• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠯᠲᠠᠷᠭᠠᠨ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   46
  • ᠄   0
  • ᠄   0
  • ᠄  0

ᠨᠢᠭᠡ ᠂ ᠪᠤᠷᠢᠶᠠᠳ ᠠᠷᠠᠳ ᠣᠨ ᠳᠠᠭᠤᠤ  ᠶᠢᠨ ᠶᠡᠷᠦᠩᠭᠡᠢ ᠤᠨᠴᠠᠯᠢᠭ ᠵᠢᠴᠢ ︽ ᠠᠯᠲᠠᠷᠭᠠᠨ᠎ᠠ ︾  ᠶᠢᠨ ᠲᠤᠬᠠᠢ

 

ᠦᠪᠦᠷ ᠮᠤᠩᠭᠤᠯ ᠣᠨ ᠮᠤᠩᠭᠤᠯ ᠦᠨᠳᠦᠰᠦᠳᠡᠨ ᠣ ᠠᠷᠠᠳ ᠣᠨ ᠳᠠᠭᠤᠤ ᠵᠢ ᠲᠡᠭᠦᠨ ᠣ ᠤᠷᠤᠨ ᠨᠤᠳᠤᠭ ᠣᠨ ᠤᠨᠴᠠᠯᠢᠭ ᠰᠢᠨᠵᠢ ᠵᠢ ᠦᠨᠳᠦᠰᠦᠯᠡᠵᠦ ᠵᠢᠷᠭᠤᠭᠠᠨ ᠶᠡᠭᠡ ᠳᠠᠭᠤᠤ ᠬᠦᠭᠵᠢᠮ  ᠤᠨ ᠦᠩᠭᠡ ᠪᠤᠳᠤᠭ  ᠣᠨ ᠤᠷᠤᠨ ᠪᠤᠯᠭᠠᠵᠤ ᠬᠤᠪᠢᠶᠠᠳᠠᠭ ᠃ ᠡᠳᠡᠭᠡᠷ   ᠨᠢ ᠲᠤᠰ ᠪᠦᠷᠢ ᠪᠠᠷᠭᠤ ︱ ᠪᠤᠷᠢᠶᠠᠳ  ᠣᠨ ᠦᠩᠭᠡ ᠪᠤᠳᠤᠭ  ᠣᠨ ᠤᠷᠤᠨ ᠂ ᠬᠤᠷᠴᠢᠨ  ᠣ ᠦᠩᠭᠡ ᠪᠤᠳᠤᠭ  ᠣᠨ ᠤᠷᠤᠨ ᠂ ᠴᠠᠬᠠᠷ  ᠰᠢᠯᠢ ᠵᠢᠨ ᠭᠤᠤᠯ ᠣᠨ ᠦᠩᠭᠡ ᠪᠤᠳᠤᠭ  ᠣᠨ ᠤᠷᠤᠨ ᠂ ᠤᠷᠠᠳ  ᠣᠨ ᠦᠩᠭᠡ ᠪᠤᠳᠤᠭ  ᠣᠨ ᠤᠷᠤᠨ ᠂ ᠤᠷᠳᠤᠰ  ᠣᠨ ᠦᠩᠭᠡ ᠪᠤᠳᠤᠭ ᠣᠨ ᠤᠷᠤᠨ ᠂ ᠠᠯᠠᠱᠠ ᠵᠢᠨ ᠦᠩᠭᠡ ᠪᠤᠳᠤᠭ  ᠣᠨ ᠤᠷᠤᠨ ᠵᠡᠷᠭᠡ ᠪᠤᠯᠤᠨ᠎ᠠ ᠃ ᠡᠭᠦᠨ   ᠳᠤ ᠪᠠᠷᠭᠤ ︱ ᠪᠤᠷᠢᠶᠠᠳ  ᠣᠨ ᠦᠩᠭᠡ ᠪᠤᠳᠤᠭ ᠣᠨ ᠤᠷᠤᠨ  ᠢ ᠪᠠᠰᠠ ᠪᠠᠷᠭᠤ ᠪᠠ ᠪᠤᠷᠢᠶᠠᠳ ᠭᠡᠵᠤ ᠬᠤᠶᠠᠷ ᠤᠷᠤᠨ ᠨᠤᠲᠤᠭ  ᠤᠨ ᠬᠡᠪ ᠨᠠᠮᠪᠠ  ᠪᠡᠷ ᠠᠩᠭᠢᠯᠠᠳᠠᠭ ᠃

ᠪᠤᠷᠢᠶᠠᠳ ᠮᠤᠩᠭᠤᠯ  ᠣᠨ ᠠᠷᠠᠳ  ᠣᠨ ᠳᠠᠭᠤᠤ ᠵᠢᠨ ᠠᠶᠠᠯᠭᠤ  ᠨᠢ ᠪᠦᠳᠦᠴᠡ ᠵᠢᠨ ᠲᠠᠯ᠎ᠠ  ᠪᠡᠷ ᠶᠡᠷᠦ  ᠳᠡᠭᠡᠨ ᠲᠡᠭᠡᠷ᠎ᠡ ᠳᠤᠤᠷ᠎ᠠ ᠬᠤᠶᠠᠷ ᠬᠦᠭᠵᠢᠮ  ᠣᠨ ᠦᠭᠦᠯᠡᠪᠤᠷᠢ  ᠪᠡᠷ ᠪᠦᠷᠢᠯᠳᠦᠵᠦ ᠂ ᠬᠤᠭᠤᠷᠤᠨᠳᠤ  ᠪᠡᠨ ᠠᠪᠤᠴᠠᠯᠳᠤᠭ᠎ᠠ ᠬᠠᠷᠢᠴᠠᠭ᠎ᠠ  ᠲᠠᠢ ᠪᠠᠶᠢᠳᠠᠭ ᠃ ᠳᠠᠭᠤᠤ ᠵᠢᠨ ᠦᠭᠡ  ᠨᠢ ᠶᠡᠷᠦ  ᠳᠡᠭᠡᠨ ᠬᠤᠶᠠᠷ ᠦᠭᠦᠯᠡᠪᠤᠷᠢ ᠨᠢᠭᠡ ᠪᠠᠳᠠᠭ ᠵᠢᠡᠷ ᠪᠦᠷᠢᠯᠳᠦᠵᠦ ᠂ ᠳᠡᠭᠡᠷ᠎ᠡ ᠦᠭᠦᠯᠡᠪᠤᠷᠢ  ᠨᠢ ᠵᠦᠢᠷᠯᠡᠯ ᠪᠤᠶᠤ ᠰᠡᠳᠦᠪᠯᠡᠯ  ᠤᠨ ᠰᠢᠨᠵᠢ  ᠲᠠᠢ ᠪᠠᠶᠢᠵᠤ ᠂ ᠳᠤᠤᠷ᠎ᠠ ᠦᠭᠦᠯᠡᠪᠤᠷᠢ  ᠨᠢ ᠰᠡᠳᠬᠢᠯᠭᠡ  ᠪᠡᠨ ᠰᠢᠭᠤᠳ ᠤᠶᠠᠩᠭᠠᠯᠠᠳᠠᠭ ᠃ ᠪᠠᠷᠭᠤ ᠠᠷᠠᠳ ᠣᠨ ᠤᠷᠳᠤ ᠵᠢᠨ ᠳᠠᠭᠤᠤ  ᠯᠤᠭ᠎ᠠ ᠠᠳᠠᠯᠢᠳᠬᠠᠪᠠᠯ ᠂ ᠪᠤᠷᠢᠶᠠᠳ ᠠᠷᠠᠳ  ᠣᠨ ᠤᠷᠳᠤ ᠵᠢᠨ ᠳᠠᠭᠤᠤ  ᠨᠢ ᠪᠦᠳᠦᠴᠡ  ᠨᠢ ᠳᠦᠭᠦᠮ ᠠᠪᠰᠠᠷᠬᠠᠨ ᠪᠦᠭᠡᠳ ᠳᠠᠭᠤᠯᠠᠬᠤ ᠮᠡᠷᠭᠡᠵᠢᠯ  ᠳᠡᠬᠢ ᠨᠤᠭᠤᠯᠠᠭ᠎ᠠ  ᠨᠢ ᠴᠤ ᠴᠦᠭᠡᠨ ᠪᠠᠶᠢᠳᠠᠭ ᠃ ᠪᠠᠰᠠᠴᠤ ᠶᠡᠬᠡ ᠬᠡᠮᠵᠢᠶᠡᠨ  ᠣ ᠪᠤᠷᠢᠶᠠᠳ ᠤᠨᠴᠠᠯᠢᠭ ᠪᠦᠬᠦᠢ ᠭᠤᠷᠪᠠᠨ ᠴᠤᠬᠢᠯᠭ᠎ᠠ  ᠨᠢ ᠲᠡᠭᠦᠨ  ᠣ ᠪᠤᠰᠤᠳ ᠡᠴᠠ ᠳᠤᠳᠤᠷᠠᠬᠤ ᠪᠠᠰᠠ ᠨᠢᠭᠡ ᠤᠨᠴᠠᠯᠢᠭ ᠪᠤᠯᠬᠤ ᠶᠤᠮ ᠃ ᠠᠶᠢᠵᠠᠮ ᠴᠤᠬᠢᠯᠭ᠎ᠠ  ᠨᠢ ᠬᠠᠷᠢᠯᠴᠠᠨ ᠠᠪᠤᠴᠠᠯᠳᠤᠭᠰᠠᠨ ᠲᠡᠭᠡᠷ᠎ᠡ ᠲᠤᠤᠷ᠎ᠠ ᠬᠤᠶᠠᠷ ᠬᠦᠭᠵᠢᠮ ᠣᠨ ᠦᠬᠦᠯᠡᠪᠤᠷᠢ  ᠪᠡᠷ ᠪᠦᠷᠢᠯᠳᠤᠵᠤ ᠂ ᠲᠡᠭᠡᠷ᠎ᠡ ᠦᠬᠦᠯᠡᠪᠤᠷᠢ  ᠨᠢ ᠤᠷᠠᠶᠢᠯᠠᠬᠤ ᠮᠠᠶ᠋ᠢᠭ ᠣᠨ ᠦᠨᠳᠤᠷ ᠲᠠᠭᠤᠨ ᠴᠠᠷᠠᠭ᠎ᠠ ᠂ ᠲᠤᠤᠷ᠎ᠠ ᠦᠬᠦᠯᠡᠪᠤᠷᠢ  ᠨᠢ ᠬᠠᠷᠢᠭᠤᠯᠬᠤ ᠮᠠᠶ᠋ᠢᠭ ᠣᠨ ᠲᠤᠤᠷ᠎ᠠ ᠲᠠᠭᠤᠨ ᠴᠠᠷᠠᠭ᠎ᠠ ᠪᠠᠶᠢᠵᠤ ᠂ ᠲᠤᠤᠷ᠎ᠠ ᠦᠬᠦᠯᠡᠪᠤᠷᠢ  ᠨᠢ ᠶᠡᠷᠤᠳᠡᠭᠡᠨ ᠲᠡᠭᠡᠷ᠎ᠡ ᠦᠬᠦᠯᠡᠪᠤᠷᠢ ᠵᠢᠨ ᠵᠢᠡᠨ ᠲᠠᠪᠳᠠᠯᠳᠠ ᠬᠡᠯᠪᠡᠷᠢ ᠪᠠᠶᠢᠳᠠᠭ ᠃ ᠲᠡᠭᠡᠷ᠎ᠡ ᠲᠤᠤᠷ᠎ᠠ ᠬᠤᠶᠠᠷ ᠬᠦᠭᠵᠢᠮ ᠣᠨ ᠦᠬᠦᠯᠡᠪᠤᠷᠢ ᠵᠢᠨ ᠬᠤᠭᠤᠷᠤᠨᠳᠦ  ᠪᠡᠨ ᠬᠡᠵᠢᠶᠡᠳᠡ ᠭᠤᠤᠯ ᠂ ᠲᠡᠳ᠋ ᠣᠨ ᠭᠦᠩᠳᠠᠭᠤᠨ  ᠣ ᠤᠷᠴᠢᠯ ᠪᠦᠷᠢᠯᠳᠤᠭ᠍ᠰᠠᠨ ᠪᠠᠶᠢᠳᠠᠭ ᠃ ᠪᠤᠷᠢᠶᠠᠳ ᠠᠷᠠᠳ ᠣᠨ ᠪᠤᠭᠤᠨᠢ ᠲᠠᠭᠤᠤ ᠳᠣ ᠪᠤᠷᠢᠶᠠᠳ ᠠᠶᠢᠮᠠᠭ ᠤᠭᠰᠠᠭ᠎ᠠ ᠵᠢᠨ ᠤᠨᠴᠠᠯᠢᠭ ᠪᠦᠬᠦᠢ ᠭᠤᠷᠪᠠᠨ ᠴᠤᠬᠢᠯᠭ᠎ᠠ  ᠲᠠᠢ ᠠᠶᠢᠵᠠᠮ ᠬᠦᠭ ᠠᠭᠤᠯᠤᠭᠳᠠᠳᠠᠭ ᠃ ᠦᠭᠡ ᠪᠠ ᠠᠶ᠎ᠠ ᠵᠢᠨ ᠬᠠᠷᠢᠴᠠᠭᠠᠨ ᠡᠴᠠ ᠦᠵᠡᠪᠡᠯ ᠪᠤᠷᠢᠶᠠᠳ ᠠᠷᠠᠳ  ᠣᠨ ᠳᠠᠭᠤᠤ  ᠨᠢ ᠶᠠᠷᠦ  ᠳᠡᠭᠡᠨ ︽ ᠬᠤᠶᠠᠷ ︱ ᠨᠢᠭᠡ ︾ ᠵᠢᠨ ᠵᠤᠬᠢᠴᠠᠯᠳᠤ ᠬᠠᠷᠢᠴᠠᠭ᠎ᠠ  ᠲᠠᠢ ᠪᠠᠶᠢᠳᠠᠭ ᠃ ᠳᠠᠷᠤᠢ ᠬᠤᠶᠠᠷ ᠤᠳᠠᠭ᠎ᠠ ᠵᠢᠨ ᠠᠶ᠎ᠠ ᠵᠢᠨ ᠳᠠᠪᠳᠠᠯᠳᠠ  ᠨᠢ ᠨᠢᠭᠡ ᠪᠠᠳᠠᠭ ᠦᠭᠡ  ᠲᠠᠢ ᠵᠤᠬᠢᠴᠠᠯᠳᠤᠨ᠎ᠠ ᠃ ᠪᠤᠷᠢᠶᠠᠳ ᠠᠷᠠᠳ ᠣᠨ ᠲᠠᠭᠤᠤ ᠵᠢᠨ ᠵᠠᠷᠢᠮ ᠭᠡᠪ ᠵᠠᠭᠪᠤᠷᠴᠢᠯᠠᠭᠰᠠᠨ ᠠᠶᠢᠵᠠᠮ ᠬᠦᠭ ᠢ ᠠᠳᠠᠯᠢ ᠪᠤᠰᠦ ᠵᠢᠨ ᠲᠠᠭᠤᠤ ᠵᠢᠨ ᠦᠭᠡ  ᠲᠠᠢ ᠬᠠᠪᠰᠤᠷᠭᠠᠵᠤ ᠂ ᠠᠳᠠᠯᠢ ᠪᠤᠰᠦ ᠲᠠᠭᠤᠤ ᠪᠤᠯᠭᠠᠨ ᠲᠠᠭᠤᠯᠠᠵᠤ ᠪᠤᠯᠳᠠᠭ ᠃ ︽ ᠠᠯᠳᠠᠷᠭᠠᠨ᠎ᠠ ︾ ᠭᠡᠭᠦ ᠪᠤᠷᠢᠶᠠᠳ ᠠᠷᠠᠳ  ᠤᠨ ᠪᠤᠭᠤᠨᠢ ᠳᠠᠭᠤᠤ  ᠳᠤ ᠡᠬᠡ  ᠪᠠᠶᠢᠭᠠᠯᠢ ᠵᠢᠨ ᠡᠯᠢᠭᠡᠨ  ᠳᠡᠭᠡᠷᠡᠬᠢ ᠠᠯᠳᠠᠷᠭᠠᠨ᠎ᠠ  ᠪᠡᠷ ᠰᠡᠳᠦᠪᠯᠡᠨ ᠰᠠᠨᠠᠭ᠎ᠠ ᠠᠬᠤᠢ  ᠪᠠᠨ ᠡᠭᠦᠰᠬᠡᠨ  ᠂ ᠡᠯᠢᠭᠡᠨ   ᠳᠡᠭᠡᠨ ᠦᠰᠭᠡᠭᠰᠡᠨ ᠡᠵᠢ ᠠᠪᠤ  ᠪᠡᠨ ᠬᠠᠶᠢᠷᠠᠯᠠᠨ ᠬᠦᠨᠳᠦᠯᠡᠵᠦ ᠶᠠᠪᠤᠬᠤ ᠵᠢ ᠰᠤᠷᠭᠠᠨ ᠵᠠᠬᠢᠭᠰᠠᠨ ᠪᠠᠶᠢᠨ᠎ᠠ ᠃

 

ᠬᠤᠶᠠᠷ ᠂ ᠪᠤᠷᠢᠶᠠᠳ ᠮᠤᠩᠭᠤᠯᠴᠤᠳ ᠣᠨ ᠳᠦᠭᠦᠮ ᠲᠠᠨᠢᠯᠴᠠᠭᠤᠯᠭ᠎ᠠ

 

ᠤᠭᠰᠠᠭ᠎ᠠ ᠶᠠᠰᠤᠳᠠᠨ ᠣ ᠲᠠᠯ᠎ᠠ ᠡᠴᠠ ᠬᠡᠯᠡᠪᠡᠯ ᠪᠦᠷᠢᠶᠡᠳ ᠮᠤᠩᠭᠤᠯᠴᠤᠳ  ᠨᠢ ᠲᠡᠤᠭᠡᠨ ᠲᠡᠭᠡᠷ᠎ᠡ ᠦᠭᠡᠯᠡᠤᠨ ᠮᠤᠩᠭᠤᠯᠴᠤᠳ ᠣᠨ ᠤᠶᠢᠷ᠎ᠠ ᠰᠠᠯᠪᠤᠷᠢ ᠤᠭᠰᠠᠭ᠎ᠠ ᠪᠠᠶᠢᠵᠤ ᠂ ᠤᠤᠯ  ᠳᠠᠭᠠᠨ ᠭᠠᠳᠠᠷ ᠪᠠᠶᠢᠭᠠᠯ ᠤᠷᠤᠨ ᠵᠢᠡᠷ ᠨᠡᠬᠦᠳᠠᠯᠯᠠᠨ ᠮᠠᠯᠵᠢᠵᠤ ᠂ ᠬᠤᠵᠢᠮ  ᠨᠢ ᠤᠮᠠᠷᠠᠰᠢᠯᠠᠨ ᠬᠦᠭᠵᠢᠭᠡᠳ  ᠶᠸᠷᠰᠠᠨᠢᠶ᠎ᠡ ᠭᠤᠤᠯ ᠪᠤᠯᠤᠨ ᠯᠠᠨᠠ ᠭᠤᠤᠯ ᠣᠨ ᠬᠤᠭᠤᠷᠤᠨᠳᠦ ᠤᠷᠴᠢᠮ ᠣᠨ ᠬᠦᠮᠤᠰ ᠶᠸᠷᠰᠠᠨᠢᠶ᠎ᠡ ᠭᠤᠤᠯ ᠣᠨ ᠲᠡᠭᠡᠳᠦ ᠤᠷᠤᠰᠬᠠᠯ ᠪᠤᠯᠬᠤᠷ ᠲᠦᠩᠬᠦᠰ ᠭᠤᠤᠯ ᠣᠨ ᠲᠡᠭᠡᠳᠦ ᠤᠷᠤᠰᠬᠠᠯ ᠳᠣ ᠬᠦᠷᠦᠭᠡᠳ ᠂ ᠪᠤᠷᠢᠶᠠᠳ ᠤᠭᠰᠠᠭ᠎ᠠ  ᠲᠠᠢ ᠵᠦᠷᠢᠴᠠᠯ ᠮᠦᠷᠬᠦᠯᠳᠤᠭᠡᠨ ᠭᠠᠷᠴᠠᠢ ᠃ ᠲᠡᠭᠡᠭᠡᠳ 25 ᠵᠢᠯ ᠣᠨ ᠲᠠᠶᠢᠨ ᠪᠠᠶᠢᠯᠳᠤᠭᠠᠨ ᠢ ᠦᠩᠭᠡᠷᠡᠭᠡᠨ ᠪᠤᠷᠢᠶᠠᠳ ᠬᠦᠮᠤᠨ ᠪᠦᠷᠢᠮᠦᠰᠦᠨ  ᠲᠠᠶᠢᠯᠤᠭ᠍ᠳᠡᠭᠡᠳ ᠰᠠᠶ᠋ᠢ ᠠᠷᠭ᠎ᠠ ᠪᠤᠰᠦ ᠤᠷᠤᠰ ᠣᠨ ᠡᠷᠬᠡᠰᠢᠶᠡᠯ  ᠳᠣ ᠤᠷᠤᠭᠰᠠᠨ ᠪᠠᠶᠢᠨ᠎ᠠ ᠃ ᠭᠡᠪᠠᠴᠤ ᠲᠡᠳᠡᠨ ᠣ ᠲᠤᠮᠳᠠᠬᠢ ᠭᠡᠰᠡᠭ ᠬᠦᠮᠤᠰ  ᠨᠢ ᠤᠷᠤᠰ  ᠯᠤᠭ᠎ᠠ ᠦᠬᠦᠨ ᠡᠰᠡᠷᠭᠦᠴᠡᠯᠳᠦᠵᠦ  ᠂ ᠡᠮᠦᠨᠡᠰᠢ  ᠨᠡᠬᠦᠳᠡᠯᠯᠡᠨ ᠬᠠᠯᠬ᠎ᠠ ᠵᠢᠨ ᠬᠠᠷᠢᠶ᠎ᠡ ᠨᠤᠳᠤᠭ  ᠲᠤ ᠭᠦᠷᠴᠠᠢ ᠃ ᠨᠦᠬᠦᠭᠡ ᠨᠢᠭᠡ ᠪᠦᠯᠤᠭ᠍ ᠬᠦᠮᠤᠰ  ᠨᠢ ᠴᠢᠩ ᠤᠯᠤᠰ ᠣᠨ ᠴᠡᠷᠢᠭ ᠪᠠᠷᠠᠭᠤᠨᠰᠢ ᠲᠠᠶᠢᠯᠠᠨ ᠤᠷᠤᠰ ᠬᠦᠮᠤᠨ ᠢ ᠴᠤᠬᠢᠨ ᠤᠬᠤᠷᠢᠭᠤᠯᠬᠤ ᠦᠶᠡᠰ ᠲᠤᠮᠳᠠᠳᠦ ᠤᠯᠤᠰ  ᠲᠤ ᠤᠷᠤᠵᠤ ᠂ ᠪᠠᠷᠭᠤ ᠬᠦᠮᠤᠨ ᠬᠡᠮᠡᠨ ᠨᠡᠷ᠎ᠡ ᠤᠯᠵᠤ ᠂ ᠨᠠᠢᠮᠠᠨ ᠬᠤᠰᠢᠭᠤ ᠳ᠋ᠣ ᠬᠠᠷᠢᠶᠠᠯᠠᠭᠳᠠᠬᠤ ᠵᠢᠨ ᠬᠠᠮᠳᠦ ᠬᠦᠯᠤᠨ ᠪᠤᠶᠢᠷ ᠤᠷᠤᠨ ᠳᠣ ᠨᠤᠳᠤᠭᠰᠢᠭᠰᠠᠨ ᠪᠠᠶᠢᠨ᠎ᠠ ᠃ ᠪᠤᠷᠢᠶᠠᠳ ᠠᠶᠢᠮᠠᠭ ᠪᠤᠯ ᠮᠤᠩᠭᠤᠯ ᠦᠨᠳᠤᠰᠤᠳᠠᠨ ᠣ ᠨᠢᠭᠡᠨ ᠰᠠᠯᠠᠭ᠎ᠠ ᠤᠵᠠᠭᠤᠷ ᠡᠷᠲᠡᠨ  ᠣ ᠤᠭᠰᠠᠭ᠎ᠠ ᠠᠶᠢᠮᠠᠭ ᠪᠠᠶᠢᠵᠤ ᠂ ᠲᠡᠳᠡᠨᠡᠷ ᠣᠨ ᠡᠪᠤᠭᠡ ᠲᠡᠭᠡᠳᠤᠰ  ᠨᠢ ᠪᠠᠶᠢᠭᠠᠯ ᠨᠠᠭᠤᠷ ᠣᠨ ᠤᠷᠴᠢᠮ ᠵᠢᠡᠷ ᠮᠠᠯ ᠮᠠᠯᠵᠢᠯ ᠂ ᠠᠩ ᠠᠩᠨᠠᠯ ᠣᠨ ᠦᠢᠯᠡᠳᠪᠤᠷᠢᠯᠡᠯ ᠬᠢᠵᠤ ᠪᠠᠶᠢᠵᠠᠢ ᠃ ᠴᠢᠩᠬᠢᠰ ᠬᠠᠭᠠᠨ ᠣ ᠬᠦᠪᠡᠬᠦᠨ ᠵᠦᠴᠢ ᠴᠡᠷᠢᠭ ᠲᠠᠶᠢᠴᠢᠯᠠᠨ ᠪᠠᠷᠠᠭᠤᠨᠰᠢ ᠲᠠᠶᠢᠯᠠᠬᠤ ᠦᠶᠡᠰ ᠪᠤᠷᠢᠶᠠᠳ ᠠᠶᠢᠮᠠᠭ ᠢ ᠦᠪᠡᠷ ᠣᠨ ᠵᠢᠡᠨ ᠬᠠᠷᠢᠶᠠᠨ ᠳᠣ ᠲᠠᠶᠢᠯᠠᠨ ᠤᠷᠤᠭᠤᠯᠪᠠ ᠃ ᠪᠦᠷᠢᠶᠠᠳᠴᠤᠳ ᠬᠤᠵᠢᠮ  ᠨᠢ ᠤᠯᠠᠨ ᠤᠳᠠᠭ᠎ᠠ ᠨᠡᠬᠦᠳᠡᠯᠯᠡᠭᠰᠠᠭᠡᠷ ᠪᠠᠶᠢᠵᠤ 1992 ᠤᠨ ᠳᠣ ᠰᠢᠨᠡᠭᠡᠨ ᠭᠤᠤᠯ ᠣᠨ ᠬᠤᠶᠠᠷ ᠬᠦᠪᠡᠭᠡᠨ  ᠳᠡᠬᠢ ᠦᠨᠢᠷ ᠪᠠᠶᠠᠯᠢᠭ ᠲᠠᠯ᠎ᠠ ᠨᠤᠳᠤᠭ  ᠲᠤ ᠰᠠᠭᠤᠷᠢᠰᠢᠵᠤ ᠬᠦᠯᠤᠨ ᠪᠤᠶᠢᠷ ᠣᠨ ᠠᠭᠤᠳᠠᠮ ᠲᠡᠨᠢᠭᠡᠷ ᠨᠤᠳᠤᠭ  ᠲᠡᠬᠢ ᠰᠦᠷ ᠵᠢᠪᠬᠤᠯᠠᠩᠳᠦ ᠨᠡᠬᠦᠳᠠᠯ ᠮᠠᠯᠵᠢᠯ ᠣᠨ ᠠᠮᠢᠳᠤᠷᠠᠯ ᠵᠢᠡᠨ ᠡᠬᠢᠯᠡᠭᠦᠯᠦᠭᠰᠡᠨ  ᠪᠠᠶᠢᠨ᠎ᠠ ᠃ ᠤᠳᠤᠬᠠᠨ ᠳᠣ ᠰᠢᠨᠡᠭᠡᠨ ᠭᠤᠤᠯ ᠤᠷᠴᠢᠮ ᠵᠢᠡᠷ ᠪᠤᠷᠢᠶᠠᠳ ᠮᠤᠩᠭᠤᠯᠴᠤᠳ ᠨᠠᠶᠢᠳᠠ 6000 ᠭᠠᠷᠤᠢ ᠬᠦᠮᠤᠨ ᠪᠠᠶᠢᠳᠠᠭ ᠃ ᠤᠷᠤᠰ ᠣᠨ ᠬᠤᠯᠪᠤᠭᠠᠨ ᠣ ᠪᠤᠷᠢᠶᠠᠳ ᠬᠦᠮᠤᠨ ᠭᠤᠤᠯᠳᠠᠭᠤ ᠪᠤᠷᠢᠶᠠᠳ ᠦᠪᠡᠷᠳᠡᠭᠡᠨ ᠵᠠᠰᠠᠬᠤ ᠪᠦᠬᠦᠳᠠ ᠨᠠᠶᠢᠷᠠᠮᠳᠠᠬᠤ ᠤᠯᠤᠰ  ᠲᠤ ᠲᠠᠷᠬᠠᠵᠤ ᠪᠠᠶᠢᠳᠠᠭ ᠃ ︵ 20.69 ᠲᠦᠮᠡᠨ ᠬᠦᠮᠤᠨ ︶ ᠬᠦᠮᠤᠨ ᠠᠮᠠ  ᠨᠢ ᠪᠠᠷᠤᠭ 35.3 ᠲᠦᠮᠡ ︵ 1979 ᠤᠨ ᠣ ᠪᠦᠷᠢᠳᠭᠡᠯ ︶ ᠪᠠᠶᠢᠵᠤ ᠂ ᠪᠦᠬᠦ ᠵᠦᠪᠯᠡᠯᠳᠦ ᠵᠢᠨ ᠬᠦᠮᠤᠨ ᠠᠮᠠ ᠵᠢᠨ 1 % ᠢ ᠡᠵᠡᠯᠡᠵᠤ ᠪᠠᠶᠢᠳᠠᠭ ᠃ ᠪᠤᠰᠤᠳ  ᠨᠢ ᠴᠢᠲ᠋ᠨ ᠵᠸᠤ ᠵᠢᠨ ᠠᠺᠢᠨᠰᠺᠡ ᠪᠤᠷᠢᠶᠠᠳ ᠦᠨᠳᠤᠰᠤᠳᠡᠨ ᠣ ᠤᠷᠤᠨ ᠂ ᠶᠡᠷᠺᠦᠢᠰᠺᠡ ᠵᠸᠤ ᠵᠢᠨ ᠤᠰᠺᠢᠸᠸᠷᠲ᠋ᠺ ᠪᠤᠷᠢᠶᠠᠳ ᠦᠨᠳᠤᠰᠤᠳᠠᠨ ᠣ ᠤᠷᠤᠨ ᠳᠣ ᠤᠷᠤᠰᠢᠨ ᠠᠮᠢᠳᠤᠷᠠᠵᠤ ᠪᠠᠶᠢᠳᠠᠭ ᠃ ᠲᠡᠳᠡ 1939 ᠤᠨ ᠡᠴᠠ ᠡᠬᠢᠯᠡᠨ  ᠤᠷᠤᠰ ᠦᠰᠦᠭ ᠢ ᠬᠡᠷᠡᠭᠯᠡᠵᠠᠢ ᠃ ᠪᠤᠷᠢᠶᠠᠳ ᠬᠦᠮᠤᠨ ᠤᠤᠯ  ᠳᠠᠭᠠᠨ ᠯᠠᠮᠠ ᠵᠢᠨ ᠱᠠᠰᠢᠨ ᠪᠤᠯᠤᠨ ᠪᠦᠭᠡ ᠵᠢᠨ ᠱᠠᠰᠢᠨ  ᠢ ᠰᠢᠳᠤᠵᠤ ᠪᠠᠶᠢᠭᠰᠠᠨ ᠵᠢᠡᠨ ᠰᠡᠬᠦᠯᠡᠷ  ᠨᠢ ᠲᠦᠪ ᠱᠠᠰᠢᠨ ᠢ ᠰᠢᠳᠤᠬᠦ ᠪᠤᠯᠤᠭᠰᠠᠨ ᠪᠤᠯᠪᠠᠴᠤ ᠂ ᠪᠦᠭᠡ ᠵᠢᠨ ᠱᠠᠰᠢᠨ ᠣ ᠦᠯᠡᠳᠡᠭᠳᠡᠯ ᠵᠢᠡᠨ ᠦᠯᠡᠮᠵᠢ ᠤᠯᠠᠨ ᠬᠠᠳᠠᠭᠠᠯᠠᠭᠰᠠᠭᠠᠷ ᠪᠤᠢ ᠃ ᠪᠤᠷᠢᠶᠠᠳ ᠬᠦᠮᠤᠨ ᠪᠤᠯ 13 ︱ 14 ᠳ᠋ᠤᠭᠡᠷ ᠵᠠᠭᠤᠨ ᠳᠣ ᠪᠠᠶᠢᠭᠠᠯ ᠨᠠᠭᠤᠷ ᠤᠷᠴᠢᠮ ᠳᠣ ᠤᠷᠤᠭᠰᠠᠨ ᠮᠤᠩᠭᠤᠯ ᠣᠨ ᠤᠪᠤᠭ ᠠᠶᠢᠮᠠᠭ ᠬᠢᠭᠡᠳ ᠲᠤᠬᠠᠢ ᠵᠢᠨ ᠵᠢᠨ ᠭᠠᠵᠠᠷ ᠤᠷᠤᠨ ᠣ ᠰᠠᠭᠤᠭᠠᠯᠢ ᠠᠷᠠᠳ ᠣᠨ ᠬᠤᠯᠢᠯᠳᠤᠭᠠᠳ ᠪᠦᠷᠢᠯᠳᠤᠭ᠍ᠰᠠᠨ ᠪᠠᠶᠢᠳᠠᠭ ᠃ ᠲᠡᠬᠦᠨ ᠣ ᠦᠨᠳᠤᠰᠤᠳᠡᠨ ᠣ ᠪᠦᠷᠢᠯᠳᠤᠯ  ᠨᠢ 17 ᠳ᠋ᠤᠭᠠᠷ ᠵᠠᠭᠤᠨ ᠣ ᠦᠶᠡᠰ ᠦᠨᠳᠤᠰᠤᠨ  ᠳᠡᠭᠡᠨ ᠪᠠᠶᠡᠯᠡᠭᠳᠡᠪᠡ ᠃ 17 ᠳ᠋ᠤᠭᠠᠷ ᠵᠠᠭᠤᠨ ᠳᠣ ᠪᠤᠷᠢᠶᠠᠳ ᠬᠦᠮᠤᠨ ᠣ ᠭᠠᠵᠠᠷ ᠨᠤᠳᠤᠭ  ᠨᠢ ᠤᠷᠤᠰ ᠤᠯᠤᠰ ᠣᠨ ᠬᠠᠷᠢᠶᠠᠨ ᠳᠣ ᠤᠷᠤᠵᠠᠢ ᠃ 1921 ᠤᠨ ᠣ 4 ᠰᠠᠷ᠎ᠠ ᠵᠢᠨ 27 ᠣ ᠡᠳᠦᠷ  ᠪᠤᠯᠤᠨ 1922 ᠤᠨ ᠣ 1 ᠰᠠᠷ᠎ᠠ ᠵᠢᠨ 9 ᠣ ᠡᠳᠦᠷ  ᠲᠤᠰ ᠪᠦᠷᠢ ᠪᠤᠷᠢᠶᠠᠳ ︱ ᠮᠤᠩᠭᠤᠯ ᠣᠨ ᠦᠪᠡᠷᠳᠡᠭᠡᠨ ᠵᠠᠰᠠᠬᠤ ᠵᠸᠤ ᠪᠤᠯᠤᠨ ᠮᠤᠩᠭᠤᠯ ︱ ᠪᠤᠷᠢᠶᠠᠳ  ᠣᠨ ᠦᠪᠡᠷᠳᠡᠭᠡᠨ ᠵᠠᠰᠠᠬᠤ ᠵᠸᠤ ᠵᠢ ᠪᠠᠶᠢᠭᠤᠯᠪᠠ ᠃ 1923 ᠤᠨ ᠣ 5 ᠰᠠᠷ᠎ᠠ ᠵᠢᠨ 30 ᠣ ᠡᠳᠦᠷ  ᠲᠡᠭᠡᠷᠡᠬᠢ ᠬᠤᠶᠠᠷ ᠵᠸᠤ ᠵᠢ ᠨᠡᠶᠢᠯᠡᠬᠦᠯᠤᠭᠡᠳ ᠪᠤᠷᠢᠶᠠᠳ ︱ ᠮᠤᠩᠭᠤᠯ ᠣᠨ ᠦᠪᠡᠷᠳᠡᠭᠡᠨ ᠵᠠᠰᠠᠬᠤ ᠪᠦᠬᠦᠳᠠ ᠨᠠᠶᠢᠷᠠᠮᠳᠠᠬᠤ ᠤᠯᠤᠰ ᠪᠤᠯᠭᠠᠵᠤ ᠤᠷᠤᠰ ᠣᠨ ᠬᠤᠯᠪᠤᠭᠠᠨ ᠳᠣ ᠬᠠᠷᠢᠶᠠᠯᠠᠭᠤᠯᠪᠠ ᠃ 1958 ᠤᠨ ᠳᠣ ᠪᠤᠷᠢᠶᠠᠳ ᠣᠨ ᠦᠪᠡᠷᠳᠡᠭᠡᠨ ᠵᠠᠰᠠᠬᠤ ᠪᠦᠬᠦᠳᠠ ᠨᠠᠶᠢᠷᠠᠮᠳᠠᠬᠤ ᠤᠯᠤᠰ ᠭᠡᠵᠤ ᠬᠠᠯᠠᠵᠠᠢ ᠃ ᠪᠤᠷᠢᠶᠠᠳ ᠬᠦᠮᠤᠨ ᠮᠠᠯ ᠠᠵᠤ ᠠᠬᠤᠢ ᠪᠤᠯᠤᠨ ᠵᠢᠭᠠᠰᠦ ᠠᠩᠨᠠᠬᠤ ᠦᠢᠯᠡᠰ ᠴᠤ ᠲᠤᠩ ᠴᠢᠬᠤᠯᠠ ᠪᠠᠶᠢᠷᠢ ᠵᠢ ᠡᠵᠡᠯᠡᠳᠡᠭ ᠪᠢᠯᠡ ᠃

ᠪᠤᠷᠢᠶᠠᠳᠴᠤᠳ ᠣᠨ ᠤᠷᠳᠤ ᠤᠳᠠᠭᠠᠨ ᠲᠡᠦᠭᠡᠨ ᠶᠠᠪᠤᠴᠠ  ᠳᠤ ᠤᠯᠠᠨ ᠠᠷᠪᠢᠨ ᠠᠷᠠᠳ ᠣᠨ ᠳᠠᠭᠤᠤ ᠪᠤᠢ ᠪᠤᠯᠤᠭᠰᠠᠨ ᠪᠦᠭᠡᠳ ᠦᠪᠡᠷᠮᠢᠴᠡ ᠤᠨᠴᠠᠯᠢᠭ ᠪᠦᠭᠦᠢ ᠳᠠᠭᠤᠤ ᠪᠦᠵᠢᠭ ᠂ ᠬᠤᠪᠴᠠᠰᠤ ᠵᠠᠰᠠᠯ ᠂ ᠪᠦᠬᠡ ᠮᠦᠷᠭᠦᠯ ᠣᠨ ᠳᠤᠮᠤᠭ ᠦᠯᠢᠭᠡᠷ ᠴᠤ ᠪᠠᠭ᠎ᠠ ᠪᠤᠰᠤ ᠪᠦᠷᠢᠯᠳᠦᠵᠦ ᠬᠦᠭᠵᠢᠭᠰᠡᠨ ᠪᠠᠶᠢᠳᠠᠭ ᠃

︽ ᠪᠡᠭᠡᠯᠢᠭ  ᠣᠨ ᠳᠠᠭᠤᠤ ᠪᠦᠵᠢᠭ ︾ ︵ ᠪᠦᠯᠡᠵᠡᠭ ᠳᠠᠭᠠᠪᠤᠷᠢᠯᠠᠬᠤ ᠳᠠᠭᠤᠤ ᠪᠦᠵᠢᠭ ︶ ᠂ ︽ ᠶᠤᠭᠤᠷ ᠪᠦᠵᠢᠭ ︾ ᠂ ︽ ᠡᠷᠭᠢᠯᠳᠦᠬᠦ  ᠪᠦᠵᠢᠭ ︾ ᠵᠡᠷᠭᠡ ᠪᠤᠯ ᠪᠤᠷᠢᠶᠠᠳᠴᠤᠳ  ᠣᠨ ᠤᠨᠴᠠᠯᠢᠭ ᠪᠦᠭᠦᠢ ᠳᠠᠭᠤᠤ ᠪᠦᠵᠢᠭ ᠪᠤᠯᠤᠨ᠎ᠠ ᠃ ᠡᠭᠦᠨ   ᠳᠤ ︽ ᠪᠡᠬᠡᠯᠢᠭ   ᠣᠨ ᠳᠠᠭᠤᠤ ᠪᠦᠵᠢᠭ ︾ ᠪᠤᠯ ᠪᠤᠷᠢᠶᠠᠳ ᠮᠤᠩᠭᠤᠯᠴᠤᠳ  ᠣᠨ ᠲᠤᠮᠳᠠ ᠦᠷᠭᠡᠨ  ᠢᠶᠡᠷ  ᠲᠠᠷᠬᠠᠨ ᠳᠡᠯᠭᠡᠷᠡᠭᠰᠡᠨ ᠠᠮᠡᠭ᠍ᠳᠠᠶᠢᠴᠤᠳ ᠣᠨ ᠬᠠᠮᠳᠤ ᠵᠢᠨ ᠳᠠᠭᠤᠤ ᠪᠦᠵᠢᠭ ᠪᠠᠶᠢᠵᠤ ᠶᠡᠷᠦ  ᠨᠢ ᠭᠡᠷ  ᠣᠨ ᠳᠤᠳᠤᠷ᠎ᠠ ᠲᠤᠭᠯᠠᠳᠠᠭ ᠃ ︽ ᠶᠤᠭᠤᠷ ᠪᠦᠵᠢᠭ ︾  ᠨᠢ ᠪᠠᠰᠠᠴᠤ ᠪᠡᠭᠡᠯᠢᠭ ᠣᠨ ᠳᠠᠭᠤᠤ ᠪᠦᠵᠢᠭ  ᠲᠠᠢ ᠠᠳᠠᠯᠢ  ᠪᠡᠷ ᠪᠤᠷᠢᠶᠠᠳ ᠮᠤᠩᠭᠤᠯᠴᠤᠳ  ᠣᠨ ᠳᠤᠮᠳᠠ ᠦᠷᠭᠡᠨ  ᠢᠶᠡᠷ  ᠲᠠᠷᠬᠠᠭᠰᠠᠨ ᠪᠦᠭᠡᠳ ᠬᠦᠮᠦᠨ ᠳᠦᠲᠡᠭ ᠭᠠᠯ  ᠢ ᠳᠤᠭᠤᠷᠢᠵᠤ ᠳᠠᠭᠤᠯᠠᠨ ᠪᠦᠵᠢᠭᠯᠡᠬᠦ ᠪᠦᠵᠢᠭ  ᠣᠨ ᠬᠡᠯᠪᠡᠷᠢ ᠪᠤᠯᠤᠨ᠎ᠠ ᠃ ᠶᠤᠭᠤᠷ ᠪᠦᠵᠢᠭ  ᠣᠨ ᠳᠠᠭᠤᠤ ᠵᠢᠨ ᠠᠶ᠎ᠠ  ᠨᠢ ᠤᠬᠤᠷ ᠠᠪᠰᠠᠷᠬᠠᠨ ᠂ ᠠᠮᠢᠳᠤ ᠴᠤᠪᠤᠭᠤᠯᠢᠭ ᠪᠠᠶᠢᠵᠤ ᠂ ᠪᠤᠷᠢᠶᠠᠳᠴᠤᠳ ᠣᠨ ᠳᠠᠭᠤᠤ ᠪᠦᠵᠢᠭ  ᠣᠨ ᠤᠨᠴᠠᠯᠢᠭ  ᠢ ᠢᠯᠡᠳᠳᠡ ᠬᠠᠳᠠᠭᠠᠯᠠᠵᠠᠢ ᠃ ᠪᠤᠷᠢᠶᠠᠳᠴᠤᠳ ᠣᠨ ︽ ᠡᠷᠭᠢᠯᠳᠦᠬᠦ  ᠪᠦᠵᠢᠭ ︾ ᠪᠤᠯ ᠪᠤᠷᠢᠶᠠᠳ ᠮᠤᠩᠭᠤᠯᠴᠤᠳ ᠣᠨ ᠲᠤᠮᠤ ᠬᠡᠯᠪᠡᠷᠢ ᠵᠢᠨ ᠡᠷᠡᠭᠲᠡᠢ ᠡᠮᠡᠭᠲᠡᠢ  ᠵᠢᠨ ᠬᠠᠮᠳᠤ ᠵᠢᠨ ᠪᠦᠵᠢᠭ ᠪᠤᠯᠤᠨ᠎ᠠ ᠃ ᠵᠢᠯ ᠪᠦᠷᠢ ᠵᠢᠨ ᠬᠠᠪᠤᠷ  ᠣᠨ ᠰᠡᠭᠦᠯᠴᠢ ᠂ ᠵᠤᠨ ᠣ ᠡᠷᠢᠨ  ᠪᠤᠯᠬᠤ  ᠳᠤ ᠡᠷᠡᠭᠲᠡᠢ ᠡᠮᠡᠭᠲᠡᠢ  ᠬᠦᠭᠰᠢᠨ ᠵᠠᠯᠠᠭᠤᠰ ᠪᠦᠭᠦᠳᠡᠭᠡᠷ  ᠢᠶᠡᠨ  ᠭᠠᠷ ᠬᠤᠯᠪᠤᠨ ᠪᠦᠵᠢᠭᠯᠡᠳᠡᠭ ᠃

ᠪᠤᠷᠢᠶᠠᠳ ᠮᠤᠩᠭᠤᠯᠴᠤᠳ  ᠣᠨ ᠬᠤᠪᠴᠠᠰᠤ ᠵᠠᠰᠠᠯ  ᠨᠢ ᠦᠪᠡᠷ  ᠣᠨ  ᠢᠶᠡᠨ  ᠠᠶᠢᠮᠠᠭ ᠤᠭᠰᠠᠭ᠎ᠠ ᠵᠢᠨ ᠦᠪᠡᠷᠮᠢᠴᠡ ᠤᠨᠴᠠᠯᠢᠭ  ᠲᠠᠢ ᠪᠠᠶᠢᠳᠠᠭ ᠃ ᠢᠯᠠᠩᠭᠤᠶ᠎ᠠ ᠲᠡᠶᠢᠮᠤᠷᠬᠦ ᠲᠡᠪᠡᠭ ᠵᠠᠯᠠᠭ᠎ᠠ  ᠲᠠᠢ ᠱᠤᠪᠤᠭᠤᠷ ᠮᠠᠯᠠᠭᠠᠢ ᠂ ᠶᠠᠤᠳᠠᠨ ᠮᠠᠯᠠᠭᠠᠢ ᠬᠢᠭᠡᠳ ᠡᠮᠡᠭᠲᠡᠶᠢᠴᠦᠳ  ᠣᠨ ᠬᠡᠰᠡᠭᠯᠡᠭᠰᠡᠨ ᠬᠢᠴᠡ  ᠲᠠᠢ ᠳᠡᠪᠡᠯ ᠲᠡᠷᠯᠢᠭ  ᠨᠢ ᠲᠡᠦᠭᠡᠳᠦ ᠤᠯᠨ ᠮᠦᠷ ᠡᠴᠠ ᠢᠷᠡᠯᠳᠠᠢ ᠵᠢᠨ ᠬᠤᠪᠢ  ᠳᠤ ᠲᠠᠶᠠᠭᠠᠷ ᠮᠤᠩᠭᠤᠯᠴᠤᠳ  ᠣᠨ ᠬᠤᠪᠴᠠᠰᠤ ᠵᠠᠰᠠᠯ ᠡᠴᠠ ᠢᠯᠡᠳᠳᠡ ᠢᠯᠭᠠᠭᠳᠠᠬᠤ ᠪᠢᠯᠨ ᠃ ᠡᠮᠦᠰᠦᠭᠰᠡᠨ  ᠬᠤᠪᠴᠠᠰᠤ ᠳᠡᠪᠡᠯ  ᠣᠨ ᠬᠢᠨᠢ ᠶᠠᠩᠵᠤ ᠬᠡᠯᠪᠡᠷᠢ  ᠪᠡᠷ ᠬᠦᠮᠦᠰ ᠤᠷᠤᠭᠯᠠᠭᠰᠠᠨ ᠡᠰᠡᠬᠦ  ᠵᠢ  ᠨᠢ ᠢᠯᠭᠠᠨ ᠲᠠᠨᠢᠳᠠᠭ ᠪᠠᠶᠢᠳᠠᠯ  ᠳᠤ ᠪᠤᠷᠢᠶᠠᠳ ᠪᠦᠰᠡᠭᠦᠶᠢᠴᠤᠳ  ᠣᠨ ᠮᠤᠩᠭᠤᠯ ᠲᠡᠪᠡᠯ  ᠨᠢ ᠨᠡᠩ ᠳᠤᠳᠤᠷᠬᠠᠢ ᠢᠯᠡᠷᠡᠭᠦᠯᠳᠡᠭ ᠃

ᠪᠤᠷᠢᠶᠠᠳ  ᠣᠨ ᠪᠦᠬᠡ ᠵᠢᠨ ᠲᠤᠮᠤᠭ  ᠲᠤ ᠂ ᠲᠡᠭᠷᠢ ᠡᠴᠠ ᠪᠠᠭᠤᠯᠭᠠᠭᠰᠠᠨ ᠨᠢᠭᠡᠨ ᠲᠤᠮᠤ ᠪᠦᠷᠭᠦᠳ ᠂ ᠳᠤᠤᠷᠠᠳᠤ ᠶᠢᠷᠲᠢᠨᠴᠤ  ᠳᠤ ᠪᠠᠭᠤᠵᠤ ᠂ ᠨᠢᠭᠡᠨ ᠪᠤᠷᠢᠶᠠᠳ ᠡᠮᠡᠭᠲᠡᠢ   ᠲᠠᠢ ᠬᠤᠷᠢᠮᠯᠠᠵᠤ ᠨᠢᠭᠡᠨ ᠬᠡᠦᠬᠡᠳ  ᠲᠠᠢ ᠪᠤᠯᠤᠭᠰᠠᠨ  ᠨᠢ ᠲᠠᠷᠤᠢ ᠠᠩᠬᠠᠨ ᠣ ᠪᠦᠬᠡ ᠶᠤᠮ ᠭᠡᠳᠡᠭ ᠃ ᠡᠶᠢᠮᠦ  ᠡᠴᠠ ᠪᠤᠷᠢᠶᠠᠳ ᠣᠨ ᠪᠦᠬᠡ ᠵᠢᠨ ᠡᠭᠦᠰᠦᠯ  ᠣᠨ ᠳᠤᠮᠤᠭ ᠪᠤᠯ ᠪᠦᠷᠭᠦᠳ ᠣᠨ ᠰᠢᠳᠦᠯᠭᠡ  ᠲᠠᠢ ᠬᠤᠯᠪᠤᠭᠳᠠᠵᠤ ᠂ ᠨᠡᠯᠢᠶᠡᠳ ᠡᠷᠲᠡᠨ  ᠣ ᠪᠠᠯᠠᠷᠯᠢᠭ ᠰᠢᠨᠵᠢ  ᠪᠡᠨ ᠬᠠᠳᠠᠭᠠᠯᠠᠵᠤ ᠪᠠᠶᠢᠳᠠᠭ ᠃

ᠠᠰᠢᠭᠯᠠᠭᠰᠠᠨ ᠮᠠᠲ᠋ᠸᠷᠢᠶᠠᠯ ᠄

1. ︽ ᠮᠤᠩᠭᠤᠯ ᠦᠨᠳᠦᠰᠦᠳᠡᠨ  ᠣ ᠳᠠᠭᠤᠤ ᠬᠦᠭᠵᠢᠮ  ᠣᠨ ᠲᠡᠦᠭᠡ ︾ ᠯᠢᠶᠤᠤᠨᠢᠩ ᠣᠨ ᠦᠨᠳᠦᠰᠦᠳᠡᠨ  ᠣ ᠬᠡᠪᠯᠡᠯ  ᠣᠨ ᠬᠤᠷᠢᠶ᠎ᠠ ᠂ 1997 ᠂ ᠬᠦᠭᠵᠢᠯᠳᠦ

2. ︽ ᠮᠤᠩᠭᠤᠯ ᠦᠨᠳᠦᠰᠦᠳᠡᠨ  ᠣ ᠬᠤᠪᠴᠠᠰᠤ ᠵᠠᠰᠠᠯ ᠣᠨ ᠰᠤᠶᠤᠯ ︾ ᠂ ᠯᠢᠶᠤᠤᠨᠢᠩ ᠣᠨ ᠦᠨᠳᠦᠰᠦᠳᠡᠨ ᠣ ᠬᠡᠪᠯᠡᠯ ᠣᠨ ᠬᠤᠷᠢᠶ᠎ᠠ ᠂ ᠫᠸᠷᠯᠠᠶᠢᠰᠠᠩᠪᠤᠤ ᠂ 1997

 

ᠭᠤᠷᠪᠠ ᠂ ᠠᠶᠠᠰ  ᠣᠨ ᠵᠠᠳᠠᠯᠤᠯᠳᠠ

 

ᠲᠤᠰ ᠲᠠᠭᠤᠤ ᠪᠤᠯ ᠶᠦᠳᠠᠭᠤᠨ ᠠᠶᠠᠯᠭᠤᠨ ᠬᠡᠪ  ᠲᠠᠢ ᠂ ᠲᠡᠭᠡᠷ᠎ᠡ ᠲᠤᠤᠷ᠎ᠠ ᠬᠤᠶᠠᠷ ᠬᠦᠭᠵᠢᠮ ᠣᠨ ᠦᠬᠦᠯᠡᠪᠤᠷᠢ  ᠪᠡᠷ ᠪᠦᠷᠢᠯᠳᠤᠭ᠍ᠰᠠᠨ ᠪᠠᠶᠢᠨ᠎ᠠ ᠃ ᠲᠡᠭᠡᠷ᠎ᠡ ᠬᠦᠭᠵᠢᠮ ᠣᠨ ᠦᠬᠦᠯᠡᠪᠤᠷᠢ ᠵᠢᠨ ᠲᠡᠬᠦᠰᠭᠡᠯ ᠲᠠᠭᠤᠤ  ᠨᠢ ᠬᠦᠩᠳᠠᠭᠤᠨ ᠪᠠᠶᠢᠵᠤ ᠂ ᠲᠤᠣᠷ᠎ᠠ ᠬᠦᠭᠵᠢᠮ ᠣᠨ ᠦᠬᠦᠯᠡᠪᠤᠷᠢ ᠵᠢᠨ ᠲᠡᠬᠦᠰᠭᠡᠯ ᠲᠠᠭᠤᠨ  ᠨᠢ ᠶᠦᠳᠠᠭᠤᠨ ᠪᠤᠯᠤᠨ᠎ᠠ ᠃ ᠬᠤᠶᠠᠷ ᠲᠠᠭᠤᠨ  ᠨᠢ ᠦᠩᠭᠡ ᠪᠤᠳᠤᠭ  ᠣᠨ ᠠᠪᠤᠯᠴᠠᠭ᠎ᠠ ᠡᠭᠦᠰᠴᠡᠢ  ᠃ ᠲᠡᠭᠡᠷ᠎ᠡ ᠬᠦᠭᠵᠢᠮ ᠣᠨ ᠦᠬᠦᠯᠡᠪᠤᠷᠢ ᠵᠢᠨ ᠲᠡᠬᠦᠰᠭᠡᠯ ᠲᠠᠭᠤᠨ  ᠨᠢ ᠬᠦᠩᠳᠠᠭᠤᠨ ᠡᠴᠠ ᠱᠠᠩᠳᠠᠭᠤᠨ ᠬᠦᠷᠳᠡᠯᠡᠭᠢ ᠠᠶ᠎ᠠ ᠵᠢᠨ ᠲᠡᠭᠡᠭᠰᠢᠯᠡᠭᠰᠡᠨ ᠡᠷᠭᠦᠯᠲᠡ  ᠬᠢᠵᠠᠢ ᠃ ᠨᠢᠭᠡᠳᠤᠭᠡᠷ ᠬᠦᠭᠵᠢᠮ ᠣᠨ ᠲᠠᠰᠤᠯᠭ᠎ᠠ ᠣᠨ ᠴᠤᠬᠢᠯᠭ᠎ᠠ  ᠨᠢ ᠲᠠᠭᠤᠤ ᠵᠢᠨ ᠦᠭᠡ ᠵᠢᠨ ᠠᠶᠢᠵᠠᠮ  ᠲᠠᠢ  ᠪᠡᠨ ᠬᠠᠪᠤᠯᠢᠭ ᠨᠢᠭᠡᠳᠴᠤ ᠂ ︽ ᠡᠮᠦᠨ᠎ᠡ  ᠴᠢᠩᠭ᠎ᠠ ᠂ ᠬᠤᠶᠢᠨ᠎ᠡ ᠰᠤᠯᠠ ︾ ᠴᠤᠬᠢᠯᠭ᠎ᠠ ᠵᠢᠨ ᠪᠦᠳᠤᠴᠡ ᠵᠢ ᠪᠤᠢ ᠪᠤᠯᠭᠠᠵᠠᠢ ᠃ ᠬᠤᠶᠠᠳᠤᠭᠠᠷ ᠬᠦᠭᠵᠢᠮ ᠣᠨ ᠲᠠᠰᠤᠯᠭ᠎ᠠ ᠪᠤᠯᠤᠨ ᠵᠢᠷᠭᠤᠳᠤᠭᠠᠷ ᠬᠦᠭᠵᠢᠮ ᠣᠨ ᠲᠠᠰᠤᠯᠭ᠎ᠠ  ᠨᠢ ︽ ᠲᠠᠭᠤᠷᠢᠶᠠᠨ ᠶᠠᠪᠤᠭᠳᠠᠬᠤ ︾ ᠠᠷᠭ᠎ᠠ ᠵᠢ ᠬᠡᠷᠡᠭᠯᠡᠵᠠᠢ ᠃ ᠠᠶ᠎ᠠ ᠵᠢᠨ ᠪᠦᠳᠤᠴᠡ  ᠨᠢ ᠬᠡᠳᠤᠶᠢᠪᠡᠷ ᠠᠳᠠᠯᠢ ᠪᠤᠯᠪᠠᠴᠤ ᠂ ᠲᠠᠭᠤᠨ ᠦᠨᠳᠤᠷ  ᠨᠢ ᠠᠳᠠᠯᠢ ᠦᠭᠡᠢ ᠃ ᠡᠨᠡ  ᠬᠦ ᠬᠤᠶᠠᠷ ᠲᠠᠰᠤᠯᠭ᠎ᠠ ᠠᠶ᠎ᠠ  ᠨᠢ ᠪᠤᠷᠢᠶᠠᠳ ᠮᠤᠩᠭᠤᠯ ᠣᠨ ᠠᠷᠠᠳ ᠣᠨ ᠲᠠᠭᠤᠤ ᠵᠢᠨ ᠤᠨᠴᠠᠯᠢᠭ ᠰᠢᠨᠵᠢ ᠵᠢ ᠪᠦᠷᠢᠨ ᠢᠯᠡᠳᠭᠡᠵᠤ ᠴᠢᠳᠠᠭᠰᠠᠨ ᠪᠠᠶᠢᠨ᠎ᠠ ᠃

 

ᠲᠠᠭᠤᠤ ᠵᠢᠨ ᠦᠭᠡ

 

ᠠᠷᠤ ᠭᠠᠵᠠᠷ ᠤᠷᠭᠤᠭᠴᠢ

ᠠᠴᠠ ᠪᠦᠭᠡ  ᠲᠠᠢ ᠠᠯᠳᠠᠷᠭᠠᠨ᠎ᠠ

ᠠᠯᠠᠭᠠᠨ ᠳᠡᠭᠡᠷ᠎ᠡ  ᠪᠠᠨ ᠳᠡᠵᠢᠭᠡᠭᠰᠡᠨ

ᠠᠪᠤ ᠯᠡ ᠡᠵᠢ ᠬᠤᠶᠠᠷ ᠶᠸ ᠃

 

ᠦᠪᠦᠷ ᠭᠠᠵᠠᠷ ᠤᠷᠭᠤᠭᠴᠢ

ᠡᠰᠢ ᠪᠦᠭᠡ  ᠲᠠᠢ ᠠᠯᠲᠠᠷᠭᠠᠨ᠎ᠠ ᠂

ᠡᠯᠢᠭᠡᠨ ᠳᠡᠭᠡᠷ᠎ᠡ  ᠪᠠᠨ ᠲᠡᠵᠢᠭᠡᠭᠰᠡᠨ

ᠡᠵᠢ ᠯᠡ ᠠᠪᠤ ᠬᠤᠶᠠᠷ ᠶᠸ ᠃

 

1 2 3 4 5

ᠬᠠᠪᠰᠤᠷᠭᠠᠯ ᠭᠦᠭᠵᠢᠮ

VCD ᠪᠢᠴᠢᠯᠭᠡ

MP3 ᠪᠢᠴᠢᠯᠭᠡ

ᠰᠢᠭᠦᠮᠵᠢ ᠦᠯᠡᠳᠡᠭᠡᠬᠦ