᠦᠯᠳᠡᠷ ᠤᠶᠠᠯᠳᠤᠭᠰᠠᠨ ᠪᠠᠶᠢᠳᠠᠭ ᠃ ᠵᠢᠱᠢᠶᠡᠯᠡᠪᠡᠯ ᠂ ᠤᠷᠠᠳ  ᠤᠨ ᠨᠠᠶᠢᠷ  ᠶᠤᠰᠤᠯᠠᠯ ᠡᠬᠢᠯᠡᠬᠦ   ᠳᠤ ︽ ᠴᠤᠭᠴᠠᠯᠠᠭᠰᠠᠨ ᠪᠤᠶᠠᠨ ︾ ᠂ ︽ ᠡᠷᠲᠡ  ᠵᠢᠨ ᠢᠷᠦᠭᠡᠯ ᠪᠤᠶᠠᠨ ︾ ᠂ ︽ ᠦᠯᠡᠮᠵᠢ ᠵᠢᠨ ᠪᠤᠶᠠᠨ ︾ ᠵᠡᠷᠭᠡ ︽ ᠭᠤᠷᠪᠠᠨ ᠪᠤᠶᠠᠨ ︾ ᠲᠠᠭᠤᠤ ᠵᠢ ᠲᠠᠭᠤᠯᠠᠵᠤ ᠂ ᠤᠷᠤᠭ ᠬᠤᠷᠢᠮ ᠤᠨ ᠶᠤᠰᠤᠯᠠᠯ ᠲᠡᠭᠡᠷ᠎ᠡ ᠂ ᠰᠢᠨ᠎ᠠ ᠬᠦᠮᠦᠨ  ᠡᠴᠡ ᠡᠴᠢᠭᠡ ᠡᠬᠡ   ᠳᠡᠭᠡᠨ ᠠᠷᠢᠬᠢ ᠪᠠᠷᠢᠬᠤ  ᠳᠤ ︽ ᠠᠷᠤᠨ ᠲᠠᠯ᠎ᠠ ᠵᠢᠨ ᠠᠷᠴᠠ ︾ ᠂ ︽ ᠲᠠᠯ᠎ᠠ ᠲᠤᠭᠤᠢ ᠰᠠᠷᠠ ︾ ᠂ ︽ ᠪᠠᠶᠠᠨ ᠬᠠᠩᠭᠠᠢ ︾ ᠵᠡᠷᠭᠡ ᠲᠠᠭᠤᠤ ᠵᠢ ᠡᠷᠭᠦᠵᠦ  ᠂ ᠬᠤᠨᠢᠨ ᠤ ᠤᠭᠤᠴᠠ ᠭᠠᠷᠭᠠᠬᠤ  ᠳᠤ ︽ ᠤᠭᠤᠴᠠ ᠵᠢᠨ ᠰᠢᠭᠦᠰᠦ ᠲᠠᠯᠪᠢᠬᠤ ᠲᠠᠭᠤᠤ ︾ ᠵᠢ ᠪᠠᠷᠢᠨ ᠂ ᠨᠠᠶᠢᠷ ᠤᠨ ᠲᠡᠭᠦᠰᠭᠡᠯ  ᠳᠤ ︽ ᠠᠯᠳᠠᠢ ᠬᠠᠩᠭᠠᠢ ︾ ᠵᠢ ᠲᠠᠭᠤᠯᠠᠨ ᠲᠡᠪᠰᠢᠭᠦᠯᠳᠡᠭ ᠃ ᠡᠭᠦᠨ  ᠢᠶᠡᠷ  ᠪᠠᠷᠠᠬᠤ ᠦᠭᠡᠢ ᠂ ᠤᠷᠠᠳ ᠤᠨ ᠨᠠᠶᠢᠷ ᠶᠤᠰᠤᠯᠠᠯ  ᠳᠤ ᠲᠠᠭᠤᠯᠠᠳᠠᠭ ︽ ᠲᠦᠷᠡᠯᠭᠡ ︾ ᠵᠢ ᠴᠤ ᠮᠦᠨ ᠮᠡᠷᠭᠡᠨ ᠭᠡᠭᠡᠨ ᠵᠤᠬᠢᠶᠠᠭᠰᠠᠨ ᠭᠡᠳᠡᠭ ᠃

ᠰᠤᠷᠭᠠᠯ ᠴᠡᠭᠡᠷᠯᠡᠯ ᠪᠤᠯ ᠮᠡᠷᠭᠡᠨ ᠭᠡᠭᠡᠨ  ᠣ ᠰᠢᠯᠦᠭ ᠳᠠᠭᠤᠤ ᠵᠢᠨ ᠦᠨᠳᠦᠰᠦᠨ ᠭᠦᠭ ᠠᠶᠠᠰ ᠪᠤᠯᠤᠨ᠎ᠠ ᠃ ᠳᠡᠷᠡ  ᠨᠢ ᠲᠠᠷᠤᠢ ᠤᠯᠤᠰ ᠦᠨᠳᠦᠰᠦᠳᠡᠨ ᠵᠢᠠᠨ ᠰᠠᠶᠢᠨ ᠰᠠᠶᠢᠬᠠᠨ ᠰᠤᠶᠤᠯ ᠪᠤᠯᠪᠠᠰᠤᠨ ᠨᠡᠶᠢᠭᠡᠮ ᠵᠦᠭ ᠭᠦᠳᠦᠯᠦᠨ ᠲᠠᠭᠠᠭᠤᠯᠵᠦ ᠂ ᠨᠡᠶᠢᠭᠡᠮ  ᠣᠨ ᠠᠬᠤᠢ ᠠᠮᠢᠳᠤᠷᠠᠯ ᠳᠤᠮᠳᠠ ᠤᠷᠤᠰᠢᠵᠤ ᠪᠠᠶᠢᠭ᠎ᠠ ᠠᠯᠢᠪᠠ ᠪᠤᠵᠠᠷ ᠪᠤᠯᠠᠢ ᠂ ᠪᠤᠯᠭᠢ ᠪᠦᠳᠦᠭᠦᠯᠢᠭ ᠂ ᠮᠠᠭᠤ ᠮᠠᠭᠤᠬᠠᠢ ᠵᠠᠩ ᠵᠠᠩᠰᠢᠯ ᠤᠶᠢᠯᠠ ᠭᠢᠳᠠᠯ  ᠢ ᠵᠢᠭᠰᠢᠨ ᠳᠠᠪᠴᠢᠭᠦᠯᠦᠭᠡᠳ ᠂ ᠭᠦᠮᠦᠨ ᠭᠦᠮᠦᠨ ᠣ ᠬᠤᠭᠤᠷᠤᠨᠳᠤ ᠴᠤ᠋ ᠰᠢᠨ᠎ᠡ ᠨᠦᠭᠦᠷᠰᠡᠭ ᠳᠤᠳᠤᠨᠤ ᠬᠠᠷᠢᠴᠠᠭ᠎ᠠ ᠵᠢ ᠪᠠᠶᠢᠭᠤᠯᠤᠨ ᠂ ᠦᠨᠳᠦᠰᠦᠳᠡᠨ ᠤᠭᠰᠠᠭᠠᠳᠠᠨ ᠵᠢᠡᠨ ᠳᠠᠭᠢᠨ ᠮᠠᠨᠳᠤᠭᠤᠯᠬᠤ ᠵᠢᠨ ᠲᠦᠯᠦᠭᠡ ᠪᠠᠶᠢᠭᠰᠠᠨ ᠭᠡᠳᠡᠭ ᠢ ᠳᠤᠩ ᠭᠢᠯᠪᠠᠷᠬᠠᠨ ᠵᠢᠡᠷ ᠤᠶᠢᠯᠠᠭᠠᠵᠦ ᠪᠤᠯᠬᠤ ᠶᠤᠮᠰᠠᠨ ᠃ ᠳᠡᠶᠢᠮᠤ  ᠡᠴᠡ ᠭᠦᠮᠦᠰ  ᠲᠤ ᠮᠡᠳᠡᠯᠭᠡ ᠵᠢ ᠤᠯᠠᠮᠵᠢᠯᠠᠨ ᠲᠠᠨᠢᠭᠤᠯᠵᠤ ᠂ ᠶᠤᠰᠤ ᠤᠴᠢᠷ  ᠢ ᠳᠠᠶᠢᠯᠪᠤᠷᠢᠯᠠᠨ ᠤᠬᠠᠭᠤᠯᠬᠤ ᠪᠠ ᠡᠭᠦᠪᠡᠷ  ᠳᠠᠮᠵᠢᠨ ᠰᠤᠷᠭᠠᠵᠦ ᠭᠦᠮᠦᠵᠢᠭᠦᠯᠭᠦ ᠭᠡᠰᠡᠨ ᠪᠤᠯ ᠮᠡᠷᠭᠡᠨ ᠭᠡᠭᠡᠨ  ᠣ ᠨᠢᠭᠡ ᠨᠠᠰᠤᠨ  ᠣ ᠭᠤᠤᠯ ᠤᠶᠢᠯᠡᠰ ᠭᠦᠭᠡᠭᠡᠴᠡᠯᠳᠦᠯ ᠮᠦᠨ ᠪᠠᠶᠢᠭᠰᠠᠨ ᠪᠦᠭᠡᠳ ᠳᠠᠭᠤᠤ ᠤᠷᠠᠯᠢᠭ ᠯᠠ ᠰᠠᠶ᠋ᠢ ᠭᠦᠮᠦᠨ ᠪᠦᠭᠦᠳᠡ ᠵᠢᠨ ᠴᠢᠭᠢᠨ᠎ᠡ ᠰᠤᠨᠤᠰᠬᠤᠯᠠᠩᠳᠠᠢ ᠂ ᠴᠡᠭᠡᠵᠢᠨ᠎ᠡ ᠪᠠᠶᠠᠰᠬᠤᠯᠠᠩᠳᠠᠢ ᠂ ᠦᠭᠡᠷ᠎ᠡ ᠶᠠᠭᠤ  ᠪᠡᠷ ᠤᠷᠤᠯᠠᠵᠤ ᠪᠤᠯᠬᠤ ᠦᠭᠡᠢ ᠠᠮᠢᠵᠢᠷᠠᠯ  ᠣᠨ ᠭᠦᠴᠦᠨ  ᠲᠠᠢ ᠪᠠᠶᠢᠵᠤ ᠂ ᠭᠦᠮᠦᠰ ᠢ ᠡᠷᠬᠢᠮ  ᠳᠡᠭᠡᠳᠤ ᠂ ᠡᠭᠡᠯ  ᠳᠤᠤᠷᠠᠳᠤ ᠂ ᠠᠩᠭᠢ ᠳᠠᠪᠬᠤᠷᠭ᠎ᠠ ᠂ ᠦᠨᠳᠦᠰᠦᠳᠡᠨ ᠤᠭᠰᠠᠭ᠎ᠠ ᠂ ᠪᠠᠶᠠᠨ ᠶᠠᠳᠠᠭᠤ ᠂ ᠤᠯᠤᠰ ᠬᠦᠷᠦᠨ ᠂ ᠨᠠᠮ ᠡᠪᠰᠡᠯ ᠂ ᠭᠦᠭᠰᠢᠨ ᠵᠠᠯᠠᠭᠤ ᠂ ᠡᠷᠡᠭᠲᠡᠢ ᠡᠮᠡᠭᠲᠡᠢ  ᠭᠡᠵᠤ ᠢᠯᠭᠠᠯ ᠦᠭᠡᠢ  ᠪᠡᠷ  ᠳᠤ ᠭᠦᠯᠢᠶᠡᠭᠳᠡᠨ ᠵᠦᠪᠰᠢᠶᠡᠷᠡᠭᠳᠡᠵᠤ ᠂ ᠰᠡᠳᠭᠢᠯ ᠰᠠᠨᠠᠭ᠎ᠠ ᠵᠢ  ᠨᠢ ᠰᠢᠭᠤᠳ ᠨᠦᠯᠦᠭᠡᠯᠡᠳᠡᠭ ᠪᠦᠭᠡᠳ ᠭᠦᠭᠰᠡᠨ ᠰᠤᠭᠳᠤᠭᠤᠷᠠᠭᠤᠯᠳᠠᠭ ᠤᠷᠠᠨ ᠰᠠᠶᠢᠬᠠᠨ  ᠣ ᠷᠢᠳᠢ ᠰᠢᠳᠢ  ᠲᠠᠢ ᠬᠠᠮᠳᠤ ᠵᠢᠨ ᠦᠭᠡ ᠭᠡᠯᠡ ᠪᠤᠯᠬᠤ ᠶᠤᠮ ᠃ ᠳᠡᠭᠡᠭᠦᠯᠡᠷ ᠳᠠᠭᠤᠤ ᠤᠷᠠᠯᠢᠭ  ᠨᠢ ᠭᠦᠮᠦᠰ  ᠲᠤ ᠮᠠᠰᠢ ᠲᠦᠷᠭᠡᠨ ᠴᠡᠭᠡᠵᠢᠯᠡᠭᠳᠡᠵᠦ ᠂ ᠤᠶᠤᠨ ᠳᠠᠷᠢᠭᠢᠨ  ᠳᠤ ᠬᠤᠨᠤᠭᠰᠢᠨ ᠦᠯᠡᠳᠡᠳᠡᠭ ᠪᠦᠭᠡᠳ ᠦᠳᠳᠡᠷ ᠲᠦᠷᠭᠡᠨ ᠤᠯᠠᠮᠵᠢᠯᠠᠭᠳᠠᠨ ᠳᠡᠯᠭᠡᠷᠡᠵᠦ ᠂ ᠳᠡᠶᠢᠮᠤ ᠶᠡᠭᠡ ᠵᠠᠰᠠᠭᠳᠠᠵᠦ ᠦᠭᠡᠷᠡᠴᠢᠯᠡᠭᠳᠡᠯ ᠦᠭᠡᠢ  ᠪᠡᠷ ᠭᠠᠵᠠᠷ ᠪᠤᠯᠭᠠᠨ  ᠳᠤ ᠳᠠᠭᠤᠯᠠᠭᠳᠠᠨ ᠤᠳᠠᠭᠠᠨ ᠡᠳᠤᠷ  ᠵᠤᠵᠠᠭᠠᠨ ᠬᠤᠨᠤᠭ ᠵᠢᠡᠷ ᠲᠠᠮᠵᠢᠭᠳᠠᠨ ᠳᠦᠭᠡᠮᠡᠯᠵᠢᠳᠡᠭ ᠦᠪᠡᠷᠮᠢᠴᠠ ᠤᠨᠴᠠᠯᠢᠭ ᠰᠢᠨᠵᠢ ᠪᠠ ᠳᠠᠪᠠᠭᠤᠯᠢᠭ ᠳᠠᠯ᠎ᠠ ᠵᠢ ᠪᠦᠳᠦᠭᠡᠯᠴᠢ  ᠪᠡᠷ ᠠᠰᠢᠭᠯᠠᠵᠦ ᠂ ᠦᠪᠡᠷ  ᠣᠨ ᠰᠠᠨᠠᠭ᠎ᠠ ᠵᠤᠷᠢᠯᠳᠠ  ᠪᠠᠨ ᠬᠦᠮᠦᠰ  ᠲᠤ ᠤᠬᠠᠭᠤᠯᠤᠨ ᠰᠤᠷᠳᠠᠯᠴᠢᠯᠠᠵᠠᠢ ᠃

ᠮᠡᠷᠭᠡᠨ ᠭᠡᠭᠡᠨ ᠪᠠᠭᠠᠴᠤᠳ ᠭᠡᠦᠭᠡᠳ  ᠦᠳ   ᠲᠤ ᠰᠤᠷᠬᠤ ᠭᠢᠴᠢᠶᠡᠯ  ᠣᠨ ᠪᠢᠴᠢᠭ ᠵᠤᠬᠢᠶᠠᠨ ᠨᠠᠶᠢᠷᠠᠭᠤᠯᠬᠤ  ᠳᠠᠭᠠᠨ ᠠᠶᠠᠯᠭᠤ ᠭᠦᠭ᠍ ᠳᠠᠭᠠᠷᠠᠭᠤᠯᠵᠦ ᠰᠤᠷᠤᠭᠴᠢᠳ ᠣᠨ ᠰᠤᠷᠤᠯᠴᠠᠬᠤ ᠤᠷᠮ᠎ᠠ ᠪᠠᠬ᠎ᠠ ᠵᠢ ᠳᠠᠳᠠᠨ ᠂ ᠴᠡᠭᠡᠵᠢᠯᠡᠵᠦ ᠳᠤᠭᠳᠠᠭᠠᠬᠤ ᠤᠷ᠎ᠠ ᠴᠢᠳᠠᠪᠤᠷᠢ ᠵᠢ  ᠨᠢ ᠳᠡᠭᠡᠭᠰᠢᠯᠡᠭᠦᠯᠳᠡᠭ ᠪᠠ ᠪᠢᠴᠢᠭ ᠰᠤᠶᠤᠯ  ᠲᠠᠢ ᠬᠦᠮᠦᠰ  ᠲᠤ ᠤᠯᠠᠨ ᠵᠦᠢᠯ  ᠣᠨ ᠰᠤᠷᠭᠠᠯ ᠣᠨ ᠰᠢᠯᠦᠭ ᠂ ᠨᠡᠶᠢᠳᠡ ᠳᠠᠶᠠᠭᠠᠷ  ᠲᠤ ᠠᠶ᠎ᠠ ᠳ᠋ᠠᠩ  ᠲᠠᠢ ᠰᠤᠷᠭᠠᠯ ᠣᠨ ᠰᠢᠯᠦᠭ ︱ ᠰᠤᠷᠭᠠᠯ ᠣᠨ ᠳᠠᠭᠤᠤ ᠪᠤᠶᠤ ᠰᠢᠯᠦᠭ ᠳᠠᠭᠤᠤ ᠵᠤᠬᠢᠶᠠᠨ ᠦᠭᠴᠦ ᠡᠯ᠎ᠡ ᠲᠡᠰ ᠲᠠᠪᠬᠤᠷᠭ᠎ᠠ ᠵᠢᠨ ᠬᠦᠮᠦᠰ ᠣᠨ ᠰᠤᠶᠤᠯ ᠣᠨ ᠲᠦᠪᠰᠢᠨ ᠂ ᠠᠵᠢᠯ ᠮᠡᠷᠭᠡᠵᠢᠯ ᠣᠨ ᠭᠢᠨᠢ ᠤᠨᠴᠠᠯᠢᠭ ᠵᠡᠷᠭᠡ  ᠳᠤ ᠵᠤᠬᠢᠴᠠᠭᠤᠯᠤᠨ ᠤᠶᠤᠨ  ᠣ ᠪᠤᠯᠪᠠᠰᠤᠨ ᠣ ᠬᠦᠮᠦᠵᠢᠯ ᠭᠢᠳᠡᠭ ᠪᠠᠶᠢᠵᠠᠢ ᠃

ᠦᠨᠳᠦᠰᠦᠳᠡᠨ  ᠣ  ᠪᠠᠨ ᠭᠡᠭᠡᠷᠡᠯ ᠪᠤᠯᠪᠠᠰᠤᠷᠠᠯ ᠂ ᠰᠤᠶᠤᠯ ᠰᠤᠷᠭᠠᠨ ᠬᠦᠮᠦᠵᠢᠯ ᠣᠨ ᠤᠶᠢᠯᠡᠰ  ᠢ ᠭᠦᠭᠵᠢᠭᠦᠯᠵᠦ ᠂ ᠪᠦᠬᠦ ᠠᠷᠠᠳ  ᠣᠨ ᠰᠤᠶᠤᠯᠵᠢᠯ  ᠣᠨ ᠬᠢᠷᠢ ᠲᠦᠪᠰᠢᠨ ᠢ ᠳᠡᠭᠡᠭᠰᠢᠯᠡᠭᠦᠯᠭᠦ ᠶᠠᠪᠤᠳᠠᠯ  ᠢ ᠳᠤᠶᠢᠯ ᠣᠨ ᠭᠦᠨᠳᠤ ᠴᠢᠬᠤᠯᠠ ᠭᠡᠮᠡᠨ ᠶᠡᠭᠡᠪᠡᠷ ᠰᠤᠷᠳᠠᠯᠴᠢᠯᠠᠵᠦ ᠂ ᠡᠷᠳᠡᠮ  ᠮᠡᠳᠡᠯᠭᠡ ᠰᠤᠷᠴᠦ ᠡᠵᠡᠮᠰᠢᠭᠦ ᠵᠢᠨ ᠭᠦᠨ ᠭᠦᠨᠵᠡᠭᠡᠢ ᠠᠴᠢ ᠬᠤᠯᠪᠤᠭᠳᠠᠯ ᠢ ᠪᠦᠬᠦ ᠭᠦᠴᠦᠨ ᠵᠢᠡᠷ ᠵᠢᠡᠨ ᠤᠬᠠᠭᠤᠯᠤᠭᠰᠡᠨ  ᠨᠢ ᠮᠡᠷᠭᠡᠨ ᠭᠡᠭᠡᠨ  ᠣ ᠰᠢᠯᠦᠭ ᠳᠠᠭᠤᠤ ᠵᠢᠨ ᠦᠨᠳᠦᠰᠦᠨ ᠨᠢᠭᠡᠨ ᠰᠡᠳᠦᠪ ᠠᠭᠤᠯᠭ᠎ᠠ ᠮᠦᠨ ᠭᠡᠳᠡᠭ ᠢ ᠪᠤᠳᠠᠳᠠᠢ ᠵᠤᠬᠢᠶᠠᠯ ᠪᠦᠳᠦᠭᠡᠯ  ᠦᠳ   ᠨᠢ ᠪᠠᠳᠤᠯᠠᠨ ᠭᠡᠷᠡᠴᠢᠯᠡᠵᠤ ᠪᠤᠢ ᠃

ᠯᠠᠪᠯᠠᠭᠰᠠᠨ ᠮᠠᠲ᠋ᠸᠷᠢᠶᠠᠯ

ᠪᠠ᠊  ᠮᠦᠩᠬᠡ ᠄ ︽ ᠤᠷᠠᠳ ᠤᠨ ᠮᠡᠷᠭᠡᠨ ᠭᠡᠭᠡᠨ ᠤ ᠤᠳᠬ᠎ᠠ ᠰᠤᠶᠤᠯ ᠤᠨ ᠦᠢᠯᠡ ᠠᠵᠢᠯᠯᠠᠭᠠᠨ ᠤ ᠤᠯᠠᠮᠵᠢᠯᠠᠯ ᠰᠢᠨᠡᠴᠢᠯᠡᠯ ︾ ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠂ 2004 ᠤᠨ ᠃

ᠰ᠊  ᠭᠠᠯᠯᠤ ᠂ ᠭᠡ᠊  ᠵᠢᠷᠠᠨᠳᠠᠢ ᠄ ︽ ᠮᠡᠷᠭᠡᠨ ᠭᠡᠭᠡᠨ ᠯᠤᠪᠰᠠᠩᠳᠠᠮᠪᠢᠵᠠᠯᠰᠠᠨ ᠣ ᠭᠪᠤᠮ ᠵᠠᠷᠯᠢᠭ ᠬᠡᠮᠡᠭᠳᠡᠬᠦ ᠤᠷᠤᠰᠢᠪᠠ ︾ ᠂ ᠦᠨᠳᠦᠰᠦᠳᠡᠨ ᠣ ᠬᠡᠪᠯᠡᠯ ᠣᠨ ᠬᠤᠷᠢᠶ᠎ᠠ ᠂ 1986 ᠤᠨ ᠃

 

ᠠᠶᠠᠰ  ᠣᠨ ᠵᠠᠳᠠᠯᠤᠯᠳᠠ

 

ᠲᠤᠰ ᠲᠠᠭᠤᠤ ᠵᠢᠨ ᠠᠶ᠎ᠠ  ᠨᠢ ᠲᠡᠭᠡᠷ᠎ᠡ ᠲᠤᠤᠷ᠎ᠠ ᠬᠤᠶᠠᠷ ᠬᠦᠭᠵᠢᠮ ᠤᠨ ᠦᠭᠦᠯᠡᠪᠤᠷᠢ ᠪᠠᠷ ᠪᠦᠷᠢᠯᠳᠤᠵᠤ ᠂ ᠡᠨᠡ  ᠬᠤᠶᠠᠷ ᠬᠦᠭᠵᠢᠮ ᠤᠨ ᠦᠭᠦᠯᠡᠪᠦᠷᠢ  ᠨᠢ ᠠᠳᠠᠯᠢ ᠨᠢᠭᠡᠨ ᠬᠦᠭᠵᠢᠮ ᠤᠨ ᠮᠠᠲ᠋ᠸᠷᠢᠶᠠᠯ  ᠤᠨ ᠬᠤᠪᠢᠷᠠᠭᠠᠯ ᠲᠠᠪᠳᠠᠯᠳᠠ ᠪᠤᠯᠤᠨ᠎ᠠ ᠃ ᠬᠤᠶᠠᠷ ᠬᠦᠭᠵᠢᠮ ᠤᠨ ᠦᠭᠦᠯᠡᠪᠦᠷᠢ  ᠨᠢ ᠲᠤᠰ ᠪᠦᠷᠢ ᠡᠮᠦᠨ᠎ᠡ  ᠬᠤᠶᠢᠨ᠎ᠠ ᠬᠤᠶᠠᠷ ᠬᠦᠭᠵᠢᠮ ᠤᠨ ᠲᠠᠰᠤᠯᠪᠤᠷᠢ  ᠪᠡᠷ ᠪᠦᠷᠢᠯᠳᠦᠵᠤ ᠂ ᠡᠮᠦᠨᠡᠬᠢ  ᠲᠠᠰᠤᠯᠪᠤᠷᠢ  ᠨᠢ ᠪᠤᠳᠠᠳᠤ ᠦᠭᠡ  ᠲᠠᠢ ᠵᠤᠬᠢᠴᠠᠵᠤ ᠂ ᠬᠤᠶᠢᠨᠠᠬᠢ ᠲᠠᠰᠤᠯᠪᠤᠷᠢ  ᠨᠢ ︽ ᠠ ᠂ ᠡ ᠂ ᠢ ︾ ᠂ ︽ ᠤ ᠂ ᠤ ᠂ ᠥ ᠂ ᠦ᠋ ︾ ᠵᠡᠷᠭᠡ ᠲᠤᠯᠤᠭᠠᠨ ᠡᠭᠡᠰᠢᠭ  ᠠᠪᠢᠶ᠎ᠠ  ᠲᠠᠢ ᠵᠤᠬᠢᠴᠠᠵᠤ ᠂ ᠡᠳᠡᠭᠡᠷ   ᠨᠢ ᠲᠠᠭᠠᠯᠳᠤᠪᠤᠷᠢ ᠦᠭᠡᠰ  ᠢᠶᠡᠷ  ᠬᠡᠷᠡᠭᠯᠡᠭᠳᠡᠵᠤ ᠂ ᠪᠠᠳᠠᠭ ᠪᠦᠷᠢ  ᠳᠤ ᠲᠠᠪᠳᠠᠭᠳᠠᠨ ᠢᠯᠡᠷᠡᠭᠰᠡᠨ ᠪᠠᠶᠢᠨ᠎ᠠ ᠃ ᠡᠮᠦᠨᠡᠬᠢ  ᠲᠠᠰᠤᠯᠪᠤᠷᠢ  ᠨᠢ ᠲᠡᠭᠡᠷ᠎ᠡ ᠪᠠᠶᠢᠷᠢ ᠵᠢᠨ ᠭᠤᠤᠯ ᠲᠠᠭᠤᠨ  ᠳᠤ ᠤᠷᠤᠭᠰᠢᠯᠠᠨ ᠬᠦᠷᠴᠤ ᠂ ᠬᠤᠶᠢᠨᠠᠬᠢ ᠲᠠᠰᠤᠯᠪᠤᠷᠢ  ᠨᠢ ᠬᠠᠷᠢᠨ ᠲᠤᠤᠷ᠎ᠠ ᠪᠠᠶᠢᠷᠢ ᠵᠢᠨ ᠭᠤᠤᠯ ᠲᠠᠭᠤᠨ  ᠳᠤ ᠡᠷᠭᠢᠨ  ᠪᠠᠭᠤᠵᠤ ᠂ ᠬᠤᠶᠠᠭᠤᠯᠠ ᠲᠠᠭᠤᠨ ᠤ ᠦᠨᠳᠦᠷᠴᠡ ᠂ ᠠᠶᠠᠰ ᠤᠨ ᠴᠢᠭᠯᠡᠯ ᠶᠠᠪᠤᠭᠳᠠᠴᠠ ᠵᠡᠷᠭᠡ ᠲᠠᠯ᠎ᠠ  ᠪᠡᠷ ᠬᠠᠷᠢᠴᠠᠭᠤᠯᠤᠯ ᠪᠤᠯᠤᠭᠰᠠᠨ ᠪᠠᠶᠢᠨ᠎ᠠ ᠃

 

ᠳᠠᠭᠤᠤ ᠵᠢᠨ ᠦᠭᠡ

 

ᠠ ᠵᠢᠨ ᠳᠤᠯᠤᠭᠠᠨ ᠡᠭᠡᠰᠢᠭ ᠪᠤᠯ ᠠ ᠡ ᠢ

ᠠᠶᠠᠯᠭᠤ ᠪᠦᠭᠦᠨ  ᠣ ᠤᠨᠢᠰᠤ ᠤ ᠤ ᠥ ᠥ

ᠠᠩᠬᠠᠷᠴᠦ ᠭᠢᠨᠠᠵᠦ ᠦᠵᠡᠪᠡᠯ ᠠ ᠡ ᠢ

ᠠᠭᠤᠤ ᠭᠦᠨ ᠤᠳᠬ᠎ᠠ  ᠲᠠᠢ ᠤ ᠤ ᠥ ᠥ

 

ᠪᠢᠴᠢᠭ ᠡᠷᠳᠡᠮ  ᠢ ᠰᠤᠷᠬᠤ  ᠪᠡᠷ ᠠ ᠡ ᠢ

ᠪᠢᠳᠡ ᠪᠦᠬᠦᠨ ᠴᠢᠷᠮᠠᠶᠢᠶ᠎ᠠ ᠤ ᠤ ᠥ ᠥ

ᠪᠢᠲᠡᠭᠦᠦ ᠮᠤᠨᠭ᠍ᠬᠠᠭ ᠤᠨ ᠤᠶᠤᠨ ᠠ ᠡ ᠢ

ᠪᠢᠯᠢᠭ ᠤᠬᠠᠭᠠᠨ ᠦ ᠨᠠᠬᠢᠶ᠎ᠠ ᠤ ᠤ ᠥ ᠥ

 

ᠬᠤᠭᠤᠷ ᠬᠦᠭᠵᠢᠮ ᠡᠭᠦᠰᠭᠡᠵᠤ ᠠ ᠡ ᠢ

ᠬᠤᠯᠪᠤᠭ᠎ᠠ ᠰᠢᠯᠦᠭ ᠬᠦᠭᠵᠢᠭᠡᠶ᠎ᠡ ᠤ ᠤ ᠥ ᠥ

ᠬᠤᠲᠠᠯᠠ ᠤᠯᠠᠨ ᠢᠶᠠᠷ ᠨᠠᠶᠢᠷᠯᠠᠵᠤ ᠠ ᠡ ᠢ

ᠬᠤᠪᠢ  ᠲᠠᠢ ᠴᠡᠨᠭᠬᠡᠨ ᠵᠢᠷᠭᠠᠶ᠎ᠠ ᠤ ᠤ ᠥ ᠥ

 

ᠠᠯᠠᠭ ᠮᠤᠷᠢᠨ ᠦ ᠬᠢᠯᠭᠠᠰᠤ ᠪᠢᠵᠡ ᠠ ᠡ ᠢ

ᠠᠷᠪᠠᠨ ᠬᠤᠷᠤᠭᠤᠨ ᠦ ᠠᠶᠠᠰ ᠪᠢᠵᠡ ᠤ ᠤ ᠥ ᠥ

ᠬᠤᠯᠠ ᠮᠤᠷᠢᠨ ᠦ ᠬᠢᠯᠭᠠᠰᠤ ᠪᠢᠵᠡ ᠠ ᠡ ᠢ

ᠬᠤᠶᠠᠷ ᠭᠠᠷ ᠤᠨ ᠬᠦᠭ ᠪᠢᠵᠡ ᠤ ᠤ ᠥ ᠥ

 

ᠤᠨᠠᠭᠰᠠᠨ ᠰᠢᠷᠦᠢ ᠠᠯᠲᠠ ᠪᠢᠵᠡ ᠠ ᠡ ᠢ

ᠤᠤᠭᠤᠭᠰᠠᠨ ᠤᠰᠤ ᠷᠠᠰᠢᠶᠠᠨ ᠪᠢᠵᠡ ᠤ ᠤ ᠥ ᠥ

ᠠᠭᠤᠯᠵᠠᠭᠰᠠᠨ ᠮᠠᠨ ᠦ ᠢᠷᠦᠭᠡᠯ ᠪᠢᠵᠡ ᠠ ᠡ ᠢ

ᠤᠯᠠᠮ ᠬᠤᠶᠢᠰᠢ ᠶᠢᠨ ᠵᠢᠷᠭᠠᠯ ᠪᠢᠵᠡ ᠤ ᠤ ᠥ ᠥ

 

ᠲᠠᠭᠤᠤ ᠵᠢᠨ ᠨᠤᠲ

 

1 2

VCD ᠪᠢᠴᠢᠯᠭᠡ ︱ ︽ ᠠ ᠵᠢᠨ ᠳᠤᠯᠤᠭᠠᠨ ᠡᠭᠡᠰᠢᠭ ︾

MP3 ᠪᠢᠴᠢᠯᠭᠡ ︱ ︽ ᠠ ᠵᠢᠨ ᠳᠤᠯᠤᠭᠠᠨ ᠡᠭᠡᠰᠢᠭ ︾

ᠬᠠᠪᠰᠤᠷᠭᠠᠯ ᠭᠦᠭᠵᠢᠮ ︱ ︽ ᠠ ᠵᠢᠨ ᠳᠤᠯᠤᠭᠠᠨ ᠡᠭᠡᠰᠢᠭ ︾

ᠰᠢᠭᠦᠮᠵᠢ ᠦᠯᠡᠳᠡᠭᠡᠬᠦ