• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠷᠪᠠᠨ ᠬᠤᠶᠠᠷ ᠵᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   36
  • ᠄   0
  • ᠄   0
  • ᠄  0

ᠲᠤᠰ ᠳᠠᠭᠤᠤ ᠵᠢᠨ ᠳᠤᠬᠠᠢ

 

ᠠᠷᠠᠳ ᠤᠨ ᠳᠠᠭᠤᠤ ᠶᠡᠷᠤ  ᠨᠢ ᠠᠷᠠᠳ ᠤᠨ ᠮᠡᠳᠡᠯᠭᠡ ᠵᠢᠨ ᠳᠠᠮᠵᠢᠭᠤᠯᠤᠭᠴᠢ ᠂ ᠰᠤᠷᠬᠤ ᠪᠢᠴᠢᠭ  ᠤᠨ ᠡᠭᠦᠷᠭᠡ  ᠵᠢ ᠡᠭᠦᠷᠭᠡᠯᠡᠭᠰᠡᠭᠡᠷ  ᠢᠷᠡᠵᠡᠢ ᠃ ᠠᠷᠠᠳ ᠤᠨ ᠳᠠᠭᠤᠤ  ᠨᠢ ᠬᠦᠮᠦᠰ ᠤᠨ ᠨᠡᠶᠢᠭᠡᠮ ᠤᠨ ᠬᠡᠪ ᠵᠢᠷᠦᠮᠯᠡᠯ ᠂ ᠶᠤᠰᠤ ᠰᠤᠷᠲᠠᠬᠤᠨ ᠪᠠ ᠠᠮᠢᠳᠤᠷᠠᠯ ᠤᠨ ᠲᠤᠷᠰᠢᠯᠭ᠎ᠠ ᠂ ᠮᠡᠳᠡᠯᠭᠡ ᠬᠤᠷᠠᠮᠳᠤᠯᠠᠭ᠎ᠠ ᠵᠢ ᠦᠶ᠎ᠡ ᠵᠢᠨ ᠦᠶ᠎ᠡ  ᠳᠤᠨᠢ ᠤᠯᠠᠮᠵᠢᠯᠠᠭᠤᠯᠤᠨ ᠮᠡᠲᠡᠭᠦᠯᠳᠡᠭ ᠠᠵᠠᠢ ᠃ ︽ ᠠᠷᠪᠠᠨ ᠬᠤᠶᠠᠷ ᠵᠢᠯ ︾ ᠭᠡᠳᠡᠭ ᠬᠡᠦᠭᠡᠳ ᠤᠨ ᠳᠠᠭᠤᠤ ᠪᠤᠯ ᠳᠠᠷᠤᠢ ᠨᠢᠭᠡᠨ ᠡᠶᠢᠮᠦᠷᠬᠦᠦ  ᠪᠦᠲᠦᠭᠡᠯ ᠪᠤᠯᠤᠨ᠎ᠠ ᠃ ᠳᠦᠭᠦᠮ ᠠᠪᠰᠠᠷᠬᠠᠨ ᠳᠠᠭᠤᠤ ᠵᠢᠨ ᠬᠡᠯᠪᠡᠷᠢ  ᠪᠡᠷ ᠭᠡᠦᠭᠡᠳ ᠪᠠᠭᠠᠴᠤᠳ  ᠲᠠᠭᠠᠨ ᠠᠷᠪᠠᠨ ᠬᠤᠶᠠᠷ ᠵᠢᠯ ᠤᠨ ᠲᠤᠬᠠᠢ ᠲᠠᠨᠢᠯᠴᠠᠭᠤᠯᠤᠭᠰᠠᠨ ᠪᠠᠶᠢᠨ᠎ᠠ ᠃ ᠮᠤᠨᠭ᠍ᠭᠤᠯ ᠤᠨ ᠡᠯ᠎ᠡ ᠨᠤᠲᠤᠭ  ᠢᠶᠡᠷ ︽ ᠠᠷᠪᠠᠨ ᠬᠤᠶᠠᠷ ᠵᠢᠯ ︾  ᠢᠶᠡᠷ  ᠰᠡᠳᠦᠪᠯᠡᠭᠰᠡᠨ ᠳᠠᠭᠤᠤ ᠵᠢᠨ ᠶᠠᠨᠭ᠍ᠵᠤ ᠪᠦᠷᠢ ᠵᠢᠨ ᠬᠤᠪᠢᠯᠪᠦᠷᠢ ᠦᠷᠭᠡᠨ  ᠢᠶᠡᠷ  ᠳᠠᠭᠤᠯᠠᠭᠳᠠᠵᠤ ᠪᠠᠶᠢᠨ᠎ᠠ ᠃ ᠡᠨᠡ  ᠬᠦ ᠳᠠᠭᠤᠤ  ᠨᠢ ᠠᠷᠪᠠᠨ ᠬᠤᠶᠠᠷ ᠪᠠᠳᠠᠭ ᠦᠭᠡ  ᠲᠠᠢ ᠪᠠᠶᠢᠵᠤ ᠂ ᠠᠷᠪᠠᠨ ᠬᠤᠶᠠᠷ ᠵᠢᠯ ᠤᠨ ᠪᠠᠶᠢᠳᠠᠯ ᠳᠦᠷᠬᠦ ᠂ ᠤᠨᠴᠠᠯᠢᠭ ᠰᠢᠨᠵᠢ ᠵᠢ ᠲᠡᠰ ᠳᠠᠷᠠᠭᠠᠯᠠᠨ ᠳᠦᠷᠰᠦᠯᠡᠨ ᠲᠤᠭᠠᠴᠢᠭᠰᠠᠨ ᠪᠠᠶᠢᠳᠠᠭ ᠃

ᠯᠠᠪᠯᠠᠭᠰᠠᠨ ᠮᠠᠲ᠋ᠸᠷᠢᠶᠠᠯ

ᠰᠠᠨᠭ᠍ᠵᠠᠢ ᠄ ︽ ᠦᠵᠦᠮᠦᠴᠢᠨ ᠠᠷᠠᠳ ᠤᠨ ᠳᠠᠭᠤᠤ ︾ ᠂ ᠵᠡᠭᠦᠨ ᠦᠵᠦᠮᠦᠴᠢᠨ ᠬᠤᠰᠢᠭᠤᠨ ᠦ ᠰᠤᠶᠤᠯ ᠳᠡᠦᠭᠡ ᠵᠢᠨ ᠠᠯᠪᠠᠨ ᠭᠡᠷ ︵ ᠳᠤᠲᠤᠭᠠᠳᠤ ᠵᠢᠨ ᠮᠠᠲ᠋ᠸᠷᠢᠶᠠᠯ ︶ ᠂ 1987 ᠤᠨ ᠃

 

ᠠᠶᠠᠰ  ᠣᠨ ᠵᠠᠳᠠᠯᠤᠯᠳᠠ

 

ᠳᠠᠭᠤᠤ ᠵᠢᠨ ᠠᠶ᠎ᠠ  ᠨᠢ ᠳᠡᠭᠡᠷ᠎ᠡ ᠳᠤᠤᠷ᠎ᠠ ᠬᠤᠶᠠᠷ ᠬᠦᠭᠵᠢᠮ ᠤᠨ ᠦᠭᠦᠯᠡᠪᠦᠷᠢ  ᠪᠡᠷ ᠪᠦᠷᠢᠯᠳᠤᠵᠤ ᠂ ᠬᠤᠭᠤᠷᠤᠨᠳᠤ  ᠪᠠᠨ ︽ ᠬᠠᠷᠢᠶ᠎ᠠ ︱ ᠭᠤᠤᠯ ︾ ᠤᠨ ᠠᠪᠤᠯᠴᠠᠭ᠎ᠠ ᠠᠪᠴᠠᠢ ᠃ ᠬᠦᠭᠵᠢᠮ ᠤᠨ ᠦᠭᠦᠯᠡᠪᠦᠷᠢ ᠪᠦᠷᠢ  ᠨᠢ ᠮᠦᠨ ᠴᠤ ᠬᠠᠷᠢᠯᠴᠠᠨ ᠲᠠᠭᠤ ᠬᠤᠭᠤᠯᠠᠢ ᠠᠪᠤᠯᠴᠠᠭᠰᠠᠨ ᠡᠮᠦᠨ᠎ᠡ  ᠬᠤᠶᠢᠨ᠎ᠠ ᠬᠤᠶᠠᠷ ᠬᠦᠭᠵᠢᠮ ᠤᠨ ᠲᠠᠰᠤᠯᠪᠦᠷᠢ  ᠪᠡᠷ ᠪᠦᠷᠢᠯᠳᠦᠭᠰᠡᠨ ᠪᠦᠭᠡᠳ ᠂ ᠳᠦᠷᠪᠡᠨ ᠬᠦᠭᠵᠢᠮ  ᠤᠨ ᠲᠠᠰᠤᠯᠪᠦᠷᠢ  ᠨᠢ ᠲᠤᠰ ᠪᠦᠷᠢ ᠳᠦᠷᠪᠡᠨ ᠰᠢᠯᠦᠭ ᠤᠨ ᠮᠦᠷ  ᠲᠠᠢ  ᠪᠠᠨ ᠵᠤᠬᠢᠴᠠᠯᠳᠤᠵᠠᠢ ᠃ ᠶᠡᠷᠦᠨᠭᠬᠡᠢ  ᠳᠤᠨᠢ ᠦᠵᠡᠪᠡᠯ ᠂ ᠳᠤᠤᠷ᠎ᠠ ᠬᠦᠭᠵᠢᠮ ᠤᠨ ᠦᠭᠦᠯᠡᠪᠦᠷᠢ ᠪᠤᠯ ᠳᠡᠭᠡᠷ᠎ᠡ ᠬᠦᠭᠵᠢᠮ  ᠤᠨ ᠦᠭᠦᠯᠡᠪᠦᠷᠢ ᠵᠢᠨ  ᠢᠶᠡᠨ  ᠴᠢᠯᠦᠭᠡᠲᠤ ᠳᠠᠭᠤᠷᠢᠶᠠᠯ ᠮᠦᠨ ᠃ ᠲᠤᠰ ᠳᠠᠭᠤᠤ  ᠨᠢ ᠳᠡᠭᠵᠢᠨ ᠴᠤᠪᠤᠭᠤᠯᠢᠭ ᠬᠡᠦᠭᠡᠳ ᠤᠨ ᠳᠠᠭᠤᠤ ᠵᠢᠨ ᠤᠨᠴᠠᠯᠢᠭ  ᠲᠠᠢ ᠪᠠᠶᠢᠵᠤ ᠂ ᠠᠶ᠎ᠠ ᠴᠤᠬᠢᠯᠭ᠎ᠠ  ᠨᠢ ᠤᠬᠤᠷ ᠠᠪᠰᠠᠷᠬᠠᠨ ᠂ ᠳᠠᠭᠤᠯᠠᠵᠤ ᠰᠤᠷᠬᠤ  ᠳᠤ ᠠᠮᠠᠷ ᠬᠢᠯᠪᠠᠷᠬᠠᠨ ᠪᠠᠶᠢᠳᠠᠭ  ᠡᠴᠡ ᠬᠡᠦᠭᠡᠳ ᠪᠠᠭᠠᠴᠤᠳ ᠤᠨ ᠳᠤᠷ᠎ᠠ ᠰᠤᠨᠢᠷᠬᠠᠯ ᠵᠢ ᠲᠠᠲᠠᠭᠰᠠᠭᠠᠷ ᠢᠷᠡᠵᠡᠢ ᠃

ᠯᠠᠪᠯᠠᠭᠰᠠᠨ ᠮᠠᠲ᠋ᠸᠷᠢᠶᠠᠯ

ᠪᠦᠳᠦᠭᠡᠯᠳᠤ ᠡᠷᠬᠢᠯᠡᠨ  ᠨᠠᠶᠢᠷᠠᠭᠤᠯᠰᠠᠨ ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

ᠲᠠᠭᠤᠤ ᠵᠢᠨ ᠦᠭᠡ

 

ᠠᠷᠤ ᠯᠡ ᠦᠪᠦᠷ ᠵᠢᠡᠷ ᠨᠤᠳᠤᠭ  ᠲᠠᠢ

ᠠᠭᠢ ᠵᠠᠭᠡᠷᠭᠡᠨ᠎ᠡ ᠢᠳᠡᠰᠢ  ᠲᠠᠢ ᠂

ᠠᠯᠳᠠ ᠯᠠ ᠮᠦᠩᠭᠦ  ᠪᠡᠷ ᠪᠦᠭᠡᠯᠵᠢᠳᠡᠭ

ᠠᠮᠠ ᠴᠠᠭᠠᠨ ᠬᠤᠯᠤᠭᠠᠨ᠎ᠠ ᠵᠢᠯ ᠃

 

ᠠᠷᠠᠯ ᠳᠦᠭᠦᠷᠡᠨᠭ ᠪᠡᠶ᠎ᠡ  ᠲᠠᠢ

ᠠᠭᠠᠵᠢᠮ ᠠᠭᠤᠵᠢᠮ ᠵᠠᠩ  ᠲᠠᠢ

ᠠᠰ ᠤᠨ ᠬᠤᠶᠠᠷ ᠡᠪᠡᠷ  ᠲᠠᠢ

ᠠᠴᠠᠨ ᠲᠤᠭᠤᠷᠠᠶᠢᠲᠤ ᠦᠬᠡᠷ ᠵᠢᠯ ᠃

 

ᠠᠬᠢ ᠶᠢᠨ ᠠᠭᠤᠯᠠᠨ  ᠳᠤ ᠨᠤᠲᠤᠭ  ᠲᠠᠢ

ᠠᠯᠠᠭ ᠡᠷᠢᠶᠡᠨ ᠪᠡᠶ᠎ᠡ  ᠲᠠᠢ

ᠠᠷᠪᠠᠨ ᠪᠤᠬ᠎ᠠ ᠶᠢᠨ ᠴᠢᠳᠠᠯ  ᠲᠠᠢ

ᠠᠶᠤᠮᠠᠷ ᠳᠤᠭᠰᠢᠨ ᠪᠠᠷᠰ ᠵᠢᠯ ᠃

 

ᠪᠤᠲᠠ ᠪᠤᠲᠠᠨ  ᠳᠤ ᠪᠠᠭᠤᠳᠠᠯ  ᠲᠠᠢ

ᠪᠤᠷᠤ ᠪᠠᠷᠠᠭᠠᠨ ᠦᠨᠭᠭᠡ  ᠲᠠᠢ

ᠪᠤᠰᠤᠭ᠎ᠠ ᠬᠤᠶᠠᠷ ᠴᠢᠬᠢ  ᠲᠠᠢ

ᠪᠤᠰᠤᠭᠳᠠᠯ ᠰᠠᠶᠢᠲᠠᠢ ᠲᠠᠤᠯᠠᠢ ᠵᠢᠯ ᠃

 

ᠠᠭᠠᠷ ᠲᠡᠭᠷᠢ  ᠳᠤ ᠨᠤᠲᠤᠭ  ᠲᠠᠢ

ᠠᠯᠲᠠᠨ ᠡᠭᠦᠯᠡ ᠶᠢᠨ ᠬᠦᠯᠦᠭ  ᠲᠠᠢ

ᠠᠶᠤᠨᠭ᠍ᠭ᠎ᠠ ᠴᠠᠬᠢᠯᠭᠠᠨ ᠤᠪᠠᠳᠢᠰ  ᠲᠠᠢ

ᠠᠪᠤᠷᠭᠤ ᠬᠦᠴᠦ  ᠲᠠᠢ ᠯᠤᠤ ᠵᠢᠯ ᠃

 

ᠠᠭᠤᠯᠠ ᠲᠠᠯ᠎ᠡ  ᠪᠡᠷ ᠨᠤᠲᠤᠭ  ᠲᠠᠢ

ᠤᠷᠲᠤ ᠡᠷᠢᠶᠡᠨ ᠪᠡᠶ᠎ᠡ  ᠲᠠᠢ

ᠤᠯᠤᠰ ᠪᠦᠬᠦᠨ ᠢ ᠠᠶᠤᠯᠭᠠᠳᠠᠭ

ᠤᠷᠲᠤ ᠬᠡᠯᠡ  ᠲᠠᠢ ᠮᠤᠭᠠᠢ ᠵᠢᠯ ᠃

 

ᠲᠦᠭᠦᠷᠢᠭ ᠳᠦᠷᠪᠡᠨ ᠲᠤᠭᠤᠷᠠᠢ  ᠲᠠᠢ

ᠲᠦᠷᠦᠭᠰᠡᠨ ᠡᠵᠡᠨ ᠳᠡᠭᠡᠨ ᠡᠭᠡᠯᠢᠲᠡᠢ

ᠲᠦᠮᠡᠨ ᠭᠠᠵᠠᠷ ᠢ ᠲᠤᠪᠴᠢᠯᠠᠳᠠᠭ

ᠲᠦᠷᠭᠡᠨ ᠭᠦᠶᠦᠳᠡᠯᠲᠤ ᠮᠤᠷᠢᠨ ᠵᠢᠯ ᠃

 

ᠲᠤᠨᠭ᠍ ᠴᠠᠭᠠᠨ ᠦᠨᠭᠭᠡ  ᠲᠠᠢ

ᠲᠤᠭᠤᠷᠢᠭ ᠪᠦᠳᠦᠭᠦᠨ ᠦᠨᠭᠭᠡ  ᠲᠠᠢ

ᠳᠤᠯᠠᠭᠠᠨ ᠬᠤᠷᠤᠭᠠᠨ  ᠳᠤ ᠬᠡᠪᠲᠡᠷᠢ  ᠲᠠᠢ

ᠳᠤᠷᠠᠰᠬᠠᠯ ᠰᠠᠶᠢᠲᠠᠢ ᠬᠤᠨᠢᠨ ᠵᠢᠯ ᠃

 

ᠦᠨᠳᠦᠷ ᠮᠤᠳᠤᠨ  ᠳᠤ ᠰᠠᠭᠤᠳᠠᠯ  ᠲᠠᠢ

ᠦᠵᠦᠮ ᠵᠢᠮᠢᠰ ᠤᠨ ᠢᠳᠡᠰᠢ  ᠲᠠᠢ

ᠦᠵᠡᠭᠰᠡᠨ ᠪᠦᠬᠦᠨ ᠢᠶᠠᠨ ᠳᠠᠭᠤᠷᠢᠶᠠᠳᠠᠭ

ᠦᠨᠡᠰᠦᠨ ᠦᠨᠭᠭᠡ  ᠲᠠᠢ ᠪᠠᠴᠢᠨ ᠵᠢᠯ ᠃

 

ᠴᠠᠷᠪᠠᠭᠤ ᠬᠤᠶᠠᠷ ᠬᠦᠯ  ᠲᠠᠢ

ᠴᠢᠨᠭᠭ᠎ᠠ ᠨᠠᠷᠢᠨ ᠳᠠᠭᠤᠨ  ᠲᠠᠢ

ᠴᠠᠭ ᠡᠷᠲᠡ ᠶᠢ ᠮᠡᠳᠡᠭᠡᠯᠡᠳᠡᠭ

ᠴᠠᠭᠠᠨ ᠴᠤᠬᠤᠷ ᠲᠠᠬᠢᠶ᠎ᠠ ᠵᠢᠯ ᠃

 

ᠬᠦᠷᠢᠶ᠎ᠡ ᠬᠤᠲᠠ  ᠪᠠᠨ ᠲᠤᠭᠤᠷᠢᠳᠠᠭ

ᠬᠦᠨᠡᠰᠤ ᠪᠤᠶᠠᠨ ᠶᠢ ᠬᠠᠮᠠᠭᠠᠯᠠᠳᠠᠭ

ᠬᠦᠮᠦᠨ ᠦ ᠦᠪᠡᠷ ᠤᠨ ᠬᠢ ᠶᠢ ᠢᠯᠭᠠᠳᠠᠭ

ᠬᠦᠭᠡᠷᠦᠦ ᠵᠠᠨᠭ᠍  ᠲᠠᠢ ᠨᠤᠬᠠᠢ ᠵᠢᠯ ᠃

 

ᠬᠠᠰᠢᠶ᠎ᠠ ᠬᠦᠷᠢᠶᠡᠨ  ᠳᠤ ᠬᠡᠪᠲᠡᠰᠢ  ᠲᠠᠢ

ᠭᠠᠵᠠᠷ ᠰᠡᠨᠳᠡᠯᠡᠬᠦ ᠡᠷᠳᠡᠮ  ᠲᠠᠢ

ᠭᠠᠶᠢᠬᠠᠮ᠎ᠠ ᠪᠦᠳᠦᠭᠦᠨ ᠭᠡᠳᠡᠰᠤ  ᠲᠠᠢ

ᠭᠠᠭᠭᠠᠷ ᠬᠤᠨᠭ᠍ᠰᠢᠶᠠᠷᠲᠤ ᠭᠠᠬᠠᠢ ᠵᠢᠯ ᠃

 

ᠳᠠᠭᠤᠤ ᠵᠢᠨ ᠨᠤᠲ

 

1

 

ᠵᠢᠷᠤᠭ ︱ ︽ ᠠᠷᠪᠠᠨ ᠬᠤᠶᠠᠷ ᠵᠢᠯ ︾

 

2 3 4 5 6 7 8 9 10 11 12 13

ᠬᠠᠪᠰᠤᠷᠭᠠᠯ ᠭᠦᠭᠵᠢᠮ ︱ ︽ ᠠᠷᠪᠠᠨ ᠬᠤᠶᠠᠷ ᠵᠢᠯ ︾

VCD ᠪᠢᠴᠢᠯᠭᠡ ︱ ︽ ᠠᠷᠪᠠᠨ ᠬᠤᠶᠠᠷ ᠵᠢᠯ ︾    

MP3 ᠪᠢᠴᠢᠯᠭᠡ ︱ ︽ ᠠᠷᠪᠠᠨ ᠬᠤᠶᠠᠷ ᠵᠢᠯ ︾

ᠰᠢᠭᠦᠮᠵᠢ ᠦᠯᠡᠳᠡᠭᠡᠬᠦ