• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠᠯᠲᠠᠨ ᠬᠤᠨᠳᠠᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   49
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

ᠤᠷᠳᠤᠰ ᠬᠤᠷᠢᠮ ᠪᠤᠶᠤ ᠪᠤᠰᠤᠳ ᠵᠤᠶᠢᠯ ᠤᠨ ᠨᠠᠶᠢᠷ ᠴᠤᠭᠯᠠᠭᠠᠨ ᠲᠡᠭᠡᠷ᠎ᠠ ᠂ ᠨᠠᠶᠢᠷᠴᠢᠨ ᠲᠠᠭᠤᠴᠢᠨ ᠡᠴᠠ ︽ ᠠᠯᠳᠠᠨ ᠬᠤᠠᠳᠠᠭ᠎ᠠ ︾ ᠵᠢ ᠭᠤᠤᠯ ᠲᠠᠭᠤᠤ ᠪᠤᠯᠭᠠᠨ ᠲᠠᠭᠤᠯᠠᠳᠠᠭ ᠵᠠᠩᠰᠢᠯ  ᠲᠠᠢ ᠪᠢᠯᠨ ᠃ ᠡᠨᠡ  ᠭᠦ ᠲᠠᠭᠤᠤ  ᠨᠢ ᠤᠷᠳᠤᠰ ᠠᠷᠠᠳ ᠤᠨ ᠵᠠᠩ ᠲᠠᠳᠬᠠᠯ ᠂ ᠰᠤᠶᠤᠯ ᠤᠷᠠᠯᠢᠭ ᠤᠨ ᠤᠠᠴᠠᠯᠢᠭ ᠰᠢᠠᠵᠢ ᠢ ᠲᠤᠰᠬᠠᠠᠠᠰᠠᠨ  ᠢᠶᠡᠷ  ᠪᠠᠷᠠᠬᠤ ᠦᠭᠡᠢ ᠂ ᠲᠠᠭᠤᠤ ᠵᠢᠨ ᠦᠭᠡ ᠂ ᠠᠶ᠎ᠠ ᠵᠢᠨ ᠪᠦᠳᠣᠴᠠ ᠂ ᠠᠶᠢᠵᠠᠮ ᠴᠤᠭᠢᠯᠭ᠎ᠠ  ᠨᠢ ᠤᠨᠴᠠᠭᠠᠢ ᠭᠡᠪ ᠨᠠᠮᠪᠡ  ᠲᠠᠢ ᠪᠠᠶᠢᠳᠠᠭ ᠃

 

ᠬᠤᠶᠠᠷ ᠂ ᠠᠶᠠᠰ  ᠣᠨ ᠵᠠᠳᠠᠯᠤᠯᠳᠠ

 

ᠲᠤᠰ ᠲᠠᠭᠤᠤ  ᠨᠢ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ  ᠪᠡᠷ ᠪᠦᠷᠢᠯᠳᠤᠵᠤ ᠂ ᠬᠤᠶᠠᠷ ᠭᠦᠭᠵᠢᠮ ᠤᠨ ᠦᠭᠦᠯᠡᠪᠦᠷᠢ ᠵᠢᠨ ᠲᠡᠭᠦᠰᠭᠡᠯ ᠲᠠᠭᠤᠨ  ᠨᠢ ᠠᠳᠠᠯᠢ ᠲᠠᠭᠤᠨ ᠦ ᠨᠠᠢᠮᠠᠴᠠ ᠵᠢᠨ ᠠᠪᠤᠯᠴᠠᠭ᠎ᠠ ᠬᠠᠷᠢᠴᠠᠭ᠎ᠠ  ᠲᠠᠢ ᠃ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ ᠵᠢᠨ ᠲᠤᠮᠳᠠ ᠰᠤᠯᠪᠢᠴᠠᠨ ᠨᠡᠮᠡᠭᠰᠡᠨ ᠬᠤᠶᠠᠷ ᠲᠠᠰᠤᠯᠭ᠎ᠠ ᠭᠦᠭᠵᠢᠮ ᠤᠨ ᠠᠶ᠎ᠠ ᠪᠤᠢ ᠃ ᠡᠨᠡ  ᠠᠶ᠎ᠠ ᠪᠤᠯ ᠨᠦᠭᠦᠪᠦᠷᠢ ᠴᠢᠨᠠᠷ  ᠲᠠᠢ ᠭᠦᠭᠵᠢᠮ ᠤᠨ ᠠᠶ᠎ᠠ ᠪᠤᠯᠤᠨ᠎ᠠ ᠃ ᠲᠤᠤᠷ᠎ᠠ ᠭᠦᠭᠵᠢᠮ ᠤᠨ ᠦᠭᠦᠯᠡᠪᠦᠷᠢ ᠵᠢᠨ ᠰᠡᠭᠦᠯ ᠤᠨ ᠭᠡᠰᠡᠭ  ᠲᠤ ᠮᠦᠨ ᠬᠤᠶᠠᠷ ᠲᠠᠰᠤᠯᠪᠦᠷᠢ ᠭᠦᠭᠵᠢᠮ  ᠤᠨ ᠠᠶ᠎ᠠ ᠪᠠᠶᠢᠵᠤ ᠂ ᠦᠷᠭᠡᠳᠭᠡᠯ ᠴᠢᠨᠠᠷ  ᠲᠠᠢ ᠭᠦᠭᠵᠢᠮ  ᠤᠨ ᠦᠭᠦᠯᠡᠪᠦᠷᠢ ᠵᠢᠨ ᠪᠦᠳᠤᠴᠠ ᠢ ᠪᠦᠷᠢᠯᠳᠤᠭᠦᠯᠦᠭᠰᠡᠨ ᠪᠠᠶᠢᠨ᠎ᠠ ᠃ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ ᠵᠢᠨ ᠰᠡᠭᠦᠯ  ᠳᠤ ︽ ᠰᠠᠶᠢᠯᠤᠷ ᠸᠠᠶᠢᠯᠳᠤᠨ ᠰᠠᠶᠢᠨ ︾ ᠭᠡᠭᠦ ᠪᠤᠳᠠᠳᠠᠢ ᠤᠳᠬ᠎ᠠ ᠦᠭᠡᠢ ᠲᠠᠭᠠᠯᠳᠤᠪᠦᠷᠢ ᠦᠭᠡ ᠪᠤᠢ ᠃ ᠲᠡᠷᠨ  ᠨᠢ ᠪᠦᠭᠦᠶᠢᠯᠨ ᠲᠠᠭᠤᠤ ᠵᠢᠨ ᠬᠤᠪᠢ  ᠳᠤ ᠲᠤᠩ ᠴᠢᠬᠤᠯᠨ ᠤᠶᠢᠯᠡᠳᠤᠯ  ᠲᠠᠢ ᠶᠤᠮ ᠃ ᠲᠡᠭᠡᠷ᠎ᠡ ᠭᠦᠭᠵᠢᠮ ᠤᠨ ᠦᠭᠦᠯᠡᠪᠦᠷᠢ ᠵᠢᠨ ᠰᠡᠭᠦᠯ ᠤᠨ ᠬᠤᠶᠠᠷ ᠲᠠᠰᠤᠯᠪᠦᠷᠢ ᠠᠶ᠎ᠠ  ᠳᠤ ᠶᠦᠳᠠᠭᠤᠨ ᠡᠴᠠ ᠱᠠᠩᠳᠠᠭᠤᠨ ᠭᠦᠷᠳᠡᠯᠡᠭᠢ ᠲᠦᠷᠪᠡᠴᠡ ᠵᠢᠨ ᠰᠡᠭᠦᠯ ᠬᠠᠶᠠᠯᠳᠠ ᠭᠢᠵᠤ ᠂ ᠲᠤᠷᠤᠠᠠᠰᠢ ᠨᠠᠢᠮᠠᠴᠠ ᠵᠢᠨ ᠠᠶ᠎ᠠ ᠵᠢᠨ ᠦᠰᠦᠷᠦᠯᠳᠠ ᠢᠯᠡᠷᠡᠵᠡᠢ ᠃

ᠯᠠᠪᠯᠠᠠᠠᠰᠠᠨ ᠮᠠᠲ᠋ᠸᠷᠢᠶᠠᠯ

ᠲᠤᠮᠳᠠᠳᠤ ᠤᠯᠤᠰ ᠤᠨ ᠠᠷᠠᠳ ᠤᠨ ᠠᠮᠠᠨ ᠵᠤᠭᠢᠶᠠᠯ ᠤᠨ ᠴᠢᠭᠤᠯᠭᠠᠨ ᠤ ᠦᠪᠦᠷ ᠮᠤᠩᠭᠤᠯ ᠤᠨ ᠬᠤᠪᠢᠶᠠᠷᠢ ᠪᠤᠳᠢ ᠵᠢᠨ ᠨᠠᠶᠢᠷᠠᠭᠤᠯᠬᠤ ᠺᠤᠮᠢᠰ ᠄ ︽ ᠮᠤᠩᠭᠤᠯ ᠠᠷᠠᠳ  ᠤᠨ ᠲᠠᠭᠤᠤ ᠵᠢᠨ ᠴᠢᠭᠤᠯᠭᠠᠨ ︾ ᠂ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠂ 1993 ᠤᠨ ᠃

ᠪᠦᠳᠦᠭᠡᠯᠳᠤ ᠡᠷᠬᠢᠯᠡᠨ  ᠨᠠᠶᠢᠷᠠᠭᠤᠯᠰᠠᠨ ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

ᠭᠤᠷᠪᠠ ᠂ ᠲᠠᠭᠤᠤ ᠵᠢᠨ ᠦᠭᠡ

 

ᠠᠯᠳᠠᠨ ᠶᠤ ᠯᠠ ᠬᠤᠠᠳᠠᠭᠠᠨ ᠳᠠᠭᠠᠨ ᠠᠰᠬᠠᠷᠠᠭᠤᠯᠤᠮᠠᠨ ᠰᠠᠶᠢᠨ ᠂

ᠰᠠᠶᠢᠯᠤᠷ ᠸᠠᠶᠢᠯᠳᠤᠨ ᠰᠠᠶᠢᠨ

ᠰᠠᠶᠢᠨ ᠴᠤ ᠶᠤ ᠯᠠ ᠲᠠᠨᠠᠷ  ᠲᠠᠢ  ᠪᠡᠨ ᠨᠠᠶᠢᠷᠯᠠᠨ ᠰᠠᠭᠤᠶ᠎ᠠ ᠳᠤᠤ

ᠰᠠᠶᠢᠯᠤᠷ ᠸᠠᠶᠢᠯᠳᠤᠨ ᠰᠠᠶᠢᠨ ᠃

 

ᠮᠦᠩᠭᠦᠨ ᠶᠤ ᠯᠠ ᠬᠤᠠᠳᠠᠭᠠᠨ ᠳᠠᠭᠠᠨ ᠮᠡᠯᠮᠡᠷᠡᠭᠦᠯᠦᠮᠠᠠᠵᠢᠨ ᠰᠠᠶᠢᠨ ᠂

ᠰᠠᠶᠢᠯᠤᠷ ᠸᠠᠶᠢᠯᠳᠤᠨ ᠰᠠᠶᠢᠨ

ᠰᠠᠶᠢᠨ ᠴᠤ ᠶᠤ ᠯᠠ ᠲᠠᠨᠠᠷ  ᠲᠠᠢ  ᠪᠡᠨ ᠨᠠᠶᠢᠷᠯᠠᠨ ᠰᠠᠭᠤᠶ᠎ᠠ ᠳᠤᠤ

ᠰᠠᠶᠢᠯᠤᠷ ᠸᠠᠶᠢᠯᠳᠤᠨ ᠰᠠᠶᠢᠨ ᠃

 

ᠬᠤᠭᠤᠷ ᠶᠤ ᠬᠤᠶᠢᠴᠢᠩ ᠢᠶᠠᠨ ᠲᠠᠳᠠᠮᠠᠠᠵᠢᠨ ᠰᠠᠶᠢᠨ ᠂

ᠰᠠᠶᠢᠯᠤᠷ ᠸᠠᠶᠢᠯᠳᠤᠨ ᠰᠠᠶᠢᠨ

ᠬᠤᠳᠠ ᠶᠤ ᠲᠠᠨᠠᠷ  ᠲᠠᠢ  ᠪᠡᠨ ᠨᠠᠶᠢᠷᠯᠠᠨ ᠰᠠᠭᠤᠶ᠎ᠠ ᠳᠤᠤ

ᠰᠠᠶᠢᠯᠤᠷ ᠸᠠᠶᠢᠯᠳᠤᠨ ᠰᠠᠶᠢᠨ ᠃

 

ᠶᠠᠩᠴᠢᠨ ᠶᠤᠨ ᠶᠠᠳᠤᠭ᠎ᠠ  ᠪᠡᠨ ᠲᠡᠯᠡᠳᠤᠮᠠᠠᠵᠢᠨ ᠰᠠᠶᠢᠨ ᠂

ᠰᠠᠶᠢᠯᠤᠷ ᠸᠠᠶᠢᠯᠳᠤᠨ ᠰᠠᠶᠢᠨ

ᠶᠠᠮᠤᠳ ᠶᠤ ᠲᠠᠨᠠᠷ  ᠲᠠᠢ  ᠪᠡᠨ ᠨᠠᠶᠢᠷᠯᠠᠨ ᠰᠠᠭᠤᠶ᠎ᠠ ᠳᠤᠤ

ᠰᠠᠶᠢᠯᠤᠷ ᠸᠠᠶᠢᠯᠳᠤᠨ ᠰᠠᠶᠢᠨ ᠃

 

ᠲᠦᠷᠪᠡ ᠂ ᠲᠠᠭᠤᠤ ᠵᠢᠨ ᠨᠤᠲ

 

1

 

ᠠ  ᠴᠢᠮᠡᠭ ᠵᠢᠨ ᠳᠤᠪᠴᠢ ᠳᠠᠨᠢᠯᠴᠠᠭᠤᠯᠭ᠎ᠠ

 

ᠮᠤᠨᠭ᠍ᠭᠤᠯ ᠦᠨᠳᠦᠰᠦᠲᠡᠨ ᠥ ᠠᠯᠳᠠᠷᠲᠤ ᠳᠠᠭᠤᠴᠢᠨ ᠠ᠊  ᠴᠢᠮᠡᠭ 1961 ᠤᠨ  ᠳᠤ ᠤᠷᠳᠤᠰ ᠨᠤᠲᠤᠭ ᠣᠨ ᠦᠤᠰᠢᠨ ᠬᠤᠰᠢᠭᠤᠨ  ᠳᠤ ᠮᠡᠨᠳᠦᠯᠡᠵᠡᠢ ᠃ 14 ᠨᠠᠰᠤᠨ ᠳᠠᠭᠠᠨ ᠬᠤᠰᠢᠭᠤᠨ ᠥ  ᠪᠠᠨ ᠤᠯᠠᠭᠠᠨᠮᠦᠴᠢᠷ  ᠲᠤ ᠤᠷᠤᠯᠴᠠᠵᠤ ᠂ ᠬᠤᠵᠢᠮ  ᠨᠢ ᠦᠪᠦᠷ ᠮᠤᠨᠭ᠍ᠭᠤᠯ ᠣᠨ ᠳᠠᠭᠤᠤ ᠬᠦᠭᠵᠢᠮ ᠣᠨ ᠪᠦᠯᠬᠦᠮ  ᠳᠤ ᠰᠢᠯᠵᠢᠨ ᠠᠵᠢᠯᠯᠠᠵᠠᠢ ᠃ ᠲᠡᠷᠡ ᠤᠯᠤᠰ ᠪᠠ ᠤᠷᠤᠨ ᠥ ᠳᠡᠰ ᠣᠨ ᠤᠯᠠᠨ ᠠᠷᠪᠢᠨ ᠳᠠᠭᠤᠤ ᠵᠢᠨ ᠤᠷᠤᠯᠳᠤᠭᠠᠨ ᠳᠡᠭᠡᠷ᠎ᠡ ᠰᠢᠯᠢᠳᠡᠭ ᠬᠢᠷᠢ ᠪᠦᠲᠦᠮᠵᠢ ᠤᠯᠵᠤ ᠂ ᠱᠠᠨᠭ᠍ᠨᠠᠭᠳᠠᠨ ᠬᠦᠬᠢᠭᠦᠯᠦᠭᠳᠡᠵᠤ ᠪᠠᠶᠢᠵᠠᠢ ᠃

ᠠ᠊  ᠴᠢᠮᠡᠭ ᠪᠤᠯ ᠤᠳᠤ ᠦᠶ᠎ᠡ ᠵᠢᠨ ᠮᠤᠨᠭ᠍ᠭᠤᠯ ᠳᠠᠭᠤᠴᠢᠳ ᠣᠨ ᠵᠠᠯᠠᠭᠤ ᠨᠢᠭᠡᠨ ᠦᠶ᠎ᠡ ᠵᠢᠨ ᠰᠢᠯᠢᠳᠡᠭ ᠲᠦᠯᠦᠭᠡᠯᠡᠭᠴᠢ ᠪᠤᠯᠤᠨ᠎ᠠ ᠃ ᠲᠡᠭᠦᠨ ᠥ ᠳᠠᠭᠤ ᠵᠢᠨ ᠦᠨᠭᠭᠡ  ᠨᠢ ᠲᠤᠨᠭ᠍ᠭᠠᠯᠠᠭ ᠴᠡᠭᠡᠯᠬᠡᠨ ᠂ ᠢᠷᠠᠭᠤ ᠭᠤᠶᠢᠳᠠ ᠂ ᠳᠠᠭᠤᠤ ᠵᠢᠨ ᠬᠦᠷᠢᠶ᠎ᠡ ᠬᠡᠪᠴᠢᠶ᠎ᠡ  ᠨᠢ ᠦᠷᠭᠡᠨ ᠂ ᠳᠠᠭᠤᠯᠠᠵᠤ  ᠳᠤ ᠰᠡᠳᠭᠢᠯᠭᠡ  ᠪᠡᠷ ᠪᠢᠯᠬᠠᠮ᠎ᠠ ᠂ ᠤᠨᠴᠠᠭᠠᠠᠶᠢᠯᠠᠨ ᠤᠷᠳᠤᠰ ᠠᠷᠠᠳ ᠣᠨ ᠤᠷᠲᠤ ᠵᠢᠨ ᠳᠠᠭᠤᠤ ᠪᠠ ᠪᠤᠭᠤᠨᠢ ᠳᠠᠭᠤᠤ ᠵᠢ ᠲᠤᠨᠭ᠍ ᠬᠠᠪᠤᠯᠢᠭ ᠳᠠᠭᠤᠯᠠᠳᠠᠭ ᠃ ᠲᠡᠭᠦᠨ ᠥ ᠳᠠᠭᠤᠯᠠᠭᠰᠠᠨ ᠲᠦᠯᠦᠭᠡᠯᠡᠭᠴᠢ ᠳᠠᠭᠤᠤ ᠪᠦᠲᠦᠭᠡᠯ ᠣᠳ  ᠢ ᠬᠡᠳᠦ ᠳᠤᠷᠠᠳᠪᠠᠯ ᠄ ︽ ᠰᠡᠨᠵᠢᠳᠮ᠎ᠠ ︾ ᠂ ︽ ᠴᠡᠨᠭᠬᠡᠷ ᠴᠠᠭᠠᠨ ᠠᠭᠦᠯᠡ ︾ ᠂ ︽ ᠠᠯᠲᠠᠨ ᠬᠤᠨᠳᠠᠭ᠎ᠠ ︾ ᠂ ︽ ᠪᠠᠨᠴᠠᠨ ᠰᠦᠮ᠎ᠡ ︾ ᠂ ︽ ᠡᠵᠡᠨ ᠪᠤᠭᠳᠠ ᠵᠢᠨ ᠬᠤᠶᠠᠷ ᠵᠠᠭᠠᠯ ︾ ᠵᠡᠷᠭᠡ ᠪᠤᠢ ᠃

2

 

ᠮᠤᠨᠭ᠍ᠭᠤᠯ ᠦᠨᠳᠦᠰᠦᠲᠡᠨ ᠥ ᠠᠯᠳᠠᠷᠲᠤ ᠳᠠᠭᠤᠴᠢᠨ ︱ ︱ ᠠ᠊  ᠴᠢᠮᠡᠭ

 

3 4 5 6 7 8 9 10 11 12 13 14 15 16 17 18 19

   VCD ᠪᠢᠴᠢᠯᠭᠡ ︱ ︽ ᠠᠯᠲᠠᠨ ᠬᠤᠨᠳᠠᠭ᠎ᠠ ︾ ︵ ᠠ  ᠴᠢᠮᠡᠭ ︶ 

MP3 ᠪᠢᠴᠢᠯᠭᠡ ︱ ︽ ᠠᠯᠲᠠᠨ ᠬᠤᠨᠳᠠᠭ᠎ᠠ ︾ ︵ ᠵᠢᠨᠬᠤᠸᠠᠷ ︶  

ᠰᠢᠭᠦᠮᠵᠢ ᠦᠯᠡᠳᠡᠭᠡᠬᠦ