• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠡᠭᠡ ᠵᠢᠨ ᠠᠴᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   39
 • ᠄   0
 • ᠄   0
 • ᠄  0

ᠨᠢᠭᠡ ᠂ ᠡᠭᠡ  ᠶᠢᠨ ᠲᠤᠬᠠᠢ ᠲᠠᠭᠤᠤ

 

ᠮᠤᠡᠭ᠍ᠭᠤᠯ ᠠᠷᠠᠳ  ᠤᠨ ᠲᠠᠭᠤᠤ ᠵᠢᠨ ᠲᠤᠳᠤᠷ᠎ᠠ ᠤᠯᠠᠡᠭ᠍ᠭᠢ ᠲᠠᠭᠤᠤ ᠪᠦᠷ ᠡᠵᠢ  ᠪᠡᠨ ᠮᠠᠠᠠᠳᠠᠨ ᠲᠠᠭᠤᠯᠠᠠᠠᠰᠠᠨ ᠠᠭᠤᠯᠭ᠎ᠠ  ᠲᠠᠢ ᠪᠠᠶᠢᠳᠠᠭ ᠃ ᠪᠢᠳᠠ ᠨᠠᠷᠢᠨ ᠰᠢᠡᠵᠢᠪᠡᠯ ᠂ ᠭᠦᠯᠦᠨ ᠪᠦᠢᠷ ᠠᠷᠠᠳ  ᠤᠨ ᠲᠠᠭᠤᠤ ︽ ᠠᠯᠳᠠᠷᠭᠠᠨ᠎ᠠ ︾ ᠂ ᠤᠯᠠᠭᠠᠠᠴᠠᠪ ᠠᠷᠠᠳ  ᠤᠨ ᠲᠠᠭᠤᠤ ︽ ᠨᠠᠢᠮᠠᠨ ᠬᠠᠨ᠎ᠠ  ᠲᠠᠢ ᠭᠡᠷ ︾ ᠂ ᠤᠷᠳᠤᠰ ᠠᠷᠠᠳ  ᠤᠨ ᠲᠠᠭᠤᠤ ︽ ᠠᠯᠳᠠ ᠬᠠᠷ᠎ᠠ ᠭᠡᠵᠢᠭᠡ ︾ ᠭᠡᠭᠦ ᠮᠡᠳᠤ ᠵᠢᠨ ᠤᠯᠠᠨ ᠲᠠᠭᠤᠤ ᠪᠦᠷ ᠡᠵᠢ ᠵᠢᠨ ᠠᠴᠢ ᠬᠠᠶᠢᠷ᠎ᠠ ᠵᠢ ᠮᠠᠠᠠᠳᠠᠨ ᠲᠠᠭᠤᠯᠠᠠᠠᠰᠠᠨ ᠪᠠᠶᠢᠳᠠᠭ ᠃ ᠡᠳᠡᠭᠡᠷ  ᠲᠠᠭᠤᠤ ᠵᠢᠨ ᠰᠢᠯᠦᠭ  ᠤᠨ ᠠᠭᠤᠯᠭ᠎ᠠ  ᠨᠢ ᠠᠮᠢᠳᠤᠯᠢᠭ ᠪᠤᠷᠤᠠᠠᠵᠢᠭᠤᠨ ᠂ ᠡᠷᠬᠢᠮᠰᠦᠭ  ᠶᠤᠰᠤᠷᠬᠠᠭ ᠪᠠᠶᠢᠵᠤ ᠂ ᠦᠷ᠎ᠡ ᠪᠤᠯᠤᠠᠠᠰᠠᠳ  ᠤᠨ ᠡᠵᠢ  ᠪᠡᠨ ᠰᠠᠨᠠᠨ ᠮᠦᠷᠦᠭᠡᠳᠦᠭᠰᠡᠨ ᠰᠡᠳᠭᠢᠯᠭᠡ ᠪᠢᠯᠬᠠᠮ᠎ᠠ ᠲᠤᠳᠤᠬᠠᠨ ᠪᠠᠶᠢᠳᠠᠭ ᠃ ᠲᠡᠷᠨ ᠮᠦᠷᠳᠡᠭᠡᠨ ᠡᠳᠡᠭᠡᠷ  ᠲᠠᠭᠤᠤ  ᠨᠤᠭᠤᠳ  ᠨᠢ ᠪᠠᠭᠠᠴᠤᠳ ᠭᠡᠤᠭᠡᠳ  ᠢ ᠰᠤᠷᠭᠠᠨ ᠭᠦᠮᠦᠵᠢᠭᠦᠯᠦᠭᠰᠡᠨ ᠤᠳᠬ᠎ᠠ ᠰᠠᠨᠠᠭ᠎ᠠ ᠪᠠᠶᠢᠬᠤ ᠪᠦᠭᠡᠳ ᠬᠤᠶᠢᠴᠢ ᠦᠶ᠎ᠡ ᠵᠢᠨ ᠭᠦᠮᠦᠰ  ᠲᠤ ᠭᠦᠡᠵᠡᠭᠡᠢ ᠨᠦᠯᠦᠭᠡ ᠦᠵᠡᠭᠦᠯᠳᠡᠭ ᠪᠠᠶᠢᠨ᠎ᠠ ᠃

 

ᠬᠤᠶᠠᠷ ᠂ ᠠᠶᠠᠰ  ᠣᠨ ᠵᠠᠳᠠᠯᠤᠯᠳᠠ

 

ᠲᠤᠰ ᠲᠠᠭᠤᠤ ᠮᠤᠩᠭᠤᠯ ᠤᠯᠤᠰ ᠪᠠ ᠦᠪᠦᠷ ᠮᠤᠩᠭᠤᠯ  ᠤᠨ ᠰᠢᠯᠢ ᠵᠢᠨ ᠭᠤᠤᠯ ᠠᠶᠢᠮᠠᠭ ᠲᠣ ᠲᠠᠭᠤᠯᠠᠭᠳᠠᠨ ᠲᠡᠯᠭᠡᠷᠡᠵᠤ ᠪᠠᠶᠢᠳᠠᠭ ᠃ ᠨᠢᠭᠡ ᠪᠠᠳᠠᠭ ᠦᠭᠡ  ᠨᠢ ᠬᠤᠶᠠᠷ ᠦᠭᠦᠯᠡᠪᠤᠷᠢ  ᠪᠠᠷ ᠪᠦᠷᠢᠯᠳᠤᠵᠤ ᠂ ᠲᠡᠭᠡᠷ᠎ᠡ ᠦᠭᠦᠯᠡᠪᠤᠷᠢ  ᠪᠡᠨ ᠮᠤᠳᠤ ᠂ ᠬᠠᠳᠠ ᠂ ᠰᠢᠪᠠᠭᠤ ᠂ ᠴᠡᠴᠡᠭ ᠵᠡᠷᠭᠡ  ᠪᠠᠷ ᠡᠰᠢᠯᠡᠯᠲᠡ  ᠪᠤᠯᠭᠠᠨ ᠬᠦᠭᠵᠢᠭᠡᠵᠤ ᠂ ᠲᠤᠤᠷ᠎ᠠ ᠦᠭᠦᠯᠡᠪᠤᠷᠢ  ᠳᠤ  ᠨᠢ ᠡᠵᠢ ᠵᠢᠨ ᠡᠨᠡᠷᠢᠯ  ᠬᠠᠶᠢᠷ᠎ᠠ ᠵᠢ ᠳᠤᠷᠠᠰᠤᠨ ᠲᠠᠭᠤᠯᠠᠭᠰᠠᠨ ᠪᠠᠶᠢᠨ᠎ᠠ ᠃ ᠲᠠᠭᠤᠤ ᠵᠢᠨ ᠦᠭᠡ ᠪᠠ ᠠᠶ᠎ᠠ  ᠨᠢ ︽ ᠨᠢᠭᠡ ︱ ᠬᠤᠶᠠᠷ ︾ ᠤᠨ ᠬᠠᠷᠢᠴᠠᠭ᠎ᠠ  ᠲᠠᠢ ᠪᠠᠶᠢᠵᠤ ᠂ ᠨᠢᠭᠡ ᠪᠠᠳᠠᠭ ᠦᠭᠡ  ᠪᠠᠨ ᠬᠤᠶᠠᠷ ᠤᠳᠠᠭᠠᠨ ᠤ ᠠᠶ᠎ᠠ ᠲᠡᠭᠡᠷ᠎ᠡ ᠲᠠᠭᠤᠯᠠᠵᠤ ᠲᠠᠭᠦᠰᠭᠡᠳᠡᠭ ᠃ ᠲᠠᠭᠣᠣ ᠵᠢᠨ ᠠᠶ᠎ᠠ  ᠨᠢ ᠲᠡᠭᠡᠷ᠎ᠡ ᠲᠤᠤᠷ᠎ᠡ ᠬᠤᠶᠠᠷ ᠬᠦᠭᠵᠢᠮ  ᠣᠨ ᠦᠭᠦᠯᠡᠪᠤᠷᠢ ᠪᠠᠷ ᠪᠦᠷᠢᠯᠳᠤᠵᠤ ᠂ ᠲᠤᠰᠪᠤᠷᠢ ᠱᠠᠩᠳᠠᠭᠤᠨ ᠪᠠ ᠵᠢᠳᠠᠭᠤᠨ ᠳᠡᠭᠡᠷ᠎ᠡ ᠵᠤᠭᠰᠤᠵᠤ ᠂ ︽ ᠬᠠᠷᠢᠶ᠎ᠠ  ᠭᠤᠤᠯ ︾ ᠤᠨ ᠠᠪᠤᠯᠴᠠᠭ᠎ᠠ ᠪᠤᠯᠵᠠᠢ ᠃ ᠭᠤᠷᠪᠠᠳᠤᠭᠠᠷ ᠲᠠᠰᠤᠯᠭ᠎ᠠ  ᠳᠡᠬᠢ ᠨᠢᠭᠡᠳᠤᠭᠡᠷ ᠴᠤᠬᠢᠯᠭ᠎ᠠ ᠵᠢᠨ ᠭᠤᠷᠪᠠᠨ ᠲᠠᠭᠤᠨ  ᠨᠢ ᠨᠢᠭᠡ ᠪᠠ ᠬᠤᠶᠠᠳᠤᠭᠠᠷ ᠲᠠᠰᠤᠯᠭ᠎ᠠ ᠵᠢᠨ ᠪᠠᠭᠴᠠᠯᠠᠯ ᠪᠤᠯᠤᠨ᠎ᠠ ᠃ ᠲᠤᠤᠷ᠎ᠠ ᠦᠭᠦᠯᠡᠪᠤᠷᠢ ᠵᠢᠨ ᠡᠬᠢᠯᠡᠯᠲᠡ  ᠵᠢᠨ ᠠᠶ᠎ᠠ  ᠨᠢ ᠲᠡᠭᠡᠷ᠎ᠡ ᠦᠭᠦᠯᠡᠪᠤᠷᠢ ᠵᠢᠨ ᠬᠤᠶᠢᠨᠠᠬᠢ ᠬᠠᠭᠠᠰ ᠠᠶ᠎ᠠ ᠵᠢ ᠬᠡᠷᠡᠭᠯᠡᠭᠰᠡᠨ  ᠡᠴᠡ ︽ ᠭᠠᠷᠬᠠᠯᠠᠭᠰᠠᠨ ᠬᠤᠯᠪᠤᠭ᠎ᠠ ︾ ᠪᠤᠯᠤᠭᠰᠠᠨ ᠪᠠᠶᠢᠨ᠎ᠠ ᠃ ᠲᠠᠭᠤᠤ ᠵᠢᠨ ᠠᠶ᠎ᠠ  ᠨᠢ ᠱᠠᠳᠤᠯᠠᠨ ᠤᠷᠤᠭᠰᠢᠯᠠᠬᠤ ᠪᠠᠷ ᠭᠤᠤᠯᠯᠠᠵᠤ ᠂ ᠤᠷᠤᠰᠤᠮ᠎ᠠ ᠲᠤᠳᠤ ᠂ ᠢᠷᠠᠭᠤ ᠲᠦᠯᠭᠡᠨ ᠪᠠᠶᠢᠵᠤ ᠂ ᠬᠡᠯᠪᠡᠷᠢ ᠪᠠᠶᠢᠳᠠᠯ  ᠨᠢ ᠴᠡᠪᠡᠷ ᠭᠤᠶᠤ ᠂ ᠰᠡᠳᠭᠢᠯ ᠠᠬᠤᠢ  ᠨᠢ ᠠᠰᠪᠤᠷᠢ ᠪᠤᠷᠤᠭᠵᠢᠭᠤᠨ ᠪᠤᠯᠤᠭᠰᠠᠨ ᠪᠠᠶᠢᠨ᠎ᠠ ᠃

 

ᠭᠤᠷᠪᠠ ᠂ ᠡᠭᠡ  ᠶᠢᠨ ᠠᠴᠢ  ᠶᠢ ᠪᠢᠳᠠ ᠶᠠᠭᠠᠭᠢᠵᠤ ᠬᠠᠷᠢᠭᠤᠯᠬᠤ ᠪᠤᠢ

 

ᠡᠨᠡ ᠶᠡᠷᠳᠢᠠᠴᠤ  ᠳᠤ ᠭᠡᠨ ᠬᠠᠮᠤᠭ ᠡᠴᠠ ᠠᠭᠤᠤ ᠶᠡᠭᠡ ᠪᠤᠢ ︖ ᠡᠵᠢ ᠭᠦᠮᠤᠨ ︕ ᠭᠡᠨ ᠪᠢᠳᠠᠨ  ᠢ ᠨᠢᠯᠬ᠎ᠠ ᠪᠠᠭ᠎ᠠ ᠡᠴᠠ ᠦᠭᠡᠯᠡᠢ ᠪᠤᠯᠳᠠᠯ᠎ᠠ ᠦᠰᠭᠡᠨ ᠭᠦᠮᠦᠵᠢᠭᠦᠯᠦᠭᠰᠡᠨ ᠪᠤᠢ ︖ ᠡᠵᠢ ᠭᠦᠮᠤᠨ ︕ ᠪᠢᠳᠠ ᠡᠵᠢ ᠵᠢᠨ ᠠᠴᠢ ᠵᠢ ᠶᠠᠭᠠᠭᠢᠵᠤ ᠬᠠᠷᠢᠭᠤᠯᠬᠤ ᠪᠤᠢ ︖ ᠲᠠᠷᠦᠢ ᠡᠵᠢ ᠵᠢᠨ ᠵᠢᠭᠠᠪᠦᠷᠢ  ᠪᠠᠷ ᠡᠷᠳᠡᠮ  ᠮᠡᠳᠡᠯᠭᠡ ᠵᠢ ᠴᠢᠷᠮᠠᠶᠢᠨ ᠰᠤᠷᠤᠯᠴᠠᠵᠦ ᠂ ᠠᠬᠠᠰ ᠵᠠᠬᠠᠰ  ᠢᠶᠡᠨ  ᠭᠦᠠᠳᠤᠳᠭᠡᠵᠤ ᠂ ᠠᠠᠳᠠ  ᠨᠦᠭᠦᠳ  ᠲᠠᠢ  ᠪᠡᠨ ᠪᠦᠯᠭᠦᠮᠳᠡᠵᠦ ᠂ ᠠᠵᠢᠯ ᠦᠢᠯᠡᠰ ᠲᠡᠬᠡᠨ ᠨᠠᠷᠢᠨ ᠭᠢᠮᠠᠨᠠᠭᠠᠢ ᠪᠠᠶᠢᠪᠠᠯ ᠲᠠᠭᠠᠷᠠᠨ᠎ᠠ ᠃ ᠭᠡᠪᠡᠴᠤ ᠪᠢᠳᠠ ᠡᠵᠢ ᠵᠢᠨ ᠠᠴᠢ ᠵᠢ ᠡᠨᠡ  ᠨᠠᠰᠤᠨ  ᠳᠠᠭᠠᠨ ᠬᠠᠷᠢᠭᠤᠯᠵᠤ ᠪᠠᠷᠠᠬᠤ ᠦᠭᠡᠢ ᠶᠤᠮ ᠃ ᠮᠤᠡᠭ᠍ᠭᠤᠯ ᠡᠵᠢ ᠵᠢᠨ ᠠᠷᠢᠭᠤᠨ ᠴᠠᠭᠠᠨ ᠰᠦ᠋ ᠵᠢ ᠰᠢᠮᠡᠵᠦ ᠦᠰᠦᠭᠰᠡᠨ ᠪᠢᠳᠠ ᠂ ᠮᠤᠡᠭ᠍ᠭᠤᠯ ᠦᠡᠳᠦᠰᠦᠳᠡᠨ  ᠢᠶᠡᠨ  ᠬᠠᠶᠢᠷᠠᠯᠠᠵᠦ ᠂ ᠮᠤᠡᠭ᠍ᠭᠤᠯ ᠦᠰᠦᠭ  ᠢᠶᠡᠨ  ᠴᠢᠷᠮᠠᠶᠢᠨ ᠰᠤᠷᠤᠯᠴᠠᠵᠦ ᠂ ᠮᠤᠡᠭ᠍ᠭᠤᠯ ᠦᠭᠡ  ᠪᠡᠨ ᠰᠠᠶᠢᠬᠠᠨ ᠶᠠᠷᠢᠵᠦ ᠂ ᠮᠤᠡᠭ᠍ᠭᠤᠯ ᠰᠤᠶᠤᠯ  ᠢᠶᠡᠨ  ᠬᠠᠮᠠᠭᠠᠯᠠᠨ ᠭᠦᠭᠵᠢᠭᠦᠯᠪᠡᠯ ᠰᠠᠶ᠋ᠢ ᠡᠵᠢ ᠵᠢᠨ ᠠᠴᠢ ᠵᠢ ᠬᠠᠷᠢᠭᠤᠯᠤᠠᠠᠰᠠᠨ  ᠳᠤ ᠲᠤᠭᠠᠴᠢᠨ᠎ᠠ ᠃ ᠴᠠᠭ  ᠢ ᠵᠠᠪᠳᠤᠨ ᠴᠢᠷᠮᠠᠶᠢᠨ ᠰᠤᠷᠤᠯᠴᠠᠵᠦ ᠂ ᠵᠤᠭᠤᠰ ᠮᠦᠡᠭᠭᠦ ᠵᠢ ᠪᠦᠷᠢᠯᠭᠡᠨ ᠰᠦᠢᠳᠭᠡᠭᠦ ᠦᠭᠡᠢ ᠂ ᠦᠨᠡᠨᠴᠢ ᠴᠠᠭᠠᠪᠦᠷ  ᠢᠶᠡᠷ  ᠪᠤᠰᠤᠳ  ᠲᠤ ᠬᠠᠠᠳᠤᠵᠤ ᠂ ᠡᠯᠳᠡᠪ  ᠮᠠᠭᠤᠬᠠᠢ ᠰᠤᠷᠳᠠᠯ  ᠢ ᠡᠷᠡᠰ  ᠲᠡᠪᠴᠢᠵᠤ ᠴᠢᠳᠠᠪᠠᠯ ᠰᠠᠶ᠋ᠢ ᠡᠵᠢ ᠵᠢᠨ ᠵᠢᠠᠨ ᠠᠴᠢ ᠵᠢ ᠬᠠᠷᠢᠭᠤᠯᠤᠠᠠᠰᠠᠨ  ᠳᠦ ᠳᠤᠭᠠᠴᠢᠭᠳᠠᠨ᠎ᠠ ᠃ ᠪᠠᠭ᠎ᠠ ᠨᠠᠰᠤᠨ  ᠳᠠᠭᠠᠨ ᠮᠡᠳᠡᠯᠭᠡ ᠰᠤᠷᠤᠯᠴᠠᠨ ᠂ ᠦᠭᠡᠯᠡᠢ ᠪᠤᠯᠤᠠᠠᠰᠠᠨ ᠬᠤᠶᠢᠨ᠎ᠠ ᠂ ᠮᠤᠡᠭ᠍ᠭᠤᠯ ᠦᠡᠳᠦᠰᠦᠳᠡᠡ  ᠤ  ᠪᠠᠨ ᠮᠠᠠᠳᠤᠯ ᠭᠦᠭᠵᠢᠯ  ᠤᠨ ᠲᠦᠯᠤᠭᠡ ᠦᠪᠡᠷ  ᠤᠨ ᠭᠦᠴᠤᠨ ᠴᠢᠳᠠᠯ  ᠢᠶᠡᠨ ᠡᠷᠭᠦᠪᠡᠯ  ᠪᠢᠳᠠ ᠰᠠᠶ᠋ᠢ ᠡᠵᠢ ᠵᠢᠨ ᠠᠴᠢ ᠵᠢ ᠬᠠᠷᠢᠭᠤᠯᠵᠦ ᠭᠦᠢᠴᠡᠭᠦ ᠶᠤᠮ ᠃

 

ᠲᠠᠭᠤᠤ ᠶᠢᠨ ᠦᠭᠡ

 

ᠪᠦᠮᠪᠦᠷ ᠪᠦᠮᠪᠦᠷ ᠮᠤᠳᠤᠨ  ᠳᠤ

ᠪᠦᠷᠭᠦᠳ ᠰᠢᠪᠠᠭᠤ ᠡᠷᠭᠢᠨ᠎ᠠ ᠳ᠋ᠠ ᠭᠦ᠋

ᠪᠦᠭᠡᠷᠡᠩᠭᠡᠢ ᠪᠡᠶ᠎ᠡ ᠵᠢ  ᠮᠢᠨᠢ ᠦᠰᠭᠡᠭᠰᠡᠨ

ᠡᠵᠢ ᠶᠢᠨ ᠢᠶᠠᠨ ᠠᠴᠢ ᠶᠢ ᠶᠠᠭᠠᠬᠢᠨᠠᠮ ᠪᠤᠢ ᠬᠦ᠋ ᠃

 

ᠰᠠᠭᠯᠠᠭᠠᠷ ᠰᠠᠭᠯᠠᠭᠠᠷ ᠮᠤᠳᠤᠨ  ᠳᠤ

ᠱᠠᠭᠠᠵᠠᠭᠠᠢ ᠰᠢᠪᠠᠭᠤ ᠱᠠᠭᠰᠢᠨ᠎ᠠ ᠬᠦ᠋ ᠂

ᠰᠠᠶᠢᠬᠠᠨ ᠪᠡᠶ᠎ᠡ ᠶᠢ  ᠮᠢᠨᠢ ᠦᠰᠭᠡᠭᠰᠡᠨ

ᠡᠵᠢ ᠶᠢᠨ ᠢᠶᠠᠨ ᠠᠴᠢ ᠶᠢ ᠶᠠᠭᠠᠬᠢᠨᠠᠮ ᠪᠤᠢ ᠬᠦ᠋ ᠃

 

ᠬᠠᠷ᠎ᠠ ᠬᠠᠳᠠᠨ ᠦ ᠡᠨᠭᠭᠡᠷ ᠳᠡᠭᠡᠷ᠎ᠡ

ᠬᠠᠯᠢᠭᠤᠨ ᠶᠠᠭᠠᠨ ᠴᠡᠴᠡᠭ ᠡ ᠬᠦ᠋ ᠂

ᠬᠠᠷᠠᠨᠭ᠍ᠭᠤᠢ ᠰᠦᠨᠢ  ᠪᠡᠷ ᠪᠤᠰᠬᠠᠭᠰᠠᠨ

ᠡᠵᠢ ᠶᠢᠨ ᠢᠶᠠᠨ ᠠᠴᠢ ᠶᠢ ᠶᠠᠭᠠᠬᠢᠨᠠᠮ ᠪᠤᠢ ᠬᠦ᠋ ᠃

 

ᠴᠠᠭᠠᠨ ᠬᠠᠳᠠᠨ ᠦ ᠡᠨᠭᠭᠡᠷ ᠳᠡᠭᠡᠷ᠎ᠡ

ᠴᠠᠭᠠᠨ ᠶᠠᠭᠠᠨ ᠴᠡᠴᠡᠭ ᠡ ᠬᠦ᠋ ᠂

ᠴᠠᠭᠠᠨ ᠰᠦ᠋  ᠪᠠᠨ ᠰᠢᠮᠡᠭᠦᠯᠦᠭᠰᠡᠨ

ᠡᠵᠢ ᠶᠢᠨ ᠢᠶᠠᠨ ᠠᠴᠢ ᠶᠢ ᠶᠠᠭᠠᠬᠢᠨᠠᠮ ᠪᠤᠢ ᠬᠦ᠋ ᠃

 

ᠲᠠᠭᠤᠤ ᠶᠢᠨ ᠨᠤᠲ

 

 

1
ᠭᠦᠭᠡᠬᠤᠳᠠ ᠵᠢᠨ ᠮᠤᠩᠭᠤᠯ ᠦᠨᠳᠦᠰᠦᠳᠡᠨ  ᠣ ᠰᠤᠷᠭᠠᠭᠤᠯᠢ ᠵᠢᠨ ᠭᠦᠰᠡᠯ

 

2 3 4 5 6 7 8 9 10 11 12 13 14 15 16 17 18 19 20

   MP3 ᠪᠢᠴᠢᠯᠭᠡ ︱ ︽ ᠡᠬᠡ ᠶᠢᠨ ᠠᠴᠢ ︾  

ᠬᠠᠪᠰᠤᠷᠭᠠᠯ ᠭᠦᠭᠵᠢᠮ ︱ ︽ ᠡᠬᠡ ᠶᠢᠨ ᠠᠴᠢ ︾    

     VCD ᠪᠢᠴᠢᠯᠭᠡ ︱ ︽ ᠡᠬᠡ ᠶᠢᠨ ᠠᠴᠢ ︾  

ᠰᠢᠭᠦᠮᠵᠢ ᠦᠯᠡᠳᠡᠭᠡᠬᠦ