• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠦᠩ ᠦᠷᠭᠡᠨ ᠠᠯᠠᠱᠨ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   38
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

︽ ᠦᠩ ᠦᠷᠭᠡᠨ ᠠᠯᠠᠱᠨ ︾ ᠭᠡᠭᠦ ᠤᠷᠳᠤ ᠵᠢᠨ ᠲᠠᠭᠤᠤ ᠪᠤᠯ ᠠᠯᠠᠱᠠᠴᠤᠳ ᠤᠨ ᠦᠪᠡᠳᠡᠭᠰᠢ ᠶᠠᠭᠡ ᠨᠠᠶᠢᠷ ᠨᠠᠭᠠᠳᠤᠮ ᠂ ᠶᠤᠰᠤᠯᠠᠯ ᠶᠠᠪᠤᠠᠠᠳᠠᠬᠤ ᠦᠶᠡᠰ ᠲᠠᠭᠤᠴᠢᠳ ᠂ ᠦᠵᠡᠭᠴᠢᠳ ᠬᠠᠮᠳᠤ  ᠪᠡᠷ ᠲᠠᠭᠤᠯᠠᠳᠠᠭ ︽ ᠨᠠᠢᠮᠠᠨ ᠱᠠᠰᠳᠢᠷ ᠲᠠᠭᠤᠤ ︾  ᠵᠢᠨ ᠨᠢᠭᠡ  ᠨᠢ ᠪᠤᠯᠤᠨ᠎ᠠ ᠃ ᠠᠯᠠᠱᠨ ᠪᠤᠯ ᠦᠪᠦᠷ ᠮᠤᠩᠭᠤᠯ ᠤᠨ ᠪᠠᠷᠠᠭᠤᠨ ᠭᠢᠵᠠᠭᠠᠷ ᠲᠣ ᠪᠠᠶᠢᠷᠢᠰᠢᠵᠤ ᠂ ᠭᠠᠵᠠᠷ ᠨᠤᠳᠤᠭ ᠦᠷᠭᠡᠨ ᠠᠭᠤᠳᠠᠮ ᠂ ᠭᠦᠮᠦᠨ ᠠᠮᠨ ᠴᠦᠭᠡᠨ ᠂ ᠮᠤᠩᠭᠤᠯ ᠦᠠᠳᠤᠰᠤᠳᠡᠨ  ᠢᠶᠡᠷ  ᠭᠤᠤᠯ ᠴᠤᠠᠠᠴᠨ ᠪᠤᠯᠭᠠᠠᠠᠰᠠᠨ ᠂ ᠭᠢᠳᠠᠳ ᠦᠠᠳᠤᠰᠤᠳᠡᠨ ᠤᠯᠠᠩᠭᠢ ᠲᠤᠭ᠎ᠠ ᠵᠢ ᠡᠵᠡᠯᠡᠵᠤ ᠂ ᠪᠤᠰᠤᠳ ᠴᠦᠭᠡᠨ ᠲᠤᠭᠠᠳᠤ ᠦᠠᠳᠤᠰᠤᠳᠡᠨ ᠬᠤᠯᠢᠯᠳᠤᠨ ᠰᠭᠤᠷᠢᠰᠢᠠᠠᠰᠠᠨ ᠤᠷᠤᠨ ᠪᠤᠯᠤᠨ᠎ᠠ ᠃ ᠠᠯᠠᠱᠨ ᠤᠤᠯ ᠳᠠᠭᠠᠨ ᠦᠩ ᠰᠢᠮᠡᠯᠢᠭ ᠰᠠᠶᠢᠬᠠᠨ ᠲᠠᠯ᠎ᠠ  ᠲᠠᠢ ᠂ ᠦᠨᠢᠷ ᠪᠠᠶᠠᠯᠢᠭ ᠠᠳᠤᠭᠤᠨ ᠪᠡᠯᠴᠢᠭᠡᠷ  ᠲᠠᠢ ᠪᠠᠶᠢᠵᠡᠢ ᠃ ᠤᠯᠠᠨ ᠵᠤᠶᠢᠯ ᠤᠨ ᠰᠢᠯᠳᠠᠭᠠᠨ ᠡᠴᠠ ᠪᠤᠯᠵᠤ ᠂ ᠡᠳᠦᠭᠡ  ᠡᠯᠡᠰᠦ ᠮᠠᠩᠬᠠᠨ  ᠳᠤ ᠲᠡᠷᠤᠠᠠᠳᠠᠠᠠᠰᠠᠨ ᠂ ᠡᠵᠡᠭᠦᠢ ᠬᠤᠭᠤᠰᠤᠨ ᠤᠷᠤᠨ ᠪᠤᠯᠪᠠ ᠃ ᠲᠤᠰ ᠲᠠᠭᠤᠤ ᠵᠢᠨ ᠦᠭᠡ ᠡᠴᠠ ᠲᠤᠬᠠᠢ ᠵᠢᠨ ᠦᠶ᠎ᠠ ᠵᠢᠨ ᠠᠯᠠᠱᠨ ᠪᠤᠯ ᠦᠨᠢᠷ ᠪᠠᠶᠠᠯᠢᠭ ᠡᠪᠡᠰᠣ ᠪᠡᠯᠴᠢᠭᠡᠷ  ᠲᠠᠢ ᠂ ᠦᠩᠭᠡ ᠦᠵᠡᠮᠵᠢ ᠪᠦᠷᠢᠳᠦᠭᠰᠡᠨ ᠤᠯᠳᠠᠬᠤᠶ᠎ᠠ ᠪᠡᠷᠭᠡ ᠨᠤᠳᠤᠭ ᠤᠷᠤᠨ ᠪᠠᠶᠢᠠᠠᠰᠠᠨ ᠢ ᠦᠵᠡᠵᠤ ᠭᠠᠷᠤᠨ᠎ᠠ ᠃ ᠡᠭᠦᠨ  ᠤ ᠬᠠᠮᠳᠤ ᠲᠤᠰ ᠲᠠᠭᠤᠤ  ᠳᠤ ᠪᠠᠰᠨ ᠡᠪᠦᠭᠡ ᠲᠡᠭᠡᠳᠤᠰ  ᠤᠨ  ᠢᠶᠡᠨ  ᠭᠠᠪᠢᠶ᠎ᠠ ᠵᠢᠳᠭᠦᠯ  ᠢ ᠮᠠᠠᠠᠳᠠᠨ ᠲᠠᠭᠤᠯᠠᠠᠠᠰᠠᠨ ᠰᠠᠨᠠᠭ᠎ᠠ ᠴᠤ ᠠᠬᠤᠭᠤᠯᠤᠠᠠᠳᠠᠵᠤ ᠪᠤᠢ ᠃

 

ᠬᠤᠶᠠᠷ ᠂ ᠠᠶᠠᠰ  ᠣᠨ ᠵᠠᠳᠠᠯᠤᠯᠳᠠ

 

ᠲᠠᠭᠤᠤ ᠵᠢᠨ ᠪᠦᠳᠤᠴᠨ ᠡᠴᠠ ᠦᠵᠡᠪᠡᠯ ᠂ ᠲᠤᠰ ᠲᠠᠭᠤᠤ  ᠨᠢ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ  ᠪᠡᠷ ᠪᠦᠷᠢᠯᠳᠣᠭ᠍ᠰᠡᠨ ᠭᠦᠩᠳᠠᠭᠤᠨ ᠠᠶᠠᠯᠭᠤᠨ ᠭᠡᠪ  ᠲᠠᠢ ᠲᠠᠭᠤᠤ ᠪᠤᠯᠤᠨ᠎ᠠ ᠃ ᠲᠡᠭᠡᠷ᠎ᠡ ᠭᠦᠭᠵᠢᠮ ᠤᠨ ᠦᠭᠦᠯᠡᠪᠦᠷᠢ ᠵᠢᠨ ᠲᠡᠭᠦᠰᠭᠡᠯ ᠲᠠᠭᠤᠨ  ᠨᠢ ᠵᠢᠳᠠᠭᠤᠨ ᠪᠠᠶᠢᠵᠤ ᠂ ᠲᠤᠤᠷ᠎ᠠ ᠭᠦᠭᠵᠢᠮ ᠤᠨ ᠦᠭᠦᠯᠡᠪᠦᠷᠢ ᠵᠢᠨ ᠲᠡᠭᠦᠰᠭᠡᠯ ᠲᠠᠭᠤᠨ  ᠨᠢ ᠭᠦᠩᠳᠠᠭᠤᠨ ᠪᠤᠯᠤᠨ᠎ᠠ ᠃ ᠬᠤᠶᠠᠭᠤᠯᠨ  ᠪᠡᠨ ︽ ᠬᠠᠷᠢᠶ᠎ᠠ ︱ ᠭᠤᠤᠯ ︾  ᠤᠨ ᠠᠪᠤᠯᠴᠠᠭ᠎ᠠ ᠪᠤᠯᠵᠠᠢ ᠃ ᠲᠠᠭᠤᠤ ᠵᠢᠨ ᠦᠭᠡ  ᠳᠤ ᠭᠤᠤᠯᠳᠠᠭᠤ ᠲᠠᠭᠠᠯᠳᠤᠪᠦᠷᠢ ᠦᠭᠡ ︽  ᠨᠢ ᠂ ᠯᠠ ᠂ ᠭᠦᠢ ︾  ᠪᠡᠷ ᠠᠶᠠᠰ ᠢ ᠬᠤᠯᠪᠤᠵᠡᠢ ᠃ ᠲᠡᠭᠡᠷ᠎ᠡ ᠭᠦᠭᠵᠢᠮ ᠤᠨ ᠦᠭᠦᠯᠡᠪᠦᠷᠢ  ᠳᠤ ᠨᠠᠢᠮᠠᠴᠠ ᠂ ᠲᠤᠯᠤᠭᠠᠴᠠ ᠵᠢᠨ ᠦᠰᠦᠷᠦᠯᠳᠠ ᠢᠯᠡᠷᠡᠵᠠᠢ ᠃ ᠡᠨᠡ   ᠨᠢ ᠦᠠᠳᠤᠷ ᠴᠠᠷᠠᠭ᠎ᠠ ᠡᠴᠠ ᠲᠤᠤᠷ᠎ᠠ ᠴᠠᠷᠠᠭ᠎ᠠ ᠵᠦᠭ᠍ ᠰᠢᠯᠵᠢᠭᠦ  ᠳᠤ ᠵᠠᠪᠠᠯ ᠦᠩᠭᠡᠷᠡᠭᠦ ᠠᠶᠠᠯᠭᠤ ᠵᠢᠨ ᠱᠠᠳᠤᠯᠠᠯ ᠪᠤᠯᠤᠨ᠎ᠠ ᠃ ᠡᠶᠢᠮᠦᠷᠬᠦ  ᠲᠡᠭᠡᠷ᠎ᠡ ᠭᠦᠭᠵᠢᠮ ᠤᠨ ᠦᠭᠦᠯᠡᠪᠦᠷᠢ ᠵᠢᠨ ᠲᠡᠭᠦᠰᠭᠡᠯ ᠲᠠᠭᠤᠨ  ᠨᠢ ᠲᠤᠤᠷ᠎ᠠ ᠭᠦᠭᠵᠢᠮ  ᠤᠨ ᠦᠭᠦᠯᠡᠪᠦᠷᠢ ᠵᠢᠨ ᠡᠬᠢᠨ   ᠳᠤ ᠢᠯᠡᠷᠡᠭᠰᠡᠨ ᠢ ︽ ᠬᠤᠯᠪᠤᠭ᠎ᠠ ᠴᠠᠭᠠᠷᠢᠭ ︾ ᠭᠡᠳᠡᠭ ᠃ ᠲᠡᠷᠨ  ᠨᠢ ᠬᠤᠶᠠᠷ ᠦᠭᠦᠯᠡᠪᠦᠷᠢ ᠵᠢ ᠬᠤᠯᠪᠤᠬᠤ ᠦᠢᠯᠡᠳᠦᠯ  ᠲᠠᠢ ᠃

ᠯᠠᠪᠯᠠᠠᠠᠰᠠᠨ ᠮᠠᠲ᠋ᠸᠷᠢᠶᠠᠯ

ᠸᠸᠢ  ᠪᠠᠭᠠᠳᠤᠷ ᠂ ᠬᠠᠳᠠ ᠄ ︽ ᠠᠯᠠᠱᠨ ᠲᠠᠭᠤᠤ ᠵᠢᠨ ᠲᠡᠭᠦᠪᠦᠷᠢ ︾ ᠂ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠂ 1988 ᠤᠨ ᠃

ᠪᠦᠳᠦᠭᠡᠯᠳᠤ ᠡᠷᠬᠢᠯᠡᠨ  ᠨᠠᠶᠢᠷᠠᠭᠤᠯᠰᠠᠨ ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

ᠭᠤᠷᠪᠠ ᠂ ᠠᠯᠠᠱᠠ ᠠᠷᠠᠳ  ᠣᠨ ᠳᠠᠭᠤᠤ ᠵᠢᠨ ᠰᠲ᠋ᠸᠯᠢ

 

ᠱᠠᠰᠳᠢᠷ ᠳᠠᠭᠤᠤ ︱ ᠠᠯᠠᠱᠠ ᠬᠤᠱᠤᠳ ᠬᠦᠮᠦᠰ  ᠣᠨ ᠳᠤᠮᠳᠠ ᠳᠠᠷᠬᠠᠨ ᠳᠡᠯᠭᠡᠷᠡᠵᠦ ᠪᠠᠶᠢᠭ᠎ᠠ ᠱᠠᠰᠳᠢᠷ ᠳᠠᠭᠤᠤ  ᠨᠢ ᠳᠠᠳᠠᠨᠠᠷ ᠣᠨ ᠤᠷᠳᠤ ᠤᠳᠠᠭᠠᠨ ᠳᠡᠤᠭᠡᠨ ᠶᠠᠪᠤᠴᠠ  ᠳᠤ ᠡᠭᠦᠳᠦᠨ  ᠪᠦᠳᠦᠭᠡᠭᠳᠡᠭᠰᠡᠨ ᠳᠠᠭᠤᠤ ᠵᠢᠨ ᠲᠦᠷᠦᠯ ᠪᠤᠯᠤᠨ᠎ᠠ ᠃ ᠱᠠᠰᠳᠢᠷ ᠳᠠᠭᠤᠤ ᠪᠤᠯ ᠳᠡᠤᠭᠡᠳᠤ ᠳᠠᠭᠤᠤ ᠭᠡᠳᠡᠭ ᠤᠳᠬ᠎ᠠ  ᠲᠠᠢ ᠪᠠᠶᠢᠵᠦ ᠂ ᠳᠡᠭᠦᠨ ᠣ ᠳᠤᠳᠤᠷᠠᠭᠢ ᠪᠠᠭ᠎ᠠ ᠪᠤᠰᠤ ᠳᠠᠭᠤᠤ  ᠨᠤᠭᠤᠳ  ᠲᠤ ᠬᠤᠱᠤᠳ ᠭᠦᠮᠦᠨ ᠪᠠᠷᠠᠭᠤᠨ  ᠡᠴᠡ ᠵᠡᠭᠦᠨᠰᠢ ᠨᠡᠭᠦᠳᠡᠯᠯᠡᠨ ᠠᠯᠠᠱᠠ ᠨᠤᠳᠤᠭ  ᠲᠤ ᠰᠠᠭᠤᠷᠢᠰᠢᠨ ᠮᠠᠯᠵᠢᠭᠰᠠᠨ ᠰᠦᠷ ᠵᠢᠪᠬᠤᠯᠠᠩᠳᠤ ᠳᠡᠤᠭᠡ ᠠᠬᠤᠢ ᠵᠢ ᠳᠡᠮᠳᠡᠭᠯᠡᠭᠰᠡᠨ ᠪᠦᠭᠡᠳ ᠳᠠᠳᠠᠨᠠᠷ ᠣᠨ ᠠᠯᠠᠱᠠ ᠨᠤᠳᠤᠭ ᠳᠡᠭᠢ 300 ᠭᠠᠷᠤᠢ ᠵᠢᠯ ᠣᠨ ᠠᠮᠢᠳᠤᠷᠠᠯ ᠣᠨ ᠦᠨᠭᠭᠡᠷᠡᠯᠳᠡ ᠳᠤᠮᠳᠠᠭᠢ ᠠᠭᠤᠤ ᠶᠡᠭᠡ ᠡᠭᠦᠳᠦᠯᠲᠡ  ᠪᠦᠳᠦᠭᠡᠯ ᠢ ᠢᠯᠡᠷᠡᠭᠦᠯᠦᠭᠰᠡᠨ ᠪᠠᠶᠢᠨ᠎ᠠ ᠃ ᠱᠠᠰᠳᠢᠷ ᠳᠠᠭᠤᠤ ᠵᠢᠨ ᠠᠭᠤᠯᠭ᠎ᠠ  ᠳᠤ ᠭᠤᠤᠯᠳᠠᠭᠤ ᠡᠵᠡᠨ ᠬᠠᠭᠠᠨ ᠡᠪᠦᠭᠡ ᠳᠡᠭᠡᠳᠦᠰ ᠸᠠᠩ ᠭᠦᠩ ᠡᠷᠬᠢᠮ  ᠢᠵᠠᠭᠤᠷᠳᠠᠨ ᠂ ᠭᠡᠭᠡᠨ ᠯᠠᠮᠠᠳᠠᠨ ᠣ ᠠᠴᠢ ᠭᠠᠪᠢᠶ᠎ᠠ ᠦᠷᠯᠦᠭ ᠵᠢᠳᠭᠦᠯ ᠢ ᠮᠠᠭᠳᠠᠨ ᠳᠠᠭᠤᠯᠠᠵᠦ ᠂ ᠡᠴᠢᠭᠡ ᠡᠬᠡ  ᠵᠢᠨ ᠡᠨᠡᠷᠢᠯ  ᠬᠠᠶᠢᠷ᠎ᠠ ᠵᠢ ᠤᠶᠠᠩᠭᠠᠯᠠᠨ ᠳᠠᠭᠤᠯᠠᠵᠦ ᠂ ᠦᠯᠦᠭᠡᠢ ᠨᠤᠳᠤᠭ ᠪᠤᠯᠤᠨ ᠭᠦᠯᠦᠭ ᠮᠤᠷᠢ ᠵᠢ ᠮᠠᠭᠳᠠᠨ ᠳᠠᠭᠤᠯᠠᠵᠦ ᠂ ᠠᠮᠢᠳᠤᠷᠠᠯ ᠣᠨ ᠭᠦᠨ ᠤᠬᠠᠭᠠᠨ ᠂ ᠶᠤᠰᠤ ᠤᠴᠢᠷ ᠂ ᠱᠠᠰᠢᠨ ᠰᠤᠷᠳᠠᠬᠤᠨ ᠬᠠᠤᠯᠢ ᠶᠤᠰᠤᠨ ᠂ ᠠᠮᠢᠳᠤᠷᠠᠯ ᠣᠨ ᠵᠦᠢ ᠶᠤᠰᠤ ᠵᠢ ᠳᠠᠭᠤᠯᠠᠨ ᠳᠤᠭᠠᠴᠢᠵᠦ ᠂ ᠤᠭᠰᠠᠭ᠎ᠠ ᠠᠶᠢᠮᠠᠭ ᠣᠨ ᠳᠡᠤᠭᠡ ᠴᠠᠳᠢᠭ ᠢ ᠳᠡᠮᠳᠡᠭᠯᠡᠨ ᠂ ᠨᠤᠳᠤᠭ ᠤᠰᠤᠨ ᠣ ᠦᠨᠭᠭᠡ ᠦᠵᠡᠮᠵᠢ ᠵᠠᠩ ᠵᠠᠩᠰᠢᠯ ᠤᠯᠠᠮᠵᠢᠯᠠᠯ ᠳᠤᠮᠤᠭ ᠵᠡᠷᠭᠡ ᠵᠢ ᠦᠭᠦᠯᠡᠨ ᠳᠤᠭᠠᠴᠢᠵᠦ ᠂ ᠲᠦᠪ ᠶᠡᠭᠡᠮᠰᠦᠭ ᠂ ᠡᠴᠢᠨ᠎ᠡ ᠪᠤᠯᠪᠠᠰᠤᠷᠠᠩᠭᠤᠢ ᠭᠡᠪ ᠨᠠᠮᠪᠠ ᠤᠨᠴᠠᠯᠢᠭ ᠰᠢᠨᠵᠢ ᠵᠢ ᠪᠦᠷᠢᠯᠳᠦᠭᠦᠯᠦᠭᠰᠡᠨ ᠪᠠᠶᠢᠳᠠᠭ ᠃

ᠱᠠᠰᠳᠢᠷ ᠳᠠᠭᠤᠤ ᠵᠢᠨ ᠵᠤᠩᠭᠢᠯᠠᠬᠤ ᠤᠯᠠᠩᠭᠢ  ᠨᠢ ᠤᠷᠳᠤ ᠵᠢᠨ ᠳᠠᠭᠤᠤ ᠵᠢᠨ ᠭᠡᠪ ᠰᠢᠨᠵᠢ ᠭᠡᠯᠪᠡᠷᠢ ᠮᠠᠶ᠋ᠢᠭ  ᠲᠠᠢ ᠪᠤᠯᠬᠤᠷ ᠲᠤᠰ ᠡᠮᠬᠢᠳᠬᠡᠯ  ᠣᠨ ᠨᠠᠶᠢᠷᠠᠭᠤᠯᠤᠭᠴᠢ  ᠡᠴᠡ ᠱᠠᠰᠳᠢᠷ ᠳᠠᠭᠤᠤ ᠪᠤᠯ ᠳᠠᠷᠤᠢ ᠠᠯᠠᠱᠠ ᠤᠷᠳᠤ ᠵᠢᠨ ᠳᠠᠭᠤᠤ ᠪᠤᠯᠤᠨ᠎ᠠ ᠭᠡᠵᠦ ᠦᠵᠡᠵᠦ ᠪᠠᠶᠢᠨ᠎ᠠ ᠃ ᠠᠷᠠᠳ ᠣᠨ ᠵᠠᠩ ᠵᠠᠩᠰᠢᠯ ᠣᠨ ᠴᠢᠳᠠᠪᠭᠢ  ᠡᠴᠡ ᠠᠪᠴᠦ ᠦᠵᠡᠭᠰᠡᠨ ᠣ ᠱᠠᠰᠢᠷ ᠳᠠᠭᠤᠤ ᠵᠢ ᠭᠤᠤᠯᠳᠠᠭᠤ ᠡᠯ᠎ᠡ ᠵᠦᠢᠯ ᠣᠨ ᠬᠤᠷᠢᠮ ᠨᠠᠶᠢᠷ ᠳᠡᠭᠡᠷ᠎ᠡ ᠳᠠᠭᠤᠯᠠᠳᠠᠭ ᠪᠦᠭᠡᠳ ᠳᠠᠭᠤᠯᠠᠬᠤ ᠳᠠᠭᠠᠨ ᠪᠠᠰᠠ ᠶᠤᠰᠤᠯᠠᠯ  ᠣᠨ ᠲᠦᠷᠢᠮ ᠳᠤᠭᠳᠠᠭᠠᠯ ᠢ ᠦᠨᠳᠦᠰᠦᠯᠡᠨ ᠂ ᠳᠤᠭᠳᠠᠭᠰᠡᠨ ᠵᠢᠷᠤᠮ ᠭᠤᠷᠢᠮ ᠶᠤᠰᠤᠭᠠᠷ ᠂ ᠤᠨᠴᠠ ᠳᠤᠭᠳᠠᠭᠰᠡᠨ ᠬᠤᠷᠢᠮ ᠨᠠᠶᠢᠷ ᠣᠨ ᠭᠡᠰᠡᠭ  ᠲᠤ ᠤᠨᠴᠠ ᠳᠤᠭᠳᠠᠭᠰᠠᠨ ᠳᠠᠭᠤᠤ ᠵᠢ ᠳᠠᠭᠤᠯᠠᠳᠠᠭ ᠶᠤᠰᠤ  ᠲᠠᠢ ᠂ ᠦᠭᠡᠷ᠎ᠡ  ᠪᠡᠷ ᠭᠡᠯᠡᠪᠡᠯ ᠂ ᠱᠠᠰᠳᠢᠷ ᠳᠠᠭᠤᠤ ᠪᠤᠯ ᠠᠭᠤᠯᠭ᠎ᠠ ᠵᠢᠨ ᠳᠠᠯ᠎ᠠ  ᠪᠡᠷ ᠠᠯᠠᠱᠠ ᠬᠤᠱᠤᠳ ᠭᠦᠮᠦᠰ  ᠲᠤ ᠤᠨᠴᠠ ᠪᠠᠶᠢᠳᠠᠭ ᠳᠡᠤᠭᠡ ᠰᠤᠶᠤᠯ ᠂ ᠦᠵᠡᠯ ᠰᠠᠨᠠᠭ᠎ᠠ ᠤᠶᠢᠯᠠᠭᠠᠭᠳᠠᠬᠤᠨ ᠂ ᠠᠮᠢᠳᠤᠷᠠᠯ ᠣᠨ ᠳᠠᠳᠬᠠᠯ ᠢ ᠲᠤᠰᠬᠠᠭᠰᠡᠨ ᠪᠠᠶᠢᠳᠠᠭ ᠃ ᠦᠨᠳᠦᠰᠦᠳᠡᠨ ᠣ ᠵᠠᠩ ᠵᠠᠩᠰᠢᠯ ᠣᠨ ᠴᠢᠳᠠᠪᠭᠢ ᠵᠢᠨ ᠳᠠᠯ᠎ᠠ  ᠪᠡᠷ ᠬᠤᠷᠢᠮ ᠨᠠᠶᠢᠷ ᠣᠨ ᠶᠤᠰᠤᠯᠠᠯ ᠣᠨ ᠳᠠᠭᠤᠤ ᠵᠢᠨ ᠬᠦᠷᠢᠶ᠎ᠡ ᠴᠠᠷ᠎ᠠ  ᠳᠤ ᠪᠠᠭᠳᠠᠵᠦ ᠂ ᠳᠠᠭᠤᠤ ᠭᠦᠭᠵᠢᠮ ᠣᠨ ᠭᠡᠯᠪᠡᠷᠢ ᠪᠠᠶᠢᠳᠠᠯ ᠣᠨ ᠳᠠᠯ᠎ᠠ  ᠪᠡᠷ ᠤᠷᠳᠤ ᠵᠢᠨ ᠳᠠᠭᠤᠤ ᠵᠢᠨ ᠭᠡᠯᠪᠡᠷᠢ ᠪᠠᠶᠢᠳᠠᠯ ᠵᠢᠡᠷ ᠨᠡᠶᠢᠳᠡᠯᠢᠭ ᠰᠢᠨᠵᠢ  ᠪᠠᠨ ᠪᠤᠯᠭᠠᠵᠦ ᠂ ᠤᠷᠠᠯᠢᠭ ᠣᠨ ᠭᠤᠸ᠎ᠠ ᠰᠤᠨᠢᠷᠬᠠᠮᠵᠢ ᠵᠢᠨ ᠳᠠᠯ᠎ᠠ  ᠪᠡᠷ ᠤᠶᠠᠩᠭᠠᠯᠠᠨ ᠮᠠᠭᠳᠠᠬᠤ ᠂ ᠤᠬᠠᠭᠤᠯᠤᠨ ᠰᠤᠷᠭᠠᠬᠤ ᠂ ᠤᠳᠬᠠᠴᠢᠯᠠᠨ ᠵᠢᠭᠠᠬᠤ  ᠪᠡᠷ ᠤᠨᠴᠠᠯᠢᠭ ᠵᠢᠡᠨ ᠪᠤᠯᠭᠠᠭᠰᠡᠨ ᠠᠷᠠᠳ  ᠣᠨ ᠳᠠᠭᠤᠤ ᠪᠤᠯᠤᠨ᠎ᠠ ᠃

ᠬᠤᠭᠢᠷ ᠳᠠᠭᠤᠤ ︱ ᠬᠤᠭᠢᠷ ᠳᠠᠭᠤᠤ ᠭᠡᠳᠡᠭ ᠪᠤᠯ ᠭᠠᠵᠠᠷ ᠤᠷᠤᠨ ᠣ ᠴᠢᠨᠠᠷᠳᠠᠢ ᠳᠠᠭᠤᠤ ᠭᠦᠭᠵᠢᠮ ᠣᠨ ᠨᠡᠷ᠎ᠡ ᠳᠤᠮᠢᠶ᠎ᠠ ᠪᠤᠯᠤᠨ᠎ᠠ ᠃ ᠠᠯᠠᠱᠠ ᠬᠤᠱᠤᠳ ᠭᠦᠮᠦᠰ ᠣᠨ ᠳᠤᠮᠳᠠ ᠬᠤᠭᠢᠷ ᠳᠠᠭᠤᠤ ᠵᠢ ᠱᠠᠰᠳᠢᠷ ᠳᠠᠭᠤᠤ  ᠲᠠᠢ ᠬᠠᠷᠢᠴᠠᠭᠤᠯᠪᠠᠯ ᠠᠶᠢᠵᠠᠮ ᠴᠤᠭᠢᠯᠭ᠎ᠠ  ᠨᠢ ᠴᠤᠪᠤᠭᠤᠯᠢᠭ ᠭᠦᠨᠭᠭᠡᠨ ᠂ ᠭᠦᠭ ᠲᠦᠷᠢᠯᠡᠭᠡ  ᠨᠢ ᠲᠦᠭᠦᠮ ᠠᠪᠰᠠᠷ ᠂ ᠭᠡᠯᠪᠡᠷᠢ ᠮᠠᠶ᠋ᠢᠭ  ᠨᠢ ᠬᠤᠪᠢᠷᠠᠯᠳᠠ ᠶᠡᠭᠡᠳᠡᠢ ᠂ ᠭᠡᠪ ᠨᠠᠮᠪᠠ  ᠨᠢ ᠬᠤᠱᠤᠩ ᠱᠤᠭ ᠠᠷᠠᠳ ᠣᠨ ᠳᠠᠭᠤᠤ ᠪᠤᠯᠤᠨ᠎ᠠ ᠃ ᠠᠭᠤᠯᠭ᠎ᠠ ᠪᠤᠯᠤᠨ ᠰᠡᠳᠦᠪ ᠮᠠᠲ᠋ᠸᠷᠢᠶᠠᠯ ᠣᠨ ᠳᠠᠯ᠎ᠠ  ᠪᠡᠷ ᠦᠵᠡᠪᠡᠯ ᠬᠤᠭᠢᠷ ᠳᠠᠭᠤᠤ  ᠨᠢ ᠢᠨᠠᠭ  ᠣᠨ ᠳᠠᠭᠤᠤ ᠂ ᠠᠮᠢᠳᠤᠷᠠᠯ ᠣᠨ ᠳᠠᠭᠤᠤ  ᠪᠡᠷ ᠭᠤᠤᠯ ᠪᠤᠯᠭᠠᠵᠦ ᠂ ᠪᠠᠰᠠ ᠳᠡᠤᠭᠡᠳᠤ ᠳᠠᠭᠤᠤ ᠂ ᠰᠠᠨᠠᠵᠦ ᠮᠦᠷᠦᠭᠡᠳᠦᠭᠰᠡᠨ ᠳᠠᠭᠤᠤ ᠂ ᠰᠤᠷᠭᠠᠵᠦ ᠰᠢᠭᠦᠮᠵᠢᠯᠡᠭᠦ ᠳᠠᠭᠤᠤ ᠂ ᠮᠠᠭᠳᠠᠭᠠᠯ ᠳᠠᠭᠤᠤ ᠪᠤᠯᠤᠨ ᠬᠤᠱᠤᠩ ᠱᠤᠭ ᠳᠠᠭᠤᠤ ᠵᠡᠷᠭᠡ ᠰᠡᠳᠦᠪ ᠮᠠᠲ᠋ᠸᠷᠢᠶᠠᠯ  ᠲᠠᠢ ᠪᠠᠶᠢᠳᠠᠭ ︔ ᠠᠷᠠᠳ ᠣᠨ ᠵᠠᠩ ᠵᠠᠩᠰᠢᠯ ᠣᠨ ᠴᠢᠳᠠᠪᠭᠢ  ᠡᠴᠡ ᠠᠪᠴᠦ ᠦᠵᠡᠪᠡᠯ ᠬᠤᠭᠢᠷ ᠳᠠᠭᠤᠤ ᠪᠤᠯ ᠳᠠᠭᠢᠯᠭ᠎ᠠ ᠳᠠᠶᠢᠯᠭ᠎ᠠ ᠂ ᠪᠠᠶᠠᠷ ᠲᠤᠷᠠᠰᠬᠠᠯ ᠂ ᠨᠠᠶᠢᠷ ᠨᠠᠭᠠᠳᠤᠮ ᠂ ᠬᠤᠷᠢᠮ ᠬᠤᠷᠠᠯ ᠵᠡᠷᠭᠡ ᠳᠠᠯᠠᠪᠤᠷ  ᠲᠤ ᠳᠠᠭᠤᠯᠠᠵᠦ ᠪᠤᠯᠬᠤ ᠦᠭᠡᠢ ᠳᠠᠭᠤᠤ  ᠨᠤᠭᠤᠳ ᠪᠤᠯᠤᠨ᠎ᠠ ᠃ ᠳᠡᠷᠡ  ᠨᠢ ᠡᠳᠦᠷ  ᠲᠤᠳᠤᠮ ᠣᠨ ᠠᠮᠢᠳᠤᠷᠠᠯ ᠳᠤᠮᠳᠠ ᠦᠪᠡᠷ ᠳᠡᠭᠡᠨ ᠳᠠᠭᠤᠯᠠᠵᠦ ᠪᠠᠶᠠᠰᠬᠤ ᠪᠤᠶᠤ ᠦᠶ᠎ᠡ ᠬᠤᠷᠠᠭᠴᠤᠤᠯ  ᠲᠠᠢ  ᠪᠠᠨ ᠨᠠᠭᠠᠳᠤᠨ ᠳᠤᠭᠯᠠᠬᠤ ᠦᠶᠡᠰ ᠳᠠᠭᠤᠯᠠᠳᠠᠭ ᠳᠠᠭᠤᠤ ᠪᠤᠯᠤᠨ᠎ᠠ ᠃

 

ᠲᠦᠷᠪᠡ ᠂ ᠳᠠᠭᠤᠤ ᠵᠢᠨ ᠦᠭᠡ

 

ᠦᠩ ᠯᠠ ᠦᠷᠭᠡᠨ ᠠᠯᠠᠱᠠ ᠭᠦᠢ

ᠤᠯᠳᠠᠬᠤᠶ᠎ᠠ ᠪᠡᠷᠭᠡ  ᠨᠢ ᠨᠤᠳᠤᠭ ᠯᠠ  ᠮᠢᠨᠢ ᠃

 

ᠦᠨᠢᠷ ᠯᠠ ᠪᠠᠶᠠᠨ ᠤᠷᠢᠳᠤ ᠶᠢᠨ ᠪᠤᠶᠠᠨ

ᠤᠮᠤᠭ ᠰᠡᠳᠭᠢᠯ ᠦᠭᠳᠡᠮ᠎ᠡ ᠶᠢᠨ ᠶᠤᠰᠤ ᠃

 

ᠨᠠᠶᠠᠨ ᠯᠠ ᠦᠭᠡᠨ ᠤ ᠨᠠᠶᠢᠷᠳᠠᠢ  ᠨᠢ ᠰᠠᠶᠢᠬᠠᠨ

ᠨᠠᠶᠢᠷ ᠬᠤᠷᠢᠮ ᠤᠨ ᠴᠡᠩᠭᠡᠯᠳᠡᠢ  ᠨᠢ ᠰᠠᠶᠢᠬᠠᠨ ᠃

 

ᠪᠠᠭᠠᠳᠤᠷ ᠵᠢᠷᠤᠭᠡ ᠪᠡᠶ᠎ᠠ ᠳᠡᠭᠡᠨ ᠲᠦᠰᠢᠭ  ᠲᠠᠢ

ᠪᠠᠠᠠᠯᠠᠷ ᠮᠤᠳᠤ ᠡᠰᠢ ᠳᠡᠭᠡᠨ ᠲᠦᠰᠢᠭ  ᠲᠠᠢ ᠃

 

ᠳᠠᠪᠤ ᠂ ᠳᠠᠭᠤᠤ ᠵᠢᠨ ᠨᠤᠲ

 

1

 

ᠪᠠᠳᠮ᠎ᠠ ᠵᠢᠨ ᠳᠤᠪᠴᠢ ᠳᠠᠨᠢᠯᠴᠠᠭᠤᠯᠭ᠎ᠠ

 

ᠤᠷᠳᠤ ᠵᠢᠨ ᠳᠠᠭᠤᠴᠢᠨ ᠂ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠠᠯᠠᠱᠠ ᠭᠡᠪ ᠨᠠᠮᠪᠠ ᠵᠢᠨ ᠤᠷᠤᠰᠬᠠᠯ ᠪᠦᠯᠦᠭ ᠣᠨ ᠭᠠᠷᠮᠠᠭᠠᠢ ᠲᠦᠯᠦᠭᠡᠯᠡᠭᠴᠢ ᠂ ᠤᠳᠤ ᠦᠶ᠎ᠡ ᠵᠢᠨ ᠠᠯᠠᠱᠠ ᠬᠤᠱᠤᠳ ᠂ ᠳᠤᠷᠭᠤᠳ ᠂ ᠬᠠᠯᠬ᠎ᠠ ᠭᠡᠪ ᠨᠠᠮᠪᠠ ᠪᠦᠬᠦᠢ ᠤᠷᠳᠤ ᠵᠢᠨ ᠳᠠᠭᠤᠤ ᠵᠢᠨ ᠴᠢᠬᠤᠯᠠ ᠵᠠᠯᠭᠠᠮᠵᠢᠯᠠᠨ ᠤᠯᠠᠮᠵᠢᠯᠠᠭᠴᠢ ᠂ ᠠᠯᠠᠱᠠ ᠭᠡᠪ ᠨᠠᠮᠪᠠ ᠪᠦᠬᠦᠢ ᠮᠤᠷᠢᠨ ᠬᠤᠭᠤᠷ ᠣᠨ ᠴᠢᠬᠤᠯᠠ ᠵᠠᠯᠭᠠᠮᠵᠢᠯᠠᠨ ᠤᠯᠠᠮᠵᠢᠯᠠᠭᠴᠢ ᠂ ᠦᠨᠳᠦᠰᠦᠳᠡᠨ ᠣ ᠳᠠᠭᠤᠤ ᠭᠦᠭᠵᠢᠮ ᠣᠨ ᠠᠵᠢᠯ  ᠣᠨ ᠭᠠᠷᠮᠠᠭᠠᠢ ᠵᠤᠬᠢᠶᠠᠨ ᠪᠠᠶᠢᠭᠤᠯᠤᠭᠴᠢ ᠪᠠᠳᠮ᠎ᠠ 1940 ᠤᠨ  ᠳᠤ ᠠᠯᠠᠱᠠ ᠪᠠᠷᠠᠭᠤᠨ ᠬᠤᠰᠢᠭᠤᠨ  ᠳᠤ ᠲᠦᠷᠦᠵᠠᠢ ᠃ ᠳᠡᠷᠡ ᠬᠠᠷᠠᠬᠠᠨ ᠪᠠᠭ᠎ᠠ  ᠡᠴᠡ  ᠪᠠᠨ ᠠᠯᠠᠱᠠ ᠨᠤᠳᠤᠭ  ᠣᠨ ᠤᠤᠷ ᠰᠤᠶᠤᠯ ᠣᠨ ᠨᠦᠯᠦᠭᠡ ᠵᠢ ᠭᠦᠷᠳᠡᠵᠦ ᠂ ᠵᠠᠯᠠᠭᠤ ᠽᠠᠨᠳᠠᠨ ᠨᠠᠰᠤᠨ ᠳᠠᠭᠠᠨ ᠦᠯᠠᠮᠵᠢ ᠤᠯᠠᠨ ᠠᠯᠠᠱᠠ ᠠᠷᠠᠳ ᠣᠨ ᠳᠠᠭᠤᠤ ᠵᠢ ᠰᠤᠷᠴᠦ ᠳᠠᠭᠤᠯᠠᠨ ᠂ ᠬᠤᠯᠠ ᠤᠶᠢᠷ᠎ᠠ ᠳᠠᠭᠠᠨ ᠠᠯᠳᠠᠷᠰᠢᠭᠰᠠᠨ ᠠᠷᠠᠳ ᠣᠨ ᠳᠠᠭᠤᠴᠢᠨ ᠪᠤᠯᠵᠠᠢ ᠃ ᠭᠡᠳᠦᠶᠢᠨ ᠤᠯᠤᠰ ᠂ ᠦᠪᠡᠷᠳᠡᠭᠡᠨ ᠵᠠᠰᠠᠬᠤ ᠤᠷᠤᠨ  ᠣ ᠤᠷᠤᠯᠳᠤᠭᠠᠨ   ᠳᠤ ᠤᠯᠠᠨ ᠤᠳᠠᠭ᠎ᠠ ᠱᠠᠩᠨᠠᠯ ᠭᠦᠷᠳᠡᠵᠦ ᠂ ᠺᠢᠨᠤ᠋ ᠳᠤᠭᠯᠠᠨ ᠂ ᠤᠷᠳᠤ ᠵᠢᠨ ᠳᠠᠭᠤᠤ ᠵᠢᠨ ᠰᠢᠨᠭᠭᠡᠭᠡᠯᠳᠡ ᠤᠶᠢᠯᠡᠳᠴᠦ ᠂ ᠪᠠᠰᠠ ᠶᠠᠫᠤᠨ ᠤᠯᠤᠰ  ᠲᠤ ᠠᠶᠢᠯᠴᠢᠯᠠᠨ ᠳᠤᠭᠯᠠᠪᠠ ᠃ ᠪᠠᠳᠮ᠎ᠠ ᠪᠠᠭᠰᠢ 500 ᠭᠠᠷᠤᠢ ᠪᠠᠳᠠᠭ ᠬᠤᠱᠤᠳ ᠂ ᠳᠤᠷᠭᠤᠳ ᠂ ᠬᠠᠯᠬ᠎ᠠ ᠭᠡᠪ ᠨᠠᠮᠪᠠ ᠪᠦᠬᠦᠢ ᠤᠷᠳᠤ ᠪᠤᠭᠤᠨᠢ ᠡᠯ᠎ᠡ ᠵᠦᠢᠯ ᠣᠨ ᠰᠡᠳᠦᠪᠳᠤ ᠠᠷᠠᠳ ᠣᠨ ᠳᠠᠭᠤᠤ ᠳᠠᠭᠤᠯᠠᠵᠦ ᠴᠢᠳᠠᠳᠠᠭ ᠪᠦᠭᠡᠳ ᠦᠪᠡᠷ ᠳᠡᠭᠡᠨ ᠳᠡᠮᠳᠡᠭᠯᠡᠵᠦ ᠂ ᠰᠢᠨᠭᠭᠡᠭᠡᠵᠦ ᠂ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠤᠷᠠᠯᠢᠭ ᠣᠨ ᠦᠪ ᠢ ᠬᠠᠮᠭᠠᠯᠠᠵᠦ ᠤᠯᠠᠮᠵᠢᠯᠠᠬᠤ  ᠳᠤ ᠴᠢᠬᠤᠯᠠ ᠬᠤᠪᠢ ᠨᠡᠮᠡᠷᠢ ᠦᠵᠡᠭᠦᠯᠵᠡᠢ ᠃ ᠪᠠᠳᠮ᠎ᠠ ᠭᠡᠳᠦᠶᠢᠨ ᠠᠯᠠᠱᠠ ᠠᠷᠠᠳ ᠣᠨ ᠳᠠᠭᠤᠴᠢᠳ ᠣᠨ ᠨᠡᠶᠢᠭᠡᠮᠯᠢᠭ ᠣᠨ ᠳᠡᠳ᠋ ᠳᠠᠷᠤᠭ᠎ᠠ ᠂ ᠳᠠᠷᠤᠭ᠎ᠠ ᠵᠢᠨ ᠳᠤᠰᠢᠶᠠᠯ ᠢ ᠬᠠᠷᠢᠭᠤᠴᠠᠵᠦ ᠂ ᠪᠠᠰᠠ ᠤᠷᠳᠤ ᠵᠢᠨ ᠳᠠᠭᠤᠤ ᠵᠢᠨ ᠤᠷᠤᠯᠳᠤᠭᠠᠨ ᠂ ᠰᠤᠳᠤᠯᠤᠨ ᠶᠠᠷᠢᠯᠴᠠᠬᠤ ᠬᠤᠷᠠᠯ ᠢ ᠤᠯᠠᠨᠳᠠ ᠵᠤᠬᠢᠶᠠᠨ ᠪᠠᠶᠢᠭᠤᠯᠵᠦ ᠡᠷᠬᠢᠯᠡᠨ  ᠂ ᠤᠷᠳᠤ ᠵᠢᠨ ᠳᠠᠭᠤᠤ ᠵᠢᠨ ᠰᠤᠷᠤᠯᠴᠠᠬᠤ ᠠᠩᠭᠢ ᠵᠢ ᠡᠷᠬᠢᠯᠡᠵᠦ  ᠂ ᠠᠯᠠᠱᠠ ᠤᠷᠳᠤ ᠵᠢᠨ ᠳᠠᠭᠤᠤ ᠵᠢ ᠤᠯᠠᠮᠵᠢᠯᠠᠨ ᠮᠠᠨᠳᠤᠭᠤᠯᠬᠤ  ᠳᠤ ᠯᠤᠳᠤ ᠶᠡᠭᠡ ᠬᠤᠪᠢ ᠨᠡᠮᠡᠷᠢ ᠭᠠᠷᠭᠠᠵᠠᠢ ᠃ ᠤᠶᠢᠷ᠎ᠠ ᠵᠢᠨ ᠵᠢᠯ ᠣᠨ ᠳᠤᠷᠰᠢ ᠳᠡᠷᠡ ᠭᠡᠪᠴᠢᠶ᠎ᠠ  ᠪᠡᠷ ᠶᠡᠭᠡ ᠠᠯᠠᠱᠠ ᠨᠤᠳᠤᠭ ᠣᠨ ᠤᠷᠳᠤ ᠵᠢᠨ ᠳᠠᠭᠤᠤ ᠵᠢ ᠴᠤᠭᠯᠠᠭᠤᠯᠬᠤ ᠠᠮᠭᠢᠳᠭᠡᠭᠦ ᠠᠵᠢᠯ ᠢ ᠵᠤᠬᠢᠶᠠᠨ ᠪᠠᠶᠢᠭᠤᠯᠵᠦ ᠭᠡᠷᠡᠭᠵᠢᠭᠦᠯᠵᠦ ᠂ ᠤᠳᠤ ᠨᠢᠭᠡᠨᠳᠡ 1000 ᠭᠠᠷᠤᠢ ᠪᠠᠳᠠᠭ ᠠᠯᠠᠱᠠ ᠠᠷᠠᠳ ᠣᠨ ᠳᠠᠭᠤᠤ ᠵᠢ ᠴᠤᠭᠯᠠᠭᠤᠯᠤᠨ ᠡᠮᠬᠢᠳᠬᠡᠭᠡᠳ  ᠪᠤᠢ ᠃

 

ᠤᠷᠳᠤ ᠵᠢᠨ ᠳᠠᠭᠤᠴᠢᠨ ᠂ ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠠᠯᠠᠱᠠ ᠭᠡᠪ ᠨᠠᠮᠪᠠ ᠵᠢᠨ ᠤᠷᠤᠰᠬᠠᠯ ᠪᠦᠯᠦᠭ ᠣᠨ ᠭᠠᠷᠮᠠᠭᠠᠢ ᠲᠦᠯᠦᠭᠡᠯᠡᠭᠴᠢ ︱ ︱ ᠪᠠᠳᠮ᠎ᠠ

2 3 4 5 6 7 8 9 10 11

MP3 ᠪᠢᠴᠢᠯᠭᠡ ︱ ︽ ᠦᠩ ᠦᠷᠭᠡᠨ ᠠᠯᠠᠱᠠ ︾ ︵ ᠪᠠᠳᠮ᠎ᠠ ︶

VCD ᠪᠢᠴᠢᠯᠭᠡ ︱ ︽ ᠦᠩ ᠦᠷᠭᠡᠨ ᠠᠯᠠᠱᠠ ︾ ︵ ᠠᠯᠳᠠᠨᠴᠡᠴᠡᠭ ︶

ᠰᠢᠭᠦᠮᠵᠢ ᠦᠯᠡᠳᠡᠭᠡᠬᠦ