• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠᠮᠤᠷ ᠢ  ᠴᠢᠨᠢ ᠠᠰᠠᠭᠤᠶ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   41
 • ᠄   0
 • ᠄   0
 • ᠄  1

︽ ᠠᠮᠤᠷ  ᠢ  ᠴᠢᠨᠢ ᠠᠰᠠᠭᠤᠶ᠎ᠠ ︾ ᠭᠡᠳᠡᠭ ᠤᠷᠠᠳ ᠠᠷᠠᠳ  ᠤᠨ ᠳᠠᠭᠤᠤ ᠪᠤᠯ ᠰᠢᠨ᠎ᠡ ᠵᠢᠨ ᠮᠡᠨᠳᠦᠴᠢᠯᠡᠯ  ᠤᠨ ᠳᠠᠭᠤᠤ ᠪᠤᠯᠤᠨ᠎ᠠ ᠃ ᠲᠤᠰ ᠳᠠᠭᠤᠤ ᠵᠢᠨ ᠬᠡᠪ ᠨᠠᠮᠪᠠ  ᠨᠢ ᠬᠦᠩᠭᠡᠨ ᠴᠤᠪᠤᠭᠤᠯᠢᠭ ᠳᠡᠭᠵᠢᠨ ᠲᠤᠳᠤᠨᠤ ᠪᠠᠶᠢᠵᠤ ᠂ ᠤᠷᠠᠳᠴᠤᠳ  ᠤᠨ ᠵᠤᠴᠢᠷᠬᠠᠭ ᠬᠠᠯᠠᠭᠤᠮᠰᠤᠭ ᠵᠠᠩ ᠰᠡᠳᠭᠢᠯᠬᠡ ᠵᠢ ᠠᠮᠢᠳᠤᠯᠢᠭ ᠢᠯᠡᠳᠭᠡᠭᠰᠡᠨ ᠪᠠᠶᠢᠨ᠎ᠠ ᠃

 

ᠨᠢᠭᠡ ᠂ ᠤᠷᠠᠳᠴᠤᠳ  ᠤᠨ ᠰᠢᠨᠡᠯᠡᠬᠦ ᠶᠤᠰᠤᠨ

 

ᠤᠷᠠᠳᠴᠤᠳ  ᠤᠨ ᠰᠢᠨᠡᠯᠡᠬᠦ ᠶᠤᠰᠤᠨ  ᠨᠢ ᠭᠠᠯ  ᠤᠨ ᠲᠠᠬᠢᠯᠭ᠎ᠠ ᠂ ᠪᠢᠳᠡᠭᠦᠯᠡᠬᠦ ᠪᠠ ᠰᠢᠨᠡᠯᠡᠬᠦ ᠮᠡᠲᠦ ᠵᠢᠨ ᠭᠤᠷᠪᠠᠨ ᠱᠠᠲᠤ  ᠪᠡᠷ ᠪᠦᠷᠢᠯᠳᠦᠭᠰᠡᠨ ᠪᠠᠶᠢᠨ᠎ᠠ ᠃

︵ ᠨᠢᠭᠡ ︶ ᠭᠠᠯ  ᠤᠨ ᠲᠠᠬᠢᠯᠭ᠎ᠠ

ᠤᠷᠠᠳᠴᠤᠳ ᠭᠦᠭᠡᠭᠡ ᠰᠠᠷ᠎ᠠ ᠤᠷᠤᠩᠭᠤᠳᠠ ᠬᠤᠷᠢᠮ ᠬᠤᠢ ᠭᠡᠲᠡᠯ᠎ᠡ ᠰᠢᠨ᠎ᠡ ᠬᠠᠭᠤᠴᠢᠨ ᠭᠡᠳ ᠵᠦᠭ ᠵᠦᠭ  ᠲᠡᠭᠡᠨ ᠶᠠᠭᠠᠷᠠᠯᠳᠤᠵᠤ ᠡᠬᠢᠯᠡᠳᠡᠭ  ᠃ ᠭᠠᠯ  ᠤᠨ ᠲᠠᠬᠢᠯᠭ᠎ᠠ ᠵᠢᠨ ᠡᠳᠦᠷ  ᠪᠤᠯᠤᠮᠠᠭᠴᠠ ᠤᠷᠠᠳᠴᠤᠳ ᠤᠲᠤᠭ᠎ᠠ ᠲᠤᠭᠤᠰᠤ ᠂ ᠲᠤᠯᠭ᠎ᠠ ᠭᠤᠯᠤᠮᠲᠠ  ᠪᠠᠨ ᠱᠦᠭᠦᠷᠳᠡᠨ ᠴᠡᠪᠡᠷᠯᠡᠭᠡᠳ ᠭᠠᠯ ᠭᠤᠯᠤᠮᠲᠠ  ᠪᠠᠨ ᠲᠠᠬᠢᠵᠦ ᠰᠢᠨᠡᠯᠡᠬᠦ ᠵᠢᠨ ᠠᠩᠬᠠᠨ  ᠤ ᠱᠠᠲᠤᠨ  ᠳᠠᠭᠠᠨ ᠤᠷᠤᠳᠠᠭ ᠃

ᠭᠦᠭᠡᠭᠡ ᠰᠠᠷ᠎ᠠ ᠵᠢᠨ ᠬᠤᠷᠢᠨ ᠭᠤᠷᠪᠠᠨ  ᠳᠤ ᠭᠠᠯ  ᠤᠨ ᠪᠤᠷᠬᠠᠨ ᠲᠡᠭᠷᠢ  ᠳᠡᠭᠡᠨ ᠪᠤᠴᠠᠬᠤ ᠶᠤᠮ ᠭᠡᠳᠡᠭ ᠃ ᠡᠶᠢᠮᠦ  ᠡᠴᠠ ᠤᠷᠠᠳᠴᠤᠳ ᠲᠤᠰ ᠡᠳᠦᠷ  ᠭᠠᠯ  ᠢᠶᠡᠨ  ᠲᠠᠬᠢᠵᠦ ᠭᠠᠯ  ᠤᠨ ᠪᠤᠷᠬᠠᠨ  ᠢᠶᠡᠨ  ᠦᠳᠡᠨ ᠮᠤᠷᠳᠠᠭᠤᠯᠳᠠᠭ ᠃ ᠭᠡᠬᠦ  ᠳᠡᠭᠡᠨ ᠭᠠᠯ  ᠤᠨ ᠪᠤᠷᠬᠠᠨ  ᠢ ᠲᠡᠨᠳᠡ ᠤᠴᠢᠭᠠᠳ ᠬᠦᠮᠦᠨ  ᠤ ᠤᠷᠴᠢᠯᠠᠩ  ᠤᠨ ᠰᠠᠶᠢᠨ ᠰᠠᠶᠢᠬᠠᠨ ᠪᠠᠶᠢᠭ᠎ᠠ ᠵᠢ ᠠᠶᠢᠯᠠᠳᠬᠠᠵᠦ ᠪᠤᠰᠤᠳ ᠮᠠᠭᠤ ᠵᠢ  ᠨᠢ ᠪᠤᠤ ᠬᠡᠯᠡ ᠂ ᠠᠶᠢᠯ ᠠᠷᠦᠬᠡ ᠵᠢᠨ  ᠮᠢᠨᠢ ᠭᠠᠯ ᠭᠤᠯᠤᠮᠲᠠ ᠵᠢ ᠦᠭᠡᠳᠡᠯᠡᠭᠦᠯᠦᠨ ᠦᠷᠨᠢᠭᠦᠯᠬᠦ ᠪᠤᠯᠪᠠᠤ ᠭᠡᠮᠡᠨ ᠰᠦᠰᠦᠭᠯᠡᠨ ᠲᠠᠭᠠᠳᠬᠠᠳᠠᠭ ᠃ ᠡᠭᠦᠨ   ᠢ ᠤᠷᠠᠳᠴᠤᠳ ᠭᠠᠯ  ᠤᠨ ᠲᠠᠬᠢᠯᠭ᠎ᠠ ᠭᠡᠳᠡᠭ ᠃

ᠭᠡᠪᠡᠴᠦ ᠤᠷᠠᠳᠴᠤᠳ  ᠤᠨ ᠠᠶᠢᠯ ᠪᠦᠬᠦᠨ ᠭᠦᠭᠡᠭᠡ ᠰᠠᠷ᠎ᠠ ᠵᠢᠨ ᠬᠤᠷᠢᠨ ᠭᠤᠷᠪᠠᠨ ᠳ᠋ᠥ ᠭᠠᠯ  ᠤᠨ ᠲᠠᠬᠢᠯᠭ᠎ᠠ ᠬᠢᠬᠦ ᠪᠢᠰᠢ ᠃ ᠬᠠᠷᠠᠴᠦ ᠬᠦᠮᠦᠨ ᠬᠤᠷᠢᠨ ᠭᠤᠷᠪᠠᠨ ᠳ᠋ᠥ ᠲᠠᠬᠢᠵᠦ ᠂ ᠲᠠᠶᠢᠵᠢ ᠬᠦᠮᠦᠨ ᠬᠤᠷᠢᠨ ᠳᠦᠷᠪᠡᠨ ᠳ᠋ᠥ ᠲᠠᠬᠢᠳᠠᠭ ᠃

ᠭᠠᠯ  ᠤᠨ ᠲᠠᠬᠢᠯᠭ᠎ᠠ ᠳ᠋ᠥ ᠪᠦᠬᠦᠯᠢ ᠬᠤᠨᠢ ᠂ ᠡᠪᠴᠢᠭᠦᠤ ᠬᠡᠷᠡᠭᠯᠡᠵᠦ ᠴᠢᠨᠠᠭᠰᠠᠨ ᠱᠦᠯᠦᠨ  ᠳᠤᠨᠢ ᠲᠤᠲᠤᠷᠭ᠎ᠠ ᠪᠤᠶᠤ ᠰᠢᠷ᠎ᠠ ᠪᠤᠳᠠᠭ᠎ᠠ ︵ ᠮᠤᠩᠭᠤᠯ ᠠᠮᠦ ︶ ᠵᠢ ᠴᠢᠪᠠᠭ᠎ᠠ ᠂ ᠦᠵᠦᠮ  ᠲᠠᠢ ᠬᠠᠮᠲᠦ ᠴᠢᠨᠠᠭᠠᠳ ᠠᠭᠰᠢᠭᠠᠳ ᠢᠷᠡᠬᠦ  ᠳᠤᠨᠢ ᠠᠭᠤᠳᠠᠯᠤᠨ ᠭᠠᠷᠭᠠᠵᠦ ᠠᠮᠤᠰᠤ ᠬᠢᠳᠡᠭ ᠃ ᠡᠨᠡ  ᠪᠤᠳᠠᠭ᠎ᠠ ᠵᠢ ᠭᠠᠯ  ᠤᠨ ᠪᠤᠳᠠᠭ᠎ᠠ ᠭᠡᠨ᠎ᠡ ᠃ ᠭᠠᠯ ᠲᠠᠬᠢᠬᠤ ᠦᠶ᠎ᠡ ᠳ᠋ᠥ ᠲᠤᠰᠬᠠᠢ ᠨᠤᠮ ᠤᠩᠰᠢᠭᠴᠢ ᠵᠢ ᠵᠠᠯᠠᠵᠦ ︽ ᠭᠠᠯ  ᠤᠨ ᠰᠠᠩ ︾ ᠭᠡᠮᠡᠬᠦ ᠰᠤᠳᠤᠷ  ᠢ ᠤᠩᠰᠢᠵᠦ ᠂ ᠭᠠᠯ  ᠤᠨ ᠲᠦᠯᠦ ᠤᠯᠠᠮ ᠶᠡᠬᠡᠰᠬᠦ ᠦᠶ᠎ᠡ ᠨᠤᠮ ᠤᠩᠰᠢᠭᠴᠢ ᠡᠴᠠ ︽ ᠭᠠᠯ  ᠤᠨ ᠢᠷᠦᠭᠡᠯ ︾ ᠤᠩᠰᠢᠳᠠᠭ ᠃ ᠢᠩᠭᠢᠵᠦ ᠪᠠᠷᠠᠭᠰᠠᠨ  ᠤ ᠳᠠᠷᠠᠭ᠎ᠠ ᠳᠠᠯᠠᠯᠭ᠎ᠠ ᠠᠪᠬᠤ ᠶᠤᠰᠤ ᠡᠭᠦᠰᠬᠡᠵᠦ  ᠭᠠᠯ  ᠤᠨ ᠲᠠᠬᠢᠯᠭ᠎ᠠ ᠵᠢᠨ ᠨᠠᠶᠢᠷ  ᠤᠨ ᠰᠢᠷᠡᠭᠡ ᠵᠠᠰᠠᠵᠦ ︽ ᠭᠤᠷᠪᠠᠨ ᠪᠤᠶᠠᠨ ︾ ︽ ᠭᠤᠷᠪᠠᠨ ᠢᠷᠦᠭᠡᠯ ︾ ᠮᠡᠳᠦ ᠵᠢᠨ ᠰᠢᠯᠦᠭ ᠳᠠᠭᠤᠤ ᠳᠠᠭᠤᠯᠠᠵᠦ ᠨᠠᠶᠢᠷᠯᠠᠳᠠᠭ ᠪᠦᠭᠡᠳ ᠨᠠᠶᠢᠷ  ᠤᠨ ᠳᠠᠷᠠᠭ᠎ᠠ ᠠᠶᠢᠯ ᠠᠶᠢᠮᠠᠭ  ᠲᠠᠭᠠᠨ ᠭᠠᠯ  ᠤᠨ ᠪᠤᠳᠠᠭ᠎ᠠ ᠂ ᠭᠠᠯ  ᠤᠨ ᠬᠡᠰᠢᠭ ᠬᠦᠷᠭᠡᠵᠦ ᠶᠠᠭᠠᠷᠠᠯᠳᠤᠳᠠᠭ ᠃ ᠡᠨᠳᠡ  ᠬᠦᠷᠦᠭᠡᠳ ᠭᠠᠯ  ᠤᠨ ᠲᠠᠬᠢᠯᠭ᠎ᠠ ᠵᠢᠨ ᠪᠦᠬᠦᠶᠢᠯᠡ ᠶᠠᠪᠦᠴᠠ ᠦᠨᠳᠦᠰᠦᠨ  ᠳᠡᠭᠡᠨ ᠲᠠᠭᠤᠰᠳᠠᠭ ᠃

︵ ᠬᠤᠶᠠᠷ ︶ ᠪᠢᠲᠡᠭᠦᠯᠡᠬᠦ

ᠤᠷᠠᠳᠴᠤᠳ ᠭᠦᠭᠡᠭᠡ ᠰᠠᠷ᠎ᠠ ᠬᠡᠷᠪᠡ ᠭᠤᠴᠢᠨ ᠡᠳᠦᠷ  ᠢᠶᠡᠷ  ᠳᠠᠭᠤᠰᠪᠠᠯ ᠲᠠᠭᠦᠨ  ᠢ ᠪᠢᠲᠡᠭᠦᠤ ᠭᠡᠵᠦ ᠂ ᠨᠢᠭᠡ ᠡᠳᠦᠷ  ᠳᠤᠲᠠᠭᠤ ᠪᠤᠯ ᠲᠠᠰᠤᠷᠬᠠᠢ ᠬᠤᠷᠢ ᠶᠢᠰᠦ ᠭᠡᠳᠡᠭ ᠃

ᠪᠢᠲᠡᠭᠦᠨ ᠪᠤᠯᠤᠮᠠᠭᠴᠠ ᠠᠶᠢᠯ ᠪᠦᠷᠢ ᠪᠢᠲᠡᠭᠦᠨ ᠳ᠋ᠥ ᠬᠡᠷᠡᠭᠰᠡᠬᠦ ᠪᠠ ᠰᠢᠨ᠎ᠡ ᠵᠢᠨ ᠨᠢᠭᠡᠨ ᠳ᠋ᠥ ᠬᠡᠷᠡᠭᠰᠡᠬᠦ ᠵᠤᠶᠢᠯ  ᠢᠶᠡᠨ  ᠨᠢᠭᠡᠳ ᠨᠢᠭᠡ  ᠪᠠᠷ ᠪᠠᠵᠠᠭᠠᠨ ᠲᠠᠯᠪᠢᠳᠠᠭ ᠃ ᠪᠢᠲᠡᠭᠦᠨ  ᠤ ᠡᠳᠦᠷ  ᠭᠡᠷ  ᠤᠨ ᠡᠮᠦᠨ᠎ᠡ  ᠬᠤᠷᠢ ᠭᠤᠴᠢᠨ ᠠᠯᠬᠤᠮ ᠵᠠᠶᠢᠲᠠᠢ ᠦᠨᠳᠦᠷᠭᠡᠨ ᠭᠠᠵᠠᠷ  ᠲᠤ ᠰᠢᠨ᠎ᠡ ᠵᠢᠨ ᠨᠢᠭᠡᠨ  ᠤ ᠦᠷᠯᠦᠭᠡ ᠲᠡᠭᠷᠢ ᠳ᠋ᠥ ᠮᠦᠷᠭᠦᠭᠦ ᠲᠠᠯᠠᠪᠠᠢ ᠪᠡᠯᠡᠳᠭᠡᠵᠦ ᠱᠦᠭᠦᠷᠳᠡᠨ ᠴᠡᠪᠡᠷᠯᠡᠵᠦ ᠂ ᠲᠠᠪᠤᠨ ᠤᠪᠤᠭ᠎ᠠ ᠡᠯᠡᠰᠦ  ᠴᠢᠳᠬᠤᠭᠠᠳ ᠲᠡᠭᠦᠨ  ᠤ ᠡᠮᠦᠨ᠎ᠡ   ᠨᠢ ᠭᠠᠯ ᠨᠤᠴᠤᠭᠠᠬᠤ ᠳ᠋ᠥ ᠬᠡᠷᠡᠭᠰᠡᠬᠦ ᠲᠦᠯᠡᠰᠢ ᠤᠪᠤᠭᠠᠯᠠᠨ᠎ᠠ ᠃ ᠪᠢᠲᠡᠭᠦᠨ  ᠢ ᠪᠢᠲᠡᠭᠦᠤ ᠬᠤᠭᠤᠯᠠ  ᠪᠠᠷ ᠪᠢᠲᠡᠭᠦᠯᠡᠨ᠎ᠡ ᠭᠡᠮᠡᠵᠦ ᠪᠠᠩᠰᠢ ᠪᠤᠤᠵᠠ ᠬᠠᠩᠭᠠᠮᠵᠢᠲᠠᠢ ᠪᠠᠵᠠᠭᠠᠳᠠᠭ  ᠢᠶᠡᠷ  ᠪᠠᠷᠠᠬᠤ ᠦᠭᠡᠢ ᠂ ᠰᠢᠨ᠎ᠡ ᠵᠢᠨ ᠨᠢᠭᠡᠨ  ᠤ ᠬᠤᠭᠤᠯᠠ ᠵᠢ ᠴᠦ ᠬᠦᠷᠤᠯᠴᠡᠭᠡᠲᠠᠢ ᠪᠡᠯᠡᠳᠭᠡᠨ ᠲᠠᠯᠪᠢᠳᠠᠭ ᠃

ᠡᠨᠡ  ᠪᠦᠬᠦᠨ  ᠢ ᠪᠡᠯᠡᠳᠭᠡᠵᠦ ᠦᠳᠡ ᠪᠤᠯᠬᠤ ᠦᠶ᠎ᠡ  ᠪᠠᠷ ᠪᠤᠷᠬᠠᠨ  ᠤ ᠡᠮᠦᠨ᠎ᠡ  ᠲᠠᠯᠪᠢᠭᠠᠰᠤᠲᠠᠢ ᠲᠠᠬᠢᠯ ᠪᠦᠬᠦᠨ ᠳ᠋ᠥ ᠵᠤᠯᠠ ᠠᠰᠠᠭᠠᠵᠦ ᠂ ᠰᠠᠩ ᠲᠠᠯᠪᠢᠭᠠᠳ ᠪᠦᠬᠦ ᠭᠡᠷ  ᠤᠨ ᠬᠦᠮᠦᠰ ᠭᠤᠷᠪᠠᠨᠳᠠ ᠮᠦᠷᠭᠦᠳᠡᠭ ᠃

ᠪᠢᠲᠡᠭᠦᠨ  ᠤ ᠤᠷᠤᠢ ᠠᠶᠢᠯ ᠪᠤᠯᠭᠠᠨ ᠮᠠᠯ ᠰᠦᠷᠤᠭ  ᠢᠶᠡᠨ  ᠬᠡᠬᠡᠵᠦ ᠤᠷᠬᠢᠯ ᠦᠭᠡᠢ ᠬᠤᠲᠠᠯᠠᠵᠦ ᠬᠤᠨᠤᠳᠠᠭ ᠃ ᠪᠦᠷᠦᠢ ᠪᠤᠯᠬᠤ  ᠲᠠᠢ ᠵᠡᠷᠭᠡ ᠭᠡᠷ ᠭᠠᠳᠠᠨ᠎ᠠ  ᠪᠠᠨ ᠪᠦᠷ ᠳ᠋ᠧᠩ ᠵᠤᠯᠠ ᠠᠰᠠᠭᠠᠵᠦ ᠂ ᠪᠢᠲᠡᠭᠦᠨ  ᠤ ᠰᠦᠨᠢ ᠬᠠᠷᠠᠩᠭᠤᠢ ᠰᠠᠭᠤᠬᠤ ᠵᠢ ᠴᠡᠭᠡᠷᠯᠡᠳᠡᠭ ᠃

︵ ᠭᠤᠷᠪᠠ ︶ ᠰᠢᠨᠡᠯᠡᠬᠦ

ᠰᠢᠨ᠎ᠡ ᠵᠢᠨ ᠨᠢᠭᠡᠨ  ᠤ ᠦᠷᠯᠦᠭᠡ ᠠᠯᠠᠭ᠎ᠠ ᠵᠢᠨ ᠵᠢᠷᠤᠭᠠᠰᠤ ᠵᠢ ᠦᠵᠡᠭᠳᠡᠬᠦ ᠦᠶ᠎ᠡ  ᠪᠠᠷ ᠬᠦᠮᠦᠨ ᠪᠦᠬᠦᠨ ᠰᠢᠨ᠎ᠡ ᠬᠤᠪᠴᠠᠰᠦ ᠡᠮᠦᠰᠴᠦ  ᠂ ᠡᠷᠭᠦᠯ  ᠳ᠋ᠥ ᠬᠡᠷᠡᠭᠯᠡᠬᠦ ᠢᠳᠡᠭᠡᠨ ᠤᠮᠳᠠᠭᠠᠨ  ᠢᠶᠡᠨ  ᠤᠷᠬᠢᠯ ᠦᠭᠡᠢ  ᠪᠠᠷ ᠨᠢᠭᠡᠨᠲᠡ ᠪᠡᠯᠡᠳᠭᠡᠨ ᠲᠡᠭᠡᠭᠡᠳ ᠤᠪᠤᠭᠠᠯᠠᠵᠦ ᠲᠠᠯᠪᠢᠭᠰᠠᠨ ᠲᠦᠯᠡᠭᠡ  ᠪᠠᠨ ᠨᠤᠴᠤᠭᠠᠵᠦ ᠂ ᠭᠠᠯ  ᠢᠶᠡᠨ  ᠲᠦᠷᠡᠯᠵᠡᠭᠦᠯᠦᠨ ᠭᠠᠯ  ᠳᠠᠭᠠᠨ ᠡᠷᠭᠦᠯ  ᠲᠠᠯᠪᠢᠭᠰᠠᠨ ᠲᠡᠭᠷᠢ ᠳᠥ ᠮᠦᠷᠭᠦᠬᠦ ᠭᠠᠵᠠᠷ  ᠲᠠᠭᠠᠨ ᠠᠪᠴᠦ ᠤᠴᠢᠭᠠᠳ ᠰᠢᠷᠡᠭᠡᠨ ᠳᠡᠭᠡᠷ᠎ᠡ ᠵᠡᠷᠭᠡᠯᠡᠨ ᠲᠠᠯᠪᠢᠳᠠᠭ ᠃ ᠲᠡᠭᠡᠭᠡᠳ ᠤᠪᠤᠭᠠᠯᠠᠵᠦ ᠲᠠᠯᠪᠢᠭᠰᠠᠨ ᠲᠦᠯᠡᠭᠡ  ᠪᠠᠨ ᠨᠤᠴᠤᠭᠠᠵᠦ ᠂ ᠭᠠᠯ  ᠢᠶᠡᠨ  ᠲᠦᠷᠡᠯᠵᠡᠭᠦᠯᠦᠨ ᠭᠠᠯ  ᠳᠠᠭᠠᠨ ᠡᠷᠭᠦᠯ   ᠤᠨ ᠢᠳᠡᠭᠡᠨ ᠤᠮᠳᠠᠭᠠᠨ  ᠢᠶᠡᠨ  ᠬᠠᠷᠠᠮ ᠦᠭᠡᠢ ᠡᠷᠭᠦᠵᠦ  ᠂ ᠠᠬᠠᠮᠠᠳ ᠨᠠᠰᠦᠳᠠᠨ ᠡᠴᠠ ᠲᠡᠷᠢᠭᠦᠯᠦᠨ ᠭᠠᠯ  ᠢᠶᠡᠨ  ᠵᠦᠪ  ᠢᠶᠡᠷ  ᠭᠤᠷᠪᠠ ᠡᠷᠭᠢᠵᠦ  ᠰᠦᠭᠦᠳᠦᠨ ᠮᠦᠷᠭᠦᠳᠡᠭ ᠃ ᠡᠨᠡ   ᠨᠢ ᠲᠡᠭᠷᠢ ᠳ᠋ᠥ ᠮᠦᠷᠭᠦᠵᠦ ᠪᠠᠶᠢᠭ᠎ᠠ ᠠᠵᠢ ᠃ ᠡᠨᠡ  ᠦᠶ᠎ᠡ ᠪᠦᠳᠦᠭᠦᠨ ᠫᠤᠤᠵᠠᠩ ᠂ ᠵᠡᠯ᠎ᠡ ᠫᠤᠤᠵᠠᠩ ᠫᠠᠷᠴᠢᠭᠢᠨᠠᠵᠦ ᠬᠡᠤᠬᠡᠳ ᠪᠠᠭᠠᠴᠤᠳ ᠬᠦᠭᠡᠷᠴᠦ ᠫᠤᠤᠵᠠᠩ ᠲᠠᠯᠪᠢᠵᠦ ᠨᠠᠷᠭᠢᠨ ᠱᠤᠤᠭᠢᠯᠳᠤᠳᠠᠭ ᠃

ᠲᠡᠭᠷᠢ ᠳ᠋ᠥ ᠮᠦᠷᠭᠦᠵᠦ ᠪᠠᠷᠠᠭᠰᠠᠨ  ᠤ ᠳᠠᠷᠠᠭ᠎ᠠ ᠴᠤᠭᠭᠠᠷ ᠭᠡᠷ  ᠲᠡᠭᠡᠨ ᠤᠷᠤᠵᠦ ᠰᠢᠲᠦᠭᠡᠨ ᠪᠤᠷᠬᠠᠨ  ᠳᠠᠭᠠᠨ ᠭᠤᠷᠪᠠᠨᠳᠠ ᠮᠦᠷᠭᠦᠭᠡᠳ ᠰᠢᠨ᠎ᠡ ᠵᠢᠯ  ᠤᠨ ᠲᠡᠷᠢᠭᠦᠨ ᠰᠢᠷᠡᠭᠡ ᠵᠠᠰᠠᠵᠦ ᠂ ᠠᠬᠠᠮᠠᠳ ᠦᠶ᠎ᠡ ᠡᠴᠠ ᠲᠠᠷᠠᠭᠠᠯᠠᠨ ᠰᠢᠷᠡᠭᠡᠨ ᠳ᠋ᠥ ᠰᠠᠭᠤᠵᠠᠭᠠᠨ᠎ᠠ ᠃ ᠲᠡᠭᠡᠭᠡᠳ ᠬᠡᠤᠬᠡᠳ ᠰᠢᠤᠬᠠᠳ ᠡᠴᠠ ᠡᠬᠢᠯᠡᠨ  ᠠᠬᠠᠮᠠᠳ ᠨᠠᠰᠤᠲᠠᠨ  ᠳᠠᠭᠠᠨ ᠬᠠᠳᠠᠭ ᠪᠠᠷᠢᠵᠦ ᠬᠦᠬᠦᠷ ᠰᠤᠯᠢᠯᠴᠠᠨ ᠵᠤᠯᠭᠠᠯᠴᠠᠳᠠᠭ ᠃ ᠬᠡᠤᠬᠡᠳ ᠨᠠᠰᠤᠲᠠᠨ  ᠲᠠᠢ ᠵᠤᠯᠭᠠᠬᠤ ᠦᠶᠡᠰ ︽ ᠠᠮᠤᠷ ᠰᠠᠶᠢᠨ ᠤᠤ ︖ ︾ ᠬᠡᠮᠡᠨ ᠦᠨᠦᠰᠦᠨ ᠲᠠᠭᠠᠯᠠᠳᠠᠭ ᠃

ᠵᠤᠯᠭᠠᠯᠲᠠ ᠵᠢᠨ ᠲᠠᠷᠠᠭ᠎ᠠ ᠂ ᠬᠦᠤ ᠪᠡᠷᠢ ᠪᠤᠶᠤ ᠬᠡᠤᠬᠡᠳ  ᠨᠢ ᠬᠠᠮᠤᠭ  ᠤᠨ ᠠᠬᠠᠮᠠᠳ ᠨᠠᠰᠤᠲᠠᠨ ᠡᠴᠠ  ᠪᠠᠨ ᠡᠬᠢᠯᠡᠨ  ᠲᠠᠷᠠᠭ ᠪᠠᠷᠢᠵᠦ ᠠᠮᠰᠠᠭᠤᠯᠬᠤ ᠪᠦᠭᠡᠳ ᠬᠤᠭᠤᠯᠠ ᠳ᠋ᠥ ᠤᠷᠤᠭᠠᠳᠤᠢ ᠨᠢᠯᠬ᠎ᠠ ᠬᠡᠤᠬᠡᠳ  ᠢ ᠬᠦᠷᠲᠡᠯ᠎ᠡ ᠬᠤᠷᠤᠭᠤ  ᠪᠠᠷ  ᠢᠶᠡᠨ  ᠲᠠᠷᠠᠭ ᠠᠮᠰᠠᠭᠤᠯᠳᠠᠭ ᠃

ᠡᠨᠡ  ᠪᠦᠬᠦᠨ ᠲᠠᠭᠤᠰᠤᠭᠰᠠᠨ  ᠤ ᠲᠠᠷᠠᠭ᠎ᠠ ᠰᠢᠨ᠎ᠡ ᠵᠢᠯ  ᠤᠨ ᠮᠦᠷ ᠭᠠᠷᠭᠠᠨ᠎ᠠ ᠂ ᠡᠭᠦᠨ  ᠡᠴᠠ ᠭᠠᠳᠠᠨ᠎ᠠ ᠂ ᠤᠷᠠᠳ  ᠲᠤ ᠪᠠᠰᠠ ᠨᠦᠬᠡ ᠪᠦᠭᠯᠡᠬᠦ ᠭᠡᠮᠡᠬᠦ ᠨᠢᠭᠡᠨ ᠶᠤᠰᠤ ᠪᠤᠢ ᠃ ᠤᠷᠠᠳᠴᠤᠳ ᠶᠢᠰᠦᠨ ᠨᠠᠰᠦ ᠂ ᠠᠷᠪᠠᠨ ᠨᠠᠢᠮᠠᠨ ᠨᠠᠰᠦ ᠂ ᠬᠤᠷᠢᠨ ᠲᠤᠯᠤᠭᠠᠨ ᠨᠠᠰᠦ ᠂ ᠂ ᠂ ᠂ ᠂ ᠂  ᠲᠠᠢ ᠬᠦᠮᠦᠨ  ᠢ ᠶᠢᠰᠦᠨ ᠨᠦᠬᠡᠳᠡᠨ ᠭᠡᠳᠡᠭ ᠃ ᠡᠨᠡ  ᠶᠢᠰᠦᠨ ᠨᠦᠬᠡᠳᠡᠨ ᠰᠢᠨ᠎ᠡ ᠵᠢᠯ  ᠤᠨ ᠮᠦᠷ ᠭᠠᠷᠭᠠᠬᠤ ᠲᠠᠰᠢᠷᠠᠮ  ᠳᠠᠭᠠᠨ ᠵᠠᠪᠠᠯ ᠶᠢᠰᠦᠨ ᠨᠦᠬᠡ ᠵᠢ ᠪᠤᠯᠤᠭᠰᠠᠨ ᠪᠤᠳᠠᠭ᠎ᠠ ᠪᠤᠶᠤ ᠪᠤᠰᠤᠳ ᠵᠤᠶᠢᠯ  ᠤᠨ ᠪᠤᠳᠠᠭ᠎ᠠ  ᠪᠠᠷ ᠪᠦᠭᠯᠡᠵᠦ ᠲᠠᠯᠪᠢᠬᠤ ᠭᠡᠷᠡᠭᠲᠡᠢ ᠃

ᠡᠳᠡᠭᠡᠷ  ᠤᠶᠢᠯᠡ ᠪᠠᠷᠠᠪᠠᠯ ᠲᠦᠷᠤᠯ ᠰᠠᠳᠤᠨ ᠂ ᠨᠤᠲᠤᠭ ᠤᠰᠤᠨ  ᠤ  ᠪᠠᠨ ᠠᠶᠢᠯ ᠳ᠋ᠥ ᠤᠴᠢᠵᠦ ᠵᠤᠯᠭᠠᠯᠲᠠ ᠬᠢᠨ᠎ᠡ ᠃ ᠰᠢᠨ᠎ᠡ ᠵᠢᠯ  ᠤᠨ ᠵᠤᠯᠭᠠᠯᠲᠠ ᠬᠢᠬᠦ ᠳ᠋ᠡᠬᠡᠨ ᠵᠠᠪᠠᠯ ᠪᠡᠯᠡᠭ ᠰᠠᠪᠠ  ᠲᠠᠢ ᠤᠴᠢᠳᠠᠭ ᠃ ᠢᠷᠡᠭᠰᠡᠨ ᠵᠤᠴᠢᠨ ᠪᠠ ᠭᠡᠷ  ᠤᠨ ᠡᠵᠡᠨ ᠠᠭᠤᠯᠵᠠᠵᠤ ᠵᠤᠯᠭᠠᠬᠤ  ᠳᠠᠭᠠᠨ ᠦᠭᠡ ᠲᠠᠭᠤ ᠦᠭᠡᠢ ᠵᠤᠯᠭᠠᠬᠤ ᠪᠢᠰᠢ ᠂ ᠬᠠᠷᠢᠨ ᠵᠠᠩᠰᠢᠯ ᠶᠤᠰᠤᠭᠠᠷ ᠨᠠᠰᠤ ᠪᠠᠭ᠎ᠠ ᠦᠶ᠎ᠡ ᠲᠤᠤᠷ᠎ᠠ ᠬᠦᠮᠦᠨ  ᠨᠢ ︽ ᠵᠠ ᠂ ᠰᠠᠶᠢᠨ ᠰᠢᠨᠡᠯᠡᠪᠡᠤ ︖ ︾ ᠂ ︽ ᠵᠠ ᠂ ᠠᠮᠤᠷᠬᠠᠨ ᠰᠠᠶᠢᠨ ᠰᠢᠨᠡᠯᠡᠪᠡᠤ ︖ ︾ ᠵᠡᠷᠭᠡ ᠵᠢᠨ ᠦᠭᠡᠰ  ᠢᠶᠡᠷ  ᠠᠰᠠᠭᠤᠬᠤ ᠳ᠋ᠥ ︽ ᠵᠠ ᠰᠠᠶᠢᠨ ᠂ ᠰᠠᠶᠢᠨ ᠰᠢᠨᠡᠯᠡᠪᠡᠤ ︖ ︾ ︽ ᠵᠠ ᠂ ᠰᠠᠶᠢᠨ ᠰᠢᠨᠡᠯᠡᠪᠡᠤ ︖ ︾ ᠭᠡᠵᠦ ᠬᠠᠷᠢᠭᠤ ᠠᠰᠠᠭᠤᠬᠤ ᠵᠢᠨ ᠲᠠᠭᠠᠤ ᠬᠤᠶᠠᠷ ᠲᠠᠯ᠎ᠠ ᠰᠦᠬᠦᠷᠡᠯᠴᠡᠬᠦ ᠪᠤᠶᠤ ᠭᠠᠷ ᠠᠳᠬᠤᠯᠴᠠᠵᠦ ᠵᠤᠯᠭᠠᠳᠠᠭ ᠃ ᠲᠡᠭᠡᠭᠡᠳ ᠭᠡᠶᠢᠴᠢᠳ ᠵᠤᠴᠢᠳ  ᠢᠶᠡᠨ  ᠭᠡᠷ  ᠲᠡᠭᠡᠨ ᠵᠠᠯᠠᠵᠦ ᠤᠷᠤᠭᠤᠯᠳᠠᠭ ᠃

ᠵᠤᠴᠢᠳ ᠭᠡᠷ ᠲᠣ ᠤᠷᠤᠭᠰᠠᠨ  ᠤ ᠲᠠᠷᠠᠭ᠎ᠠ ᠤᠷᠢᠳᠠᠪᠠᠷ ᠪᠤᠷᠬᠠᠨ  ᠤ ᠭᠡᠷ ᠲᠣ ᠤᠷᠤᠵᠦ ᠂ ᠵᠠᠷᠢᠮ  ᠨᠢ ᠬᠠᠳᠠᠭ ᠲᠠᠯᠪᠢᠵᠦ ᠂ ᠵᠠᠷᠢᠮ  ᠨᠢ ᠵᠤᠭᠤᠰ ᠲᠠᠯᠪᠢᠵᠦ ᠪᠤᠷᠬᠠᠨ ᠳ᠋ᠥ ᠮᠦᠷᠭᠦᠳᠡᠭ ᠃ ᠢᠩᠭᠢᠭᠰᠡᠨ  ᠤ ᠲᠠᠷᠠᠭ᠎ᠠ ᠂ ᠭᠡᠷ  ᠤᠨ ᠠᠬᠠᠮᠠᠳ ᠨᠠᠰᠤᠲᠠᠨ  ᠢ ᠰᠠᠭᠤᠯᠭᠠᠵᠦ ᠬᠦᠬᠦᠷ ᠬᠠᠳᠠᠭ  ᠢᠶᠡᠨ  ᠪᠠᠷᠢᠵᠦ ᠵᠤᠯᠭᠠᠯᠳᠠ ᠬᠢᠳᠡᠭ ᠃ ᠬᠡᠷᠪᠡ ᠲᠤᠰ ᠠᠶᠢᠯ ᠳ᠋ᠥ ᠵᠤᠴᠢᠨ ᠡᠴᠠ ᠲᠤᠤᠷ᠎ᠠ ᠦᠶ᠎ᠡ  ᠲᠠᠢ ᠬᠦᠮᠦᠨ ᠪᠠᠶᠢᠪᠠᠯ ᠮᠦᠨ ᠬᠦᠬᠦᠷ ᠬᠠᠳᠠᠭ ᠪᠠᠷᠢᠵᠦ ᠵᠤᠴᠢᠨ  ᠲᠠᠢ ᠵᠤᠯᠭᠠᠯᠳᠠ ᠬᠢᠳᠡᠭ ᠃

ᠰᠢᠨ᠎ᠡ ᠵᠢᠨ ᠬᠤᠶᠠᠷ  ᠲᠤ ᠡᠰᠢ  ᠲᠡᠰᠢ ᠵᠦᠷᠢᠯᠳᠦᠭᠦ ᠭᠡᠶᠢᠴᠢᠳ ᠴᠦᠬᠡᠷᠡᠳᠡᠭ ᠂ ᠬᠠᠷᠢᠨ ᠰᠢᠨ᠎ᠡ ᠵᠢᠨ ᠭᠤᠷᠪᠠᠨ ᠡᠴᠠ ᠬᠤᠶᠢᠰᠢ ᠨᠠᠰᠤᠲᠠᠶᠢᠴᠤᠳ ᠲᠦᠷᠤᠯ ᠰᠠᠳᠤᠨ ᠂ ᠠᠶᠢᠯ ᠠᠶᠢᠮᠠᠭ  ᠢᠶᠡᠷ  ᠠᠶᠢᠯᠴᠢᠯᠠᠬᠤ  ᠨᠢ ᠤᠯᠠᠰᠢᠷᠠᠵᠦ ᠡᠬᠢᠯᠡᠳᠡᠭ  ᠃ ᠰᠢᠨ᠎ᠡ ᠵᠢᠨ ᠲᠠᠪᠤᠨ ᠂ ᠰᠢᠨ᠎ᠡ ᠵᠢᠨ ᠲᠤᠯᠤᠭᠠᠨ ᠂ ᠠᠷᠪᠠᠨ  ᠤ ᠡᠳᠦᠷ  ᠭᠠᠳᠠᠭᠰᠢ ᠠᠶᠢᠯᠴᠢᠯᠠᠬᠤ  ᠪᠠᠷ ᠭᠠᠷᠳᠠᠭ ᠦᠭᠡᠢ ᠂ ᠠᠷᠪᠠᠨ ᠲᠠᠪᠤᠨ ᠳ᠋ᠥ ᠰᠢᠨ᠎ᠡ ᠪᠠᠷᠤᠭ ᠨᠡᠶᠢᠳᠡᠮ ᠰᠡᠭᠦᠯ ᠬᠤᠷᠢᠶᠠᠨ᠎ᠠ ᠃ ᠲᠤᠰ ᠡᠳᠦᠷ  ᠭᠡᠷ  ᠲᠡᠭᠡᠨ ᠬᠦᠵᠢ ᠵᠤᠯᠠ ᠠᠰᠠᠭᠠᠵᠦ ᠦᠩᠭᠡᠷᠡᠭᠡᠳᠡᠭ ᠪᠦᠭᠡᠳ ᠵᠠᠷᠢᠮ ᠠᠶᠢᠯ  ᠨᠢ ᠰᠦᠮ᠎ᠡ ᠭᠡᠶᠢᠳ  ᠲᠤ ᠤᠴᠢᠵᠦ ᠴᠠᠮ ᠬᠠᠷᠠᠶᠢᠬᠤ ᠵᠢ ᠦᠵᠡᠳᠡᠭ ᠃

ᠯᠠᠪᠯᠠᠭᠰᠠᠨ ᠮᠠᠲ᠋ᠸᠷᠢᠶᠠᠯ ᠄

ᠨᠠᠷᠠᠰᠤ ᠂ ᠰ᠊ ᠊ ᠠᠯᠮᠠᠰ ᠄ ︽ ᠤᠷᠠᠳ  ᠤᠨ ᠵᠠᠩ ᠠᠭᠠᠯᠢ ︾ ᠦᠪᠦᠷ ᠮᠤᠩᠭᠤᠯ  ᠤᠨ ᠠᠷᠠᠳ  ᠤᠨ ᠬᠡᠪᠯᠡᠯ  ᠤᠨ ᠬᠤᠷᠢᠶ᠎ᠠ ᠂ 1993 ᠤᠨ ᠃

 

ᠬᠤᠶᠠᠷ ᠂ ᠠᠶᠠᠰ  ᠣᠨ ᠵᠠᠳᠠᠯᠤᠯᠳᠠ

 

ᠲᠤᠰ ᠲᠠᠭᠤᠤ ᠵᠢᠨ ᠦᠭᠡ  ᠨᠢ ᠬᠤᠶᠠᠷ ᠦᠭᠦᠯᠡᠪᠤᠷᠢ  ᠪᠡᠷ ᠨᠢᠭᠡᠨ ᠪᠠᠳᠠᠭ ᠪᠦᠷᠢᠯᠳᠦᠵᠤ ᠂ ᠨᠢᠭᠡ ᠪᠠᠳᠠᠭ ᠠᠶ᠎ᠠ  ᠲᠠᠢ  ᠪᠠᠨ ᠵᠤᠬᠢᠴᠠᠵᠠᠢ ᠃ ᠳᠠᠭᠤᠤ ᠵᠢᠨ ᠠᠶ᠎ᠠ  ᠨᠢ ᠲᠡᠭᠡᠷ᠎ᠡ ᠲᠤᠤᠷ᠎ᠠ ᠬᠤᠶᠠᠷ ᠬᠦᠭᠵᠢᠮ ᠤᠨ ᠦᠭᠦᠯᠡᠪᠤᠷᠢ  ᠪᠡᠷ ᠪᠦᠷᠢᠯᠳᠤᠵᠤ ᠂ ᠪᠦᠷ ᠯᠡ ᠠᠶᠠᠯᠭᠤᠨ ᠭᠡᠪ ᠤᠨ ᠭᠤᠤᠯ ᠲᠠᠭᠤᠨ ᠱᠠᠩᠳᠠᠭᠤᠨ ᠳᠡᠭᠡᠷ᠎ᠡ ᠵᠤᠭᠰᠤᠭᠰᠠᠨ ᠪᠠᠶᠢᠨ᠎ᠠ ᠃ ᠡᠨᠡ   ᠨᠢ ︽ ᠵᠢᠷᠭᠤᠭᠠᠨ ᠱᠠᠲᠤ ︵ ᠨᠠᠢᠮᠠᠴᠠ ︶ ᠠᠯᠤᠰᠯᠠᠭᠰᠠᠨ ᠠᠳᠠᠯᠢ ᠲᠠᠭᠤᠨ ᠡᠭᠡᠰᠢᠭ  ︾ ᠤᠨ ᠠᠪᠤᠯᠴᠠᠭ᠎ᠠ ᠪᠤᠯᠤᠭᠰᠠᠨ ᠪᠠᠶᠢᠨ᠎ᠠ ᠃ ᠬᠦᠭᠵᠢᠮ ᠤᠨ ᠦᠭᠦᠯᠡᠪᠤᠷᠢ  ᠨᠢ ᠮᠦᠨ ᠡᠮᠦᠨ᠎ᠡ  ᠬᠤᠶᠢᠨ᠎ᠠ ᠬᠤᠶᠠᠷ ᠲᠠᠰᠤᠯᠪᠤᠷᠢ  ᠪᠡᠷ ᠪᠦᠷᠢᠯᠳᠤᠵᠤ ᠂ ᠡᠮᠦᠨ᠎ᠡ  ᠲᠠᠰᠤᠯᠪᠤᠷᠢ ᠵᠢᠨ ᠲᠦᠷᠪᠡᠨ ᠪᠠᠭ᠎ᠠ ᠲᠠᠰᠤᠯᠭ᠎ᠠ  ᠨᠢ ᠪᠤᠳᠠᠳᠤ ᠦᠭᠡ  ᠲᠠᠢ ᠵᠤᠬᠢᠴᠠᠵᠤ ᠂ ᠬᠤᠶᠢᠨ᠎ᠠ ᠲᠠᠰᠤᠯᠪᠤᠷᠢ ᠵᠢᠨ ᠬᠤᠶᠠᠷᠬᠠᠨ ᠲᠠᠰᠤᠯᠭ᠎ᠠ  ᠨᠢ ᠮᠦᠨ ᠪᠤᠳᠠᠳᠤ ᠦᠭᠡ  ᠲᠠᠢ ᠵᠤᠬᠢᠴᠠᠭᠰᠠᠨ  ᠡᠴᠡ ︽ ᠡᠮᠦᠨ᠎ᠡ   ᠨᠢ ᠰᠤᠯᠠ ᠂ ᠬᠤᠶᠢᠨ᠎ᠠ  ᠨᠢ ᠴᠢᠩᠭ᠎ᠠ ︾ ᠠᠶᠢᠵᠠᠮᠯᠠᠯ ᠳᠠᠢ ᠪᠤᠯᠵᠠᠢ ᠃ ᠡᠬᠢᠯᠡᠯᠲᠡ  ᠵᠢᠨ ᠬᠡᠰᠡᠭ  ᠤᠨ ︽ ᠶᠦᠳᠠᠭᠤᠨ  ᠱᠠᠩᠳᠠᠭᠤᠨ ︾ ᠶᠠᠪᠤᠭᠳᠠᠴᠠ ᠪᠤᠯ ᠲᠤᠰ ᠳᠠᠭᠤᠤ  ᠳᠤ ᠠᠬᠢᠨ ᠳᠠᠬᠢᠨ ᠢᠯᠡᠷᠡᠭᠰᠡᠨ ᠲᠤᠭᠤᠰᠢᠯᠠᠯ ᠠᠶ᠎ᠠ ᠪᠤᠯᠤᠨ᠎ᠠ ᠃ ᠲᠤᠰ ᠲᠤᠭᠤᠰᠢᠯᠠᠯ ᠠᠶ᠎ᠠ  ᠨᠢ ᠨᠢᠭᠡ ᠂ ᠭᠤᠷᠪᠠ ᠂ ᠠᠷᠪᠠᠨ ᠨᠢᠭᠡᠳᠦᠭᠡᠷ ᠲᠠᠰᠤᠯᠭ᠎ᠠ  ᠳᠤ ᠭᠤᠷᠪᠠ ᠤᠳᠠᠭ᠎ᠠ ᠤᠤᠯ ᠬᠡᠯᠪᠡᠷᠢ  ᠪᠡᠷ  ᠢᠶᠡᠨ  ᠢᠯᠡᠷᠡᠵᠤ ᠂ ᠬᠤᠶᠠᠷ ᠤᠳᠠᠭ᠎ᠠ ᠬᠤᠪᠢᠷᠠᠭᠠᠯ ᠬᠡᠯᠪᠡᠷᠢ  ᠪᠡᠷ ᠢᠯᠡᠷᠡᠵᠡᠢ ᠃ ᠡᠶᠢᠮᠦ   ᠡᠴᠡ ᠠᠷᠪᠠᠳᠤᠭᠠᠷ ᠲᠠᠰᠤᠯᠭ᠎ᠠ ᠪᠤᠯ ᠲᠡᠭᠡᠭᠰᠢ ᠲᠠᠪᠤᠴᠠ ᠵᠢᠨ ᠪᠠᠶᠢᠷᠢ ᠰᠢᠯᠵᠢᠯᠳᠡ ᠪᠠᠶᠢᠵᠤ ᠂ ᠠᠷᠪᠠᠨ ᠭᠤᠷᠪᠠᠳᠤᠭᠠᠷ ᠲᠠᠰᠤᠯᠭ᠎ᠠ ᠪᠤᠯ ︽ ᠶᠦᠳᠠᠭᠤᠨ  ᠱᠠᠩᠳᠠᠭᠤᠨ ︾ ᠲᠤᠩᠭᠤᠷᠤᠤ ᠶᠠᠪᠤᠭᠳᠠᠴᠠ ᠪᠤᠯᠤᠨ᠎ᠠ ᠃

 

ᠳᠠᠭᠤᠤ  ᠶᠢᠨ ᠦᠭᠡ

 

ᠵᠢᠭᠠᠬᠠᠨ ᠰᠢᠷᠭ᠎ᠠ  ᠪᠠᠨ ᠤᠨᠤᠭᠠᠳ ᠯᠠ

ᠪᠦᠮᠪᠤᠷᠢᠭᠦᠯᠦᠭᠡᠳ ᠢᠷᠡᠳᠡᠭ ᠶᠤᠮ ᠳ᠋ᠠ ᠂

ᠴᠠᠭᠠᠨ ᠶᠤ ᠰᠠᠷ᠎ᠠ ᠵᠢᠨ ᠰᠢᠨ᠎ᠡ ᠵᠢᠨ ᠨᠢᠭᠡᠨ  ᠳᠤ

ᠠᠮᠤᠷ  ᠢ  ᠴᠢᠨᠢ ᠠᠰᠠᠭᠤᠶ᠎ᠠ ᠭᠦ᠋ ᠃

 

ᠦᠨᠳᠦᠷ ᠮᠤᠳᠤ  ᠨᠢ ᠦᠨᠳᠦᠰᠦ  ᠲᠠᠢ ᠪᠠᠶᠢᠪᠠᠯ

ᠤᠷᠭᠤᠬᠤ ᠯᠡ ᠪᠠᠶᠢᠯᠭᠦᠢ ᠳ᠋ᠠ ᠂

ᠦᠨᠡᠨ ᠰᠡᠳᠭᠢᠯ  ᠴᠢᠨᠢ ᠬᠡᠪ  ᠢᠶᠠᠷ ᠢᠶᠠᠨ ᠪᠠᠶᠢᠪᠠᠯ

ᠠᠭᠤᠯᠵᠠᠬᠤ ᠯᠡ ᠪᠠᠶᠢᠯᠭᠦᠢ ᠳ᠋ᠠ ᠃

 

ᠰᠠᠭᠯᠠᠭᠠᠷ ᠮᠤᠳᠦ  ᠴᠢᠨᠢ ᠰᠠᠯᠠᠭ᠎ᠠ  ᠲᠠᠢ ᠪᠠᠶᠢᠪᠠᠯ

ᠰᠠᠯᠠᠭᠠᠯᠠᠬᠤ ᠪᠠᠶᠢᠯᠭᠦᠢ ᠳ᠋ᠠ ᠂

ᠰᠠᠶᠢᠨ ᠬᠦᠮᠦᠨ ᠦ ᠦᠷᠡᠰ ᠢᠶᠠᠨ ᠪᠤᠳᠤᠪᠠᠯ

ᠰᠠᠨᠠᠭᠠᠨ ᠳᠠᠭᠠᠨ ᠬᠦᠷᠦᠯᠭᠦᠢ ᠳ᠋ᠠ ᠃

 

ᠳᠠᠭᠤᠤ  ᠶᠢᠨ ᠨᠤᠲ

 

1 2 3 4 5 6 7 8 9 10 11 12 13

VCD ᠪᠢᠴᠢᠯᠭᠡ  ︽ ᠠᠮᠤᠷ  ᠢ  ᠴᠢᠨᠢ ᠠᠰᠠᠭᠤᠶ᠎ᠠ ︾

MP3 ᠪᠢᠴᠢᠯᠭᠡ  ︽ ᠠᠮᠤᠷ  ᠢ  ᠴᠢᠨᠢ ᠠᠰᠠᠭᠤᠶ᠎ᠠ ︾

ᠬᠠᠪᠰᠤᠷᠭᠠᠯ ᠭᠦᠭᠵᠢᠮ  ︽ ᠠᠮᠤᠷ  ᠢ  ᠴᠢᠨᠢ ᠠᠰᠠᠭᠤᠶ᠎ᠠ ︾

ᠰᠢᠭᠦᠮᠵᠢ ᠦᠯᠡᠳᠡᠭᠡᠬᠦ