• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠡᠷ᠎ᠡ ᠪᠤᠷᠤ ᠬᠠᠷᠴᠠᠭᠠᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   40
  • ᠄   0
  • ᠄   0
  • ᠄  0

ᠨᠢᠭᠡ ᠂ ᠲᠤᠰ ᠳᠠᠭᠤᠤ ᠵᠢᠨ ᠳᠤᠬᠠᠢ

 

ᠤᠷᠳᠤ ᠬᠤᠭᠤᠴᠠᠭᠠᠨ  ᠣ ᠭᠦᠭᠵᠢᠯᠳᠡ ᠵᠢᠨ ᠳᠤᠮᠳᠠ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ  ᠨᠢ ᠠᠳᠠᠯᠢ ᠪᠤᠰᠤ ᠭᠠᠵᠠᠷ ᠤᠷᠤᠨ ᠣ ᠭᠡᠪ ᠨᠠᠮᠪᠠ ᠪᠤᠯᠵᠦ ᠪᠦᠷᠢᠯᠳᠦᠵᠡᠢ ᠃ ᠶᠡᠭᠡᠪᠴᠢᠯᠠᠨ ᠦᠵᠡᠪᠡᠯ ᠭᠦᠯᠦᠨ ᠪᠤᠶᠢᠷ ᠣᠨ ᠤᠷᠳᠤ ᠵᠢᠨ ᠳᠠᠭᠤᠤ  ᠨᠢ ᠤᠮᠤᠭ ᠳᠡᠭᠦᠯᠳᠡᠷ ᠢᠳᠡᠷᠭᠦᠨ ᠬᠠᠨᠠᠭᠠᠷ ᠪᠠᠶᠢᠵᠦ ᠂ ᠡᠷᠡᠰ  ᠬᠠᠳᠠᠨ ᠤᠨᠴᠠᠯᠢᠭ ᠢ ᠪᠦᠷᠢᠯᠳᠦᠭᠦᠯᠦᠭᠰᠡᠨ ᠶᠤᠮ ︔ ᠬᠤᠷᠴᠢᠨ  ᠣ ᠤᠷᠳᠤ ᠵᠢᠨ ᠳᠠᠭᠤᠤ  ᠨᠢ ᠭᠦᠨ ᠴᠢᠭᠢᠮᠠᠢ ᠠᠪᠰᠠᠷᠬᠠᠨ ᠴᠡᠪᠡᠷᠯᠢᠭ ᠪᠠᠶᠢᠵᠦ ᠂ ᠭᠤᠨᠢᠭ ᠵᠢᠪᠬᠤᠯᠠᠩᠳᠤ ᠭᠡᠪ ᠨᠠᠮᠪᠠ ᠵᠢ ᠢᠯᠡᠷᠡᠭᠦᠯᠭᠦ  ᠳᠤ ᠳᠤᠭᠢᠷᠠᠮᠵᠢᠳᠡᠢ ᠪᠠᠶᠢᠳᠠᠭ ︔ ᠰᠢᠯᠢ ᠵᠢᠨ ᠭᠤᠤᠯ ᠣᠨ ᠤᠷᠳᠤ ᠵᠢᠨ ᠳᠠᠭᠤᠤ  ᠨᠢ ᠤᠶᠠᠬᠠᠨ ᠢᠷᠠᠭᠤ ᠠᠭᠤᠵᠢᠮ ᠳᠠᠭᠠᠯᠠᠮᠵᠢᠳᠡᠢ ᠪᠠᠶᠢᠵᠦ ᠂ ᠭᠤᠶᠤ ᠡᠷᠬᠢᠮᠰᠦᠭ  ᠤᠷᠠᠨ ᠨᠠᠷᠢᠯᠢᠭ ᠭᠡᠪ ᠨᠠᠮᠪᠠ ᠵᠢ ᠡᠷᠬᠢᠮᠯᠡᠳᠡᠭ  ︔ ᠤᠷᠠᠳ ᠤᠷᠳᠤ ᠵᠢᠨ ᠳᠠᠭᠤᠤ  ᠨᠢ ᠴᠡᠪᠡᠷ ᠪᠤᠷᠤᠭᠵᠢᠭᠤᠨ ᠪᠠᠶᠢᠵᠦ ᠂ ᠳᠤᠳᠤᠭᠠᠳᠤ ᠠᠭᠤᠯᠠᠬᠤᠨ ᠵᠢᠡᠨ ᠢᠯᠡᠳᠭᠡᠭᠦ ᠵᠢ ᠬᠦᠭᠡᠭᠡᠴᠡᠯᠳᠦᠳᠡᠭ ︔ ᠤᠷᠳᠤᠰ ᠤᠷᠳᠤ ᠵᠢᠨ ᠳᠠᠭᠤᠤ  ᠨᠢ ᠤᠶᠠᠬᠠᠨ ᠡᠭᠡᠰᠢᠭᠲᠦ  ᠭᠤᠸ᠎ᠠ ᠭᠡᠭᠡᠨᠴᠢᠷ ᠪᠠᠶᠢᠵᠦ ᠂ ᠤᠶᠠᠩᠭᠠᠯᠠᠵᠦ ᠴᠠᠶᠢᠷᠠᠭᠤᠯᠬᠤ  ᠳᠤ ᠳᠤᠭᠢᠷᠠᠳᠠᠭ ᠃ ᠠᠯᠠᠱᠠ ᠵᠢᠨ ᠤᠷᠳᠤ ᠵᠢᠨ ᠳᠠᠭᠤᠤ ᠵᠢᠨ ᠭᠡᠪ ᠨᠠᠮᠪᠠ  ᠨᠢ ᠢᠳᠡ ᠳᠤᠷᠪᠢᠯᠢᠭ ᠠᠯᠤᠰ ᠡᠴᠢᠨ᠎ᠡ ᠂ ᠰᠦᠷ ᠪᠠᠶᠢᠳᠠᠯ ᠠᠳᠠᠪᠠᠰᠢ ᠭᠤᠶᠢᠳᠠ ᠪᠠᠶᠢᠳᠠᠭ ᠃ ᠰᠤᠨᠤᠰᠤᠯᠳᠠ  ᠪᠡᠷ ︽ ᠡᠷ᠎ᠡ ᠪᠤᠷᠤ ᠬᠠᠷᠴᠠᠭᠠᠢ ︾ ᠭᠡᠭᠦ ᠳᠠᠭᠤᠤ ᠵᠢ ᠬᠦᠮᠦᠰ ᠨᠢᠭᠡᠨ ᠠᠯᠳᠠᠷᠳᠤ ᠪᠦᠭᠡᠴᠢᠨ ᠢ ᠮᠠᠭᠳᠠᠨ ᠤᠶᠠᠩᠭᠠᠯᠠᠬᠤ ᠵᠢᠨ ᠲᠦᠯᠦᠭᠡ ᠵᠤᠬᠢᠶᠠᠵᠦ ᠳᠠᠭᠤᠯᠠᠭᠰᠡᠨ ᠭᠡᠳᠡᠭ ᠃ ᠳᠠᠭᠤᠤ ᠵᠢᠨ ᠦᠭᠡ  ᠨᠢ ᠦᠭᠡᠳᠡ ᠡᠰᠡᠷᠡᠭ ᠡᠷᠡᠭᠦᠯ  ᠰᠠᠷᠠᠭᠤᠯ ᠂ ᠠᠶ᠎ᠠ  ᠨᠢ ᠢᠳᠡᠷᠡᠭᠦᠨ ᠴᠤᠭᠯᠢᠭ ᠳᠤᠳᠤ ᠴᠡᠭᠡᠯᠭᠡᠨ ᠪᠠᠶᠢᠵᠦ ᠂ ᠢᠳᠡᠭᠡᠯ ᠬᠦᠰᠡᠯ ᠢᠳᠡ ᠵᠤᠷᠢᠭ ᠵᠢᠡᠷ ᠪᠢᠯᠬᠠᠵᠦ ᠂ ᠭᠦᠯᠦᠨ ᠪᠤᠶᠢᠷ ᠣᠨ ᠪᠠᠷᠭᠤ ᠭᠡᠪ ᠨᠠᠮᠪᠠ ᠵᠢᠨ ᠤᠷᠳᠤ ᠵᠢᠨ ᠳᠠᠭᠤᠤ ᠵᠢᠨ ᠲᠦᠯᠦᠭᠡᠯᠡᠭᠴᠢ ᠪᠦᠳᠦᠭᠡᠯ ᠪᠤᠯᠵᠠᠢ ᠃

ᠲᠤᠰ ᠳᠠᠭᠤᠤ ᠪᠤᠯ ᠪᠠᠷᠭᠤ ᠵᠢᠨ ᠭᠤᠷᠪᠠᠨ ᠪᠤᠷᠤ ᠵᠢᠨ ᠨᠢᠭᠡ  ᠨᠢ ᠪᠤᠯᠬᠤ ᠶᠤᠮ ᠃ ᠪᠠᠷᠭᠤ ᠨᠤᠳᠤᠭ  ᠲᠤ ᠭᠡᠷᠪᠡ ᠡᠳᠦᠷ   ᠲᠤ ᠨᠢᠭᠡ ᠤᠳᠠᠭ᠎ᠠ ᠭᠤᠷᠪᠠᠨ ᠪᠤᠷᠤ ︵ ︽ ᠡᠷ᠎ᠡ ᠪᠤᠷᠤ ᠬᠠᠷᠴᠠᠭᠠᠢ ︾ ᠂ ︽ ᠰᠤᠶᠤᠭ ᠪᠤᠷᠤ ︾ ᠂ ︽ ᠪᠤᠷᠤ ᠪᠤᠷᠤ ᠪᠢᠯᠵᠤᠤᠬᠠᠢ ︾ ︶ ᠵᠢ ᠳᠠᠭᠤᠯᠠᠪᠠᠯ ᠵᠢᠯ ᠳᠡᠬᠡᠨ ᠭᠡᠶᠢᠮᠤᠷᠢ  ᠲᠠᠢ ᠶᠠᠪᠤᠨ᠎ᠠ ᠭᠡᠳᠡᠭ ᠭᠡᠯᠡᠯᠭᠡ  ᠲᠠᠢ ᠪᠢᠯᠡ ᠃ ᠮᠦᠨ ᠴᠤ ᠭᠤᠷᠪᠠᠨ ᠪᠤᠷᠤ ᠵᠢ ᠳᠠᠭᠤᠯᠠᠵᠦ ᠴᠢᠳᠠᠬᠤ ᠦᠭᠡᠢ ᠪᠤᠯ ᠳᠠᠭᠤᠴᠢᠨ ᠪᠤᠯᠵᠦ ᠴᠢᠳᠠᠬᠤ ᠦᠭᠡᠢ ᠭᠡᠰᠡᠨ ᠶᠠᠷᠢᠶ᠎ᠠ ᠴᠤ ᠪᠠᠶᠢᠳᠠᠭ ᠃ ᠡᠭᠦᠨ   ᠡᠴᠡ ᠪᠤᠯᠤᠭᠰᠡᠨ ᠪᠠᠶᠢᠵᠦ ᠮᠡᠳᠡᠨ᠎ᠡ ᠂ ᠮᠠᠨ  ᠣ ᠠᠯᠳᠠᠷᠳᠤ ᠳᠠᠭᠤᠴᠢᠨ ᠪᠤᠶᠠᠨᠳᠡᠯᠭᠡᠷ ᠪᠠᠭᠰᠢ ᠪᠠᠷᠭᠤ ᠨᠤᠳᠤᠭ ᠳᠠᠭᠠᠨ ᠬᠠᠷᠢᠵᠦ ᠭᠢᠩᠭᠠᠨ ᠠᠭᠤᠯᠠ ᠵᠢᠨ ᠠᠷᠤ ᠬᠤᠷᠮᠤᠢ ᠳᠡᠬᠢ ᠳᠤᠯᠤᠭᠠᠳᠤ ᠵᠢᠨ ᠨᠤᠳᠤᠭ ᠳᠠᠭᠠᠨ ᠬᠠᠮᠤᠭ ᠦᠨᠳᠦᠷ ᠤᠷᠭᠤᠭᠰᠡᠨ ᠭᠤᠷᠪᠠᠨ ᠨᠠᠷᠠᠰᠤᠨ ᠮᠤᠳᠤ ᠵᠢ ᠴᠢᠮᠡᠵᠦ ᠡᠮᠦᠨ᠎ᠡ  ᠪᠡᠶ᠎ᠡ  ᠳᠤᠨᠢ ︽ ᠪᠠᠷᠭᠤ ᠵᠢᠨ ᠭᠤᠷᠪᠠᠨ ᠪᠤᠷᠤ ︾ ᠭᠡᠵᠦ ᠴᠢᠯᠠᠭᠤᠨ ᠰᠠᠶᠢᠯᠤᠮᠠᠯ ᠪᠤᠰᠬᠠᠪᠠ ᠃ ᠡᠨᠡ   ᠨᠢ ᠮᠠᠨ ᠣ ᠠᠪᠤᠷᠭᠤ ᠳᠠᠭᠤᠴᠢᠨ ᠣ ᠭᠤᠷᠪᠠᠨ ᠪᠤᠷᠤ  ᠪᠠᠨ ᠨᠠᠷᠠᠰᠤᠨ ᠮᠤᠳᠤ  ᠲᠠᠢ  ᠪᠠᠨ ᠠᠳᠠᠯᠢ ᠮᠦᠩᠭᠡ ᠨᠤᠭᠤᠭᠠᠷᠠᠨ ᠰᠦᠭᠯᠡᠶᠢᠭᠦ ᠵᠢ ᠪᠡᠯᠭᠡᠳᠡᠭᠰᠡᠨ ᠰᠠᠨᠠᠭ᠎ᠠ ᠪᠠᠶᠢᠬ᠎ᠠ ᠃ ᠤᠴᠢᠷ  ᠨᠢ ᠡᠨᠡ  ᠭᠤᠷᠪᠠᠨ ᠳᠠᠭᠤᠤ ᠪᠤᠯ ᠪᠤᠶᠠᠨᠳᠡᠯᠭᠡᠷ ᠪᠠᠭᠰᠢ ᠵᠢᠨ ᠰᠦᠯᠳᠡ ᠳᠠᠭᠤᠤ ᠪᠤᠯᠤᠨ᠎ᠠ ᠃ ᠡᠭᠦᠨ   ᠳᠤ ︽ ᠡᠷ᠎ᠡ ᠪᠤᠷᠤ ᠬᠠᠷᠴᠠᠭᠠᠢ ︾ ᠵᠢ ᠳᠠᠪᠤᠬᠠᠢ  ᠡᠴᠡ ᠰᠤᠷᠴᠦ ᠂ ᠨᠠᠰᠤ  ᠪᠡᠷ ᠵᠢᠡᠨ ᠳᠠᠭᠤᠯᠠᠵᠦ ᠬᠤᠶᠢᠴᠢ ᠵᠢᠨ ᠲᠦᠷᠪᠡᠨ ᠦᠶ᠎ᠡ ᠵᠢᠨ ᠳᠠᠭᠤᠴᠢᠳ ᠵᠢᠡᠨ ᠭᠦᠮᠦᠵᠢᠭᠦᠯᠦᠭᠰᠡᠨ ᠳᠠᠭᠤᠤ ᠶᠤᠮ ᠃ ᠲᠤᠰ ᠳᠠᠭᠤᠤ ᠵᠢᠨ ᠳᠤᠬᠠᠢ ᠷᠠᠪᠳᠠᠨ ᠪᠠᠭᠰᠢ ᠵᠢᠨ ᠶᠤᠰᠤ ᠵᠦᠢ ᠵᠢ ᠦᠭᠦᠯᠡᠭᠰᠡᠨ ᠶᠤᠮ ᠂ ᠭᠦᠮᠦᠨ ᠣ ᠨᠢᠭᠡ ᠨᠠᠰᠤᠨ  ᠳᠤ ᠢᠳᠡᠷ ᠵᠠᠯᠠᠭᠤ ᠵᠢᠨ ᠦᠶ᠎ᠡ ᠪᠤᠯ ᠬᠠᠮᠤᠭ ᠰᠠᠶᠢᠬᠠᠨ ᠡᠷᠡᠨ  ᠴᠠᠭ ᠪᠤᠯᠤᠨ᠎ᠠ ᠃ ᠡᠨᠡ ᠡᠷᠡᠨ  ᠴᠠᠭ  ᠲᠤ ᠤᠬᠠᠭᠠᠨ ᠰᠠᠨᠠᠭ᠎ᠠ ᠪᠦᠷᠢᠡᠳᠴᠦ ᠠᠵᠦ ᠠᠮᠢᠳᠤᠷᠠᠯ ᠪᠤᠰᠬᠠᠨ ᠠᠵᠢᠯ ᠤᠶᠢᠯᠡᠰ ᠪᠦᠳᠦᠭᠡᠵᠦ ᠴᠢᠳᠠᠨ᠎ᠠ ᠃ ᠭᠡᠷᠪᠡ ᠡᠨᠡ  ᠰᠠᠶᠢᠬᠠᠨ ᠴᠠᠭ  ᠲᠤ ᠴᠢᠷᠮᠠᠶᠢᠨ ᠵᠢᠳᠭᠦᠭᠦ ᠦᠭᠡᠢ ᠳᠠᠯᠠᠭᠠᠷ ᠦᠨᠭᠭᠡᠷᠡᠪᠡᠯ ᠦᠳᠡᠯᠦᠭᠡ ᠨᠠᠰᠤᠨ ᠳᠠᠭᠠᠨ ᠬᠠᠷᠠᠮᠰᠠᠨ ᠭᠡᠮᠰᠢᠪᠡᠴᠤ ᠤᠷᠤᠶᠢᠳᠠᠨ᠎ᠠ ᠭᠡᠳᠡᠭ ᠢ ᠦᠷ᠎ᠡ ᠬᠤᠶᠢᠴᠢ ᠳᠠᠭᠠᠨ ᠰᠡᠨᠭᠭᠡᠷᠡᠭᠦᠯᠦᠯ ᠪᠤᠯᠭᠠᠵᠦ ᠳᠠᠭᠤᠯᠠᠭᠰᠡᠨ ᠪᠢᠯᠡ ᠃ ᠤᠨᠴᠠᠭᠠᠶᠢᠯᠠᠨ ᠳᠤᠷᠠᠳᠤᠭᠤᠰᠢᠳᠠᠢ  ᠨᠢ ᠡᠨᠡ  ᠳᠠᠭᠤᠤ  ᠨᠢ ᠦᠭᠡ ᠵᠢᠨ ᠤᠳᠬ᠎ᠠ ᠠᠶ᠎ᠠ ᠵᠢᠨ ᠷᠢᠳᠢ ᠰᠢᠳᠢ  ᠪᠡᠷ ᠵᠢᠡᠨ ᠠᠮᠢᠳᠤᠯᠢᠭ ᠪᠤᠳᠠᠳᠠᠢ ᠲᠦᠷᠢ ᠪᠦᠳᠦᠭᠡᠵᠦ ᠴᠢᠳᠠᠵᠠᠢ ᠃ ᠠᠶ᠎ᠠ  ᠨᠢ ᠦᠨᠳᠦᠷ ᠭᠦᠭ  ᠡᠴᠡ ᠡᠰᠢᠯᠡᠵᠦ  ᠳᠡᠭᠡᠭᠰᠢ ᠵᠢᠷᠭᠤᠭᠠᠴᠠ  ᠪᠡᠷ ᠦᠰᠦᠷᠦᠨ ᠰᠢᠷᠤᠩᠬᠠᠶᠢᠯᠠᠵᠦ ᠭᠡᠨᠡᠳᠳᠡ ᠠᠷᠪᠠᠨ ᠭᠤᠷᠪᠠ  ᠪᠡᠷ ᠤᠷᠤᠭᠤᠳᠠᠨ ᠪᠠᠭᠤᠭᠰᠡᠨ  ᠨᠢ ᠡᠭᠡᠭᠡ  ᠯᠡ ᠪᠦᠷᠭᠦᠳ ᠰᠢᠪᠠᠭᠤ ᠦᠨᠳᠦᠷ ᠤᠭᠳᠠᠷᠭᠤᠢ  ᠳᠤ ᠢᠯᠡ ᠳᠠᠯᠳᠠ ᠤᠷᠤᠨ ᠬᠠᠯᠢᠨ ᠨᠢᠰᠴᠦ ᠪᠠᠶᠢᠭᠰᠡᠨ ᠵᠢᠡᠨ ᠱᠤᠩᠭᠤᠨ ᠪᠠᠭᠤᠵᠦ ᠪᠠᠶᠢᠭ᠎ᠠ ᠪᠠᠶᠢᠳᠠᠯ ᠢ ᠨᠢᠳᠤᠨ  ᠳᠤ ᠦᠵᠡᠭᠦᠯᠭᠦ ᠮᠡᠳᠦ ᠪᠤᠯᠳᠠᠭ ᠂ ᠢᠨᠭᠭᠢᠵᠦ ᠳᠠᠭᠤᠤ ᠵᠢᠨ ᠦᠭᠡ ᠠᠶ᠎ᠠ ᠨᠡᠶᠢᠴᠠᠪᠤᠷᠢ  ᠪᠡᠷ ᠲᠦᠷᠢ ᠪᠦᠳᠦᠭᠡᠨ ᠠᠮᠢᠳᠤᠴᠢᠯᠠᠭᠰᠡᠨ  ᠨᠢ ᠶᠡᠷᠦ ᠵᠢᠨ ᠳᠠᠭᠤᠤ  ᠳᠤ ᠪᠠᠶᠢᠳᠠᠭ ᠦᠭᠡᠢ ᠬᠤᠪᠤᠷ ᠮᠡᠷᠭᠡᠵᠢᠯ ᠪᠤᠯᠬᠤ ᠶᠤᠮ ᠃ ᠰᠤᠩᠭᠤᠳᠠᠭ ᠣᠨ ᠰᠦᠷ ᠪᠤᠯᠤᠭᠰᠡᠨ ᠳᠠᠭᠤᠤ ᠢᠩᠭᠢᠭᠡᠳ ᠯᠡ ᠠᠮᠢᠳᠤᠷᠠᠯ ᠣᠨ ᠷᠢᠳᠢ ᠰᠢᠳᠢ  ᠪᠡᠷ ᠮᠦᠨᠭᠭᠡᠷᠡᠳᠡᠭ ᠪᠠᠶᠢᠵᠠᠢ ᠳ᠋ᠠ ᠃ ᠮᠤᠩᠭᠤᠯ ᠦᠨᠳᠦᠰᠦᠳᠡᠨ  ᠣ ᠤᠷᠳᠤ ᠵᠢᠨ ᠳᠠᠭᠤᠤ ᠵᠢᠨ ᠠᠪᠤᠷᠭᠤ ᠪᠠᠷᠭᠤ ᠰᠤᠳᠤᠨ ᠭᠡᠦᠭᠡᠨ ᠪᠤᠶᠠᠨᠳᠡᠯᠭᠡᠷ ᠣᠨ ᠳᠠᠭᠤᠤ ᠬᠤᠭᠤᠯᠠᠢ  ᠪᠡᠷ ᠳᠡᠯᠡᠭᠡᠢ ᠳ᠋ᠠᠭᠢᠨ᠎ᠠ ᠴᠤᠤᠷᠢᠶᠠᠳᠤᠵᠦ ᠳᠠᠶᠠᠩ ᠳᠡᠯᠡᠭᠡᠢ ᠵᠢᠨ ᠤᠷᠠᠯᠢᠭ  ᠣᠨ ᠲᠦᠪᠰᠢᠨ  ᠳᠤ ᠬᠦᠷᠦᠭᠰᠡᠨ ᠭᠢᠷᠢ ᠭᠡᠮ  ᠲᠠᠢ ᠳᠠᠭᠤᠤ ᠪᠤᠯᠵᠦ ᠴᠢᠳᠠᠪᠠ ᠃

ᠠᠰᠢᠭᠯᠠᠭᠰᠡᠨ ᠮᠠᠲ᠋ᠸᠷᠢᠶᠠᠯ ᠄

︽ ᠮᠤᠩᠭᠤᠯ ᠤᠷᠳᠤ ᠵᠢᠨ ᠳᠠᠭᠤᠤ ᠵᠢᠨ ᠤᠯᠠᠨ ᠤᠯᠤᠰ ᠣᠨ ᠶᠠᠷᠢᠯᠴᠠᠭᠠᠨ ᠣ ᠳᠠᠪᠴᠠᠩ ᠣᠨ ᠰᠢᠯᠢᠳᠡᠭ ᠦᠭᠦᠯᠡᠯ ᠣᠨ ᠳᠡᠭᠦᠪᠤᠷᠢ ︾ ᠂ 59 ᠳ᠋ᠤᠭᠡᠷ ᠨᠢᠭᠤᠷ ᠲᠠᠬᠢ ᠪᠠᠳᠤᠳ ᠷᠠᠪᠳᠠᠨ  ᠣ ᠦᠭᠦᠯᠡᠯ ︽ ᠪᠠᠷᠭᠤ ᠠᠷᠠᠳ ᠣᠨ ᠤᠷᠳᠤ ᠵᠢᠨ ᠳᠠᠭᠤᠤ ᠵᠢᠨ ᠳᠤᠬᠠᠢ ᠦᠭᠦᠯᠡᠭᠦ  ᠨᠢ ︾  ᠡᠴᠡ ᠃

 

ᠬᠤᠶᠠᠷ ᠂ ᠠᠶᠠᠰ  ᠣᠨ ᠵᠠᠳᠠᠯᠤᠯᠳᠠ

 

ᠲᠤᠰ ᠳᠠᠭᠤᠤ ᠵᠢᠨ ᠦᠭᠡ ᠵᠢᠨ ᠪᠠᠳᠠᠭ ᠪᠦᠷᠢ  ᠨᠢ ᠬᠤᠶᠠᠷ ᠦᠭᠦᠯᠡᠪᠦᠷᠢ  ᠪᠡᠷ ᠪᠦᠷᠢᠯᠲᠦᠭᠰᠡᠨ ᠪᠦᠭᠡᠳ ᠂ ᠦᠭᠡ ᠪᠠ ᠠᠶ᠎ᠠ ᠵᠢᠨ ᠬᠤᠭᠤᠷᠤᠨᠲᠤ  ᠪᠠᠨ ︽ ᠨᠢᠭᠡ ︱ ᠬᠤᠶᠠᠷ ︾  ᠤᠨ ᠬᠠᠷᠢᠴᠠᠯ  ᠲᠠᠢ ᠪᠠᠶᠢᠵᠤ ᠂ ᠨᠢᠭᠡ ᠪᠠᠳᠠᠭ ᠦᠭᠡ  ᠪᠠᠨ ᠬᠤᠶᠠᠷ ᠤᠳᠠᠭ᠎ᠠ ᠵᠢᠨ ᠠᠶ᠎ᠠ ᠳᠡᠭᠡᠷ᠎ᠡ ᠳᠠᠭᠤᠯᠠᠵᠤ ᠲᠠᠭᠤᠰᠬᠠᠳᠠᠭ ᠃ ᠳᠠᠭᠤᠤ ᠵᠢᠨ ᠠᠶ᠎ᠠ  ᠨᠢ ᠳᠡᠭᠡᠷ᠎ᠡ ᠳᠤᠤᠷ᠎ᠠ ᠬᠤᠶᠠᠷ ᠶᠡᠭᠡ ᠬᠦᠭᠵᠢᠮ ᠤᠨ ᠦᠭᠦᠯᠡᠪᠦᠷᠢ  ᠪᠡᠷ ᠪᠦᠷᠢᠯᠳᠤᠵᠤ ᠂ ᠬᠦᠭᠵᠢᠮ ᠤᠨ ᠦᠭᠦᠯᠡᠪᠦᠷᠢ ᠪᠦᠷᠢ  ᠪᠠᠨ ᠮᠦᠨ ᠴᠤ ᠡᠮᠦᠨ᠎ᠡ  ᠬᠤᠶᠢᠨ᠎ᠠ ᠬᠤᠶᠠᠷ ᠬᠦᠭᠵᠢᠮ ᠤᠨ ᠲᠠᠰᠤᠯᠪᠤᠷᠢ ᠪᠤᠯᠭᠠᠨ ᠬᠤᠪᠢᠶᠠᠵᠠᠢ ᠃ ᠬᠠᠮᠤᠭ ᠰᠡᠭᠦᠯ ᠤᠨ ᠬᠦᠭᠵᠢᠮ ᠤᠨ ᠲᠠᠰᠤᠯᠪᠦᠷᠢ  ᠡᠴᠡ ᠪᠤᠰᠤᠳ ᠬᠦᠭᠵᠢᠮ ᠤᠨ ᠲᠠᠰᠤᠯᠪᠦᠷᠢ ᠵᠢᠨ ᠵᠤᠭᠰᠤᠯᠳᠠ ᠳᠠᠭᠤᠨ  ᠨᠢ ᠪᠦᠷ ᠠᠷᠤ  ᠳᠠᠭᠠᠨ ᠬᠠᠶᠠᠯᠠᠭ᠎ᠠ  ᠲᠠᠢ ᠪᠠᠶᠢᠨ᠎ᠠ ᠃ ᠳᠡᠭᠡᠷ᠎ᠡ ᠬᠦᠭᠵᠢᠮ ᠤᠨ ᠦᠭᠦᠯᠡᠪᠦᠷᠢ ᠵᠢᠨ ᠵᠤᠭᠰᠤᠯᠳᠠ ᠳᠠᠭᠤᠨ  ᠨᠢ ᠠᠶᠠᠯᠭᠤᠨ ᠭᠡᠪ ᠤᠨ ᠭᠤᠤᠯ ᠳᠠᠭᠤᠨ ︱ ᠱᠠᠨᠭ᠍ᠳᠠᠭᠤᠨ ᠪᠠᠶᠢᠵᠤ ᠂ ᠨᠦᠬᠦᠪᠦᠷᠢᠯᠡᠯ ᠤᠨ ᠴᠢᠨᠠᠷ  ᠲᠠᠢ ᠤᠷᠲᠤ ᠠᠶᠠᠯᠠᠬᠤᠢ  ᠪᠡᠷ ᠳᠠᠮᠵᠢᠨ ᠂ ᠬᠠᠷᠢᠶ᠎ᠠ ᠳᠠᠭᠤᠨ ︱ ᠶᠦᠳᠠᠭᠤᠨ  ᠳᠤ ᠬᠦᠷᠴᠤ ᠲᠤᠭᠲᠠᠪᠤᠷᠢ ᠦᠭᠡᠢ ᠲᠦᠷᠦᠭᠳᠡᠯ  ᠲᠠᠢ ᠪᠤᠯᠭᠠᠵᠠᠢ ᠃ ᠳᠤᠤᠷ᠎ᠠ ᠬᠦᠭᠵᠢᠮ ᠤᠨ ᠦᠭᠦᠯᠡᠪᠦᠷᠢ ᠵᠢᠨ ᠵᠤᠭᠰᠤᠯᠳᠠ ᠳᠠᠭᠤᠨ  ᠨᠢ ᠳᠡᠭᠡᠷ᠎ᠡ ᠲᠠᠯ᠎ᠠ ᠵᠢᠨ ᠭᠤᠤᠯ ᠳᠠᠭᠤᠨ ᠪᠠᠶᠢᠵᠤ ᠂ ᠨᠦᠬᠦᠪᠦᠷᠢ ᠴᠢᠨᠠᠷ  ᠲᠠᠢ ᠤᠷᠲᠤ ᠠᠶᠠᠯᠠᠬᠤᠢ  ᠪᠡᠷ ᠳᠠᠮᠵᠢᠨ ᠂ ᠳᠤᠤᠷ᠎ᠠ ᠲᠠᠯ᠎ᠠ ᠵᠢᠨ ᠭᠤᠤᠯ ᠳᠠᠭᠤᠨ  ᠳᠤ ᠬᠦᠷᠴᠤ ᠬᠦᠭ᠍ ᠤᠨ ᠭᠤᠤᠯ ᠴᠢᠳᠠᠪᠬᠢ  ᠪᠠᠨ ᠴᠢᠩᠭᠠᠳᠬᠠᠨ  ᠪᠠᠲᠤᠳᠬᠠᠵᠠᠢ ᠃ ᠶᠡᠷᠦᠨᠭᠬᠡᠢ ᠳᠤᠨᠢ ᠦᠵᠡᠪᠡᠯ ᠂ ᠡᠨᠡ  ᠪᠤᠯ ᠨᠢᠭᠡᠨ ᠨᠡᠶᠢᠲᠡᠯᠢᠭ ᠴᠢᠨᠠᠷ ᠪᠦᠬᠦᠢ ᠳᠤᠯᠭᠢᠶᠠᠯ ︱ ᠲᠦᠯᠬᠢᠶᠡᠯ ᠵᠢᠨ ᠬᠡᠯᠪᠡᠷᠢ ᠪᠦᠬᠦᠢ ᠠᠶᠠᠰ ᠤᠨ ᠶᠠᠪᠤᠭᠳᠠᠴᠠ ᠪᠠᠶᠢᠵᠤ ᠂ ᠳᠡᠭᠡᠷ᠎ᠡ ᠳᠤᠤᠷ᠎ᠠ ᠬᠤᠶᠠᠷ ᠬᠦᠭᠵᠢᠮ ᠤᠨ ᠦᠭᠦᠯᠡᠪᠦᠷᠢ ᠵᠢᠨ ᠡᠮᠦᠨᠡᠬᠢ  ᠬᠦᠭᠵᠢᠮ ᠤᠨ ᠲᠠᠰᠤᠯᠪᠦᠷᠢ  ᠨᠢ ᠪᠦᠷ ᠳᠤᠯᠭᠢᠶᠠᠯᠠᠨ ᠳᠡᠭᠡᠭᠰᠢᠯᠡᠵᠦ ᠂ ᠳᠠᠷᠠᠭᠠᠬᠢ ᠬᠦᠭᠵᠢᠮ ᠤᠨ ᠲᠠᠰᠤᠯᠪᠦᠷᠢ  ᠨᠢ ᠬᠠᠷᠢᠨ ᠲᠦᠯᠬᠢᠭᠡᠨ ᠮᠡᠲᠤ ᠲᠤᠷᠤᠭᠰᠢ ᠲᠠᠲᠠᠭᠤᠷᠠᠨ ᠪᠠᠭᠤᠵᠤ ᠡᠷᠡᠮᠡᠬᠡᠢ  ᠴᠢᠨᠠᠷ ᠪᠦᠬᠦᠢ ᠠᠶᠠᠰ ᠤᠨ ᠶᠠᠪᠤᠭᠳᠠᠴᠠ ᠪᠤᠯᠤᠭᠰᠠᠨ ᠪᠠᠶᠢᠨ᠎ᠠ ᠃

 

ᠭᠤᠷᠪᠠ ᠂ ᠳᠠᠭᠤᠤ ᠵᠢᠨ ᠦᠭᠡ

 

ᠡᠷ᠎ᠡ ᠪᠤᠷᠤ ᠬᠠᠷᠴᠠᠭᠠᠢ

ᠰᠢᠭᠦᠷᠭᠡᠨ ᠶᠤ  ᠳᠡᠬᠡᠨ ᠬᠦᠴᠦᠳᠡᠢ ᠳ᠋ᠠ ᠡᠸᠢ

ᠢᠳᠡᠷ ᠵᠠᠯᠠᠭᠤ ᠨᠠᠰᠤ ᠵᠢ  ᠪᠠᠨ

ᠳᠠᠩᠴᠢ ᠯᠠ ᠠᠵᠢᠭ ᠦᠭᠡᠢ ᠦᠩᠭᠡᠷᠡᠭᠡᠯ᠎ᠡ ᠡᠸᠢ ᠃

 

ᠠᠷᠰᠯᠠᠨ ᠦ ᠵᠤᠯᠵᠠᠭ᠎ᠠ  ᠨᠢ

ᠠᠭᠤᠯᠠᠨ ᠳᠠᠭᠠᠨ ᠬᠦᠴᠤᠲᠠᠢ ᠂

ᠠᠷᠪᠠᠨ ᠭᠡᠲᠤᠨ ᠨᠠᠰᠤ  ᠪᠠᠨ

ᠳᠠᠨᠭ᠍ᠴᠢ ᠠᠵᠢᠭ ᠴᠤ ᠦᠭᠡᠢ ᠦᠨᠭᠭᠡᠷᠡᠭᠡᠯ᠎ᠡ ᠳ᠋ᠠ ᠃

 

ᠰᠠᠶᠢᠷ ᠱᠠᠨᠭ᠍ᠳᠠ ᠶᠢᠨ ᠤᠰᠤ ᠶᠢ

ᠰᠢᠪᠬᠠᠵᠤ ᠰᠢᠮᠡᠭᠡᠳ ᠪᠠᠷᠠᠬᠤ ᠦᠭᠡᠢ ᠂

ᠰᠠᠶᠢᠨ ᠬᠦᠮᠦᠨ ᠦ ᠦᠷ᠎ᠡ ᠶᠢ

ᠳᠠᠷᠤᠵᠤ ᠳᠠᠪᠲᠠᠵᠤ ᠪᠤᠯᠳᠠᠭ ᠦᠭᠡᠢ ᠃

 

ᠡᠷᠴᠢᠲᠤ ᠮᠦᠷᠡᠨ ᠦ ᠤᠰᠤ ᠶᠢ

ᠡᠯᠡᠰᠤ  ᠪᠡᠷ ᠪᠠᠭᠤᠵᠤ ᠪᠤᠯᠳᠠᠭ ᠦᠭᠡᠢ ᠂

ᠡᠷᠡᠲᠡᠢ ᠲᠦᠷᠦᠭᠰᠡᠨ ᠬᠦᠮᠦᠨ ᠢ

ᠡᠯᠳᠡᠪ ᠢᠶᠠᠷ ᠬᠡᠯᠡᠵᠤ ᠪᠤᠯᠳᠠᠭ ᠦᠭᠡᠢ ᠃

 

ᠲᠦᠷᠪᠡ ᠂ ᠳᠠᠭᠤᠤ ᠵᠢᠨ ᠨᠤᠲ

 

 

1

 

2

 

 

ᠤᠯᠤᠰ ᠣᠨ ᠳᠤᠳᠤᠭᠠᠳᠤ ᠭᠠᠳᠠᠭᠠᠳᠤ  ᠳᠤ ᠠᠯᠳᠠᠷ ᠮᠠᠨᠳᠤᠭᠰᠡᠨ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠤᠷᠠᠯᠢᠭ ᠣᠨ ᠳᠠᠷᠬᠠᠨ ︱ ︱ ᠪᠤᠶᠠᠨᠳᠡᠯᠭᠡᠷ

 

 

3 4 5 6 7 8 9 10 11 12 13 14 15 16 17 18 19

VCD ᠪᠢᠴᠢᠯᠭᠡ ︱ ︽ ᠡᠷ᠎ᠡ ᠪᠤᠷᠤ ᠬᠠᠷᠴᠠᠭᠠᠢ ︾ ︵ ᠯᠾᠠᠰᠥᠢᠷᠦᠩ ︶

MP3 ᠪᠢᠴᠢᠯᠭᠡ ︱ ︽ ᠡᠷ᠎ᠡ ᠪᠤᠷᠤ ᠬᠠᠷᠴᠠᠭᠠᠢ ︾ ︵ ᠪᠤᠶᠠᠨᠳᠡᠯᠭᠡᠷ ︶

ᠰᠢᠭᠦᠮᠵᠢ ᠦᠯᠡᠳᠡᠭᠡᠬᠦ