• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠡᠷᠭᠦᠯᠳᠠᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   39
  • ᠄   0
  • ᠄   0
  • ᠄  0

ᠨᠢᠭᠡ ᠂ ᠲᠤᠰ ᠳᠠᠭᠤᠤ ᠵᠢᠨ ᠳᠤᠬᠠᠢ

 

ᠬᠤᠷᠴᠢᠨ ᠠᠷᠠᠳ  ᠤᠨ ᠳᠠᠭᠤᠤ ︽ ᠡᠷᠭᠦᠯᠲᠡᠢ  ︾  ᠳᠤ ᠡᠮᠡᠭᠲᠡᠢ  ᠪᠠᠭᠠᠲᠤᠷ ᠡᠷᠭᠦᠯᠳᠡᠢ  ᠪᠠᠭᠠᠷᠢᠨ ᠸᠠᠩ  ᠢ ᠰᠦᠷᠳᠡᠭᠦᠯᠵᠦ ᠂ ᠠᠪᠤ ᠵᠢᠨ  ᠢᠶᠡᠨ  ᠦᠰᠢᠶ᠎ᠡ ᠵᠢ ᠠᠪᠤᠭᠰᠠᠨ ᠦᠯᠢᠭᠡᠷ  ᠢ ᠶᠠᠷᠢᠵᠠᠢ ᠃

ᠨᠢᠭᠡᠨ ᠤᠳᠠᠭ᠎ᠠ ᠪᠠᠭᠠᠷᠢᠨ ᠸᠠᠩ ᠮᠦᠭᠳᠡᠨ ᠬᠤᠳᠠᠨ  ᠳᠤ ᠤᠴᠢᠭᠠᠳ ᠪᠤᠴᠠᠬᠤ  ᠳᠠᠭᠠᠨ ᠪᠠᠷᠠᠭᠤᠨ ᠸᠠᠩ  ᠤᠨ ᠬᠤᠷᠢᠶᠠᠨ  ᠦ ᠵᠠᠯᠠᠨ ᠠᠶᠢᠯ  ᠢᠶᠡᠷ  ᠳᠠᠭᠠᠷᠢᠵᠤ ᠭᠠᠷᠬᠤ  ᠳᠠᠭᠠᠨ ᠨᠢᠭᠡᠨ ᠵᠢᠷᠤᠭ᠎ᠠ ᠠᠯᠠᠭ ᠮᠤᠷᠢ ᠵᠢ ᠦᠵᠡᠭᠡᠳ ᠶᠡᠬᠡᠲᠡ ᠲᠤᠭᠤᠵᠤ ᠂ ᠬᠤᠪᠢᠨ  ᠦ  ᠪᠠᠨ ᠪᠤᠯᠭᠠᠵᠤ ᠠᠪᠬᠤ  ᠪᠡᠷ ᠭᠤᠷᠢᠯᠠᠭᠰᠠᠨ ᠭᠡᠨ᠎ᠡ ᠃ ᠭᠡᠶ᠎ᠡ ᠲᠡᠷᠡ  ᠨᠢ ᠬᠠᠷᠢᠨ ᠪᠠᠷᠠᠭᠤᠨ ᠸᠠᠩ  ᠤᠨ ᠬᠤᠰᠢᠭᠤᠨ  ᠦ ᠪᠠᠭᠠᠲᠤᠷ ᠵᠠᠯᠠᠨ  ᠦ ᠬᠠᠶᠢᠷᠠᠲᠠᠢ ᠮᠤᠷᠢ ᠪᠠᠶᠢᠭᠰᠠᠨ ᠠᠵᠠᠢ ᠃ ᠪᠠᠭᠠᠷᠢᠨ ᠸᠠᠩ ᠪᠠᠭᠠᠲᠦᠷ ᠵᠠᠯᠠᠨ  ᠦ ᠡᠰᠡᠷᠭᠦᠴᠡᠯ  ᠵᠢ ᠬᠠᠶᠢᠬᠤᠷᠤᠯ ᠦᠭᠡᠢ ᠮᠤᠷᠢ ᠵᠢ  ᠨᠢ ᠪᠤᠯᠢᠶᠠᠭᠰᠠᠨ ᠪᠦᠭᠡᠳ ᠲᠡᠭᠦᠨ  ᠢ ᠨᠡᠪᠰᠢᠷᠡᠲᠡᠯ᠎ᠡ ᠴᠤᠬᠢᠭᠠᠳ ᠶᠠᠪᠤᠵᠠᠢ ᠃

ᠪᠠᠭᠠᠲᠤᠷ ᠵᠠᠯᠠᠨ  ᠡᠴᠡ ᠦᠷ᠎ᠡ ᠵᠢᠨ ᠭᠠᠭᠴᠠᠬᠠᠨ ᠬᠡᠦᠬᠡᠨ  ᠲᠠᠢ ᠂ ᠨᠡᠷ᠎ᠡ  ᠨᠢ ᠡᠷᠭᠦᠯᠲᠡᠢ  ᠭᠡᠳᠡᠭ ᠂ ᠲᠤᠰ ᠵᠢᠯ ᠰᠠᠶ᠋ᠢ ᠠᠷᠪᠠᠨ ᠳᠤᠯᠤᠭᠠᠨ ᠨᠠᠰᠤᠲᠠᠢ ᠃ ᠲᠡᠷᠡ ᠠᠯᠠᠭ ᠮᠤᠷᠢ  ᠪᠠᠨ ᠪᠤᠯᠢᠶᠠᠭᠳᠠᠵᠤ ᠂ ᠠᠪᠤ  ᠨᠢ ᠴᠤᠬᠢᠭᠳᠠᠭᠰᠠᠨ  ᠢ ᠦᠵᠡᠭᠡᠳ ᠶᠡᠬᠡᠲᠡ ᠬᠢᠯᠢᠩᠨᠠᠵᠦ ᠂ ᠦᠰ ᠠᠪᠬᠤ  ᠪᠡᠷ ᠰᠢᠭᠤᠳᠤᠯ᠎ᠠ ᠃ ᠲᠡᠷᠡ ᠠᠪᠤ ᠡᠵᠢ ᠵᠢᠨ  ᠢᠶᠡᠨ  ᠬᠤᠷᠢᠭᠯᠠᠯ  ᠢ ᠦᠯᠦ ᠬᠠᠶᠢᠬᠤᠷᠤᠨ ᠭᠠᠭᠴᠠ ᠪᠡᠶ᠎ᠡ  ᠪᠡᠷ ᠪᠠᠭᠠᠷᠢᠨ ᠸᠠᠩ  ᠢ ᠨᠡᠬᠡᠵᠤ ᠤᠳᠤᠯ᠎ᠠ ᠃ ᠪᠠᠭᠠᠷᠢᠨ ᠸᠠᠩ  ᠤᠨ ᠬᠤᠷᠢᠶᠠᠨ  ᠳᠤ ᠬᠦᠷᠴᠦ ᠢᠷᠡᠭᠡᠳ ᠲᠡᠷᠡ ᠰᠡᠮᠡᠬᠡᠷ ᠦᠪᠡᠷ  ᠤᠨ ᠠᠯᠠᠭ ᠵᠢᠷᠤᠭ᠎ᠠ ᠮᠤᠷᠢ ᠪᠠ ᠪᠠᠭᠠᠷᠢᠨ ᠸᠠᠩ  ᠤᠨ ᠭᠤᠴᠢᠨ ᠵᠢᠷᠭᠤᠭᠠᠨ ᠰᠠᠶᠢᠨ ᠮᠤᠷᠢ ᠵᠢ  ᠨᠢ ᠰᠠᠯᠭᠠᠭᠠᠳ ᠨᠤᠲᠤᠭ ᠵᠦᠭ  ᠢᠶᠡᠨ  ᠬᠦᠭᠡᠭᠡᠯ᠎ᠡ ᠃

ᠨᠤᠲᠤᠭ  ᠲᠠᠭᠠᠨ ᠪᠤᠴᠠᠭᠠᠳ ᠡᠷᠭᠦᠯᠳᠡᠢ  ᠬᠡᠦᠬᠡᠨ ᠪᠠᠰᠠ ᠴᠤ ᠰᠡᠳᠭᠢᠯ ᠬᠠᠨᠤᠭᠰᠠᠨ ᠦᠭᠡᠢ ᠂ ᠬᠠᠷᠬᠢᠰ ᠪᠠᠭᠠᠷᠢᠨ ᠸᠠᠩ  ᠢ ᠰᠢᠳᠭᠡᠬᠦ  ᠪᠡᠷ ᠰᠢᠭᠤᠳᠤᠯ᠎ᠠ ᠃ ᠲᠡᠷᠡ ᠠᠪᠤ ᠵᠢᠨ  ᠢᠶᠡᠨ  ᠨᠡᠷ᠎ᠡ  ᠪᠡᠷ ᠫᠤᠤ ᠵᠡᠪᠰᠡᠭ ᠴᠤᠭᠯᠠᠭᠤᠯᠵᠤ ᠂ ᠲᠠᠪᠢᠭᠠᠳ ᠴᠡᠷᠢᠭ ᠡᠯᠰᠡᠭᠡᠳ  ᠂ ᠪᠠᠭᠠᠷᠢᠨ ᠸᠠᠩ  ᠢ ᠳᠠᠶᠢᠯᠠᠬᠤ  ᠪᠡᠷ ᠮᠤᠷᠳᠠᠵᠠᠢ ᠃ ᠲᠡᠭᠦᠨ  ᠦ ᠴᠡᠷᠢᠭ ᠴᠤᠭᠯᠠᠭᠤᠯᠵᠤ ᠢᠷᠡᠭᠰᠡᠨ  ᠢ ᠪᠠᠭᠠᠷᠢᠨ ᠸᠠᠩ ᠦᠵᠡᠭᠡᠳ ᠰᠦᠨᠡᠰᠦ  ᠨᠢ ᠭᠠᠷᠲᠠᠯ᠎ᠠ ᠠᠶᠤᠵᠤ ᠂ ᠦᠪᠡᠷ  ᠤᠨ ᠪᠡᠶ᠎ᠡ  ᠪᠡᠷ  ᠢᠶᠡᠨ  ᠶᠠᠯ᠎ᠠ ᠬᠦᠯᠢᠶᠡᠨ ᠢᠷᠡᠵᠦ ᠂ ᠠᠪᠤ ᠵᠢᠨ ᠬᠢᠨᠢ ᠠᠮᠨᠡᠯᠭᠡ ᠵᠢᠨ ᠮᠦᠩᠭᠦ ᠵᠢ ᠲᠦᠯᠦᠵᠦ ᠂ ᠳᠠᠭᠠᠭᠤᠯᠵᠤ ᠢᠷᠡᠭᠰᠡᠨ ᠠᠬ᠎ᠠ ᠳᠡᠭᠦᠦ  ᠨᠡᠷ  ᠢ  ᠨᠢ ᠶᠡᠬᠡ  ᠪᠡᠷ ᠵᠤᠴᠢᠯᠠᠨ ᠂ ᠡᠭᠦᠷᠢᠳᠡ  ᠳᠠᠬᠢᠨ ᠬᠠᠯᠳᠠᠬᠤ ᠦᠭᠡᠢ ᠭᠡᠮᠡᠨ ᠲᠠᠩᠭᠠᠷᠢᠭ ᠭᠢᠭᠰᠡᠨ ᠭᠡᠨ᠎ᠡ ᠃

 

ᠬᠤᠶᠠᠷ ᠂ ᠠᠶᠠᠰ ᠣᠨ ᠵᠠᠳᠠᠯᠤᠯᠲᠠ

 

ᠲᠤᠰ ᠳᠠᠭᠤᠤ ᠵᠢᠨ ᠦᠭᠡ ᠪᠠ ᠠᠶ᠎ᠠ ᠵᠢᠨ ᠬᠤᠭᠤᠷᠤᠨᠳᠤ  ᠪᠠᠨ ︽ 1 ᠄ 1 ︾ ᠵᠢᠨ ᠬᠠᠷᠢᠴᠠᠭ᠎ᠠ  ᠲᠠᠢ ᠃ ᠳᠠᠷᠦᠢ ᠨᠢᠭᠡᠨ ᠪᠠᠳᠠᠭ ︵ ᠳᠦᠷᠪᠡᠨ ᠮᠦᠷ ︶ ᠦᠭᠡ  ᠪᠠᠨ ᠨᠢᠭᠡᠨ ᠪᠠᠳᠠᠭ ᠠᠶ᠎ᠠ ᠳᠡᠭᠡᠷ᠎ᠡ ᠳᠠᠭᠤᠯᠠᠳᠠᠭ ᠃ ᠳᠠᠭᠤᠤ ᠵᠢᠨ ᠠᠶ᠎ᠠ  ᠨᠢ ᠳᠦᠷᠪᠡᠨ ᠬᠦᠭᠵᠢᠮ ᠣᠨ ᠦᠭᠦᠯᠡᠪᠦᠷᠢ  ᠪᠡᠷ ᠪᠦᠷᠢᠯᠳᠦᠵᠡᠢ ᠃ ᠭᠡᠬᠦ ᠳᠡᠬᠡᠨ ᠡᠮᠦᠨᠡᠬᠢ  ᠬᠤᠶᠠᠷ ᠬᠦᠭᠵᠢᠮ ᠣᠨ ᠦᠭᠦᠯᠡᠪᠦᠷᠢ ᠪᠠ ᠬᠤᠶᠢᠨ᠎ᠠ ᠬᠤᠶᠠᠷ ᠬᠦᠭᠵᠢᠮ ᠣᠨ ᠦᠭᠦᠯᠡᠪᠦᠷᠢ  ᠨᠢ ᠲᠤᠰᠪᠦᠷᠢ ᠨᠢᠭᠡᠨ ᠪᠦᠲᠦᠴᠡ ᠵᠢᠨ ᠬᠡᠰᠡᠭ ᠪᠤᠯᠤᠨ ᠪᠦᠷᠢᠯᠳᠦᠭᠰᠡᠨ ᠪᠠᠶᠢᠨ᠎ᠠ ᠃ ᠳᠡᠭᠡᠷ᠎ᠡ ᠬᠡᠰᠡᠭ  ᠨᠢ ᠶᠦᠳᠠᠭᠤᠨ ᠠᠶᠠᠯᠭᠤᠨ ᠬᠡᠪ ᠪᠠᠶᠢᠵᠤ ᠂ ᠨᠢᠭᠡᠳᠦᠭᠡᠷ ᠬᠦᠭᠵᠢᠮ ᠣᠨ ᠦᠭᠦᠯᠡᠪᠦᠷᠢ  ᠨᠢ ᠱᠠᠨᠭ᠍ᠳᠠᠭᠤᠨ ᠳᠡᠭᠡᠷ᠎ᠡ ᠪᠠᠭᠤᠵᠤ ᠂ ᠬᠤᠶᠠᠳᠤᠭᠠᠷ ᠬᠦᠭᠵᠢᠮ ᠣᠨ ᠦᠭᠦᠯᠡᠪᠦᠷᠢ  ᠨᠢ ᠶᠦᠳᠠᠭᠤᠨ ᠳᠡᠭᠡᠷ᠎ᠡ ᠪᠠᠭᠤᠭᠠᠳ ᠂ ᠬᠦᠭᠵᠢᠮ  ᠣᠨ ᠬᠡᠰᠡᠭ  ᠣᠨ ᠳᠤᠲᠤᠭᠠᠳᠤ ᠳᠠᠭᠠᠨ ︽ ᠳᠤᠤᠷ᠎ᠠ ᠬᠠᠷᠢᠶ᠎ᠠ ︱ ᠭᠤᠤᠯ ︾  ᠣᠨ ᠠᠪᠤᠯᠴᠠᠭ᠎ᠠ ᠪᠤᠯᠤᠭᠰᠠᠨ ᠪᠠᠶᠢᠨ᠎ᠠ ᠃ ᠳᠤᠤᠷ᠎ᠠ ᠬᠦᠭᠵᠢᠮ ᠣᠨ ᠬᠡᠰᠡᠭ  ᠲᠤ ᠠᠶᠠᠯᠭᠤᠨ ᠬᠡᠪ  ᠨᠢ ᠳᠤᠤᠷ᠎ᠠ ᠬᠠᠷᠢᠶ᠎ᠠ ᠵᠦᠭ᠍ ᠰᠢᠯᠵᠢᠨ ᠂ ᠠᠶᠠᠯᠭᠤᠨ ᠬᠡᠪ  ᠣᠨ ᠰᠢᠯᠵᠢᠯᠲᠡ ᠡᠭᠦᠰᠴᠡᠢ  ᠃ ᠭᠤᠷᠪᠠᠳᠤᠭᠠᠷ ᠬᠦᠭᠵᠢᠮ ᠣᠨ ᠦᠭᠦᠯᠡᠪᠦᠷᠢ  ᠨᠢ ᠱᠠᠨᠭ᠍ᠳᠠᠭᠤᠨ ᠳᠡᠭᠡᠷ᠎ᠡ ᠪᠠᠭᠤᠵᠤ ᠂ ᠳᠦᠷᠪᠡᠳᠦᠭᠡᠷ ᠬᠦᠭᠵᠢᠮ ᠣᠨ ᠦᠭᠦᠯᠡᠪᠦᠷᠢ  ᠨᠢ ᠶᠦᠳᠠᠭᠤᠨ ᠳᠡᠭᠡᠷ᠎ᠡ ᠪᠠᠭᠤᠭᠠᠳ ᠬᠤᠭᠤᠷᠤᠨᠳᠤ  ᠪᠠᠨ ᠮᠦᠨ ︽ ᠳᠤᠤᠷ᠎ᠠ ᠬᠠᠷᠢᠶ᠎ᠠ ︱ ᠭᠤᠤᠯ ︾ ᠠᠪᠤᠯᠴᠠᠭ᠎ᠠ ᠪᠤᠯᠤᠭᠰᠠᠨ ᠪᠠᠶᠢᠨ᠎ᠠ ᠃ ᠶᠡᠷᠦᠨᠭᠬᠡᠢ  ᠳᠤᠨᠢ ᠦᠵᠡᠪᠡᠯ ᠂ ᠳᠤᠤᠷ᠎ᠠ ᠬᠦᠭᠵᠢᠮ ᠣᠨ ᠦᠭᠦᠯᠡᠪᠦᠷᠢ ᠪᠤᠯ ᠳᠡᠭᠡᠷ᠎ᠡ ᠬᠦᠭᠵᠢᠮ ᠣᠨ ᠦᠭᠦᠯᠡᠪᠦᠷᠢ ᠵᠢᠨ  ᠢᠶᠡᠨ  ᠳᠤᠤᠷ᠎ᠠ ᠬᠠᠷᠢᠶ᠎ᠠ ᠬᠦᠭ᠍ ᠳᠡᠭᠡᠷᠡᠬᠢ ᠳᠠᠭᠤᠷᠢᠶᠠᠯ ᠪᠤᠯᠤᠨ᠎ᠠ ᠃

 

ᠭᠤᠷᠪᠠ ᠂ ᠳᠠᠭᠤᠤ ᠵᠢᠨ ᠦᠭᠡ

 

ᠪᠠᠭ᠎ᠠ ᠴᠤ ᠬᠦᠮᠦᠨ ᠣ ᠬᠡᠦᠬᠡᠨ ᠪᠢᠰᠢ ᠬᠦᠢ

ᠪᠠᠭᠠᠲᠤᠷ ᠵᠠᠯᠠᠨ ᠣ ᠬᠡᠦᠬᠡᠨ ᠶᠤᠮ ᠡ ᠬᠦᠢ ᠂

ᠪᠤᠰᠤ ᠬᠦᠮᠦᠨ  ᠲᠠᠢ ᠬᠠᠯᠳᠠᠬᠤ ᠶᠤᠮ ᠡ ᠬᠦᠢ ᠂

ᠪᠠᠭᠠᠷᠢᠨ ᠸᠠᠨᠭ᠍  ᠲᠠᠢ ᠬᠠᠯᠳᠠᠬᠤ ᠶᠤᠮ ᠰᠢᠦ ᠬᠦᠢ ᠃

 

ᠵᠢᠭᠠᠬᠠᠨ ᠴᠤ ᠬᠦᠮᠦᠨ ᠣ ᠬᠡᠦᠬᠡᠨ ᠪᠢᠰᠢ ᠬᠦᠢ ᠂

ᠵᠠᠯᠠᠨ ᠬᠦᠮᠦᠨ ᠣ ᠬᠡᠦᠬᠡᠨ ᠶᠤᠮ ᠡ ᠬᠦᠢ ᠂

ᠵᠠᠭᠤᠢ ᠬᠦᠮᠦᠨ  ᠲᠠᠢ ᠬᠠᠯᠳᠠᠬᠤ ᠶᠤᠮ ᠡ ᠬᠦᠢ ᠂

ᠵᠠᠰᠠᠭ ᠸᠠᠨᠭ᠍  ᠲᠠᠢ  ᠪᠠᠨ ᠡᠰᠡᠷᠭᠦᠴᠡᠨ᠎ᠡ ᠭᠡᠨ᠎ᠡ ᠬᠦᠢ ᠃

 

ᠬᠦᠮᠦᠨ ᠬᠦᠮᠦᠨ ᠣ ᠬᠡᠦᠬᠡᠨ  ᠲᠠᠢ ᠲᠠᠭᠠᠷᠠᠬᠤ ᠦᠭᠡᠢ ᠬᠦᠢ ᠂

ᠬᠦᠳᠡᠷᠯᠢᠭ ᠪᠦᠭᠡᠳ ᠪᠤᠵᠠᠭᠠᠢ ᠲᠦᠷᠦᠯ᠎ᠡ ᠬᠦᠢ ᠂

ᠬᠤᠯᠠ ᠶᠢᠨ ᠪᠠᠭᠠᠷᠢᠨ ᠳᠠᠭᠠᠨ ᠮᠤᠷᠳᠠᠨ᠎ᠠ ᠭᠡᠳ ᠬᠦᠢ ᠂

ᠬᠠᠶᠢᠷᠠᠬᠠᠨ ᠪᠠᠭ᠎ᠠ ᠡᠷᠭᠦᠯᠳᠡᠢ ᠴᠢᠷᠮᠠᠶᠢᠵᠤ ᠪᠠᠶᠢᠨ᠎ᠠ ᠳ᠋ᠠ ᠬᠦᠢ ᠃

 

ᠠᠰᠲᠠᠭᠠᠨ ᠬᠦᠮᠦᠨ ᠣ ᠠᠨᠭ᠍ᠭ᠎ᠠ  ᠲᠠᠢ ᠲᠠᠭᠠᠷᠠᠬᠤ ᠦᠭᠡᠢ ᠬᠦᠢ ᠂

ᠠᠭᠠᠰᠢ  ᠲᠠᠢ ᠪᠦᠭᠡᠳ ᠳᠤᠭᠰᠢᠨ ᠶᠤᠮ ᠳ᠋ᠠ ᠬᠦᠢ ᠂

ᠠᠯᠤᠰ ᠣᠨ ᠪᠠᠭᠠᠷᠢᠨ ᠳᠠᠭᠠᠨ ᠮᠤᠷᠳᠠᠨ᠎ᠠ ᠭᠡᠳ ᠬᠦᠢ ᠂

ᠠᠨᠭ᠍ᠭ᠎ᠠ  ᠨᠢ ᠡᠷᠭᠦᠯᠳᠡᠢ ᠴᠢᠷᠮᠠᠶᠢᠵᠤ ᠪᠠᠶᠢᠨ᠎ᠠ ᠳ᠋ᠠ ᠬᠦᠢ ᠃

 

ᠲᠦᠷᠪᠡ ᠂ ᠳᠠᠭᠤᠤ ᠵᠢᠨ ᠨᠤᠲ

 

 

1
ᠴᠠᠭᠠᠨᠪᠠᠷᠰ  ᠤᠨ ᠲᠤᠪᠴᠢ ᠲᠠᠨᠢᠯᠴᠠᠭᠤᠯᠭ᠎ᠠ

ᠴᠠᠭᠠᠨᠪᠠᠷᠰ ︵ 1926 ~1990 ᠤᠨ ︶ ᠂ ᠠᠷᠠᠳ  ᠤᠨ ᠳᠠᠭᠤᠴᠢᠨ ᠂ ᠵᠢᠷᠢᠮ ᠠᠶᠢᠮᠠᠭ  ᠤᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ  ᠦ ᠬᠦᠮᠦᠨ ᠂ ᠬᠠᠷᠠᠬᠠᠨ ᠪᠠᠭ᠎ᠠ  ᠡᠴᠡ  ᠪᠠᠨ ᠦᠨᠦᠴᠢᠨ ᠦᠰᠴᠦ ᠂ ᠨᠤᠲᠤᠭ  ᠤᠨ ᠳᠠᠭᠤᠴᠢᠨ ᠵᠢᠨ ᠪᠤᠤ ᠂ ᠠᠶᠢᠪᠠᠢ ᠵᠡᠷᠭᠡ ᠬᠦᠮᠦᠰ  ᠡᠴᠡ ᠤᠯᠠᠨ ᠠᠷᠪᠢᠨ ᠠᠷᠠᠳ  ᠤᠨ ᠳᠠᠭᠤᠤ ᠵᠢ ᠰᠤᠷᠴᠤ ᠡᠵᠡᠮᠰᠢᠨ ᠂ ᠨᠨᠰᠤᠨ ᠵᠠᠯᠠᠭᠤ  ᠳᠠᠭᠠᠨ ᠬᠤᠯᠠ ᠤᠶᠢᠷ᠎ᠠ  ᠳᠠᠭᠠᠨ ᠠᠯᠳᠠᠷᠰᠢᠭᠰᠠᠨ ᠪᠠᠶᠢᠨ᠎ᠠ ᠃ ᠴᠠᠭᠠᠨᠪᠠᠷᠰ ᠬᠡᠳᠦᠨ ᠵᠠᠭᠤᠨ ᠬᠤᠷᠴᠢᠨ ᠠᠷᠠᠳ  ᠤᠨ ᠳᠠᠭᠤᠤ ᠵᠢ ᠳᠠᠭᠤᠯᠠᠵᠤ ᠴᠢᠳᠠᠳᠠᠭ ᠃ ᠤᠨᠴᠠᠭᠠᠶᠢᠯᠠᠨ ᠤᠷᠲᠤ ᠬᠠᠭᠤᠳᠠᠰᠤᠲᠦ ᠦᠯᠢᠭᠡᠷᠲᠦ ᠳᠠᠭᠤᠤ ᠵᠢ ᠲᠤᠩ ᠰᠠᠶᠢᠬᠠᠨ ᠳᠠᠭᠤᠯᠠᠳᠠᠭ ᠪᠠᠶᠢᠵᠠᠢ ᠃

ᠴᠠᠭᠠᠨᠪᠠᠷᠰ ᠪᠤᠯ ᠬᠤᠷᠴᠢᠨ ᠦᠯᠢᠭᠡᠷᠲᠦ ᠳᠠᠭᠤᠤ ᠵᠢᠨ ᠤᠷᠤᠰᠬᠠᠯ ᠪᠦᠯᠦᠭ  ᠤᠨ ᠰᠢᠯᠭᠠᠷᠠᠭᠰᠠᠨ ᠲᠦᠯᠦᠭᠡᠯᠡᠭᠴᠢ ᠶᠤᠮ ᠃ ᠲᠡᠷᠡ ᠬᠤᠷᠴᠢᠨ ᠨᠤᠲᠤᠭ  ᠲᠤ ᠳᠤᠩ ᠶᠡᠬᠡ ᠨᠦᠯᠦᠭᠡ ᠠᠯᠳᠠᠷ  ᠲᠠᠢ ᠪᠠᠶᠢᠵᠤ ᠂ ᠠᠷᠠᠳ ᠲᠦᠮᠡᠨ  ᠦ ᠬᠦᠷᠢᠶᠡᠯᠡᠯ  ᠢ ᠭᠦᠨ ᠤᠯᠵᠠᠢ ᠃ ᠲᠡᠷᠡ ᠵᠢᠷᠢᠮ  ᠤᠨ ᠠᠷᠠᠳ  ᠤᠨ ᠷᠠᠳᠢᠤ᠋ ᠬᠤᠷᠢᠶ᠎ᠠ ᠂ ᠦᠪᠦᠷ ᠮᠤᠨᠭ᠍ᠭᠤᠯ ᠣᠨ ᠠᠷᠠᠳ ᠣᠨ ᠷᠠᠳᠢᠤ᠋ ᠬᠤᠷᠢᠶ᠎ᠠ  ᠳᠤ ᠤᠯᠠᠨ ᠠᠷᠪᠢᠨ ᠳᠠᠭᠤᠤ ᠰᠢᠨᠭᠭᠡᠭᠡᠭᠰᠡᠨ ᠪᠦᠭᠡᠳ ᠂ ᠭᠤᠷᠪᠠ ᠤᠳᠠᠭ᠎ᠠ ᠪᠡᠭᠡᠵᠢᠨᠭ  ᠳᠤ ᠬᠦᠷᠴᠦ ᠲᠤᠭᠯᠠᠯᠲᠠ ᠭᠠᠷᠭᠠᠵᠤ ᠂ ᠵᠸᠤ ᠠᠸᠨ ᠯᠠᠢ ᠶᠡᠷᠦᠨᠭᠬᠡᠢ ᠰᠠᠶᠢᠳ  ᠲᠠᠢ ᠠᠭᠤᠯᠵᠠᠯᠲᠠ ᠬᠢᠭᠰᠡᠨ ᠪᠠᠶᠢᠨ᠎ᠠ ᠃ 1984 ᠤᠨ  ᠳᠤ ︽ ᠠᠷᠠᠳ ᠣᠨ ᠳᠠᠭᠤᠤ  ᠨᠤᠭᠤᠳ ︱ ᠠᠷᠠᠳ ᠣᠨ ᠳᠠᠭᠤᠴᠢᠨ ᠴᠠᠭᠠᠨᠪᠠᠷᠰ ᠣᠨ ᠳᠠᠭᠤᠯᠠᠭᠰᠠᠨ ︾ ᠭᠡᠳᠡᠭ ᠳᠡᠭᠡᠳᠦ ᠳᠤᠤᠷᠠᠳᠤ ᠬᠤᠶᠠᠷ ᠳᠡᠪᠲᠡᠷ ᠠᠷᠠᠳ ᠣᠨ ᠳᠠᠭᠤᠤ ᠵᠢᠨ ᠰᠤᠨᠭ᠍ᠭᠤᠮᠠᠯ  ᠢᠶᠡᠨ  ᠬᠡᠪᠯᠡᠭᠦᠯᠦᠭᠰᠡᠨ ᠪᠠᠶᠢᠨ᠎ᠠ ᠃
2
ᠠᠷᠠᠳ  ᠤᠨ ᠳᠠᠭᠤᠴᠢᠨ ︱︱ ᠴᠠᠭᠠᠨᠪᠠᠷᠰ

 

ᠵᠠᠯᠰᠠᠨ ᠬᠤᠭᠤᠷᠴᠢ  ᠶᠢᠨ ᠲᠤᠪᠴᠢ ᠲᠠᠨᠢᠯᠴᠠᠭᠤᠯᠭ᠎ᠠ

ᠵᠠᠯᠰᠠᠨ ᠪᠤᠯ ᠤᠳᠤ ᠦᠶ᠎ᠠ ᠵᠢᠨ ᠠᠯᠳᠠᠷᠳᠤ ᠬᠤᠭᠤᠷᠴᠢ ᠂ ᠠᠷᠠᠳ  ᠣᠨ ᠲᠠᠭᠤᠴᠢᠨ ᠃ 1950 ᠤᠨ ᠳᠣ ᠂ ᠲᠦᠨᠭᠯᠢᠶᠤᠤ ᠬᠤᠳᠠ ᠵᠢᠨ ᠨᠠᠢᠮᠠᠨ ᠬᠤᠰᠢᠭᠤᠨ ᠣ ᠭᠤᠷᠪᠠᠨᠬᠤᠸᠠ ᠰᠤᠮᠤ ᠵᠢᠨ ᠵᠢᠷᠭᠤᠭᠠᠨ ᠪᠠᠶᠢᠰᠢᠩ ᠭᠠᠴᠠᠭᠠᠨ ᠳᠣ ᠲᠦᠷᠦᠭᠰᠡᠨ ᠪᠢᠯᠡ ᠃ ᠵᠠᠯᠰᠠᠨ ᠣ ᠡᠵᠢ  ᠨᠢ ᠬᠤᠭᠤᠷ ᠬᠦᠭᠵᠢᠮ  ᠳᠤ ᠠᠪᠢᠶᠠᠰ  ᠲᠠᠢ ᠪᠠᠶᠢᠵᠤ ᠂ ᠨᠤᠲᠤᠭ ᠣᠨ  ᠢᠶᠡᠨ  ᠦᠯᠢᠭᠡᠷᠳᠤ ᠳᠠᠭᠤᠤ ᠵᠢ ᠴᠤ ᠤᠯᠠᠨ ᠳᠠᠭᠤᠯᠠᠵᠦ ᠴᠢᠳᠠᠳᠠᠭ ᠃ ᠡᠶᠢᠮᠦᠷᠬᠦᠦ  ᠭᠡᠷ ᠪᠦᠯᠢ  ᠳᠤ ᠦᠰᠴᠦ ᠲᠦᠷᠦᠭᠰᠡᠨ ᠵᠠᠯᠰᠠᠨ ᠬᠠᠷᠠᠬᠠᠨ ᠪᠠᠭ᠎ᠠ  ᠡᠴᠡ  ᠪᠠᠨ ᠠᠷᠠᠳ  ᠣᠨ ᠤᠷᠠᠯᠢᠭ  ᠢ ᠪᠠᠬᠠᠷᠬᠠᠨ ᠰᠤᠷᠴᠦ ᠂ ᠨᠠᠢᠮᠠ ᠂ ᠶᠢᠰᠦᠨ ᠨᠠᠰᠤ ᠬᠦᠷᠭᠦ ᠳᠣ ᠨᠢᠭᠡᠨᠳᠡ ᠤᠯᠠᠨ ᠠᠷᠪᠢᠨ ᠠᠷᠠᠳ ᠣᠨ ᠳᠠᠭᠤᠤ ᠵᠢ ᠳᠠᠭᠤᠯᠠᠵᠦ ᠴᠢᠳᠠᠬᠤ ᠪᠤᠯᠤᠭᠰᠠᠨ ᠪᠦᠭᠡᠳ ᠂ ᠠᠷᠪᠠᠨ ᠨᠢᠭᠡ ᠂ ᠠᠷᠪᠠᠨ ᠬᠤᠶᠠᠷ ᠨᠠᠰᠤᠨ  ᠡᠴᠡ  ᠪᠠᠨ ᠡᠬᠢᠯᠡᠨ  ᠡᠵᠢ  ᠡᠴᠡ  ᠪᠠᠨ ᠬᠤᠭᠤᠷ ᠳᠠᠳᠠᠬᠤ ᠵᠢ ᠰᠤᠷᠴᠦ ᠂ ᠠᠷᠪᠠᠨ ᠲᠦᠷᠪᠡ ᠂ ᠠᠷᠪᠠᠨ ᠳᠠᠪᠤᠨ ᠨᠠᠰᠤ ᠬᠦᠷᠭᠦ ᠳ᠋ᠣ ᠨᠢᠭᠡᠨᠳᠡ ᠦᠪᠡᠷ ᠳᠡᠭᠡᠨ ᠬᠤᠭᠤᠷᠳᠠᠵᠦ ᠬᠤᠯᠪᠤᠭ᠎ᠠ ᠭᠡᠯᠡᠵᠦ ᠴᠢᠳᠠᠬᠤ ᠪᠤᠯᠪᠠ ᠃ ᠵᠠᠯᠰᠠᠨ ᠠᠷᠪᠠᠨ ᠵᠢᠷᠭᠤᠭᠠᠨ ᠨᠠᠰᠤᠨ  ᠳᠠᠭᠠᠨ ᠳᠤᠭᠳᠠᠬᠤ ᠭᠡᠳᠡᠭ ᠬᠤᠭᠤᠷᠴᠢ ᠵᠢ  ᠲᠠᠭᠠᠨ ᠰᠤᠷᠤᠯᠴᠠᠵᠦ ᠂ ᠠᠷᠪᠠᠨ ᠨᠠᠢᠮᠠᠨ ᠨᠠᠰᠤᠨ  ᠳᠠᠭᠠᠨ ᠲᠡᠭᠦᠨ  ᠳᠤ ᠵᠢᠨᠭᠭᠢᠨᠢ  ᠪᠡᠷ ᠱᠠᠪᠢ ᠤᠷᠤᠪᠠ ᠃ ᠳᠤᠭᠳᠠᠬᠤ ᠪᠤᠯ ᠥᠩᠭᠡᠷᠡᠭᠰᠡᠨ  ᠳ᠋ᠡᠬᠡᠨ ᠲᠤᠰ ᠨᠤᠳᠤᠭ  ᠣᠨ ᠬᠠᠳᠠᠬᠠᠢ ︵ ᠵᠢᠩ ᠠᠨ ᠰᠦᠮ᠎ᠡ ︶ ᠰᠦᠮ᠎ᠡ ᠵᠢᠨ ᠯᠠᠮᠠ ᠮᠦᠷᠳᠡᠭᠡᠨ ᠵᠦᠪᠭᠡᠨ ᠭᠡᠭᠡᠨ ᠳ᠋ᠣ ᠯᠡ ᠦᠯᠢᠭᠡᠷ ᠭᠡᠯᠡᠵᠦ ᠦᠭᠳᠡᠭ ᠬᠤᠭᠤᠷᠴᠢ ᠪᠠᠶᠢᠵᠠᠢ ᠃ ᠳᠡᠷᠡ ᠭᠡᠳᠦᠨ ᠠᠷᠪᠠᠨ ᠢᠵᠢ ᠬᠤᠭᠤᠷ ᠣᠨ ᠦᠯᠢᠭᠡᠷ ᠭᠡᠯᠡᠵᠦ ᠪᠠᠶᠢᠭᠰᠠᠨ ᠪᠦᠭᠡᠳ ᠪᠠᠰᠠ ᠭᠡᠳᠦᠨ ᠪᠦᠯᠦᠭ ᠮᠠᠩᠭᠤᠰ  ᠣᠨ ᠦᠯᠢᠭᠡᠷ  ᠢ ᠭᠡᠯᠡᠵᠦ ᠴᠢᠳᠠᠨ᠎ᠠ ᠃ ᠵᠠᠯᠰᠠᠨ ᠬᠤᠭᠤᠷᠴᠢ ᠪᠠᠭᠰᠢ ᠳᠤᠭᠳᠠᠬᠤ  ᠡᠴᠡ ᠬᠤᠭᠤᠷ  ᠤᠨ ᠦᠯᠦᠭᠡᠷ ᠂ ᠦᠯᠢᠭᠡᠷᠲᠦ ᠳᠠᠭᠤᠤ ᠵᠡᠷᠭᠡ ᠤᠷᠠᠯᠢᠭ  ᠢ ᠮᠠᠰᠢ ᠰᠢᠰᠲ᠋ᠸᠮ  ᠲᠠᠢ  ᠪᠡᠷ ᠳᠠᠭᠠᠵᠤ ᠰᠤᠷᠤᠭᠰᠠᠨ ᠪᠠᠶᠢᠨ᠎ᠠ ᠃

ᠵᠠᠯᠰᠠᠨ ᠬᠤᠭᠤᠷᠴᠢ ᠦᠯᠢᠭᠡᠷ ᠬᠤᠯᠪᠤᠭ᠎ᠠ  ᠳᠤ ᠲᠤᠶᠢᠯ  ᠤᠨ ᠭᠠᠷᠮᠠᠭᠠᠢ ᠪᠠᠶᠢᠵᠤ ᠂ ︽ ᠪᠤᠶᠠᠨᠨᠡᠮᠡᠬᠦ ᠴᠢᠨ ᠸᠠᠩ ︾ ᠂ ︽ ᠭᠠᠷᠦᠳᠢ ᠬᠦᠯᠦᠭᠯᠡᠭᠰᠡᠨ ᠬᠠᠲᠤᠨ ︾ ᠂ ︽ ᠰᠸ ᠵᠢᠶᠸ ᠪᠠᠢ ᠬᠤᠸᠠ ︾ ᠂ ︽ ᠪᠠ ᠸᠠᠩ  ᠤᠨ ᠦᠯᠢᠭᠡᠷ ︾ ᠵᠡᠷᠭᠡ ᠭᠡᠳᠦᠨ ᠠᠷᠪᠠᠨ ᠢᠵᠢ ᠬᠤᠭᠤᠷ  ᠤᠨ ᠦᠯᠢᠭᠡᠷ ᠶᠠᠷᠢᠳᠠᠭ ᠪᠦᠭᠡᠳ ︽ ᠭᠠᠳᠠ ᠮᠠᠶᠢᠷᠠᠨ ︾ ᠂ ︽ ᠲᠤᠭᠲᠠᠬᠤ ︾ ᠂ ︽ ᠰᠠᠯᠵᠢᠳ ︾ ᠂ ︽ ᠳᠤᠭᠤᠷ᠎ᠠ ︾ ᠂ ︽ ᠨᠤᠭᠤᠨᠵᠠᠶᠠᠭ᠎ᠠ ︾ ᠂ ︽ ᠲᠦᠪᠰᠢᠳᠤᠷᠭᠤ ︾ ᠂ ︽ ᠨᠠᠢᠮᠠᠨ ᠳ᠋ᠠ ᠸᠠᠩ ︾ ᠵᠡᠷᠭᠡ ᠵᠠᠭᠤ ᠭᠠᠷᠤᠢ ᠤᠷᠲᠤ ᠂ ᠳᠤᠮᠳᠠ ᠂ ᠪᠤᠭᠤᠨᠢ ᠬᠠᠭᠤᠳᠠᠰᠤᠲᠦ ᠦᠯᠢᠭᠡᠷᠲᠦ ᠠᠷᠠᠳ  ᠤᠨ ᠳᠠᠭᠤᠤ ᠵᠢ ᠳᠠᠭᠤᠯᠠᠵᠤ ᠴᠢᠳᠠᠳᠠᠭ ᠃
3

 

ᠠᠯᠳᠠᠷᠳᠤ ᠬᠤᠭᠤᠷᠴᠢ ᠂ ᠠᠷᠠᠳ  ᠣᠨ ᠲᠠᠭᠤᠴᠢᠨ ︱︱ ᠵᠠᠯᠰᠠᠨ

 

4 5 6 7 8

VCD ᠪᠢᠴᠢᠯᠭᠡ ︱ ︽ ᠡᠷᠭᠦᠯᠳᠡᠢ ︾ ︵ ᠵᠠᠯᠰᠠᠨ︶ 

MP3 ᠪᠢᠴᠢᠯᠭᠡ ︱ ︽ ᠡᠷᠭᠦᠯᠳᠡᠢ ︾ ︵ ᠴᠠᠭᠠᠨᠪᠠᠷᠰ ︶

ᠰᠢᠭᠦᠮᠵᠢ ᠦᠯᠡᠳᠡᠭᠡᠬᠦ