• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠯᠠᠭ ᠳᠤᠩᠭᠠᠷ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   38
  • ᠄   0
  • ᠄   0
  • ᠄  0

︽ ᠠᠯᠠᠭ ᠲᠤᠩᠭᠠᠷ ︾ ᠭᠡᠳᠡᠭ ᠪᠤᠯ ᠬᠤᠷᠴᠢᠨ ᠠᠷᠠᠳ  ᠤᠨ ᠦᠯᠢᠭᠡᠷᠲᠦ ᠳᠠᠭᠤᠤ ᠪᠤᠯᠤᠨ᠎ᠠ ᠃ ᠠᠯᠠᠭ ᠲᠤᠩᠭᠠᠷ ᠭᠡᠵᠤ ᠨᠢᠭᠡᠨ ᠵᠤᠶᠢᠯ  ᠤᠨ ᠰᠢᠪᠠᠭᠤ ᠵᠢ ᠬᠡᠯᠡᠳᠡᠭ ᠃

 

ᠨᠢᠭᠡ ᠂ ︽ ᠠᠯᠠᠭ ᠲᠤᠩᠭᠠᠷ ︾  ᠤᠨ ᠦᠯᠢᠭᠡᠷ

 

ᠡᠷᠲᠡ  ᠤᠷᠢᠳᠤ ᠴᠠᠭ  ᠲᠤ ᠂ ᠪᠦᠸᠸ ᠸᠠᠩ ︵ ᠬᠤᠷᠴᠢᠨ ᠵᠡᠭᠦᠨ ᠭᠠᠷᠤᠨ ᠬᠤᠶᠢᠲᠦ ᠬᠤᠰᠢᠭᠤ ︶  ᠣᠨ ᠬᠤᠰᠢᠭᠤᠨ  ᠤ ᠬᠦᠩ  ᠳᠤ ᠵᠢᠨᠳᠤᠤᠷ ᠭᠡᠳᠡᠭ ᠨᠡᠷ᠎ᠡ  ᠲᠠᠢ ᠦᠵᠡᠰᠭᠦᠯᠡᠩ ᠭᠤᠸ᠎ᠠ ᠲᠦᠷᠦᠭᠰᠡᠨ ᠂ ᠬᠤᠷᠴᠠ ᠰᠡᠷᠭᠦᠯᠡᠩ ᠨᠢᠭᠡᠨ ᠬᠡᠦᠬᠡᠨ ᠪᠠᠶᠢᠭᠰᠠᠨ ᠭᠡᠨ᠎ᠡ ᠃ ᠵᠢᠨᠳᠤᠤᠷ ᠬᠡᠦᠬᠡᠨ ᠦᠭᠡᠯᠡᠢ ᠦᠨᠳᠦᠷ ᠪᠤᠯᠵᠤ ᠬᠠᠷᠢ  ᠳᠤ ᠮᠤᠷᠳᠠᠬᠤ ᠪᠤᠯᠤᠭᠰᠠᠨ  ᠳᠤ ᠂ ᠲᠡᠭᠦᠨ  ᠢ ᠠᠯᠤᠰ ᠬᠤᠯᠠ ᠠᠷᠤ ᠸᠠᠩ  ᠤᠨ ᠬᠤᠰᠢᠭᠤᠨ  ᠳᠤ ᠪᠤᠭᠳᠤᠯᠠᠨ ᠦᠭᠭᠦᠭᠰᠡᠨ ᠭᠡᠨ᠎ᠡ ᠃

ᠠᠯᠤᠰ ᠬᠤᠯᠠ ᠬᠠᠷᠢ ᠨᠤᠲᠤᠭ  ᠲᠤ ᠤᠴᠢᠵᠤ ᠭᠡᠳᠦᠨ ᠵᠢᠯ ᠪᠤᠯᠲᠠᠯ᠎ᠠ ᠨᠤᠲᠤᠭ ᠬᠤᠯᠠ ᠲᠤᠯᠠ ᠶᠡᠷᠦ  ᠨᠢ ᠲᠦᠷᠭᠦᠮ ᠳᠡᠬᠡᠨ ᠬᠠᠷᠢᠵᠤ ᠳᠡᠶᠢᠯᠦᠭᠰᠡᠨ ᠦᠭᠡᠢ ᠃ ᠡᠳᠦᠷ   ᠤᠨ ᠤᠳᠠᠭᠠᠨ  ᠳᠤ ᠨᠤᠲᠤᠭ ᠤᠰᠤ ᠡᠵᠢ ᠠᠪᠤ  ᠨᠢ ᠤᠯᠠᠮ ᠴᠤ ᠰᠠᠨᠠᠭᠳᠠᠨ ᠂ ᠠᠳᠤᠭᠤ ᠮᠠᠯ ᠬᠠᠷᠢᠭᠤᠯᠵᠤ ᠶᠠᠪᠤᠬᠤ  ᠳᠠᠭᠠᠨ ᠵᠢᠨᠳᠤᠤᠷ ᠦᠷᠬᠦᠯᠵᠢ ᠨᠤᠲᠤᠭ ᠤᠰᠤ ᠠᠪᠤ ᠡᠵᠢ  ᠪᠠᠨ ᠰᠠᠨᠠᠨ ᠰᠠᠨᠠᠨ ᠳᠠᠭᠤᠯᠠᠳᠠᠭ ᠭᠡᠨ᠎ᠡ ᠃

ᠨᠠᠮᠤᠷ  ᠤᠨ ᠨᠢᠭᠡᠨ ᠰᠠᠶᠢᠬᠠᠨ ᠡᠳᠦᠷ  ᠂ ᠵᠢᠨᠳᠤᠤᠷ ᠬᠦᠳᠡᠭᠡ ᠭᠡᠭᠡᠷ᠎ᠡ ᠲᠤᠭᠤᠯ ᠬᠠᠷᠢᠭᠤᠯᠵᠤ ᠶᠠᠪᠤᠬᠤ  ᠳᠠᠭᠠᠨ ᠨᠢᠭᠡᠨ ᠰᠠᠭᠯᠠᠭᠠᠷ ᠰᠠᠶᠢᠬᠠᠨ ᠦᠨᠳᠦᠷ ᠮᠤᠳᠤ ᠲᠠᠭᠠᠷᠠᠯᠳᠤᠵᠠᠢ ᠃ ᠲᠡᠷᠡ ᠮᠤᠳᠤᠨ ᠰᠡᠭᠦᠳᠡᠷ  ᠲᠤ ᠰᠠᠭᠤᠵᠤ ᠂ ᠠᠯᠤᠰ  ᠢ ᠰᠢᠷᠲᠡᠨ ᠪᠠᠶᠢᠬᠤ  ᠳᠤ ᠡᠬᠡ  ᠨᠤᠲᠤᠭ ᠡᠯᠢᠭᠡᠨ  ᠰᠠᠲᠤᠨ  ᠨᠢ ᠡᠷᠬᠡ  ᠦᠭᠡᠢ ᠪᠤᠲᠤᠭᠳᠠᠵᠤ ᠂ ᠡᠩᠰᠡᠷᠡᠲᠡᠯ᠎ᠡ  ᠰᠠᠨᠠᠨ ᠤᠶᠢᠳᠬᠠᠷᠯᠠᠨ ᠮᠦᠷᠦᠭᠡᠳᠬᠦ  ᠳᠡᠭᠡᠨ ᠲᠠᠭᠤᠯᠠᠨ ᠤᠬᠢᠯᠠᠭᠰᠠᠨ ᠭᠡᠨ᠎ᠡ ᠃

ᠬᠠᠷᠢᠨ ᠡᠨᠡᠬᠦ  ᠰᠠᠭᠯᠠᠭᠠᠷ ᠰᠠᠶᠢᠬᠠᠨ ᠮᠤᠳᠤᠨ ᠳᠡᠭᠡᠷ᠎ᠡ ᠨᠢᠭᠡᠨ ᠠᠯᠠᠭ ᠲᠤᠩᠭᠠᠷ ᠰᠢᠪᠠᠭᠤ ᠡᠭᠦᠷ  ᠪᠠᠷᠢᠵᠤ ᠦᠨᠳᠡᠭᠡ ᠳᠠᠷᠤᠵᠤ ᠪᠠᠶᠢᠭᠰᠠᠨ ᠪᠠᠶᠢᠵᠠᠢ ᠃ ᠵᠢᠨᠳᠤᠤᠷ  ᠤᠨ ᠳᠠᠭᠤᠤ  ᠳᠤ ᠰᠠᠶᠢᠬᠠᠨ ᠰᠡᠳᠭᠢᠯᠲᠦ ᠲᠡᠷᠡ ᠰᠢᠪᠠᠭᠤ ᠰᠡᠳᠭᠢᠯ ᠡᠪᠭᠡᠷᠦᠨ ᠦᠷᠦᠪᠳᠦᠵᠦ  ᠂ ᠵᠢᠨᠳᠤᠤᠷ  ᠲᠤ ︽ ᠠᠶᠤᠤᠯᠢᠬᠠᠢ ᠴᠡᠭᠡᠵᠢᠨ  ᠤ ᠬᠡᠳᠦᠨ ᠦᠭᠡ  ᠪᠠᠨ ᠠᠯᠠᠭ ᠲᠤᠩᠭᠠᠷ ᠨᠠᠳᠠ ᠳ᠋ᠥ ᠬᠡᠯᠡ ᠳ᠋ᠠ ᠂ ᠠᠯᠤᠰ ᠬᠤᠯᠠ ᠭᠦᠩ  ᠤᠨ ᠬᠤᠷᠢᠶ᠎ᠠ  ᠳᠤ  ᠴᠢᠨᠢ ᠠᠰ  ᠤᠨ ᠪᠡᠶ᠎ᠡ  ᠮᠢᠨᠢ ᠠᠪᠠᠴᠢᠵᠤ ᠦᠭᠭᠦᠶ᠎ᠡ ︾ ᠭᠡᠵᠤ ᠭᠡᠯᠡᠵᠡᠢ ᠃ ᠠᠯᠠᠭ ᠲᠤᠩᠭᠠᠷ  ᠤᠨ ᠦᠭᠡᠨ  ᠳᠤ ᠵᠢᠨᠳᠤᠤᠷ ᠶᠡᠬᠡ ᠯᠡ ᠪᠠᠶᠠᠷᠯᠠᠵᠤ ᠂ ᠴᠠᠮᠴᠠ ᠵᠢᠨ  ᠢᠶᠡᠨ  ᠳᠤᠲᠤᠷ᠎ᠠ ᠡᠩᠭᠡᠷ   ᠢ ᠤᠷᠠᠵᠤ ᠵᠠᠬᠢᠳᠠᠯ ᠪᠢᠴᠢᠵᠤ ᠠᠯᠠᠭ ᠲᠤᠩᠭᠠᠷ  ᠲᠤ ᠲᠤᠰᠢᠶᠠᠵᠠᠢ ᠃ ᠠᠯᠠᠭ ᠲᠤᠩᠭᠠᠷ ᠳᠠᠷᠤᠵᠤ ᠪᠠᠶᠢᠭᠰᠠᠨ ᠳᠤᠯᠦᠭᠠᠨ ᠦᠨᠳᠡᠭᠡ  ᠪᠠᠨ ᠵᠢᠨᠳᠤᠤᠷ  ᠢ ᠬᠠᠷᠠᠵᠤ ᠪᠠᠢ ᠭᠡᠵᠤ ᠲᠤᠰᠢᠶᠠᠵᠤ ᠦᠭᠭᠦᠭᠡᠳ ᠂ ᠠᠯᠤᠰ ᠬᠤᠯᠠ ᠭᠦᠩ  ᠤᠨ ᠬᠤᠷᠢᠶ᠎ᠠ ᠵᠢ ᠴᠢᠭᠯᠡᠨ ᠨᠢᠰᠦᠭᠰᠡᠨ ᠭᠡᠨ᠎ᠡ ᠃

ᠠᠯᠠᠭ ᠲᠤᠩᠭᠠᠷ ᠠᠶᠠᠨ ᠵᠠᠮ  ᠳᠠᠭᠠᠨ ᠰᠠᠭᠠᠲᠠᠯ ᠦᠭᠡᠢ  ᠪᠡᠷ ᠭᠦᠩ  ᠤᠨ ᠬᠤᠷᠢᠶ᠎ᠠ  ᠳᠤ ᠢᠷᠡᠵᠡᠢ ᠃ ᠡᠨᠡ  ᠦᠶ᠎ᠡ  ᠳᠤ ᠵᠢᠨᠳᠤᠤᠷ  ᠤᠨ ᠡᠴᠢᠭᠡ ᠭᠦᠩ ᠨᠤᠶᠠᠨ ᠶᠠᠭ ᠬᠦᠷᠢᠶᠡᠨ ᠳᠤᠮᠳᠠ  ᠪᠠᠨ ᠪᠠᠶᠢᠭᠰᠠᠨ ᠭᠡᠨ᠎ᠡ ᠂ ᠠᠯᠠᠭ ᠲᠤᠩᠭᠠᠷ ᠵᠢᠨᠳᠤᠤᠷ  ᠤᠨ ᠵᠠᠬᠢᠳᠠᠯ  ᠢ ᠲᠡᠭᠦᠨ  ᠳᠤ ᠲᠤᠰᠢᠶᠠᠭᠰᠠᠨ  ᠳᠤ ᠂ ᠭᠦᠩ ᠨᠤᠶᠠᠨ ᠵᠡᠬᠢᠳᠠᠯ  ᠢ ᠦᠵᠡᠵᠤ ᠬᠡᠦᠬᠡᠨ ᠦᠷ᠎ᠡ ᠵᠢᠨ  ᠢᠶᠡᠨ  ᠭᠡᠷ ᠨᠤᠲᠤᠭ  ᠢᠶᠡᠨ  ᠰᠠᠨᠠᠵᠤ ᠪᠠᠶᠢᠬᠤ ᠵᠢ ᠮᠡᠳᠡᠭᠡᠳ ︽ ᠤᠳᠠᠯ ᠦᠭᠡᠢ ᠠᠪᠤ ᠡᠵᠢ  ᠴᠢᠨᠢ ᠡᠷᠭᠢᠵᠦ  ᠦᠵᠡᠬᠦ  ᠪᠡᠷ ᠤᠴᠢᠨ᠎ᠠ ᠬᠡᠦᠬᠡᠨ  ᠳᠤ  ᠮᠢᠨᠢ ᠳᠠᠮᠵᠢᠭᠤᠯᠤᠭᠠᠷᠠᠢ ︾ ᠭᠡᠵᠤ ᠵᠠᠬᠢᠵᠠᠢ ᠃

ᠠᠯᠠᠭ ᠲᠤᠩᠭᠠᠷ ᠬᠡᠰᠡᠭ ᠠᠮᠤᠰᠬᠢᠭᠠᠳ ᠠᠩᠭᠠᠬᠠᠢ ᠳᠤᠯᠤᠭᠠᠨ ᠦᠨᠳᠡᠭᠡ  ᠪᠠᠨ ᠰᠠᠨᠠᠵᠤ ᠂ ᠠᠩᠭ᠎ᠠ ᠵᠢᠨᠳᠦᠦᠷ  ᠤᠨ ᠬᠦᠯᠢᠶᠡᠵᠦ ᠪᠠᠶᠢᠬᠤ  ᠳᠤ ᠬᠤᠷᠭᠤᠳᠠᠨ ᠂ ᠡᠷᠭᠢᠵᠦ  ᠪᠤᠴᠠᠬᠤ  ᠪᠠᠷ ᠨᠢᠰᠦᠭᠰᠡᠨ ᠭᠡᠨ᠎ᠡ ᠃ ᠠᠯᠠᠭ ᠲᠤᠩᠭᠠᠷ ᠦᠯ ᠬᠤᠭᠤᠯᠠ ᠦᠭᠡᠢ ᠭᠡᠳᠦᠨ ᠡᠳᠦᠷ  ᠶᠠᠪᠤᠭᠰᠠᠨ ᠲᠤᠯᠠ ᠦᠯᠦᠰᠦᠭᠡᠳ ᠨᠢᠰᠬᠦ ᠲᠡᠩᠭᠡᠭᠡ  ᠨᠢ ᠪᠠᠷᠠᠭᠳᠠᠭᠰᠠᠨ ᠭᠡᠨ᠎ᠡ ᠃ ᠲᠡᠭᠡᠭᠡᠳ ᠠᠷᠭ᠎ᠠ ᠮᠤᠬᠤᠷᠳᠠᠬᠤ  ᠳᠠᠭᠠᠨ ᠨᠢᠭᠡᠨ ᠦᠲᠦᠷᠮ᠎ᠡ  ᠳᠤ ᠪᠠᠭᠤᠵᠤ ᠪᠤᠳᠠᠭ᠎ᠠ ᠳᠠᠭᠦᠵᠦ ᠢᠳᠡᠵᠦ ᠪᠠᠶᠢᠭᠠᠳ ᠰᠠᠨᠠᠮᠰᠠᠷ ᠦᠭᠡᠢ ᠲᠠᠷᠢᠶᠠᠴᠢᠨ  ᠤ ᠲᠠᠯᠪᠢᠭᠰᠠᠨ ᠤᠷᠠᠬᠠᠨ  ᠳᠤ ᠤᠨᠠᠴᠢᠬᠠᠪᠠ ᠃ ᠲᠠᠷᠢᠶᠠᠴᠢᠨ ᠶᠡᠬᠡᠲᠡ ᠪᠠᠶᠠᠷᠯᠠᠨ ᠲᠡᠭᠦᠨ  ᠢ ᠠᠯᠠᠬᠤ ᠭᠡᠰᠡᠨ  ᠳᠤ ᠂ ᠠᠯᠠᠭ ᠲᠤᠩᠭᠠᠷ ᠦᠪᠡᠷ  ᠤᠨ ᠵᠠᠬᠢᠳᠠᠯ ᠬᠦᠷᠭᠡᠭᠰᠡᠨ ᠤᠴᠢᠷ  ᠢᠶᠡᠨ  ᠶᠠᠷᠢᠵᠤ ᠲᠠᠷᠢᠶᠠᠴᠢᠨ  ᠡᠴᠡ ᠠᠮᠢ  ᠪᠠᠨ ᠭᠤᠶᠤᠴᠢᠯᠠᠵᠠᠢ ᠃ ᠲᠡᠷᠡ ᠲᠠᠷᠢᠶᠠᠴᠢᠨ ᠵᠢᠭᠦᠷᠲᠡᠨ ᠪᠠᠶᠢᠲᠠᠯ᠎ᠠ ᠬᠦᠮᠦᠨ  ᠤ ᠦᠭᠡ ᠶᠠᠷᠢᠵᠤ ᠂ ᠬᠦᠮᠦᠨ  ᠤ ᠲᠦᠯᠦᠭᠡ ᠵᠢᠳᠭᠦᠨ ᠬᠠᠪᠰᠤᠷᠴᠤ ᠪᠠᠶᠢᠬᠤ  ᠳᠤᠨᠢ ᠶᠡᠬᠡᠪᠡᠷ ᠰᠡᠳᠭᠢᠯ ᠬᠦᠳᠡᠯᠦᠨ ᠲᠡᠭᠦᠨ  ᠢ ᠴᠠᠳᠲᠠᠯ᠎ᠠ ᠢᠳᠡᠭᠦᠯᠦᠭᠡᠳ ᠲᠠᠯᠪᠢᠵᠤ ᠶᠠᠪᠤᠭᠤᠯᠤᠭᠰᠡᠨ ᠭᠡᠨ᠎ᠡ ᠃

ᠠᠯᠠᠭ ᠲᠤᠩᠭᠠᠷ ᠲᠠᠷᠢᠶᠠᠴᠢᠨ  ᠳᠤ ᠲᠠᠯᠠᠷᠬᠠᠵᠤ ᠰᠠᠯᠤᠭᠠᠳ ᠂ ᠨᠢᠰᠦᠨ ᠨᠢᠰᠦᠭᠰᠡᠭᠡᠷ ᠦᠪᠡᠷ  ᠤᠨ ᠡᠭᠦᠷᠯᠡᠵᠦ  ᠪᠠᠶᠢᠭᠰᠠᠨ ᠰᠠᠭᠯᠠᠭᠠᠷ ᠮᠤᠳᠤᠨ  ᠳᠠᠭᠠᠨ ᠬᠦᠷᠴᠦ ᠢᠷᠡᠯ᠎ᠡ ᠃ ᠵᠢᠨᠳᠤᠤᠷ ᠦᠵᠡᠵᠦ ᠠᠩᠬᠠᠷᠴᠤ ᠪᠠᠶᠢᠭᠰᠠᠨ ᠬᠡᠪ  ᠢᠶᠡᠷ  ᠢᠶᠡᠨ  ᠮᠤᠳᠤᠨ  ᠤ ᠳᠤᠤᠷ᠎ᠠ ᠤᠨᠳᠠᠴᠢᠬᠠᠭᠰᠠᠨ ᠭᠡᠨ᠎ᠡ ᠂ ᠬᠠᠷᠢᠨ ᠲᠤᠯᠤᠭᠠᠨ ᠦᠨᠳᠡᠭᠡ  ᠨᠢ ᠭᠡᠳᠦᠶᠢᠪᠡᠷ ᠤᠭ ᠶᠠᠩᠵᠤ  ᠪᠡᠷ ᠲᠡᠨᠳᠡ ᠪᠠᠶᠢᠭᠰᠠᠨ ᠪᠤᠯᠪᠠᠴᠤ ᠨᠢᠭᠡᠨᠲᠡ ᠬᠠᠲᠠᠴᠢᠬᠠᠭᠰᠠᠨ ᠪᠠᠶᠢᠵᠠᠢ ᠃ ᠨᠤᠶᠢᠷ  ᠡᠴᠡ  ᠪᠠᠨ ᠰᠡᠷᠢᠭᠰᠡᠨ ᠵᠢᠨᠳᠤᠤᠷ ᠬᠡᠦᠬᠡᠨ ᠠᠪᠤ ᠡᠵᠢ ᠵᠢᠨ  ᠢᠶᠡᠨ  ᠴᠢᠮᠡᠭᠡ ᠵᠢ ᠰᠤᠨᠤᠰᠤᠭᠠᠳ ᠪᠠᠶᠠᠷᠯᠠᠭᠰᠠᠨ ᠪᠤᠯᠪᠠᠴᠤ ᠠᠯᠠᠭ ᠲᠤᠩᠭᠠᠷ  ᠤᠨ ᠦᠨᠳᠡᠭᠡ ᠵᠢ ᠦᠵᠡᠭᠡᠳ ᠵᠤᠪᠠᠨᠢᠨ ᠤᠬᠢᠯᠠᠵᠠᠢ ᠃ ᠡᠭᠦᠨ   ᠳᠤ ᠠᠯᠠᠭ ᠲᠤᠩᠭᠠᠷ ᠵᠢᠨᠳᠤᠤᠷ  ᠲᠤ ᠦᠳᠡᠭᠡ ᠵᠢ ᠬᠠᠷᠠᠵᠤ ᠪᠠᠶᠢᠭᠠᠷᠠᠢ ᠭᠡᠵᠤ ᠳᠠᠬᠢᠨ ᠲᠤᠰᠢᠶᠠᠭᠠᠳ ᠷᠠᠰᠢᠶᠠᠨ ᠤᠰᠤ ᠵᠢ ᠠᠪᠴᠢᠷᠠᠵᠤ ᠦᠨᠳᠡᠭᠡ  ᠪᠠᠨ ᠡᠳᠡᠭᠡᠬᠦ   ᠪᠡᠷ ᠲᠡᠭᠷᠢ ᠵᠢᠨ ᠭᠤᠤᠯ  ᠢ ᠴᠢᠭᠯᠡᠨ ᠨᠢᠰᠦᠭᠰᠡᠨ ᠭᠡᠨ᠎ᠡ ᠃ ᠲᠡᠷᠡ ᠲᠡᠭᠷᠢ ᠵᠢᠨ ᠭᠤᠤᠯ  ᠳᠤ ᠬᠦᠷᠴᠦ ᠷᠠᠰᠢᠶᠠᠨ ᠤᠰᠤ ᠵᠢ ᠠᠮᠠᠨ  ᠳᠠᠭᠠᠨ ᠡᠮᠬᠦᠨ  ᠢᠷᠡᠵᠦ ᠠᠩᠭᠠᠬᠠᠢ ᠦᠨᠳᠡᠭᠡ  ᠪᠠᠨ ᠭᠤᠷᠪᠠᠨᠲᠠ ᠤᠬᠢᠶᠠᠭᠰᠠᠨ  ᠳᠤ ᠬᠠᠲᠠᠴᠢᠬᠠᠭᠰᠠᠨ ᠲᠤᠯᠤᠭᠠᠨ ᠦᠨᠳᠡᠭᠡ  ᠨᠢ ᠠᠮᠢᠯᠠᠴᠢᠬᠠᠭᠠᠳ ᠬᠦᠭᠡᠷᠦᠬᠦᠨ ᠳᠤᠯᠤᠭᠠᠨ ᠲᠡᠭᠳᠡᠭᠡᠭᠡᠢ ᠨᠠᠪᠴᠢᠨ ᠭᠠᠷᠤᠭᠰᠠᠨ ᠭᠡᠨ᠎ᠡ ᠃ ᠲᠡᠭᠡᠭᠡᠳ ᠰᠠᠶᠢᠨ ᠰᠡᠳᠭᠢᠯᠲᠤ ᠠᠯᠠᠭ ᠲᠤᠩᠭᠠᠷ ᠳᠤᠯᠤᠭᠠᠨ ᠲᠡᠭᠳᠡᠭᠡᠭᠡᠢ  ᠲᠠᠢ  ᠪᠠᠨ ᠠᠮᠤᠷ ᠵᠢᠷᠭᠠᠵᠤ ᠂ ᠵᠢᠨᠳᠤᠤᠷ ᠬᠡᠦᠬᠡᠨ ᠣ ᠠᠪᠤ ᠡᠵᠢ  ᠨᠢ ᠴᠤ ᠬᠡᠦᠬᠡᠨ ᠪᠠ ᠬᠦᠷᠭᠡᠨ  ᠢᠶᠡᠨ  ᠭᠡᠷ  ᠲᠡᠭᠡᠨ ᠲᠤᠰᠤᠨ ᠠᠪᠠᠴᠢᠭᠠᠳ ᠭᠡᠷ ᠬᠤᠲᠠᠯᠠᠭᠠᠷ  ᠢᠶᠡᠨ  ᠨᠡᠶᠢᠯᠡᠵᠦ ᠵᠢᠷᠭᠠᠨ ᠰᠠᠭᠤᠭᠰᠠᠨ ᠭᠡᠨ᠎ᠡ ᠃

 

ᠬᠤᠶᠠᠷ ᠂ ᠳᠤᠮᠤᠭ ᠳᠠᠭᠤᠤ  ᠶᠢᠨ ᠲᠤᠬᠠᠢ

 

ᠲᠤᠮᠤᠭ ᠳᠠᠭᠤᠤ ᠪᠤᠯ ᠦᠯᠢᠭᠡᠷᠲᠦ ᠳᠠᠭᠤᠤ ᠵᠢᠨ ᠨᠢᠭᠡ ᠲᠦᠷᠦᠯ ᠪᠤᠯᠤᠨ ᠬᠠᠷᠢᠶᠠᠯᠠᠭᠳᠠᠵᠤ ᠂ ᠶᠡᠷᠦ  ᠨᠢ ᠬᠡᠦᠭᠡᠳ  ᠤᠨ ᠳᠤᠮᠤᠭ  ᠤᠨ ᠰᠢᠨᠵᠢ  ᠲᠠᠢ ᠪᠠᠶᠢᠳᠠᠭ ᠃     ᠳᠤᠮᠤᠭ ᠳᠠᠭᠤᠤ  ᠨᠢ ᠶᠡᠷᠦᠳᠡᠭᠡᠨ ᠬᠦᠮᠦᠨᠴᠢᠯᠡᠯ  ᠤᠨ ᠠᠷᠭ᠎ᠠ  ᠪᠡᠷ ᠵᠤᠬᠢᠶᠠᠭᠳᠠᠵᠤ ᠂ ᠬᠦᠦᠷᠨᠢᠯ ᠢᠯᠡᠳᠭᠡᠯ ᠂ ᠤᠷᠠᠨ ᠳᠦᠷᠰᠦᠯᠡᠯ ᠂ ᠤᠶᠠᠩᠭ᠎ᠠ ᠰᠢᠯᠦᠭ ᠵᠡᠷᠭᠡ ᠵᠢ ᠤᠶᠠᠯᠳᠤᠭᠤᠯᠵᠤ ᠂ ᠤᠴᠢᠷ ᠶᠠᠪᠤᠳᠠᠯ  ᠢ ᠲᠤᠭᠠᠴᠢᠨ ᠦᠭᠦᠯᠡᠵᠦ ᠂ ᠶᠤᠰᠤ ᠤᠴᠢᠷ  ᠢ ᠲᠤᠰᠬᠠᠨ ᠶᠠᠷᠢᠳᠠᠭ ᠃ ᠳᠤᠮᠤᠭ ᠳᠠᠭᠤᠤ  ᠨᠢ ᠭᠦᠰᠡᠭᠦᠶᠢᠴᠢ ᠦᠵᠡᠯ  ᠤᠨ ᠰᠢᠨᠵᠢ  ᠪᠡᠷ ᠢᠯᠡᠳᠲᠡ ᠪᠠᠶᠢᠳᠠᠭ ᠃ ᠦᠯᠢᠭᠡᠷ  ᠤᠨ ᠭᠤᠤᠯ ᠪᠠᠭᠠᠲᠤᠷ  ᠨᠢ ᠦᠷᠬᠦᠯᠵᠢ ᠠᠮᠢᠲᠠᠨ ᠭᠦᠷᠦᠭᠡᠰᠦ ᠂ ᠠᠷᠢᠶᠠᠲᠠᠨ ᠵᠢᠭᠦᠷᠲᠡᠨ ᠪᠠᠶᠢᠵᠤ ᠂ ᠠᠮᠢᠲᠠᠳ  ᠤᠨ ᠦᠯᠢᠭᠡᠷ  ᠢᠶᠡᠷ  ᠳᠠᠮᠵᠢᠵᠤ ᠂ ᠬᠦᠮᠦᠨ ᠲᠦᠷᠦᠯᠬᠢᠲᠡᠨ  ᠤ ᠶᠠᠪᠤᠳᠠᠯ ᠤᠴᠢᠷ  ᠢ ᠳᠤᠰᠬᠠᠨ ᠂ ᠡᠷᠲᠡᠨ   ᠤ ᠶᠠᠪᠤᠳᠠᠯ  ᠢ ᠬᠡᠯᠡᠬᠦ  ᠪᠡᠷ ᠳᠠᠮᠵᠢᠨ ᠂ ᠤᠳᠤᠬᠢ ᠬᠡᠷᠡᠭ  ᠢ ᠰᠢᠭᠦᠮᠵᠢᠯᠡᠨ ᠢᠯᠡᠳᠬᠡᠳᠡᠭ ᠪᠠᠶᠢᠨ᠎ᠠ ᠃     ᠮᠤᠩᠭᠤᠯ ᠠᠷᠠᠳ  ᠤᠨ ᠳᠠᠭᠤᠤ  ᠳᠤ ᠤᠯᠠᠨ ᠠᠷᠪᠢᠨ ᠳᠤᠮᠤᠭ ᠳᠠᠭᠤᠤ ᠪᠠᠶᠢᠳᠠᠭ ᠃ ᠰᠢᠯᠢᠳᠡᠭ ᠪᠦᠲᠦᠭᠡᠯ  ᠡᠴᠡ ᠬᠡᠳᠦ ᠵᠢ ᠳᠤᠷᠠᠳᠪᠠᠯ ᠄ ︽ ᠡᠵᠡᠨ ᠪᠤᠭᠳᠠ ᠵᠢᠨ ᠬᠤᠶᠠᠷ ᠵᠠᠭᠠᠯ ︾ ︵ ᠤᠷᠳᠤᠰ ︶ ᠂ ︽ ᠦᠨᠦᠴᠢᠨ ᠴᠠᠭᠠᠨ ᠪᠤᠲᠤᠭᠤ ︾ ︵ ᠰᠢᠯᠢ ᠵᠢᠨ ᠭᠤᠤᠯ ︶ ᠂ ︽ ᠭᠤᠷᠪᠠᠨ ᠵᠠᠭᠤ ᠵᠢᠷᠠᠨ ᠨᠢᠭᠡᠨ ᠭᠦᠷᠦᠭᠡᠰᠦ ︾ ︵ ᠠᠯᠠᠱᠠ ︶ ᠂ ︽ ᠪᠤᠳᠢ ᠴᠠᠭᠠᠨ ᠭᠦᠷᠦᠭᠡᠰᠦ ︾ ︵ ᠬᠤᠷᠴᠢᠨ ︶ ᠂ ︽ ᠦᠨᠦᠴᠢᠨ ᠨᠦᠷᠦᠭᠡ ︾ ︵ ᠬᠤᠷᠴᠢᠨ ︶ ᠂ ︽ ᠲᠤᠭᠤᠳᠠᠭ ︾ ᠵᠡᠷᠭᠡ ᠮᠡᠲᠦ ᠃

 

ᠭᠤᠷᠪᠠ ᠂ ᠠᠶᠠᠰ  ᠣᠨ ᠵᠠᠳᠠᠯᠤᠯᠳᠠ

 

ᠲᠤᠰ ᠳᠠᠭᠤᠤ  ᠳᠤ ᠠᠯᠠᠭ ᠲᠤᠩᠭᠠᠷ  ᠤᠨ ᠠᠮᠢ ᠪᠡᠶ᠎ᠡ  ᠪᠠᠨ ᠬᠠᠶᠢᠬᠤᠷᠤᠯ ᠦᠭᠡᠢ  ᠪᠡᠷ ᠪᠤᠰᠤᠳ  ᠢ ᠬᠠᠪᠰᠤᠷᠴᠦ ᠂ ᠬᠠᠶᠢᠷ᠎ᠠ ᠬᠠᠯᠠᠮᠵᠢᠯᠠᠯ  ᠢᠶᠡᠨ  ᠪᠤᠰᠤᠳ  ᠲᠤ ᠬᠠᠷᠠᠮ ᠦᠭᠡᠢ ᠵᠤᠷᠢᠭᠤᠯᠳᠠᠭ ᠴᠠᠶᠢᠯᠭᠠᠨ ᠰᠠᠶᠢᠬᠠᠨ ᠰᠠᠨᠠᠭ᠎ᠠ ᠰᠡᠳᠭᠢᠯ  ᠢ ᠮᠠᠭᠲᠠᠨ ᠳᠠᠭᠤᠯᠵᠤ ᠂ ᠪᠤᠰᠤᠳ  ᠲᠤ ᠲᠤᠰᠠ ᠦᠢᠯᠡᠳᠦᠭᠰᠡᠨ ᠬᠦᠮᠦᠨ ᠂ ᠬᠡᠵᠢᠶᠡᠳᠡ ᠪᠤᠰᠤᠳ  ᠤᠨ ᠬᠦᠨᠳᠦᠳᠭᠡᠯ  ᠢ ᠤᠯᠤᠨ᠎ᠠ ᠭᠡᠳᠡᠭ ᠪᠤᠷᠤᠭᠵᠢᠭᠤᠨ ᠶᠤᠰᠤ ᠤᠴᠢᠷ  ᠢ ᠶᠤᠭᠲᠠᠯᠠᠨ ᠢᠯᠡᠳᠭᠡᠵᠡᠢ ᠃ ᠲᠤᠰ ᠳᠠᠭᠤᠤ ᠳᠠᠬᠢ ᠠᠯᠠᠭ ᠲᠤᠩᠭᠠᠷ ᠪᠤᠯ ᠨᠢᠩᠵᠢᠨ ᠴᠠᠭᠠᠨ ᠰᠡᠳᠭᠢᠯ  ᠲᠠᠢ ᠂ ᠠᠷᠢᠭᠤᠨ ᠬᠠᠯᠠᠭᠤᠨ ᠰᠠᠨᠠᠭ᠎ᠠ ᠪᠦᠬᠦᠢ ᠲᠦᠷᠢ ᠪᠤᠯᠤᠨ᠎ᠠ ᠂ ᠲᠡᠷᠡ ᠵᠢᠨᠳᠤᠤᠷ ᠬᠡᠦᠬᠡᠨ  ᠢ ᠦᠷᠦ ᠡᠪᠡᠳᠴᠦ ᠂ ᠬᠤᠪᠢᠨ  ᠤ  ᠪᠠᠨ ᠦᠨᠳᠡᠭᠡ  ᠪᠠᠨ ᠬᠠᠶᠢᠬᠤᠷᠤᠯ ᠦᠭᠡᠢ ᠂ ᠵᠢᠨᠳᠤᠤᠷ  ᠤᠨ ᠲᠦᠷᠬᠦᠮ  ᠳᠤᠨᠢ ᠴᠢᠮᠡᠭᠡ ᠬᠦᠷᠭᠡᠭᠰᠡᠨ ᠪᠠᠶᠢᠨ᠎ᠠ ᠃ ᠴᠢᠮᠡᠭᠡ ᠬᠦᠷᠭᠡᠬᠦ ᠵᠠᠮ  ᠳᠠᠭᠠᠨ ᠲᠡᠷᠡ ᠬᠡᠳᠦᠶᠢᠪᠡᠷ ᠠᠶᠤᠯ  ᠳᠤ ᠲᠤᠯᠭᠠᠷᠠᠭᠰᠠᠨ ᠪᠤᠯᠪᠠᠴᠤ ᠂ ᠠᠷᠢᠭᠤᠨ ᠰᠠᠶᠢᠬᠠᠨ ᠰᠠᠨᠠᠭ᠎ᠠ  ᠪᠡᠷ  ᠢᠶᠡᠨ  ᠬᠦᠮᠦᠨ  ᠤ ᠬᠦᠨᠳᠦᠳᠭᠡᠯ  ᠢ ᠤᠯᠵᠤ ᠂ ᠠᠶᠤᠯ ᠵᠤᠪᠠᠯᠠᠩ  ᠡᠴᠡ ᠭᠠᠲᠤᠯᠤᠭᠰᠠᠨ ᠪᠠᠶᠢᠨ᠎ᠠ ᠃ ᠰᠡᠭᠦᠯ  ᠳᠤᠨᠢ ᠲᠡᠷᠡ ᠦᠪᠡᠷ  ᠤᠨ ᠤᠷᠠᠨ ᠰᠠᠮᠪᠠᠭ᠎ᠠ ᠂ ᠤᠶᠠᠨ ᠵᠤᠷᠢᠭ  ᠢᠶᠡᠷ  ᠢᠶᠡᠨ  ᠲᠡᠭᠷᠢ ᠵᠢᠨ ᠭᠤᠤᠯ  ᠳᠤ ᠨᠢᠰᠦᠨ ᠬᠦᠷᠴᠦ ᠷᠠᠰᠢᠶᠠᠨ ᠤᠰᠤ ᠵᠢ ᠠᠪᠴᠢᠷᠠᠭᠠᠳ ᠬᠠᠳᠠᠴᠢᠬᠠᠭᠰᠠᠨ ᠦᠨᠳᠡᠭᠡ  ᠪᠠᠨ ᠠᠮᠢᠯᠠᠭᠤᠯᠤᠭᠰᠠᠨ ᠪᠠᠶᠢᠨ᠎ᠠ ᠃ ᠡᠨᠡ   ᠨᠢ ︽ ᠰᠠᠶᠢᠨ ᠰᠠᠨᠠᠭᠠᠨ  ᠤ ᠦᠵᠦᠭᠦᠷ ᠰᠦ᠋ ︾ ᠭᠡᠳᠡᠭ ᠶᠤᠰᠤ ᠤᠴᠢᠷ  ᠢ ᠬᠠᠷᠠᠭᠤᠯᠵᠤ ᠪᠤᠢ ᠃ ᠲᠤᠰ ᠳᠠᠭᠤᠤ  ᠳᠤ ᠠᠷᠢᠭᠤᠨ ᠴᠠᠶᠢᠯᠭᠠᠨ ᠵᠠᠩ ᠰᠠᠨᠠᠭ᠎ᠠ ᠂ ᠬᠦᠮᠦᠨ ᠬᠦᠮᠦᠨ  ᠤ ᠬᠠᠶᠢᠷ᠎ᠠ ᠬᠠᠯᠠᠮᠵᠢ ᠵᠢ ᠤᠷᠠᠨ ᠬᠠᠪᠤᠯᠢᠭ  ᠢᠶᠡᠷ  ᠳᠠᠭᠤᠯᠠᠨ ᠢᠯᠡᠳᠭᠡᠵᠡᠢ ᠃

ᠲᠤᠰ ᠳᠠᠭᠤᠤ ᠵᠢᠨ ᠠᠶ᠎ᠠ  ᠨᠢ ᠳᠡᠭᠡᠷ᠎ᠡ ᠳᠤᠤᠷ᠎ᠠ ᠬᠤᠶᠠᠷ ᠬᠦᠭᠵᠢᠮ  ᠤᠨ ᠦᠭᠦᠯᠡᠪᠦᠷᠢ  ᠪᠡᠷ ᠪᠦᠷᠢᠯᠳᠦᠵᠤ ᠂ ᠬᠦᠭᠵᠢᠮ  ᠤᠨ ᠦᠭᠦᠯᠡᠪᠦᠷᠢ ᠪᠦᠷᠢ  ᠨᠢ ᠮᠦᠨ ᠡᠮᠦᠨ᠎ᠡ  ᠬᠤᠶᠢᠨ᠎ᠠ ᠬᠤᠶᠠᠷ ᠬᠦᠭᠵᠢᠮ  ᠤᠨ ᠲᠠᠰᠤᠯᠪᠦᠷᠢ  ᠪᠡᠷ ᠪᠦᠷᠢᠯᠳᠦᠭᠰᠡᠨ ᠪᠠᠶᠢᠨ᠎ᠠ ᠃ ᠲᠤᠰ ᠳᠠᠭᠤᠤ ᠵᠢᠨ ᠠᠶ᠎ᠠ  ᠨᠢ ᠶᠦᠳᠠᠭᠤᠨ ᠠᠶᠠᠯᠭᠤᠨ ᠭᠡᠪ ᠪᠠᠶᠢᠵᠤ ᠂ ᠳᠡᠭᠡᠷ᠎ᠡ ᠬᠦᠭᠵᠢᠮ  ᠤᠨ ᠦᠭᠦᠯᠡᠪᠦᠷᠢ  ᠨᠢ ᠳᠡᠭᠡᠷ᠎ᠡ ᠲᠠᠯ᠎ᠠ ᠵᠢᠨ ᠭᠤᠤᠯ ᠳᠠᠭᠤᠨ ᠳᠡᠭᠡᠷ᠎ᠡ ᠴᠢᠭᠯᠠᠵᠤ ᠂ ᠳᠤᠤᠷ᠎ᠠ ᠬᠦᠭᠵᠢᠮ  ᠤᠨ ᠦᠭᠦᠯᠡᠪᠦᠷᠢ  ᠨᠢ ᠳᠤᠤᠷ᠎ᠠ ᠲᠠᠯ᠎ᠠ ᠵᠢᠨ ᠭᠤᠤᠯ ᠳᠠᠭᠤᠨ ᠳᠡᠭᠡᠷ᠎ᠡ ᠲᠡᠭᠦᠰᠴᠡᠢ ᠃

ᠬᠤᠷᠴᠢᠨ ᠠᠷᠠᠳ ᠤᠨ ᠳᠠᠭᠤᠤ ︽ ᠰᠥᠮᠥᠷᠦᠦ ︾ ᠂ ︽ ᠬᠦᠷᠡᠯ ᠫᠠᠶᠢᠵᠠᠩ ︾  ᠤᠨ ᠠᠶ᠎ᠠ  ᠨᠢ ᠲᠤᠰ ᠲᠠᠭᠤᠤ  ᠲᠠᠢ ᠡᠭᠡᠭᠡ  ᠠᠳᠠᠯᠢ ᠪᠠᠶᠢᠳᠠᠭ ᠂ ᠬᠡᠳᠦᠨ ᠲᠠᠭᠤᠤ ᠨᠢᠭᠡᠨ ᠠᠶ᠎ᠠ  ᠪᠡᠷ ᠲᠠᠭᠤᠯᠠᠭᠳᠠᠳᠠᠭ  ᠨᠢ ᠠᠷᠠᠳ ᠤᠨ ᠳᠠᠭᠤᠤ ᠵᠢᠨ ᠨᠡᠶᠢᠲᠡᠯᠢᠭ ᠦᠵᠡᠭᠳᠡᠯ ᠪᠤᠯᠤᠨ᠎ᠠ ᠃ ᠵᠢᠱᠢᠶᠡᠯᠡᠪᠡᠯ ︽ ᠲᠢᠶᠠᠨ ᠬᠤ ︾  ︽ ᠭᠠᠳᠠ ᠮᠡᠶᠢᠷᠡᠨ ︾  ︽ ᠴᠦᠨ ᠶᠢᠩ ︾ ᠭᠤᠷᠪᠠᠨ ᠳᠠᠭᠤᠤ ᠨᠢᠭᠡᠨ ᠠᠶ᠎ᠠ  ᠪᠡᠷ ᠳᠠᠭᠤᠯᠠᠭᠳᠠᠵᠤ ᠂ ︽ ᠴᠠᠬᠠᠷ ᠨᠠᠢᠮᠠᠨ ᠬᠤᠰᠢᠭᠤ ︾  ︽ ᠶᠠᠴᠢᠶᠤᠤ ︾ ᠬᠤᠶᠠᠷ ᠳᠠᠭᠤᠤ ᠵᠢᠨ ᠠᠶ᠎ᠠ  ᠨᠢ ᠮᠦᠨ ᠠᠳᠠᠯᠢ ᠪᠠᠶᠢᠵᠤ ᠂ ︽ ᠰᠢᠱᠦ ᠮᠡᠶᠢᠷᠡᠨ ︾  ︽ ᠨᠠᠮᠰᠡᠷᠡᠢ ︾  ︽ ᠴᠤᠶᠢᠵᠢ ᠤᠰᠤᠷ ︾  ︽ ᠲᠠᠰ ︾  ︽ ᠠᠯᠳᠠᠨᠴᠡᠴᠡᠭ ︾  ︽ ᠭᠤᠤ ᠰᠢᠶᠤᠤ ᠯᠢᠩ ︾ ᠵᠡᠷᠭᠡ ᠲᠠᠭᠤᠤ ᠵᠢᠨ ᠠᠶ᠎ᠠ  ᠨᠢ ᠴᠤ ᠨᠢᠭᠡᠨ ᠠᠶ᠎ᠠ  ᠡᠴᠡ ᠢᠷᠡᠯᠲᠠᠢ ᠪᠠᠶᠢᠨ᠎ᠠ ᠃

 

ᠳᠠᠭᠤᠤ  ᠶᠢᠨ ᠦᠭᠡ

 

ᠠᠯᠠᠭ ᠲᠤᠩᠭᠠᠷ ᠲᠠᠭᠡᠭ᠍ᠰᠢ  ᠪᠠᠨ ᠬᠦᠢ

ᠲᠠᠪᠳᠠᠷᠢᠭᠡᠳ ᠭᠠᠷᠤᠯ᠎ᠠ ᠬᠦᠢ ᠂

ᠷᠠᠰᠢᠶᠠᠨ ᠤᠰᠤ  ᠲᠠᠢ ᠳᠡᠭᠷᠢ  ᠶᠢᠨ ᠭᠤᠤᠯ  ᠢ ᠬᠦᠢ

ᠴᠢᠭᠯᠡᠭᠡᠳ ᠶᠠᠪᠤᠯ᠎ᠠ ᠬᠦᠢ ᠃

 

ᠡᠷᠢᠶᠠᠨ ᠲᠤᠩᠭᠠᠷ ᠡᠭᠦᠯᠠ ᠵᠢ ᠪᠠᠷᠢᠭᠠᠳ ᠬᠦᠢ

ᠲᠠᠪᠳᠠᠷᠢᠭᠡᠳ ᠭᠠᠷᠤᠯ᠎ᠠ ᠬᠦᠢ ᠂

ᠡᠷᠳᠡᠨᠢ  ᠶᠢᠨ ᠤᠰᠤ  ᠲᠠᠢ ᠳᠡᠭᠷᠢ  ᠶᠢᠨ ᠭᠤᠤᠯ  ᠢ ᠬᠦᠢ

ᠴᠢᠭᠯᠡᠭᠡᠳ ᠶᠠᠪᠤᠯ᠎ᠠ ᠬᠦᠢ ᠃

 

ᠵᠢᠭᠦᠷ ᠢᠶᠠᠨ ᠳᠡᠯᠭᠡᠭᠡᠳ ᠳᠤᠨᠭ᠍ᠭᠠᠷ ᠬᠦᠢ

ᠵᠢᠷᠪᠢᠰᠬᠢᠭᠡᠳ ᠨᠢᠰᠤᠯ᠎ᠡ ᠬᠦᠢ ᠂

ᠵᠢᠷᠭᠤᠭᠠᠨ ᠦᠨᠳᠡᠭᠡ  ᠪᠠᠨ ᠪᠤᠳᠤᠭᠠᠳ ᠬᠦᠢ

ᠵᠢᠷᠦᠬᠡᠨ ᠳᠡᠭᠡᠨ ᠰᠠᠨᠳᠤᠷᠤᠨ᠎ᠠ ᠬᠦᠢ ᠃

 

ᠵᠢᠨᠳᠤᠤᠷ ᠤᠨ ᠲᠦᠯᠦᠭᠡ ᠭᠡᠳ ᠯᠡ ᠬᠦᠢ

ᠵᠢᠷᠭᠤᠭᠠᠨ ᠰᠠᠷ᠎ᠠ ᠵᠠᠮ ᠬᠦᠭᠡᠭᠡᠯ᠎ᠡ ᠬᠦᠢ ᠂

ᠵᠢᠷᠦᠬᠡᠨ  ᠦ ᠦᠨᠳᠡᠭᠡ  ᠪᠠᠨ ᠪᠤᠳᠤᠭᠠᠳ ᠬᠦᠢ

ᠵᠢᠭᠦᠷ ᠢᠶᠠᠨ ᠳᠡᠯᠭᠡᠨ ᠰᠠᠨᠳᠤᠷᠤᠨ᠎ᠠ ᠬᠦᠢ ᠃

 

ᠳᠠᠭᠤᠤ  ᠶᠢᠨ ᠨᠤᠲ

 

1 2 3 4 5 6 7 8 9 10

MP3 ᠪᠢᠴᠢᠯᠭᠡ  ︽ ᠠᠯᠠᠭ ᠲᠤᠩᠭᠠᠷ ︾

VCD ᠪᠢᠴᠢᠯᠭᠡ  ︽ ᠠᠯᠠᠭ ᠲᠤᠩᠭᠠᠷ ︾

ᠬᠠᠪᠰᠤᠷᠭᠠᠯ ᠭᠦᠭᠵᠢᠮ  ︽ ᠠᠯᠠᠭ ᠲᠤᠩᠭᠠᠷ ︾

ᠰᠢᠭᠦᠮᠵᠢ ᠦᠯᠡᠳᠡᠭᠡᠬᠦ