• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠯᠳᠠᠨ ᠪᠤᠭᠳᠠ ᠵᠢᠨ ᠰᠢᠯᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   41
  • ᠄   0
  • ᠄   0
  • ᠄  0

ᠨᠢᠭᠡ ᠂ ᠲᠤᠰ ᠳᠠᠭᠤᠤ ᠵᠢᠨ ᠳᠤᠬᠠᠢ

 

ᠲᠤᠰ ᠲᠠᠭᠤᠤ ᠦᠪᠦᠷ ᠮᠤᠩᠭᠤᠯ ᠤᠨ ᠡᠯ᠎ᠡ ᠭᠠᠵᠠᠷ ᠲᠤ ᠠᠳᠠᠯᠢ ᠪᠤᠰᠤ ᠵᠢᠨ ᠬᠤᠪᠢᠯᠪᠤᠷᠢ ᠪᠠᠷ ᠤᠯᠠᠮᠵᠢᠯᠠᠨ ᠳᠠᠭᠤᠯᠠᠭᠳᠠᠵᠤ ᠪᠠᠶᠢᠨ᠎ᠠ ᠃ ᠡᠭᠦᠨ   ᠳᠤ ᠠᠯᠳᠠᠷᠳᠤ ᠲᠠᠭᠤᠴᠢᠨ ᠠᠯᠳᠠᠨᠴᠡᠴᠡᠭ ᠤᠨ ᠲᠠᠭᠤᠯᠠᠭᠰᠠᠨ ᠠᠯᠠᠱᠠ ᠵᠢᠨ ᠬᠤᠪᠢᠯᠪᠤᠷᠢ  ᠨᠢ ᠤᠳᠤᠬᠠᠨ  ᠳᠤ ᠦᠷᠭᠡᠨ  ᠢᠶᠡᠷ  ᠲᠡᠯᠭᠡᠷᠡᠵᠤ ᠪᠠᠶᠢᠨ᠎ᠠ ᠃ ᠡᠷᠳᠡᠮᠲᠡᠨ  ᠤᠯᠠᠯᠵᠢ ᠲᠤᠰ ᠲᠠᠭᠤᠤ ᠵᠢ ᠤᠮᠠᠷᠠᠳᠤ ᠶᠤᠸᠠᠨ ᠤᠯᠤᠰ ᠤᠨ ᠦᠶ᠎ᠡ  ᠳᠤ ᠪᠤᠢ ᠪᠤᠯᠤᠭᠰᠠᠨ ᠪᠠᠭᠠᠳᠤᠷ ᠡᠷᠡᠴᠦᠳ  ᠤᠨ ᠨᠤᠳᠤᠭ  ᠢᠶᠡᠨ  ᠰᠠᠨᠠᠭᠰᠠᠨ ᠲᠠᠭᠤᠤ ᠮᠦᠨ ᠭᠡᠵᠡᠢ ᠃ ᠮᠤᠩᠭᠤᠯ ᠤᠯᠤᠰ ᠤᠨ ᠡᠷᠳᠡᠮᠲᠡᠨ  ᠰᠠᠮᠫᠢᠯᠳᠠᠨᠳᠠᠪ  ᠨᠠᠷ ︽ ᠮᠤᠩᠭᠤᠯ ᠠᠷᠠᠳ ᠤᠨ ᠤᠷᠳᠤ ᠵᠢᠨ ᠲᠠᠭᠤᠤ ︾ ᠭᠡᠳᠡᠭ ᠨᠤᠮ  ᠳᠠᠭᠠᠨ ᠮᠦᠨ ᠡᠨᠡ  ᠲᠠᠭᠤᠤ ᠵᠢ ︽ ᠬᠠᠷᠠᠭᠤᠯ ᠤᠨ ᠴᠡᠷᠢᠭ ᠤᠨ ᠮᠦᠷᠦᠭᠡᠳᠤᠯ ᠤᠨ ᠤᠶᠠᠩᠭᠠᠳᠤ ᠲᠠᠭᠤᠤ ᠮᠦᠨ ︾ ᠭᠡᠰᠡᠨ ᠪᠠᠶᠢᠨ᠎ᠠ ᠃ ᠤᠯᠠᠨᠭ᠍ᠬᠢ ᠤᠷᠤᠨ ᠨᠤᠲᠤᠭ  ᠲᠤ ᠡᠨᠡ  ᠳᠠᠭᠤᠤ ᠵᠢ ᠨᠠᠶᠢᠷ ᠶᠤᠰᠤᠯᠠᠯ  ᠤᠨ ᠲᠠᠭᠤᠤ ᠪᠤᠯᠭᠠᠨ ᠳᠠᠭᠤᠯᠠᠵᠤ ᠪᠤᠢ ᠃ ᠵᠢᠱᠢᠶᠡᠯᠡᠪᠡᠯ ᠂ ᠠᠷᠤ ᠬᠤᠷᠴᠢᠨ ᠳᠤ ᠲᠤᠰ ᠲᠠᠭᠤᠤ ᠪᠤᠯ ᠬᠤᠷᠢᠮ ᠨᠠᠶᠢᠷ ᠡᠬᠢᠯᠡᠬᠦ  ᠦᠶ᠎ᠡ  ᠳᠤ ᠲᠠᠭᠤᠯᠠᠳᠠᠭ ︽ ᠲᠦᠷᠦ ᠵᠢᠨ ᠳᠦᠷᠪᠡᠨ ᠲᠠᠭᠤᠤ ︾ ᠵᠢᠨ ᠨᠢᠭᠡ ᠪᠤᠯᠤᠨ᠎ᠠ ᠃

 

ᠬᠤᠶᠠᠷ ᠂ ᠳᠠᠭᠤᠴᠢᠨ ᠪᠠ ᠳᠠᠭᠤᠤ ᠵᠢᠨ ᠳᠤᠬᠠᠢ ᠦᠯᠢᠭᠡᠷ

 

ᠠᠯᠳᠠᠨᠴᠡᠴᠡᠭ ᠦᠪᠦᠷ ᠮᠤᠩᠭᠤᠯ ᠣᠨ ᠪᠠᠷᠠᠭᠤᠨ ᠭᠡᠰᠡᠭ ᠣᠨ ᠪᠠᠳᠠᠢ ᠵᠢᠨ ᠵᠢᠷᠠᠨ ᠡᠯᠡᠰᠦᠨ  ᠴᠦᠯ ᠳᠠᠬᠢ ᠠᠯᠠᠱᠠ ᠪᠠᠷᠠᠭᠤᠨ ᠬᠤᠰᠢᠭᠤᠨ ᠣ ᠡᠩ  ᠣᠨ ᠮᠠᠯᠴᠢᠨ ᠣ ᠭᠡᠷ  ᠲᠤ ᠵᠠᠶᠠᠭᠠᠵᠠᠢ ᠃ ᠡᠵᠢ  ᠨᠢ ᠨᠤᠳᠤᠭ ᠤᠰᠤᠨ ᠳᠠᠭᠠᠨ ᠨᠡᠷᠡᠳᠡᠢ ᠠᠷᠠᠳ ᠣᠨ ᠳᠠᠭᠤᠴᠢᠨ ᠪᠠᠶᠢᠵᠦ ᠂ ᠠᠯᠳᠠᠨᠴᠡᠴᠡᠭ ᠣᠨ ᠤᠳᠤ ᠳᠠᠭᠤᠯᠠᠵᠦ ᠪᠠᠶᠢᠭ᠎ᠠ ᠤᠯᠠᠩᠭᠢ ᠠᠷᠠᠳ ᠣᠨ ᠳᠠᠭᠤᠤ  ᠨᠢ ᠪᠦᠷ ᠡᠵᠢ  ᠡᠴᠡ  ᠪᠠᠨ ᠰᠤᠷᠤᠭᠰᠠᠨ ᠪᠠᠶᠢᠳᠠᠭ ᠃ ᠬᠠᠷᠢᠨ ︽ ᠠᠷᠤ ᠭᠦᠪᠴᠢ ᠵᠢᠨ ᠤᠨᠠᠭ᠎ᠠ ︾ ᠭᠡᠭᠦ ᠳᠠᠭᠤᠤ  ᠳᠤ ᠳᠡᠭᠦᠨ ᠣ ᠭᠡᠷ ᠪᠦᠯᠢ ᠵᠢᠨ ᠳᠤᠮᠤᠭᠯᠢᠭ ᠦᠯᠢᠭᠡᠷ ᠠᠭᠤᠰᠴᠦ ᠪᠠᠶᠢᠳᠠᠭ ᠄

1944 ᠤᠨ  ᠳᠤ ᠂ ᠠᠯᠳᠠᠨᠴᠡᠴᠡᠭ ᠣᠨ ᠨᠠᠭᠠᠴᠤ ᠠᠮᠡᠭᠡ ᠮᠦᠭᠦ  ᠨᠢ ᠨᠠᠢᠮᠠᠨ ᠨᠠᠰᠤᠳᠠᠢ ᠭᠡᠦᠭᠡᠨ ᠳ᠋ᠠᠰᠢᠮ᠎ᠡ ᠪᠤᠯᠤᠨ ᠬᠤᠶᠠᠷ ᠨᠢᠯᠬ᠎ᠠ ᠪᠠᠯᠴᠢᠷ ᠭᠦᠦ  ᠡᠴᠡ  ᠪᠠᠨ ᠰᠠᠯᠵᠦ ᠂ ᠤᠮᠠᠷᠠᠳᠤ ᠵᠢᠨ ᠳᠠᠯ ᠠᠭᠤᠯᠠ ᠵᠢᠨ ᠳᠡᠨᠳᠡ ᠰᠠᠳᠤᠨ ᠲᠦᠷᠦᠯ ᠵᠢᠡᠨ ᠡᠷᠭᠢᠬᠦ   ᠪᠡᠷ ᠶᠠᠪᠤᠵᠠᠢ ᠃ ᠴᠤᠬᠤᠮ ᠳᠠᠭᠠᠨ ᠬᠠᠭᠠᠰ ᠰᠠᠷ᠎ᠠ ᠬᠤᠷᠢ ᠬᠤᠨᠤᠪᠠᠯ ᠬᠠᠷᠢᠵᠦ ᠢᠷᠡᠭᠦ ᠪᠠᠶᠢᠳᠠᠯ᠎ᠠ ᠰᠠᠨᠠᠮᠰᠠᠷ ᠪᠤᠰᠤ ᠶᠠᠪᠤᠳᠠᠯ ᠳᠠᠭᠠᠷᠠᠵᠦ ᠂ ᠳᠡᠭᠦᠨ ᠢ ᠶᠠᠪᠤᠮᠠᠭᠴᠠ ᠤᠯᠤᠰ ᠣᠨ ᠭᠢᠯᠢ ᠵᠠᠭᠠᠭ ᠢ ᠳᠤᠭᠳᠠᠭᠠᠭᠰᠡᠨ ᠪᠠᠶᠢᠯ᠎ᠠ ᠃ ᠢᠨᠭᠭᠢᠭᠡᠳ ᠬᠤᠷᠤᠮ ᠵᠠᠭᠤᠷ᠎ᠠ ᠵᠢᠨ ᠵᠠᠢ  ᠲᠠᠢ ᠭᠠᠵᠠᠷ  ᠨᠢ ᠬᠤᠶᠠᠷ ᠤᠯᠤᠰ ᠣᠨ ᠭᠢᠯᠢ  ᠪᠡᠷ ᠵᠠᠭᠠᠭᠯᠠᠭᠳᠠᠵᠦ ᠂ ᠴᠢᠰᠤ ᠮᠢᠬᠠᠨ ᠣ ᠬᠤᠯᠪᠤᠭᠠᠰᠤ ᠪᠤᠯᠤᠭᠰᠡᠨ ᠭᠡᠳᠦᠭᠦᠯᠡ ᠵᠦᠪᠭᠡᠨ ᠵᠡᠭᠦᠳᠦᠨ ᠳᠡᠬᠡᠨ ᠤᠴᠠᠷᠠᠵᠦ ᠂ ᠵᠢᠷᠦᠭᠡᠨ ᠳᠡᠬᠡᠨ ᠨᠢᠯᠪᠤᠰᠤ  ᠲᠠᠢ ᠡᠳᠦᠷ  ᠬᠤᠨᠤᠭ ᠢ ᠨᠦᠭᠴᠢᠭᠡᠭᠦ ᠪᠤᠯᠵᠠᠢ ᠃     ᠠᠯᠳᠠᠨᠴᠡᠴᠡᠭ ᠣᠨ ᠨᠠᠭᠠᠴᠤ ᠡᠪᠦᠭᠡ ᠫᠦᠷᠪᠤ  ᠨᠢ ᠪᠦᠰᠡᠭᠦᠢ  ᠨᠢ ᠶᠠᠪᠤᠭᠰᠡᠨ ᠣ ᠳᠠᠷᠠᠭᠠᠬᠠᠨ ᠭᠡᠦᠭᠡᠳ ᠵᠢᠡᠨ ᠠᠰᠠᠷᠠᠵᠦ ᠳᠤᠳᠤᠮᠳᠠᠨ ᠭᠦᠰᠡᠯ ᠮᠦᠷᠦᠭᠡᠳᠦᠯ ᠣᠨ ᠳᠤᠮᠳᠠ ᠬᠤᠨᠤᠭ ᠡᠳᠦᠷ  ᠢ ᠳᠤᠭᠠᠯᠠᠵᠦ ᠪᠠᠶᠢᠯ᠎ᠠ ᠃ ᠭᠤᠷᠪᠠᠨ ᠭᠡᠦᠭᠡᠳ  ᠨᠢ ᠡᠴᠢᠭᠡ ᠵᠢᠨ ᠵᠢᠡᠨ ᠬᠠᠶᠢᠷ᠎ᠠ ᠬᠠᠯᠠᠮᠵᠢ  ᠪᠡᠷ ᠦᠭᠡᠯᠡᠢ ᠦᠨᠳᠦᠷ ᠪᠤᠯᠵᠦ ᠠᠶᠢᠯ ᠭᠡᠷ ᠪᠤᠰᠬᠠᠪᠠ ᠃ ᠭᠡᠦᠭᠡᠨ ᠳ᠋ᠠᠰᠢᠮ᠎ᠠ  ᠨᠢ ᠬᠤᠷᠢᠮᠯᠠᠭᠰᠡᠨ ᠣ ᠳᠠᠷᠠᠭ᠎ᠠ ᠠᠯᠳᠠᠨᠴᠡᠴᠡᠭ ᠵᠢᠡᠨ ᠭᠦᠨᠭᠭᠡᠵᠢᠪᠡ ᠃ ᠭᠡᠪᠡᠴᠦ ᠳᠡᠯ ᠠᠭᠤᠯᠠ ᠵᠢᠨ ᠳᠡᠨᠳᠡᠭᠢ ᠪᠦᠰᠡᠭᠦᠢ  ᠨᠢ ᠪᠠᠰᠠᠴᠤ ᠪᠠᠷ᠎ᠠ ᠰᠤᠷᠠᠭ ᠠᠯᠠᠭ᠎ᠠ ᠃ ᠨᠢᠭᠡᠨ ᠡᠳᠦᠷ  ᠠᠯᠳᠠᠨᠴᠡᠴᠡᠭ ᠨᠠᠭᠠᠴᠤ ᠡᠪᠦᠭᠡ  ᠪᠠᠨ ᠳᠠᠭᠠᠵᠦ ᠬᠤᠨᠢ ᠬᠠᠷᠢᠭᠤᠯᠬᠤ  ᠪᠡᠷ ᠭᠠᠷᠤᠯ᠎ᠠ ᠃ ᠨᠠᠰᠤᠳᠠᠨ ᠳᠡᠯ ᠠᠭᠤᠯᠠ ᠵᠢ ᠰᠠᠷᠠᠪᠴᠢᠯᠠᠨ ᠪᠠᠷᠠᠯᠠᠭᠰᠠᠭᠠᠷ ᠄ ︽ ᠠᠷᠤᠬᠠᠨ ᠭᠦᠪᠴᠢ ᠵᠢᠨ ᠤᠨᠠᠭ᠎ᠠ  ᠨᠢ ᠂ ᠠᠭᠰᠤᠮ ᠪᠤᠯᠤᠭᠠᠳ ᠵᠢᠷᠤᠭ᠎ᠠ ᠰᠢᠤ ᠂ ᠠᠷᠤ ᠬᠠᠩᠭᠠᠢ ᠵᠢᠨ ᠪᠠᠭᠠᠴᠤᠳ  ᠨᠢ ᠂ ᠠᠭᠠᠰᠢ  ᠲᠠᠢ ᠪᠤᠯᠤᠭᠠᠳ ᠵᠠᠩ  ᠲᠠᠢ ᠰᠢᠤ ᠃ ᠦᠪᠦᠷᠭᠡᠨ ᠭᠦᠪᠴᠢ ᠵᠢᠨ ᠤᠨᠠᠭ᠎ᠠ  ᠨᠢ ᠂ ᠦᠨᠳᠡᠭᠡᠨ ᠳᠤᠭᠤᠰ ᠪᠤᠷᠤᠯᠠᠭ ᠰᠢᠤ ᠂ ᠦᠪᠦᠷ ᠬᠠᠩᠭᠠᠢ ᠵᠢᠨ ᠪᠠᠭᠠᠴᠤᠳ  ᠨᠢ ᠂ ᠠᠭᠠᠰᠢ  ᠲᠠᠢ ᠪᠤᠯᠤᠭᠠᠳ ᠵᠠᠩ  ᠲᠠᠢ ᠰᠢᠤ ︾ ᠭᠡᠵᠦ ᠳᠠᠭᠤᠯᠠᠬᠤ  ᠳᠤ ᠤᠶᠠᠷᠠᠭᠤᠨ ᠠᠶᠠᠰ  ᠨᠢ ᠤᠭᠳᠠᠷᠭᠤᠢ  ᠳᠤ ᠴᠤᠤᠷᠢᠶᠠᠯᠠᠨ ᠳᠠᠯ ᠠᠭᠤᠯᠠ ᠵᠢᠨ ᠳᠡᠷᠳᠡᠭᠡ  ᠳᠤ ᠬᠦᠷᠴᠡᠢ ᠃ ᠶᠠᠭ ᠰᠠᠶ᠋ᠢᠬᠠᠨ ᠪᠤᠳᠤᠭᠤ ᠲᠤᠷᠤᠮ  ᠲᠠᠢ  ᠪᠠᠨ ᠳᠤᠭᠯᠠᠨ ᠨᠠᠭᠠᠳᠴᠦ ᠪᠠᠶᠢᠭᠰᠠᠨ ᠪᠢᠴᠢᠬᠠᠨ ᠠᠯᠳᠠᠨᠴᠡᠴᠡᠭ ᠪᠡᠶ᠎ᠡ ᠡᠷᠭᠢᠵᠦ  ᠬᠠᠷᠠᠪᠠᠯ ᠨᠠᠭᠠᠴᠤ ᠡᠪᠦᠭᠡ ᠵᠢᠨ ᠭᠢᠨᠢ ᠨᠢᠭᠤᠷ ᠳᠡᠭᠡᠷ᠎ᠡ ᠨᠢᠯᠪᠤᠰᠤ ᠠᠰᠠᠬᠠᠷᠠᠨ ᠪᠠᠭᠤᠵᠦ ᠪᠠᠶᠢᠯ᠎ᠠ ᠃ ᠶᠢᠷᠳᠢᠨᠴᠦ ᠵᠢᠨ ᠤᠴᠢᠷ ᠢ ᠤᠬᠠᠵᠦ ᠮᠡᠳᠡᠭᠦ ᠦᠭᠡᠢ ᠳᠡᠷ᠎ᠡ ᠠᠨᠭ᠍ᠰᠡᠶᠢᠨ ᠢᠨᠢᠶᠡᠭᠡᠳ ᠄ ︽ ᠨᠠᠭᠠᠴᠤ ᠡᠪᠦᠭᠡ ᠡᠳᠦᠢ  ᠨᠠᠰᠤᠯᠠᠴᠢᠬᠠᠭᠠᠳ ᠪᠠᠰᠠ ᠤᠭᠢᠯᠠᠨ᠎ᠠ ᠭᠡᠳᠡᠭ  ᠴᠢᠨᠢ ᠂ ᠰᠢᠷᠪᠡᠭᠡᠳᠦᠭᠦ ᠦᠭᠡᠢ ᠤᠤ      ︾ ᠭᠡᠵᠦ ᠪᠠᠶᠢᠯ᠎ᠠ ᠃

︽ ᠠᠯᠳᠠᠨ ᠪᠤᠭᠳᠠ ᠵᠢᠨ ᠰᠢᠯᠢ ︾ ᠵᠢ ᠠᠯᠳᠠᠨᠴᠡᠴᠡᠭ ᠡᠵᠢ  ᠡᠴᠡ  ᠪᠠᠨ ᠰᠤᠷᠴᠠᠢ ᠃ ᠡᠨᠡ   ᠨᠢ ᠪᠠᠰᠠᠴᠤ ᠡᠵᠢ ᠳ᠋ᠠᠰᠢᠮ᠎ᠡ ᠵᠢᠨ ᠭᠢᠨᠢ ᠬᠠᠮᠤᠭ ᠳᠠᠭᠤᠯᠠᠬᠤ ᠳᠤᠷᠠᠳᠠᠢ ᠳᠠᠭᠤᠤ ᠪᠠᠶᠢᠵᠠᠢ ᠃ ᠤᠴᠢᠷ  ᠨᠢ ᠡᠨᠡ  ᠳᠠᠭᠤᠤ ᠵᠢ ᠳ᠋ᠠᠰᠢᠮ᠎ᠠ ᠵᠢᠨ ᠡᠵᠢ  ᠨᠢ ᠶᠠᠪᠤᠬᠤ  ᠡᠴᠡ  ᠪᠠᠨ ᠡᠮᠦᠨ᠎ᠡ  ᠳᠡᠭᠦᠨ  ᠳᠤ ᠵᠢᠭᠠᠵᠦ ᠦᠭᠭᠦᠭᠰᠡᠨ ᠶᠤᠮ ᠃ ᠡᠵᠢ  ᠪᠠᠨ ᠰᠠᠨᠠᠬᠤ ᠯᠡ ᠪᠤᠯᠭᠠᠨ ᠳ᠋ᠠᠰᠢᠮ᠎ᠡ ᠨᠠᠰᠤᠳᠠᠨ ᠡᠨᠡ  ᠳᠠᠭᠤᠤ ᠵᠢ ᠳᠠᠭᠤᠯᠠᠳᠠᠭ ᠄ ︽ ᠠᠯᠳᠠᠨ ᠪᠤᠭᠳᠠ ᠵᠢᠨ ᠰᠢᠯᠢ  ᠳᠤᠨᠢ ᠂ ᠠᠯᠳᠠᠨ ᠭᠤᠷᠭᠤᠤᠯᠳᠠᠢ ᠵᠢᠷᠭᠢᠨ᠎ᠡ ᠂ ᠳᠡᠭᠦᠨ ᠣ ᠰᠠᠶᠢᠬᠠᠨ ᠳᠠᠭᠤᠤ  ᠳᠤᠨᠢ ᠂ ᠠᠭᠳᠠ ᠮᠤᠷᠢ  ᠨᠢ ᠰᠦᠯᠳᠡᠨ᠎ᠠ ᠃ ᠠᠭᠢ ᠵᠢᠨ ᠦᠨᠳᠦᠷ ᠳᠠᠪᠠᠭ᠎ᠠ ᠵᠢ ᠂ ᠠᠯᠳᠠᠩᠬᠠᠨ ᠭᠦᠷᠠᠩ ᠵᠢᠡᠷ ᠵᠢᠡᠨ ᠳᠤᠭᠤᠯᠤᠨ᠎ᠠ ᠂ ᠠᠭᠢ ᠪᠤᠭᠤᠷᠤᠯ ᠠᠪᠤ ᠳᠠᠭᠠᠨ ᠂ ᠠᠮᠤᠷ ᠢ  ᠨᠢ ᠠᠶᠢᠯᠠᠳᠬᠠᠵᠦ ᠵᠤᠯᠭᠠᠨ᠎ᠠ ᠃ ᠠᠭᠢ ᠵᠢᠨ ᠦᠨᠳᠦᠷ ᠳᠠᠪᠠᠭ᠎ᠠ ᠵᠢ ᠂ ᠠᠯᠢᠭᠡᠨ ᠬᠦᠷᠡᠩ ᠵᠢᠡᠷ ᠵᠢᠡᠨ ᠳᠤᠭᠤᠯᠤᠨ᠎ᠠ ᠂ ᠠᠮᠡᠭᠡᠨ ᠪᠤᠭᠤᠷᠤᠯ ᠡᠵᠢ ᠳᠡᠬᠡᠨ ᠂ ᠠᠮᠤᠷ ᠵᠢ  ᠨᠢ ᠠᠶᠢᠯᠠᠳᠬᠠᠵᠦ ᠵᠤᠯᠭᠠᠨ᠎ᠠ ᠃ ︾

ᠳᠡᠭᠡᠷ᠎ᠡ ᠵᠠᠭᠤᠨ  ᠣ ᠨᠠᠶᠠ  ᠶᠡᠷᠡᠭᠡᠳ ᠤᠨ ᠣ ᠦᠶᠡᠰ ᠠᠯᠳᠠᠨᠴᠡᠴᠡᠭ ᠨᠢᠭᠡᠨᠳᠡ ᠦᠪᠦᠷ ᠮᠤᠩᠭᠤᠯ ᠣᠨ ᠳᠠᠭᠤᠤ ᠵᠢᠨ ᠳᠠᠪᠴᠠᠩ ᠳᠠᠬᠢ ᠠᠯᠳᠠᠨ ᠭᠤᠷᠭᠤᠤᠯᠳᠠᠢ ᠪᠤᠯᠴᠢᠬᠠᠯ᠎ᠠ ᠃ 1993 ᠤᠨ  ᠳᠤ ᠳᠡᠷᠡ ᠮᠤᠩᠭᠤᠯ ᠤᠯᠤᠰ  ᠲᠤ ᠪᠤᠯᠤᠭᠰᠡᠨ ᠤᠯᠠᠨ ᠤᠯᠤᠰ ᠣᠨ ᠤᠷᠳᠤ ᠵᠢᠨ ᠳᠠᠭᠤᠤ ᠵᠢᠨ ᠮᠦᠷᠦᠶᠢᠴᠡᠭᠡᠨ  ᠳᠤ ︽ ᠠᠯᠳᠠᠨ ᠪᠤᠭᠳᠠ ᠵᠢᠨ ᠰᠢᠯᠢ ︾ ᠵᠢ ᠳᠠᠭᠤᠯᠠᠭᠠᠳ ᠠᠯᠳᠠᠨ ᠱᠠᠩᠨᠠᠯ ᠭᠦᠷᠳᠡᠭᠰᠡᠨ ᠶᠤᠮ ᠃ ᠰᠠᠨᠠᠮᠰᠠᠷ ᠪᠤᠰᠤ ᠶᠠᠪᠤᠳᠠᠯ ᠭᠡᠪᠡᠯ ᠨᠢᠭᠡᠨ ᠨᠠᠰᠤᠳᠠᠨ ᠶᠠᠭ ᠲᠸᠯᠸᠢᠰ ᠵᠢᠡᠷ ᠳᠠᠮᠵᠢᠨ ᠳᠡᠭᠦᠨ ᠣ ᠳᠠᠭᠤᠤ ᠵᠢ ᠰᠤᠨᠢᠷᠬᠠᠵᠦ ᠪᠠᠶᠢᠯ᠎ᠠ ᠃ ᠡᠨᠡ  ᠨᠠᠰᠤᠳᠠᠨ ᠪᠤᠯ ᠳᠠᠷᠤᠢ ᠳᠡᠭᠦᠨ ᠣ ᠠᠭᠤᠯᠵᠠᠵᠦ ᠤᠴᠠᠷᠠᠭᠠᠳᠤᠢ ᠨᠠᠭᠠᠴᠤ ᠠᠮᠡᠭᠡ  ᠨᠢ ᠪᠤᠯᠤᠨ᠎ᠠ ᠃ ᠨᠠᠰᠤᠳᠠᠨ ᠭᠠᠶᠢᠬᠠᠰᠢ ᠠᠯᠳᠠᠭᠰᠠᠨ ᠶᠠᠪᠤᠳᠠᠯ ᠭᠡᠪᠡᠯ ᠂ ᠳᠤᠮᠳᠠᠳᠤ ᠤᠯᠤᠰ ᠣᠨ ᠦᠪᠦᠷ ᠮᠤᠩᠭᠤᠯ  ᠡᠴᠡ ᠢᠷᠡᠭᠰᠡᠨ ᠡᠨᠡ  ᠳᠠᠭᠤᠴᠢᠨ ᠶᠡᠷᠦᠨᠢ ᠳᠡᠭᠦᠨ ᠣ ᠡᠳᠦᠷ  ᠪᠤᠯᠭᠠᠨ ᠳᠠᠭᠤᠯᠠᠳᠠᠭ ᠪᠦᠭᠡᠳ ᠰᠠᠯᠵᠦ ᠪᠤᠳᠠᠷᠠᠭᠠᠳ ᠤᠯᠠᠨ ᠵᠢᠯ ᠪᠤᠯᠤᠭᠰᠡᠨ ᠭᠡᠦᠭᠡᠨ ᠳᠡᠬᠡᠨ ᠵᠢᠭᠠᠵᠦ ᠦᠭᠭᠦᠭᠰᠡᠨ ᠳᠠᠭᠤᠤ ᠵᠢ ᠳᠠᠭᠤᠯᠠᠵᠦ ᠪᠠᠶᠢᠯ᠎ᠠ ᠃ ᠢᠨᠭᠭᠢᠭᠡᠳ ᠨᠠᠰᠤᠳᠠᠨ ᠰᠡᠩᠳᠠ ᠮᠡᠩᠳᠠ ᠠᠯᠳᠠᠨᠴᠡᠴᠡᠭ ᠢ ᠡᠷᠢᠵᠦ  ᠠᠭᠤᠯᠵᠠᠭᠠᠳ ᠂ ᠵᠤᠭᠤᠭᠳᠠᠵᠦ ᠯᠠᠪᠯᠠᠬᠤ ᠵᠢᠨ ᠵᠠᠪ  ᠲᠤ ᠠᠯᠳᠠᠨᠴᠡᠴᠡᠭ ᠪᠤᠯ ᠦᠪᠡᠷ ᠣᠨ ᠭᠢᠨᠢ ᠵᠢᠭᠡ ᠤᠮᠪᠤᠯᠤ ᠭᠡᠦᠭᠡᠨ ᠪᠤᠯᠬᠤ ᠵᠢ ᠮᠡᠳᠡᠪᠡ ᠃ ᠡᠨᠡ  ᠮᠡᠳᠦ  ᠪᠡᠷ ᠠᠯᠳᠠᠨᠴᠡᠴᠡᠭ ︽ ᠠᠯᠳᠠᠨ ᠪᠤᠭᠳᠠ ᠵᠢᠨ ᠰᠢᠯᠢ ︾ ᠭᠡᠭᠦ ᠳᠠᠭᠤᠤ  ᠪᠡᠷ ᠵᠢᠡᠨ ᠠᠯᠳᠠᠨ ᠱᠠᠩᠨᠠᠯ ᠭᠦᠷᠳᠡᠭᠰᠡᠨ ᠵᠢᠡᠷ ᠦᠯᠦ ᠪᠠᠷᠠᠮ ᠂ ᠨᠠᠭᠠᠴᠤ ᠠᠮᠡᠭᠡ  ᠲᠠᠢ  ᠪᠠᠨ ᠨᠢᠭᠤᠷ ᠵᠤᠯᠭᠠᠭᠰᠡᠨ  ᠨᠢ ᠭᠠᠶᠢᠬᠠᠯᠳᠠᠢ ᠪᠢᠯᠡ ᠃ 50 ᠵᠢᠯ ᠬᠠᠭᠠᠴᠠᠨ ᠰᠠᠯᠤᠭᠰᠡᠨ ᠣ ᠳᠠᠷᠠᠭ᠎ᠠ 82 ᠭᠦᠷᠦᠭᠰᠡᠨ ᠮᠦᠭᠦ ᠨᠠᠰᠤᠳᠠᠨ ᠨᠤᠳᠤᠭ ᠤᠰᠤᠨ ᠳᠠᠭᠠᠨ ᠭᠦᠷᠴᠦ ᠢᠷᠡᠭᠡᠳ ᠦᠪᠡᠷ ᠣᠨ ᠦᠷ᠎ᠡ ᠭᠡᠦᠭᠡᠳ  ᠲᠠᠢ  ᠪᠠᠨ ᠤᠴᠠᠷᠠᠨ ᠵᠤᠯᠭᠠᠪᠠ ᠃ ᠳᠠᠪᠢᠨ ᠵᠢᠯ ᠣᠨ ᠰᠠᠨᠠᠯ ᠳᠤᠷᠠᠰᠤᠯ  ᠨᠢ ᠳᠠᠯᠠᠢ ᠵᠢᠨ ᠬᠦᠴᠦᠳᠤ ᠳᠠᠪᠠᠯᠭᠠᠨ ᠰᠢᠭ ᠵᠢᠡᠷ ᠨᠠᠰᠤᠳᠠᠨ ᠢ ᠳᠡᠩᠭᠡᠭᠡ ᠠᠯᠳᠠᠭᠤᠯᠵᠠᠢ ᠃ ᠨᠠᠰᠤᠳᠠᠨ ᠴᠠᠭ ᠭᠠᠷᠤᠢ ᠮᠡᠳᠡᠭᠡ ᠰᠡᠭᠡᠭᠡ ᠠᠯᠳᠠᠵᠦ ᠂ ᠳᠤᠳᠤᠨᠤ ᠭᠦᠮᠦᠰ ᠣᠨ ᠵᠢᠡᠨ ᠳᠠᠭᠤᠳᠠᠯᠭ᠎ᠠ ᠳᠤᠤᠷ᠎ᠠ ᠳᠠᠭᠢᠨ ᠰᠡᠷᠭᠦᠭᠰᠡᠨ ᠪᠢᠯᠡ ᠃ ᠵᠠᠯᠭᠠᠭᠠᠳ ᠭᠡᠳᠦᠨ ᠰᠦᠨᠢ  ᠨᠢ ᠨᠠᠰᠤᠳᠠᠨ ᠭᠦᠦ ᠭᠡᠦᠭᠡᠨ ᠵᠢᠡᠨ ᠡᠭᠡᠯᠵᠢᠯᠡᠨ  ᠡᠪᠦᠷᠳᠦᠯᠡᠨ ᠤᠨᠳᠠᠳᠠᠭ ᠃ ᠤᠳᠠᠯ ᠦᠭᠡᠢ ᠳᠠᠷᠴᠢᠯᠭᠠᠯ ᠰᠢᠨᠠᠯᠭᠠᠯ ᠢ ᠦᠨᠭᠭᠡᠷᠡᠭᠡᠭᠰᠡᠨ ᠡᠨᠡ  ᠨᠠᠰᠤᠳᠠᠨ ᠂ ᠰᠡᠳᠭᠢᠯ ᠬᠠᠨᠤᠮᠵᠢᠳᠡᠢ ᠪᠤᠳᠤᠯ ᠵᠢᠷᠭᠠᠯᠳᠠᠢ  ᠪᠡᠷ ᠶᠢᠷᠳᠢᠨᠴᠦ  ᠡᠴᠡ ᠠᠩᠭᠢᠵᠢᠷᠠᠭᠰᠡᠨ ᠪᠢᠯᠡ ᠃

 

ᠭᠤᠷᠪᠠ ᠂ ᠠᠶᠠᠰ  ᠣᠨ ᠵᠠᠳᠠᠯᠤᠯᠳᠠ

 

ᠲᠤᠰ ᠳᠠᠭᠤᠤ ᠵᠢᠨ ᠠᠶ᠎ᠠ  ᠨᠢ ᠲᠡᠭᠡᠷ᠎ᠡ ᠲᠤᠤᠷ᠎ᠠ ᠬᠤᠶᠠᠷ ᠬᠦᠭᠵᠢᠮ ᠤᠨ ᠦᠭᠦᠯᠡᠪᠤᠷᠢ  ᠪᠡᠷ ᠪᠦᠷᠢᠯᠳᠤᠵᠤ ᠂ ᠲᠡᠭᠡᠷ᠎ᠡ ᠬᠦᠭᠵᠢᠮ ᠤᠨ ᠦᠭᠦᠯᠡᠪᠤᠷᠢ  ᠨᠢ ᠤᠬᠤᠷᠬᠠᠨ ᠰᠢᠭ ᠪᠠᠶᠢᠵᠤ ᠂ ᠵᠢᠳᠠᠭᠤᠨ ᠳᠡᠭᠡᠷ᠎ᠡ ᠴᠡᠭᠯᠡᠭᠰᠡᠨ ᠪᠤᠯᠪᠠᠴᠤ ᠲᠠᠭᠤᠯᠠᠴᠠ  ᠨᠢ ᠬᠠᠷᠢᠨ ᠵᠤᠭᠰᠤᠭᠰᠠᠨ ᠦᠭᠡᠢ ᠦᠷᠬᠦᠯᠵᠢᠯᠡᠨ ᠶᠠᠪᠤᠭᠳᠠᠵᠠᠢ ᠃ ᠲᠤᠤᠷ᠎ᠠ ᠬᠦᠭᠵᠢᠮ ᠤᠨ ᠦᠭᠦᠯᠡᠪᠤᠷᠢ ᠵᠢᠨ ᠲᠤᠳᠤᠭᠠᠳᠤ ᠪᠦᠲᠦᠴᠡ  ᠨᠢ ᠨᠠᠷᠢᠯᠢᠭ ᠪᠦᠭᠡᠳ ᠲᠤᠮᠤ ᠪᠠᠶᠢᠵᠤ ᠂ ᠨᠡᠶᠢᠲᠡ ᠲᠦᠷᠪᠡᠨ ᠬᠦᠭᠵᠢᠮ ᠤᠨ ᠲᠠᠰᠤᠯᠪᠤᠷᠢ ᠵᠢ ᠠᠬᠤᠭᠤᠯᠤᠭᠰᠠᠨ ᠪᠠᠶᠢᠨ᠎ᠠ ᠃ ᠳᠡᠭᠡᠷ᠎ᠡ ᠬᠦᠭᠵᠢᠮ  ᠤᠨ ᠦᠭᠦᠯᠡᠪᠤᠷᠢ ᠵᠢᠨ ᠠᠶᠠᠯᠭᠤ  ᠨᠢ ᠵᠢᠳᠠᠭᠤᠨ  ᠢᠶᠡᠷ  ᠭᠤᠤᠯᠯᠠᠵᠤ ᠂ ᠲᠡᠭᠡᠷ᠎ᠡ ᠲᠠᠪᠤᠴᠠ  ᠡᠴᠡ ᠲᠤᠷᠤᠭᠰᠢ ᠲᠦᠷᠪᠡᠴᠡ ᠵᠢᠨ ᠬᠡᠪᠴᠢᠶᠡᠨ  ᠳᠤ ᠲᠤᠭᠤᠷᠢᠭᠯᠠᠨ ᠡᠷᠭᠢᠯᠳᠦᠵᠦ  ᠂ ᠰᠡᠳᠭᠢᠯᠭᠡ  ᠪᠡᠷ ᠭᠦᠨ ᠵᠤᠵᠠᠭᠠᠨ ᠂ ᠡᠷᠴᠢ  ᠴᠢᠨᠠᠷ  ᠢᠶᠡᠷ  ᠴᠢᠩᠭ᠎ᠠ ᠪᠤᠯᠵᠠᠢ ᠃ ᠲᠣᠣᠷ᠎ᠠ ᠬᠦᠭᠵᠢᠮ ᠤᠨ ᠦᠭᠦᠯᠡᠪᠤᠷᠢ ᠵᠢᠨ ᠡᠬᠢᠯᠡᠯᠲᠡ  ᠵᠢᠨ ᠲᠠᠰᠤᠯᠪᠤᠷᠢ  ᠨᠢ ᠲᠡᠭᠡᠭᠰᠢ ᠱᠠᠳᠤᠯᠠᠨ ᠦᠷᠬᠦᠯᠵᠢᠯᠡᠵᠤ ᠂ ᠬᠤᠶᠠᠳᠤᠭᠠᠷ ᠲᠠᠰᠤᠯᠪᠤᠷᠢ  ᠳᠤ ᠪᠦᠬᠦᠶᠢᠯᠡ ᠲᠠᠭᠤᠤ  ᠨᠢ ᠦᠷᠨᠢᠯᠳᠡ ᠵᠢᠨ ᠤᠷᠭᠢᠯ  ᠳᠠᠭᠠᠨ ᠬᠦᠷᠴᠤ ᠂ ᠰᠡᠳᠭᠢᠯᠭᠡ  ᠪᠡᠷ ᠤᠯᠠᠮ ᠤᠮᠤᠭ ᠲᠡᠭᠦᠯᠳᠡᠷ ᠂ ᠴᠢᠨᠭᠭ᠎ᠠ ᠢᠳᠡᠷᠡᠭᠦᠨ ᠪᠤᠯᠤᠭᠰᠠᠨ ᠪᠠᠶᠢᠨ᠎ᠠ ᠃ ᠭᠤᠷᠪᠠᠳᠤᠭᠠᠷ ᠲᠠᠰᠤᠯᠪᠤᠷᠢ  ᠡᠴᠡ ᠡᠬᠢᠯᠡᠵᠦ  ᠠᠶ᠎ᠠ ᠵᠢᠨ ᠶᠠᠪᠤᠭᠳᠠᠴᠠ  ᠨᠢ ᠳᠡᠭᠲᠡᠷ ᠲᠡᠭᠲᠡᠷ  ᠢᠶᠡᠷ  ᠳᠤᠷᠤᠭᠰᠢᠯᠠᠨ ᠲᠤᠨᠤᠵᠤ ᠂ ᠲᠦᠷᠪᠡᠳᠤᠭᠡᠷ ᠲᠠᠰᠤᠯᠪᠦᠷᠢ  ᠳᠤ ᠂ ᠲᠡᠷᠡ  ᠨᠢ ᠡᠷᠭᠢᠯᠳᠦᠨ  ᠶᠠᠪᠤᠭᠳᠠᠬᠤ  ᠪᠡᠷ ᠳᠠᠮᠵᠢᠨ ᠡᠴᠦᠰ  ᠲᠡᠭᠡᠨ ᠭᠤᠤᠯ ᠲᠠᠭᠤᠨ  ᠳᠠᠭᠠᠨ ᠪᠠᠭᠤᠵᠤ ᠪᠦᠬᠦ ᠠᠶ᠎ᠠ  ᠪᠠᠨ ᠲᠡᠭᠦᠰᠭᠡᠭᠰᠡᠨ ᠪᠠᠶᠢᠨ᠎ᠠ ᠃ ᠪᠦᠬᠦᠶᠢᠯᠡ ᠳᠠᠭᠤᠤ ᠵᠢᠨ ᠬᠡᠰᠡᠭ ᠪᠦᠷᠢ ᠵᠢᠨ ᠬᠤᠭᠤᠷᠤᠨᠳᠤ ᠢᠯᠡ ᠲᠤᠳᠤ ᠬᠠᠷᠢᠴᠠᠭᠤᠯᠤᠯ  ᠲᠠᠢ ᠪᠠᠶᠢᠵᠤ ᠂ ᠬᠦᠭᠵᠢᠮ ᠠᠬᠤᠢ ᠵᠢᠨ ᠤᠷᠮ᠎ᠠ ᠵᠤᠷᠢᠭ  ᠨᠢ ᠤᠯᠠᠮ  ᠡᠴᠡ ᠤᠯᠠᠮ ᠠᠬᠢᠨ ᠲᠠᠪᠰᠢᠵᠤ ᠂ ᠬᠦᠮᠦᠰ ᠤᠨ ᠰᠡᠳᠭᠢᠯ ᠢ ᠡᠷᠬᠡ  ᠦᠭᠡᠢ ᠦᠷᠨᠢᠭᠦᠯᠦᠨ ᠲᠤᠭᠳᠤᠯᠤᠭᠤᠯᠳᠠᠭ ᠪᠠᠶᠢᠨ᠎ᠠ ᠃

ᠯᠠᠪᠯᠠᠭᠰᠠᠨ ᠮᠠᠲ᠋ᠸᠷᠢᠶᠠᠯ :

ᠪᠦᠳᠦᠭᠡᠯᠳᠤ ᠡᠷᠬᠢᠯᠡᠨ  ᠨᠠᠶᠢᠷᠠᠭᠤᠯᠰᠠᠨ ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

ᠲᠦᠷᠪᠡ ᠂ ᠳᠠᠭᠤᠤ ᠵᠢᠨ ᠦᠭᠡ

 

ᠠᠯᠳᠠᠨ ᠪᠤᠭᠳᠠ ᠵᠢᠨ ᠰᠢᠯᠢ  ᠳᠤ

ᠠᠯᠳᠠᠨ ᠭᠤᠷᠭᠤᠤᠯᠳᠠᠢ ᠠ ᠳᠤᠩᠭᠤᠳᠤᠨ᠎ᠠ ᠂

ᠳᠡᠭᠦᠨ  ᠣ ᠰᠠᠶᠢᠬᠠᠨ ᠳᠠᠭᠤᠨ  ᠳᠤᠨᠢ

ᠠᠭᠳᠠ ᠮᠤᠷᠢ  ᠮᠢᠨᠢ ᠠ ᠳᠠᠪᠳᠠᠷᠢᠨ᠎ᠠ ᠃

 

ᠠᠯᠤᠰ ᠤᠨ ᠦᠨᠳᠦᠷ ᠳᠠᠪᠠᠭ᠎ᠠ ᠶᠢ

ᠠᠭᠰᠤᠮ ᠬᠦᠷᠡᠨᠭ ᠢᠶᠠᠷ ᠢᠶᠠᠨ ᠲᠤᠭᠤᠯᠤᠨ᠎ᠠ ᠂

ᠠᠬᠢ ᠪᠤᠭᠤᠷᠤᠯ ᠡᠵᠢ ᠳᠡᠭᠡᠨ

ᠠᠮᠤᠷ ᠮᠡᠨᠳᠤ  ᠪᠡᠷ ᠵᠤᠯᠭᠠᠨ᠎ᠠ ᠃

 

ᠳᠠᠪᠤ ᠂ ᠳᠠᠭᠤᠤ ᠵᠢᠨ ᠨᠤᠲ

 

 

1

 

ᠠᠯᠳᠠᠨᠴᠡᠴᠡᠭ ᠵᠢᠨ ᠳᠤᠪᠴᠢ ᠳᠠᠨᠢᠯᠴᠠᠭᠤᠯᠭ᠎ᠠ

 

ᠠᠯᠳᠠᠨᠴᠡᠴᠡᠭ ᠂ ᠠᠯᠳᠠᠷᠳᠤ ᠳᠠᠭᠤᠴᠢᠨ ᠂ ᠤᠷᠳᠤ ᠵᠢᠨ ᠳᠠᠭᠤᠤ ᠵᠢᠨ ᠰᠤᠷᠭᠠᠨ ᠬᠦᠮᠦᠵᠢᠭᠦᠯᠦᠭᠴᠢ ᠂ ᠤᠯᠤᠰ ᠣᠨ ᠨᠢᠭᠡᠳᠦᠭᠡᠷ ᠳᠡᠰ ᠣᠨ ᠳᠤᠭᠯᠠᠭᠴᠢ ᠂ ᠦᠪᠦᠷ ᠮᠤᠩᠭᠤᠯ ᠣᠨ ᠷᠠᠳᠢᠤ᠋ ᠲᠸᠯᠸᠢᠰ ᠤᠷᠠᠯᠢᠭ ᠣᠨ ᠪᠦᠯᠭᠦᠮ ᠣᠨ ᠭᠤᠴᠤᠯᠠᠯ ᠳᠠᠭᠤᠴᠢᠨ ᠂ ᠲᠦᠪ ᠣᠨ ᠦᠨᠳᠦᠰᠦᠳᠡᠨ ᠣ ᠶᠡᠬᠡ ᠰᠤᠷᠭᠠᠭᠤᠯᠢ ᠵᠢᠨ ᠵᠤᠴᠢᠮᠠᠳ ᠫᠷᠤᠹᠸᠰᠰᠤᠷ ᠃ ᠤᠯᠤᠰ ᠣᠨ ᠳᠤᠳᠤᠭᠠᠳᠤ ᠭᠠᠳᠠᠭᠠᠳᠤ ᠵᠢᠨ ᠤᠷᠤᠯᠳᠤᠭᠠᠨ ᠣ ᠲᠤᠮᠤ ᠱᠠᠩᠨᠠᠯ ᠢ ᠤᠯᠠᠨᠳᠠ ᠭᠦᠷᠳᠡᠭᠰᠡᠨ ᠪᠦᠭᠡᠳ 20 ᠭᠠᠷᠤᠢ ᠤᠯᠤᠰ ᠤᠷᠤᠨ ᠵᠢᠡᠷ ᠠᠶᠢᠯᠴᠢᠯᠠᠨ ᠳᠤᠭᠯᠠᠪᠠ ᠃ ᠠᠯᠳᠠᠨᠴᠡᠴᠡᠭ ᠳᠠᠭᠤᠤ ᠭᠦᠭᠵᠢᠮ ᠣᠨ ᠡᠷᠳᠡᠮ  ᠰᠢᠨᠵᠢᠯᠡᠭᠡᠨ ᠣ ᠡᠲᠡᠭᠡᠳ  ᠪᠤᠯᠤᠨ ᠳᠠᠭᠤᠤ ᠭᠦᠭᠵᠢᠮ ᠣᠨ ᠰᠤᠷᠭᠠᠨ ᠬᠦᠮᠦᠵᠢᠯ ᠣᠨ ᠡᠲᠡᠭᠡᠳ   ᠲᠤ ᠳᠤᠩ ᠦᠨᠳᠦᠷ ᠨᠡᠷ᠎ᠡ ᠠᠯᠳᠠᠷ  ᠲᠠᠢ ᠪᠠᠶᠢᠵᠦ ᠂ ᠤᠯᠤᠰ  ᠣᠨ ᠳᠤᠳᠤᠭᠠᠳᠤ ᠭᠠᠳᠠᠭᠠᠳᠤ  ᠳᠤ ᠦᠨᠡᠯᠡᠭᠳᠡᠨ ᠮᠡᠳᠡᠷᠡᠭᠳᠡᠭᠰᠡᠨ ᠤᠳᠤ ᠦᠶ᠎ᠡ ᠵᠢᠨ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠳᠠᠭᠤᠯᠠᠬᠤ ᠤᠷᠠᠯᠢᠭ ᠣᠨ ᠭᠠᠷᠮᠠᠭᠠᠢ ᠲᠦᠯᠦᠭᠡᠯᠡᠭᠴᠢ ᠪᠤᠯᠵᠦ ᠂ ᠠᠯᠠᠱᠠ ᠭᠡᠪ ᠨᠠᠮᠪᠠ ᠪᠦᠬᠦᠢ ᠤᠷᠳᠤ ᠵᠢᠨ ᠳᠠᠭᠤᠤ ᠵᠢᠨ ᠴᠢᠬᠤᠯᠠ ᠵᠠᠯᠭᠠᠮᠵᠢᠯᠠᠭᠴᠢ ᠪᠦᠭᠡᠳ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠤᠷᠠᠯᠢᠭ ᠢ ᠳᠤᠭᠯᠠᠯᠳᠠ ᠵᠢᠨ ᠳᠠᠶᠢᠰᠠᠨ  ᠳᠤ ᠭᠠᠷᠭᠠᠬᠤ ᠂ ᠭᠢᠴᠢᠶᠡᠯ ᠣᠨ ᠳᠠᠩᠭᠢᠮ  ᠳᠤ ᠤᠷᠤᠭᠤᠯᠬᠤ  ᠳᠤ ᠴᠢᠬᠤᠯᠠ ᠶᠡᠭᠡ ᠵᠢᠳᠭᠦᠯ ᠦᠵᠡᠭᠦᠯᠵᠡᠢ ᠃ ᠠᠯᠳᠠᠨᠴᠡᠴᠡᠭ ᠣᠨ ᠲᠦᠯᠦᠭᠡᠯᠡᠭᠴᠢ ᠪᠦᠳᠦᠭᠡᠯ  ᠳᠤ ᠄ ︽ ᠦᠨᠦᠴᠢᠨ ᠴᠠᠭᠠᠨ ᠪᠤᠳᠤᠭᠤ ︾ ᠂ ︽ ᠠᠯᠳᠠᠨ ᠪᠤᠭᠳᠠ ᠵᠢᠨ ᠰᠢᠯᠢ ︾ ᠂ ︽ ᠠᠷᠤ ᠭᠦᠪᠴᠢ ᠵᠢᠨ ᠤᠨᠠᠭ᠎ᠠ ︾ ᠂ ︽ ᠰᠡᠷᠭᠦᠯᠠᠩᠭᠡᠨ ᠠᠭᠤᠯᠠ ︾ ᠂ ︽ ᠬᠠᠯᠭᠢᠳᠠᠭ ᠬᠠᠷ᠎ᠠ ᠮᠤᠷᠢ ︾ ᠂ ︽ ᠮᠢᠩᠭᠠᠨ  ᠵᠤ᠋ ᠵᠢᠨ ᠪᠠᠷ᠎ᠠ ︾ ᠵᠡᠷᠭᠡ ᠳᠠᠭᠤᠤ ᠪᠠᠶᠢᠵᠦ ᠂ ᠳᠡᠷᠡ ᠪᠠᠰᠠ ︽ ᠤᠷᠳᠤ ᠵᠢᠨ ᠳᠠᠭᠤᠤ ︾ ᠭᠡᠭᠦ ᠺᠢᠨᠤ᠋  ᠳᠤ ᠭᠤᠤᠯ ᠲᠦᠷᠢ ᠵᠢ ᠳᠤᠭᠯᠠᠪᠠ ᠃

 

2 3 4 5 6 7 8 9 10 11 12 13 14 15 16

VCD ᠪᠢᠴᠢᠯᠭᠡ ︱ ︽ ᠠᠯᠳᠠᠨ ᠪᠤᠭᠳᠠ ᠵᠢᠨ ᠰᠢᠯᠢ ︾ ︵ ᠠᠯᠳᠠᠨᠴᠡᠴᠡᠭ ︶

MP3 ᠪᠢᠴᠢᠯᠭᠡ ︱ ︽ ᠠᠯᠳᠠᠨ ᠪᠤᠭᠳᠠ ᠵᠢᠨ ᠰᠢᠯᠢ ︾ ︵ ᠠᠯᠳᠠᠨᠴᠡᠴᠡᠭ ︶  

ᠰᠢᠭᠦᠮᠵᠢ ᠦᠯᠡᠳᠡᠭᠡᠬᠦ