• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠨᠠᠷᠢᠨ ᠭᠦᠭᠡ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   38
 • ᠄   0
 • ᠄   0
 • ᠄  0

ᠨᠢᠭᠡ ᠂ ᠲᠤᠰ ᠳᠠᠭᠤᠤ ᠶᠢᠨ ᠲᠤᠬᠠᠢ

 

ᠤᠷᠲᠤ ᠵᠢᠨ ᠳᠠᠭᠤᠤ ᠵᠢᠨ ᠦᠭᠡ ᠰᠢᠯᠦᠭ  ᠨᠢ ᠶᠡᠷᠦᠳᠡᠭᠡᠨ ᠡᠮᠦᠨ᠎ᠡ  ᠬᠤᠶᠢᠨ᠎ᠠ ᠬᠤᠶᠠᠷ ᠦᠭᠦᠯᠡᠪᠦᠷᠢ  ᠪᠡᠷ ᠪᠦᠷᠢᠯᠳᠦᠭᠰᠡᠨ ᠪᠠᠶᠢᠳᠠᠭ ᠃ ᠡᠮᠦᠨ᠎ᠡ  ᠦᠭᠦᠯᠡᠪᠦᠷᠢ  ᠨᠢ ᠪᠠᠶᠢᠭᠠᠯᠢᠯᠢᠭ ᠠᠬᠤᠢ ᠵᠢ ᠢᠯᠡᠳᠭᠡᠨ ᠳᠠᠭᠤᠯᠠᠵᠤ ᠂ ᠬᠤᠶᠢᠨᠠᠬᠢ ᠦᠭᠦᠯᠡᠪᠦᠷᠢ  ᠨᠢ ᠰᠡᠳᠭᠢᠯᠭᠡ  ᠪᠠᠨ ᠰᠢᠭᠤᠳ ᠢᠯᠡᠳᠬᠡᠳᠡᠭ ᠃ ᠡᠨᠡᠬᠦ  ᠬᠤᠶᠠᠷ ᠦᠭᠦᠯᠡᠪᠦᠷᠢ  ᠨᠢ ᠨᠢᠭᠡᠨ ᠪᠠᠳᠠᠭ ᠢ ᠬᠠᠮᠲᠤᠳᠬᠠᠨ ᠪᠦᠷᠢᠯᠳᠦᠭᠦᠯᠵᠦ ᠂ ᠨᠢᠭᠡ ᠦᠭᠦᠯᠡᠪᠦᠷᠢ ᠵᠢ ᠨᠢᠭᠡ ᠤᠳᠠᠭ᠎ᠠ ᠵᠢᠨ ᠠᠶ᠎ᠠ ᠳᠡᠭᠡᠷ᠎ᠡ ᠳᠠᠭᠤᠯᠠᠵᠤ ᠠᠶ᠎ᠠ  ᠪᠠᠨ ᠬᠤᠶᠠᠷ ᠤᠳᠠᠭ᠎ᠠ ᠳᠠᠪᠲᠠᠮᠠᠨᠵᠢᠨ ᠨᠢᠭᠡᠨ ᠪᠠᠳᠠᠭ ᠦᠭᠡ  ᠪᠠᠨ ᠳᠠᠭᠤᠯᠠᠵᠤ ᠲᠡᠭᠦᠰᠬᠡᠳᠡᠭ ᠃ ᠡᠶᠢᠮᠦ   ᠡᠴᠡ ᠬᠦᠮᠦᠰ ᠶᠡᠷᠦᠨᠢ ᠦᠪᠡᠷ ᠣᠨ ᠪᠠᠶᠢᠭᠠᠯᠢ ᠳᠡᠯᠡᠬᠡᠢ ᠵᠢᠨ ᠳᠤᠬᠠᠢ ᠦᠵᠡᠯᠲᠡ ᠲᠠᠨᠢᠯᠲᠠ ᠂ ᠭᠤᠸ᠎ᠠ ᠮᠡᠳᠡᠷᠡᠬᠦᠢ ᠪᠠ ᠦᠪᠡᠷ ᠣᠨ ᠳᠤᠲᠤᠭᠠᠳᠤ ᠰᠡᠳᠭᠢᠯ ᠣᠨ ᠲᠠᠨᠢᠯᠲᠠ ᠤᠬᠠᠮᠰᠠᠷ  ᠢᠶᠡᠨ  ᠠᠳᠠᠯᠢ ᠨᠢᠭᠡᠨ ᠠᠶᠠᠰ ᠳᠡᠭᠡᠷ᠎ᠡ ᠳᠠᠭᠤᠯᠠᠨ ᠢᠯᠡᠳᠬᠡᠳᠡᠭ ᠪᠠᠶᠢᠨ᠎ᠠ ᠃ ᠡᠶᠢᠮᠦ   ᠡᠴᠡ ᠪᠠᠶᠢᠭᠠᠯᠢ ᠪᠠ ᠬᠦᠮᠦᠨ ᠤᠷᠭᠠᠨᠢᠭ  ᠢᠶᠡᠷ  ᠠᠭᠤᠰᠤᠨ ᠤᠶᠠᠯᠳᠤᠳᠠᠭ ᠪᠠᠶᠢᠨ᠎ᠠ ᠃ ᠲᠤᠰ ᠳᠠᠭᠤᠤ  ᠨᠢ ᠰᠢᠯᠢ ᠵᠢᠨ ᠭᠤᠤᠯ ᠨᠤᠲᠤᠭ  ᠢᠶᠡᠷ  ᠦᠷᠭᠡᠨ ᠳᠠᠭᠤᠯᠠᠭᠳᠠᠵᠤ ᠪᠠᠶᠢᠭ᠎ᠠ ᠪᠦᠭᠡᠳ ᠂ ᠡᠮᠦᠨᠡᠬᠢ  ᠦᠭᠦᠯᠡᠪᠦᠷᠢ  ᠨᠢ ︽ ᠨᠠᠷᠢᠨ ᠬᠦᠭᠡ ᠮᠤᠷᠢ  ᠪᠠᠨ ᠨᠠᠷᠠᠨ  ᠡᠴᠡ  ᠪᠠᠨ ᠡᠮᠦᠨ᠎ᠡ  ᠰᠤᠶᠢᠭᠠᠰᠤᠲᠠᠢ ︾ ᠭᠡᠵᠤ ᠂ ᠨᠠᠷᠢᠨ ᠬᠦᠬᠡ ᠮᠤᠷᠢ  ᠪᠡᠷ ᠬᠦᠭᠵᠢᠭᠡᠨ ᠰᠠᠨᠠᠭ᠎ᠠ ᠠᠬᠤᠢ  ᠪᠠᠨ ᠢᠯᠡᠳᠭᠡᠵᠦ ᠂ ᠳᠠᠷᠠᠭ᠎ᠠ ᠦᠭᠦᠯᠡᠪᠦᠷᠢ ᠳᠡᠬᠡᠨ ᠡᠵᠢ ᠠᠪᠤ ᠵᠢᠨ  ᠢᠶᠡᠨ  ᠡᠨᠡᠷᠢᠯ  ᠬᠠᠶᠢᠷ᠎ᠠ ᠵᠢ ᠤᠶᠠᠨᠭ᠍ᠭᠠᠯᠠᠨ ᠢᠯᠡᠳᠬᠡᠭᠰᠡᠨ ᠪᠠᠶᠢᠳᠠᠭ ᠃

 

ᠬᠤᠶᠠᠷ ᠂ ᠠᠶᠠᠰ  ᠣᠨ ᠵᠠᠳᠠᠯᠤᠯᠲᠠ

 

ᠲᠤᠰ ᠳᠠᠭᠤᠤ ᠵᠢᠨ ᠠᠶ᠎ᠠ  ᠨᠢ ᠳᠡᠭᠡᠷ᠎ᠡ ᠳᠤᠤᠷ᠎ᠠ ᠬᠤᠶᠠᠷ ᠬᠦᠭᠵᠢᠮ ᠣᠨ ᠦᠭᠦᠯᠡᠪᠦᠷᠢ  ᠪᠡᠷ ᠪᠦᠷᠢᠯᠳᠦᠵᠡᠢ ᠃ ᠳᠡᠭᠡᠷ᠎ᠡ ᠬᠦᠭᠵᠢᠮ ᠣᠨ ᠦᠭᠦᠯᠡᠪᠦᠷᠢ  ᠨᠢ ᠬᠤᠶᠠᠷ ᠪᠠᠭ᠎ᠠ ᠳᠠᠰᠤᠯᠪᠤᠷᠢ ᠪᠠᠶᠢᠵᠤ ᠂ ᠳᠤᠤᠷ᠎ᠠ ᠬᠦᠭᠵᠢᠮ ᠣᠨ ᠦᠭᠦᠯᠡᠪᠦᠷᠢ  ᠨᠢ ᠭᠤᠷᠪᠠᠨ ᠪᠠᠭ᠎ᠠ ᠲᠠᠰᠤᠯᠪᠤᠷᠢ ᠪᠠᠶᠢᠨ᠎ᠠ ᠃ ᠭᠡᠬᠦ ᠳᠡᠬᠡᠨ ᠬᠦᠭᠵᠢᠮ ᠣᠨ ᠦᠭᠦᠯᠡᠪᠦᠷᠢ ᠪᠦᠷᠢ  ᠨᠢ ᠡᠮᠦᠨ᠎ᠡ  ᠬᠤᠶᠢᠨ᠎ᠠ ᠳᠠᠭᠤ ᠬᠤᠭᠤᠯᠠᠢ ᠠᠪᠤᠯᠴᠠᠭᠰᠠᠨ ᠬᠤᠶᠠᠷ ᠬᠦᠭᠵᠢᠮ ᠣᠨ ᠳᠠᠰᠤᠯᠪᠤᠷᠢ  ᠪᠡᠷ ᠪᠦᠷᠢᠯᠳᠦᠭᠰᠡᠨ ᠪᠠᠶᠢᠳᠠᠭ ᠃ ᠳᠡᠭᠡᠷ᠎ᠡ ᠬᠦᠭᠵᠢᠮ ᠣᠨ ᠦᠭᠦᠯᠡᠪᠦᠷᠢ  ᠨᠢ ᠱᠠᠨᠭ᠍ᠳᠠᠭᠤᠨ ᠳᠡᠭᠡᠷ᠎ᠡ ᠵᠤᠭᠰᠤᠵᠤ ᠂ ᠳᠤᠤᠷ᠎ᠠ ᠬᠦᠭᠵᠢᠮ ᠣᠨ ᠦᠭᠦᠯᠡᠪᠦᠷᠢ  ᠨᠢ ᠶᠦᠳᠠᠭᠤᠨ ᠳᠡᠭᠡᠷ᠎ᠡ ᠵᠤᠭᠰᠤᠭᠰᠡᠨ  ᠡᠴᠡ ᠂ ᠬᠤᠶᠠᠷ ᠬᠦᠭᠵᠢᠮ ᠣᠨ ᠦᠭᠦᠯᠡᠪᠦᠷᠢ  ᠨᠢ ᠬᠤᠭᠤᠷᠤᠨᠳᠤ  ᠪᠠᠨ ︽ ᠳᠤᠤᠷ᠎ᠠ ᠬᠠᠷᠢᠶ᠎ᠠ ︱ ᠭᠤᠤᠯ ︾  ᠣᠨ ᠠᠪᠤᠯᠴᠠᠭ᠎ᠠ ᠪᠤᠯᠵᠠᠢ ᠃

 

ᠭᠤᠷᠪᠠ ᠂ ᠳᠠᠭᠤᠤ ᠵᠢᠨ ᠦᠭᠡ

 

ᠨᠠᠷᠢᠨ ᠭᠦᠭᠡ ᠮᠤᠷᠢ  ᠮᠢᠨᠢ

ᠨᠠᠷᠠᠨ  ᠡᠴᠡ  ᠪᠠᠨ ᠡᠮᠦᠨ᠎ᠡ ᠰᠤᠶᠢᠭᠠᠰᠤᠳᠠᠢ

ᠨᠠᠰᠤᠳᠠᠢ ᠪᠤᠭᠤᠷᠤᠯ ᠡᠵᠢ  ᠳᠡᠬᠡᠨ

ᠨᠠᠷᠠᠨ  ᠡᠴᠡ  ᠪᠠᠨ ᠡᠷᠳᠠ  ᠪᠡᠷ ᠵᠤᠯᠭᠠᠶ᠎ᠠ

 

ᠡᠭᠦᠯᠡᠨ ᠭᠦᠭᠡ ᠮᠤᠷᠢ  ᠮᠢᠨᠢ

ᠦᠷᠯᠦᠭᠡ ᠡᠷᠳᠡ  ᠪᠡᠷ ᠰᠤᠶᠢᠭᠠᠰᠤᠳᠠᠢ

ᠦᠳᠡᠯᠦᠭᠡ ᠪᠤᠯᠤᠭᠰᠡᠨ ᠡᠵᠢ  ᠳᠡᠬᠡᠨ

ᠦᠷᠡᠯᠡᠵᠦ ᠬᠦᠷᠦᠭᠡᠳ ᠵᠤᠯᠭᠠᠶ᠎ᠠ

 

ᠲᠦᠷᠪᠡ ᠂ ᠳᠠᠭᠤᠤ ᠵᠢᠨ ᠨᠤᠲ

 

1
ᠤᠶᠤᠨᠪᠢᠯᠢᠭ᠍    ᠣᠨ ᠳᠤᠪᠴᠢ ᠳᠠᠨᠢᠯᠴᠠᠭᠤᠯᠭ᠎ᠠ

ᠠᠯᠳᠠᠷᠲᠤ ᠳᠠᠭᠤᠴᠢᠨ ᠤᠶᠤᠨᠪᠢᠯᠢᠭ᠍  1958 ᠤᠨ  ᠳᠤ ᠦᠪᠦᠷ ᠮᠤᠨᠭ᠍ᠭᠤᠯ ᠣᠨ ᠰᠦᠨᠢᠳ ᠪᠠᠷᠠᠭᠤᠨ ᠬᠤᠰᠢᠭᠤᠨ ᠥ ᠵᠢᠷ ᠣᠨ ᠮᠠᠯᠴᠢᠨ ᠣ ᠭᠡᠷ  ᠲᠤ ᠮᠡᠨᠳᠦᠯᠡᠵᠡᠢ ᠃ ᠰᠦᠨᠢᠳ ᠨᠤᠲᠤᠭ ᠣᠨ ᠦᠨᠢᠷ ᠪᠠᠶᠠᠯᠢᠭ ᠳᠠᠭᠤᠤ ᠬᠦᠭᠵᠢᠮ ᠣᠨ ᠰᠠᠩ   ᠳᠤ ᠪᠦᠪᠡᠶᠢᠯᠡᠭᠳᠡᠨ ᠦᠰᠦᠭᠰᠡᠨ ᠤᠶᠤᠨᠪᠢᠯᠢᠭ᠍   ᠂ ᠬᠠᠷᠠᠬᠠᠨ ᠪᠠᠭ᠎ᠠ  ᠡᠴᠡ  ᠪᠠᠨ ᠨᠤᠲᠤᠭ ᠣᠨ ᠳᠠᠭᠤᠤ  ᠪᠠᠨ ᠰᠢᠮᠳᠠᠨ ᠰᠤᠷᠴᠤ ᠂ 1976 ᠤᠨ  ᠳᠤ ᠦᠪᠦᠷ ᠮᠤᠨᠭ᠍ᠭᠤᠯ ᠣᠨ ᠪᠠᠭᠰᠢ ᠵᠢᠨ ᠶᠡᠬᠡ ᠰᠤᠷᠭᠠᠭᠤᠯᠢ ᠵᠢᠨ ᠤᠷᠠᠯᠢᠭ ᠣᠨ ᠰᠠᠯᠪᠤᠷᠢ  ᠳᠤ ᠰᠢᠯᠭᠠᠭᠳᠠᠨ ᠤᠷᠤᠵᠤ ᠂ ᠳᠠᠭᠤᠯᠠᠬᠤᠢ ᠮᠡᠷᠭᠡᠵᠢᠯ ᠢ ᠰᠤᠷᠤᠭᠰᠠᠨ ᠪᠠᠶᠢᠨ᠎ᠠ ᠃ ᠡᠨᠡᠬᠦ  ᠬᠤᠭᠤᠴᠠᠭᠠᠨ ᠳᠠᠭᠠᠨ ᠲᠡᠷᠡ ᠦᠪᠦᠷ ᠮᠤᠨᠭ᠍ᠭᠤᠯ ᠣᠨ ᠤᠷᠠᠯᠢᠭ ᠣᠨ ᠰᠤᠷᠭᠠᠭᠤᠯᠢ  ᠳᠤ ᠠᠵᠢᠯᠯᠠᠵᠤ ᠪᠠᠶᠢᠭᠰᠠᠨ ᠤᠷᠲᠤ ᠵᠢᠨ ᠳᠠᠭᠤᠤ ᠵᠢᠨ ᠠᠯᠳᠠᠷᠲᠤ ᠪᠠᠭᠰᠢ ᠵᠠᠭᠤᠨᠨᠠᠰᠤᠲᠤ  ᠡᠴᠡ ᠤᠷᠲᠤ ᠵᠢᠨ ᠳᠠᠭᠤᠤ ᠵᠢ ᠰᠢᠰᠲ᠋ᠸᠮ  ᠲᠠᠢ ᠰᠤᠷᠤᠯᠴᠠᠭᠰᠠᠨ ᠪᠠᠶᠢᠨ᠎ᠠ ᠃ ᠤᠶᠤᠨᠪᠢᠯᠢᠭ᠍   ᠣᠨ ᠳᠠᠭᠤᠯᠠᠬᠤ  ᠨᠢ ᠢᠷᠠᠭᠤ ᠤᠶᠠᠨᠭ᠍ᠭᠠᠯᠢᠭ ᠂ ᠰᠡᠳᠭᠢᠯᠭᠡ ᠪᠢᠯᠬᠠᠮ᠎ᠠ ᠂ ᠢᠯᠡᠳᠭᠡᠯ  ᠢᠶᠡᠷ  ᠤᠷᠠᠨ ᠤᠨᠤᠪᠴᠢ  ᠲᠠᠢ ᠪᠠᠶᠢᠵᠤ ᠂ ᠦᠷᠭᠡᠨ ᠤᠯᠠᠨ ᠮᠤᠨᠭ᠍ᠭᠤᠯ ᠲᠦᠮᠡᠨ ᠣ  ᠪᠠᠨ ᠳᠤᠮᠳᠠ ︽ ᠲᠤᠷᠭᠠᠨ ᠬᠤᠭᠤᠯᠠᠢ  ᠲᠠᠢ ᠳᠠᠭᠤᠴᠢᠨ ︾ ᠬᠡᠮᠡᠨ ᠠᠯᠳᠠᠷᠰᠢᠭᠰᠠᠨ ᠪᠢᠯᠡ ᠃ ᠲᠡᠷᠡ ᠤᠷᠲᠤ ᠵᠢᠨ ᠳᠠᠭᠤᠤ ᠪᠠ ᠪᠤᠭᠤᠨᠢ ᠳᠠᠭᠤᠤ ᠂ ᠠᠷᠠᠳ ᠣᠨ ᠳᠠᠭᠤᠤ ᠪᠠ ᠵᠤᠬᠢᠶᠠᠮᠠᠯ ᠳᠠᠭᠤᠤ ᠵᠢ ᠪᠦᠷ ᠴᠤ ᠰᠠᠶᠢᠬᠠᠨ ᠳᠠᠭᠤᠯᠠᠳᠠᠭ ᠪᠠᠶᠢᠭᠰᠠᠨ  ᠡᠴᠡ ᠂ ᠬᠤᠷᠢᠳᠤᠭᠠᠷ ᠵᠠᠭᠤᠨ ᠥ ᠨᠠᠶᠠ ᠶᠡᠷᠡᠭᠡᠳ ᠤᠨ ᠥ ᠦᠶ᠎ᠡ ᠵᠢᠨ ᠦᠷᠭᠡᠨ ᠤᠯᠠᠨ ᠥ  ᠪᠠᠨ ᠬᠦᠷᠢᠶᠡᠯᠡᠯ ᠢ ᠬᠠᠮᠤᠭ ᠭᠦᠨ ᠬᠦᠷᠲᠡᠭᠰᠡᠨ ᠲᠠᠭᠤᠴᠢᠨ ᠥ ᠨᠢᠭᠡ  ᠨᠢ ᠪᠤᠯᠤᠭᠰᠠᠨ ᠪᠠᠶᠢᠨ᠎ᠠ ᠃ ᠤᠶᠤᠨᠪᠢᠯᠢᠭ᠍  ᠣᠨ ᠤᠷᠲᠤ ᠵᠢᠨ ᠳᠠᠭᠤᠤ ᠳᠠᠭᠤᠯᠠᠬᠤ  ᠨᠢ ᠰᠢᠯᠢ ᠵᠢᠨ ᠭᠤᠤᠯ ᠤᠷᠲᠤ ᠵᠢᠨ ᠳᠠᠭᠤᠤ ᠵᠢᠨ ᠤᠶᠠᠨᠭ᠍ᠭᠠᠯᠢᠭ ᠬᠡᠪ ᠨᠠᠮᠪᠠ ᠵᠢ ᠪᠦᠲᠦᠭᠡᠯᠴᠢ  ᠪᠡᠷ ᠵᠠᠯᠭᠠᠮᠵᠢᠯᠠᠨ ᠂ ᠮᠤᠨᠭ᠍ᠭᠤᠯ ᠤᠷᠲᠤ ᠵᠢᠨ ᠳᠠᠭᠤᠤ ᠵᠢᠨ ᠰᠢᠨ᠎ᠡ ᠨᠢᠭᠡᠨ ᠦᠶ᠎ᠡ ᠵᠢᠨ ᠰᠢᠯᠭᠠᠷᠠᠭᠰᠠᠨ ᠲᠦᠯᠦᠭᠡᠯᠡᠭᠴᠢ ᠪᠤᠯᠤᠭᠰᠠᠨ ᠪᠠᠶᠢᠨ᠎ᠠ ᠃ ᠤᠶᠤᠨᠪᠢᠯᠢᠭ᠍   ᠣᠨ ᠲᠦᠯᠦᠭᠡᠯᠡᠭᠴᠢ ᠪᠦᠲᠦᠭᠡᠯ ᠥᠳ ᠢ ᠳᠤᠷᠠᠳᠪᠠᠯ ︽ ᠮᠢᠨᠦ ᠨᠤᠲᠤᠭ ᠣᠨ ᠪᠠᠷ᠎ᠠ ︾ ᠂ ︽ ᠪᠦᠷᠭᠦᠳ  ᠣᠨ ᠳᠠᠭᠤᠯᠠᠯ ︾ ᠂ ︽ ᠠᠴᠠᠳᠤ ᠠᠭᠤᠯᠠ ᠵᠢᠨ ᠪᠠᠷ᠎ᠠ ︾ ᠂ ︽ ᠦᠨᠢᠷ ᠪᠠᠶᠠᠯᠢᠭ ᠪᠠᠷᠠᠭᠤᠨ ᠰᠦᠨᠢᠳ ︾ ᠂ ︽ ᠴᠠᠴᠡᠭ᠍ᠲᠦ ᠬᠦᠳᠡᠭᠡ ᠨᠤᠲᠤᠭ ︾ ᠂ ︽ ᠮᠠᠯᠴᠢᠳ ᠣᠨ ᠪᠠᠶᠠᠰᠤᠯ ︾ ᠂ ︽ ᠴᠤᠮᠪᠤᠩ  ᠲᠤᠭᠤᠷᠠᠢ  ᠲᠠᠢ ᠬᠦᠷᠡᠨᠭ ︾ ᠂ ︽ ᠳᠦᠷᠪᠡᠨ ᠤᠯᠠᠷᠢᠯ ︾ ᠂ ︽ ᠨᠠᠷᠢᠨ ᠬᠦᠬᠡ ︾ ᠵᠡᠷᠭᠡ ᠪᠤᠯᠤᠨ᠎ᠠ ᠃

 

2

 

ᠮᠤᠩᠭᠤᠯ ᠦᠨᠳᠦᠰᠦᠳᠡᠨ ᠣ ᠠᠯᠳᠠᠷᠲᠤ ᠳᠠᠭᠤᠴᠢᠨ ︱ ᠤᠶᠤᠨᠪᠢᠯᠢᠭ᠍
3 4 5 6 7

MP3 ᠪᠢᠴᠢᠯᠭᠡ ︱ ︽ ᠨᠠᠷᠢᠨ ᠬᠦᠬᠡ ︾ ︵ ᠮᠸᠳᠡᠭ ︶

MP3 ᠪᠢᠴᠢᠯᠭᠡ ︱ ︽ ᠨᠠᠷᠢᠨ ᠬᠦᠬᠡ ︾ ︵ ᠤᠶᠤᠨᠪᠢᠯᠢᠭ ︶

VCD ᠪᠢᠴᠢᠯᠭᠡ ︱ ︽ ᠨᠠᠷᠢᠨ ᠬᠦᠬᠡ ︾ ︵ ᠤᠶᠤᠨᠪᠢᠯᠢᠭ ︶

ᠰᠢᠭᠦᠮᠵᠢ ᠦᠯᠡᠳᠡᠭᠡᠬᠦ