• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠨᠤᠨᠵᠠᠶᠠᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   36
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

ᠨᠤᠨᠵᠠᠶᠠᠭ᠎ᠠ ᠪᠤᠯ ᠨᠠᠢᠮᠠᠨ ᠬᠤᠰᠢᠭᠤᠨ ᠤ ᠮᠢᠩ ᠿᠸᠨ ᠰᠤᠮᠤ ᠵᠢᠨ ᠭᠦᠮᠦᠨ ᠪᠤᠯᠤᠨ᠎ᠠ ᠃ ᠴᠡᠪᠡᠷᠭᠡᠨ ᠭᠤᠶᠤ ᠵᠢᠰᠤ  ᠲᠠᠢ ᠂ ᠨᠤᠮᠤᠬᠠᠨ ᠳᠠᠷᠤᠤ ᠵᠠᠩ  ᠲᠠᠢ ᠭᠡᠤᠭᠡᠨ ᠪᠢᠯᠨ ᠃ ᠨᠤᠨᠵᠠᠶᠠᠭ᠎ᠠ ᠵᠢ ᠭᠦᠮᠦᠨ ᠤ ᠵᠡᠷᠭᠡ  ᠳᠤ ᠭᠦᠷᠭᠦ  ᠳᠤ ᠨᠠᠢᠮᠠᠨ ᠸᠠᠩ ᠡᠳᠦᠷ  ᠤᠨ ᠦᠯᠵᠡᠢ ᠴᠠᠭ ᠤᠨ ᠰᠠᠶᠢᠨ ᠢ ᠰᠤᠩᠭᠤᠵᠤ ᠤᠷᠤᠭ ᠤᠨ ᠡᠳᠦᠷ   ᠢ  ᠨᠢ ᠲᠤᠭᠳᠠᠭᠠᠵᠤ ᠂ ᠲᠤᠯᠤᠭᠠᠨ ᠬᠦᠯᠦᠭ ᠬᠦᠯᠦᠭᠰᠡᠨ ᠲᠤᠯᠤᠭᠠᠨ ᠬᠠᠷ᠎ᠠ ᠲᠡᠷᠭᠡ ᠪᠡᠷ ᠨᠤᠨᠵᠠᠶᠠᠭ᠎ᠠ ᠵᠢ ᠦᠵᠦᠮᠦᠴᠢᠨ ᠬᠤᠰᠢᠭᠤᠨ  ᠤ ᠪᠦᠷᠢᠨᠪᠠᠭᠠᠳᠤᠷ ᠸᠠᠩ  ᠤᠨ ᠬᠦᠪᠡᠭᠦᠨ ᠪᠤᠳᠢᠪᠢᠯᠢᠭ   ᠲᠤ ᠬᠦᠷᠭᠡᠵᠤ ᠦᠭᠭᠦᠪᠡ ᠃ ᠲᠤᠰ ᠲᠠᠭᠤᠤ ᠪᠤᠯ ᠨᠤᠨᠵᠠᠶᠠᠭ᠎ᠠ ᠬᠠᠷᠢ ᠭᠠᠵᠠᠷ ᠤᠴᠢᠭᠰᠠᠨ ᠦ ᠳᠠᠷᠠᠭ᠎ᠠ ᠂ ᠨᠤᠳᠤᠭ ᠤᠷᠤᠨ ᠂ ᠡᠵᠢ ᠠᠪᠤ  ᠪᠠᠨ ᠮᠦᠷᠦᠭᠡᠳᠤᠨ ᠰᠠᠨᠠᠭᠠᠳ ᠲᠠᠭᠤᠯᠠᠭᠰᠠᠨ ᠲᠠᠭᠤᠤ ᠪᠤᠯᠤᠨ᠎ᠠ ᠃

 

ᠬᠤᠶᠠᠷ ᠂ ᠠᠶᠠᠰ  ᠣᠨ ᠵᠠᠳᠠᠯᠤᠯᠳᠠ

 

ᠲᠤᠰ ᠲᠠᠭᠤᠤ  ᠨᠢ ᠶᠦᠳᠠᠭᠤᠨ ᠠᠶᠠᠯᠭᠤᠨ ᠭᠡᠪ  ᠲᠠᠢ ᠂ ᠲᠡᠭᠰᠢ ᠪᠦᠳᠤᠴᠠ  ᠲᠠᠢ ᠂ ᠲᠡᠭᠡᠷ᠎ᠡ ᠲᠤᠤᠷ᠎ᠠ ᠬᠤᠶᠠᠷ ᠭᠦᠭᠵᠢᠮ  ᠤᠨ ᠦᠭᠦᠯᠡᠪᠦᠷᠢ  ᠪᠡᠷ ᠪᠦᠷᠢᠯᠳᠤᠵᠠᠢ ᠃ ᠲᠡᠭᠡᠳᠤ ᠭᠦᠭᠵᠢᠮ ᠤᠨ ᠦᠭᠦᠯᠡᠪᠤᠷᠢ  ᠨᠢ ᠱᠠᠩᠳᠠᠭᠤᠨ ᠲᠡᠭᠡᠷ᠎ᠡ ᠲᠡᠭᠦᠰᠴᠤ ᠂ ᠲᠤᠤᠷ᠎ᠠ ᠭᠦᠭᠵᠢᠮ ᠤᠨ ᠦᠭᠦᠯᠡᠪᠤᠷᠢ  ᠨᠢ ᠶᠦᠳᠠᠭᠤᠨ ᠲᠡᠭᠡᠷ᠎ᠡ ᠲᠡᠭᠦᠰᠴᠠᠢ ᠃ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ  ᠨᠢ ᠴᠦᠮ ᠬᠤᠶᠠᠷ ᠬᠦᠭᠵᠢᠮ ᠤᠨ ᠲᠠᠰᠤᠯᠪᠦᠷᠢ  ᠪᠡᠷ ᠪᠦᠷᠢᠯᠳᠦᠭᠰᠡᠨ ᠪᠦᠭᠡᠳ ᠂ ᠳᠦᠷᠪᠡᠨ ᠬᠦᠭᠵᠢᠮ ᠤᠨ ᠲᠠᠰᠤᠯᠪᠦᠷᠢ ᠵᠢᠨ ᠲᠡᠭᠦᠰᠭᠡᠯ ᠲᠠᠭᠤᠨ  ᠨᠢ ᠲᠤᠰᠪᠦᠷᠢ ᠵᠢᠶᠤᠳᠠᠭᠤᠨ ᠂ ᠱᠠᠩᠳᠠᠭᠤᠨ ᠂ ᠭᠦᠩᠳᠠᠭᠤᠨ ᠂ ᠶᠦᠳᠠᠭᠤᠨ ᠪᠠᠶᠢᠵᠤ ᠂ ︽ᠡᠭᠦᠰᠬᠦ   ᠵᠠᠯᠭᠠᠬᠤ  ᠡᠷᠭᠢᠬᠦ   ᠨᠢᠭᠡᠳᠭᠦ ︾ ᠯᠤᠭᠢᠭ ᠤᠨ ᠪᠦᠳᠤᠴᠨ  ᠲᠠᠢ ᠪᠤᠯᠤᠭᠰᠠᠨ ᠪᠠᠶᠢᠨ᠎ᠠ ᠃ ᠲᠡᠭᠡᠷ᠎ᠡ ᠭᠦᠭᠵᠢᠮ  ᠤᠨ ᠦᠭᠦᠯᠡᠪᠦᠷᠢ ᠵᠢᠨ ᠨᠢᠭᠡᠳᠦᠭᠡᠷ ᠲᠠᠰᠤᠯᠭ᠎ᠠ  ᠨᠢ ᠪᠦᠬᠦᠶᠢᠯᠠ ᠠᠶ᠎ᠠ ᠵᠢᠨ ᠭᠤᠤᠯ ᠬᠡᠰᠡᠭ ᠪᠤᠯᠵᠤ ᠂ ᠡᠯ᠎ᠡ ᠭᠦᠭᠵᠢᠮ ᠤᠨ ᠲᠠᠰᠤᠯᠭ᠎ᠠ ᠪᠦᠷᠢ  ᠨᠢ ᠭᠡᠯᠭᠢᠶ᠎ᠠ ᠬᠤᠯᠪᠤᠴᠠ  ᠪᠡᠷ ᠵᠡᠯᠭᠠᠯᠳᠤᠵᠠᠢ ᠃

ᠯᠠᠪᠯᠠᠠᠠᠰᠠᠨ ᠮᠠᠲ᠋ᠸᠷᠢᠶᠠᠯ ᠄

ᠪᠦᠳᠦᠭᠡᠯᠳᠤ ᠡᠷᠬᠢᠯᠡᠨ ᠨᠠᠢᠢᠷᠠᠭᠤᠯᠤᠭᠰᠠᠨ ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

 

ᠭᠤᠷᠪᠠ ᠂ ᠳᠠᠭᠤᠤ ᠵᠢᠨ ᠦᠭᠡ

 

 

ᠨᠤᠨ ᠭᠤᠤᠯ  ᠣᠨ ᠭᠦᠪᠡᠭᠡ ᠳᠡᠭᠡᠷ᠎ᠡ

ᠨᠤᠭᠳᠤ  ᠪᠠᠨ ᠴᠢᠷᠦᠭᠰᠡᠨ ᠮᠤᠷᠢ

ᠨᠤᠮᠤᠬᠠᠨ ᠵᠠᠩ  ᠲᠠᠢ ᠨᠤᠨᠵᠠᠶᠠᠭ᠎ᠠ

ᠨᠤᠳᠤᠭ  ᠡᠴᠡ  ᠪᠠᠨ ᠬᠤᠯᠠ ᠵᠠᠶᠠᠭᠠᠵᠠᠢ ᠃

 

ᠬᠠᠶᠢᠴᠢᠩ ᠭᠤᠤᠯ ᠤᠨ ᠭᠦᠪᠡᠭᠡ ᠲᠡᠭᠡᠷ᠎ᠡ

ᠬᠠᠵᠠᠭᠠᠷ ᠢᠶᠡᠨ ᠴᠢᠷᠦᠭᠰᠡᠨ ᠮᠤᠷᠢ

ᠬᠠᠶᠢᠷᠠᠬᠠᠨ ᠵᠠᠩ  ᠲᠠᠢ ᠨᠤᠨᠵᠠᠶᠠᠭ᠎ᠠ

ᠬᠢᠵᠠᠭᠠᠷ ᠠᠴᠠ ᠬᠤᠯᠠ ᠵᠠᠶᠠᠭᠠᠵᠠᠢ ᠃

 

ᠠᠷᠠᠯᠳᠤ ᠶᠬᠡ ᠲᠡᠷᠭᠡ  ᠨᠢ

ᠠᠯᠬᠤᠭᠠᠳ ᠬᠦᠷᠬᠦ ᠦᠭᠡᠢ ᠭᠠᠵᠠᠷ

ᠠᠯᠠᠭ ᠭᠠᠷᠤᠳᠢ ᠶᠢᠨ ᠵᠤᠯᠵᠠᠭ᠎ᠠ

ᠨᠢᠰᠤᠭᠡᠳ ᠬᠦᠷᠬᠦ ᠦᠭᠡᠢ ᠭᠠᠵᠠᠷ ᠃

 

ᠬᠦᠷᠳᠤᠳᠤ ᠶᠡᠬᠡ ᠲᠡᠷᠭᠡ  ᠨᠢ

ᠬᠦᠭᠯᠡᠭᠡᠳ ᠬᠦᠷᠬᠦ ᠦᠭᠡᠢ ᠭᠠᠵᠠᠷ

ᠬᠦᠬᠡ ᠭᠠᠷᠤᠳᠢ ᠶᠢᠨ ᠵᠤᠯᠵᠠᠭ᠎ᠠ

ᠨᠢᠰᠤᠭᠡᠳ ᠬᠦᠷᠬᠦ ᠦᠭᠡᠢ ᠭᠠᠵᠠᠷ ᠃

 

ᠲᠦᠷᠪᠡ ᠂ ᠳᠠᠭᠤᠤ ᠵᠢᠨ ᠨᠤᠲ

 

1

 

ᠮᠦᠯᠠᠨ  ᠣ ᠳᠤᠪᠴᠢ ᠳᠠᠨᠢᠯᠴᠠᠭᠤᠯᠭ᠎ᠠ

ᠮᠤᠩᠭᠤᠯ ᠦᠨᠳᠦᠰᠦᠲᠡᠨ  ᠤ ᠠᠯᠳᠠᠷᠲᠤ ᠳᠠᠭᠤᠴᠢᠨ ᠮᠦᠯᠠᠨ 1943 ᠤᠨ  ᠤ ᠬᠠᠪᠤᠷ  ᠤᠨ ᠭᠤᠷᠪᠠᠨ ᠰᠠᠷ᠎ᠠ  ᠳᠤ ᠬᠦᠷᠢᠶ᠎ᠡ ᠬᠤᠰᠢᠭᠤᠨ  ᠤ ᠮᠠᠩᠬᠠᠨ ᠰᠤᠮᠤ ᠵᠢᠨ ᠠᠯᠳᠠᠷᠲᠤ ᠭᠠᠴᠠᠭᠠᠨ  ᠤ ᠨᠢᠭᠡᠨ ᠵᠢᠷ  ᠤᠨ ᠮᠠᠯᠴᠢᠨ  ᠤ ᠭᠡᠷ  ᠲᠤ ᠵᠠᠶᠠᠭᠠᠵᠠᠢ ᠃ ᠠᠨᠳᠠᠢ ᠨᠤᠲᠤᠭ  ᠤᠨ ᠦᠯᠦᠭᠡᠢ ᠭᠡᠵᠤ ᠠᠯᠳᠠᠷᠰᠢᠭᠰᠠᠨ ᠬᠦᠷᠢᠶ᠎ᠡ ᠬᠤᠰᠢᠭᠤᠨ  ᠳᠤ ᠳᠠᠭᠤᠤ ᠪᠦᠵᠢᠭ ᠂ ᠠᠷᠠᠳ  ᠤᠨ ᠳᠠᠭᠤᠤ ᠂ ᠦᠯᠢᠭᠡᠷ ᠬᠤᠯᠪᠤᠭ᠎ᠠ ᠵᠢᠨ ᠦᠪ ᠰᠠᠩ ᠪᠠᠶᠠᠯᠢᠭ ᠪᠠᠶᠢᠳᠠᠭ ᠪᠠᠶᠢᠵᠤ ᠂ ᠮᠦᠯᠠᠨ ᠬᠠᠷᠠᠬᠠᠨ ᠪᠠᠭ᠎ᠠ  ᠡᠴᠡ  ᠪᠠᠨ ᠳᠠᠭᠤᠤ ᠵᠢᠨ ᠳᠠᠯᠠᠢ  ᠳᠤ ᠱᠤᠩᠪᠠᠨ ᠂ ᠤᠯᠠᠨ ᠠᠷᠪᠢᠨ ᠠᠷᠠᠳ  ᠤᠨ ᠳᠠᠭᠤᠤ ᠵᠢ ᠰᠤᠷᠴᠤ ᠡᠵᠡᠮᠰᠢᠭᠰᠡᠨ ᠪᠠᠶᠢᠨ᠎ᠠ ᠃ 1963 ᠤᠨ  ᠳᠤ ᠲᠡᠷᠡ ᠬᠦᠷᠢᠶ᠎ᠡ ᠤᠯᠠᠭᠠᠨᠮᠦᠴᠢᠷ  ᠲᠤ ᠡᠯᠰᠡᠭᠳᠡᠨ  ᠤᠷᠤᠵᠤ ᠂ ᠢᠷᠠᠭᠤ ᠰᠠᠶᠢᠬᠠᠨ ᠳᠠᠭᠤ ᠬᠤᠭᠤᠯᠠᠢ  ᠪᠡᠷ  ᠢᠶᠡᠨ  ᠬᠤᠰᠢᠭᠤ ᠲᠠᠶᠠᠭᠠᠷ  ᠢ ᠪᠠᠶᠠᠰᠬᠠᠭᠰᠠᠨ ᠪᠠᠶᠢᠨ᠎ᠠ ᠃ ᠬᠤᠵᠢᠮ  ᠨᠢ ᠲᠡᠷᠡ ᠦᠪᠦᠷ ᠮᠤᠩᠭᠤᠯ  ᠤᠨ ᠰᠢᠭᠤᠳ ᠬᠠᠷᠢᠶ᠎ᠠ ᠤᠯᠠᠭᠠᠨᠮᠦᠴᠢᠷ  ᠲᠤ ᠰᠢᠯᠵᠢᠨ ᠬᠦᠷᠴᠦ ᠂ ᠤᠯᠤᠰ ᠤᠷᠤᠨ ᠲᠠᠶᠠᠭᠠᠷ ᠠᠯᠳᠠᠷᠰᠢᠭᠰᠠᠨ ᠨᠡᠷᠡᠲᠡᠢ ᠳᠠᠭᠤᠴᠢᠨ ᠪᠤᠯᠤᠭᠰᠠᠨ ᠪᠠᠶᠢᠨ᠎ᠠ ᠃ ᠲᠡᠷᠡ ᠮᠦᠨ ᠤᠯᠠᠨ ᠵᠢᠯ  ᠤᠨ ᠲᠤᠷᠰᠢ ᠦᠪᠦᠷ ᠮᠤᠩᠭᠤᠯ  ᠤᠨ ᠰᠢᠭᠤᠳ ᠬᠠᠷᠢᠶ᠎ᠠ ᠤᠯᠠᠭᠠᠨᠮᠦᠴᠢᠷ  ᠤᠨ ᠳᠠᠷᠤᠭ᠎ᠠ ᠵᠢᠨ ᠠᠵᠢᠯ  ᠢ ᠬᠠᠷᠢᠭᠤᠴᠠᠵᠤ ᠂ ᠦᠨᠳᠦᠰᠦᠲᠡᠨ  ᠤ ᠰᠤᠶᠤᠯ ᠤᠷᠠᠯᠢᠭ  ᠤᠨ ᠦᠢᠯᠡᠰ  ᠲᠤ ᠳᠠᠷᠬᠠᠨ ᠶᠡᠬᠡ ᠭᠠᠪᠢᠶ᠎ᠠ ᠵᠢᠳᠭᠦᠯ ᠦᠵᠡᠭᠦᠯᠦᠭᠰᠡᠨ ᠪᠠᠶᠢᠨ᠎ᠠ ᠃ ᠮᠦᠯᠠᠨ  ᠤ ᠳᠠᠭᠤᠨ ᠦᠩᠭᠡ  ᠨᠢ ᠴᠡᠪᠡᠷ ᠲᠤᠩᠭᠠᠯᠠᠭ ᠂ ᠢᠷᠠᠭᠤ ᠴᠡᠭᠡᠯᠬᠡᠨ ᠂ ᠰᠡᠳᠭᠢᠯᠭᠡ  ᠪᠡᠷ ᠪᠢᠯᠬᠠᠮ᠎ᠠ ᠪᠠᠶᠢᠵᠤ ᠂ ᠵᠤᠬᠢᠶᠠᠮᠠᠯ ᠳᠠᠭᠤᠤ ᠪᠠ ᠠᠷᠠᠳ  ᠤᠨ ᠳᠠᠭᠤᠤ  ᠳᠤ ᠪᠦᠷ ᠭᠠᠷᠮᠠᠭᠠᠢ ᠪᠠᠶᠢᠵᠤ ᠂ ᠤᠷᠲᠤ ᠵᠢᠨ ᠳᠠᠭᠤᠤ ᠪᠠ ᠪᠤᠭᠤᠨᠢ ᠳᠠᠭᠤᠤ ᠵᠢ ᠠᠳᠠᠯᠢ ᠲᠡᠭᠰᠢᠬᠡᠨ ᠢᠶᠡᠷ ᠳᠠᠭᠤᠯᠠᠳᠠᠭ ᠪᠠᠶᠢᠨ᠎ᠠ ᠃ ᠤᠨᠴᠤᠭᠤᠶᠢᠯᠠᠨ ᠲᠡᠷᠡ ᠬᠤᠷᠴᠢᠨ ᠠᠷᠠᠳ  ᠤᠨ ᠳᠠᠭᠤᠤ  ᠳᠤ ᠲᠤᠶᠢᠯ  ᠤᠨ ᠠᠪᠢᠶᠠᠰᠯᠢᠭ ᠪᠠᠶᠢᠵᠤ ᠂ ᠦᠪᠡᠷ  ᠤᠨ ᠲᠤᠳᠤ ᠰᠠᠶᠢᠬᠠᠨ ᠤᠷᠠᠯᠢᠭ  ᠤᠨ ᠤᠨᠴᠠᠯᠢᠭ  ᠢᠶᠡᠨ  ᠪᠦᠷᠢᠯᠳᠤᠭᠦᠯᠵᠤ ᠂ ᠬᠤᠷᠢᠳᠤᠭᠠᠷ ᠵᠠᠭᠤᠨ  ᠤ ᠮᠤᠩᠭᠤᠯ ᠳᠠᠭᠤᠴᠢᠳ  ᠤᠨ ᠰᠢᠯᠭᠠᠷᠠᠭᠰᠠᠨ ᠲᠦᠯᠦᠭᠡᠯᠡᠭᠴᠢ ᠵᠢᠨ ᠨᠢᠭᠡ ᠪᠤᠯᠤᠭᠰᠠᠨ ᠪᠠᠶᠢᠨ᠎ᠠ ᠃ ᠲᠡᠭᠦᠨ  ᠤ ᠳᠠᠭᠤᠯᠠᠭᠰᠠᠨ ᠳᠠᠭᠤᠤ ᠬᠡᠳᠦᠨ ᠵᠠᠭᠤ ᠪᠠᠶᠢᠵᠤ ᠂ ᠲᠦᠯᠦᠭᠡᠯᠡᠭᠴᠢ ᠪᠦᠲᠦᠭᠡᠯ  ᠢ ᠳᠤᠷᠠᠳᠪᠠᠯ ︽ ᠮᠠᠯᠴᠢᠨ ᠲᠦᠮᠡᠨ ᠨᠠᠮ  ᠢᠶᠡᠨ  ᠳᠠᠭᠤᠯᠠᠨ᠎ᠠ ︾ ᠂ ︽ ᠰᠤᠯᠤᠩᠭ᠎ᠠ ︾ ᠂ ︽ ᠭᠤᠶᠤᠬᠠᠨ ᠳ᠋ᠠ ︾ ᠂ ︽ ᠰᠠᠷᠠᠨ᠎ᠠ ᠴᠡᠴᠡᠭ ᠤᠯᠠᠯᠵᠠᠨ ᠲᠡᠯᠭᠡᠷᠡᠨ᠎ᠡ ︾ ᠂ ︽ ᠦᠨᠢᠷ ᠪᠠᠶᠠᠯᠢᠭ ᠦᠪᠦᠷ ᠮᠤᠩᠭᠤᠯ ︾ ᠂ ︽ ᠡᠬᠡ  ᠵᠢᠨ ᠬᠠᠶᠢᠷ᠎ᠠ ︾ ᠂ ︽ ᠬᠦᠬᠡ ᠤᠭᠲᠠᠷᠭᠤᠢ ᠵᠢᠨ ᠰᠢᠯᠦᠭ ︾ ᠂ ︽ ᠨᠤᠭᠤᠨᠵᠢᠶᠠᠭ᠎ᠠ ︾ ᠂ ︽ ᠳᠦᠷᠪᠡᠨ ᠳᠠᠯᠠᠢ ︾ ᠂ ︽ ᠬᠦᠬᠡᠬᠤᠲᠠ ᠵᠢᠨ ᠸᠠᠯᠢᠰ ︾ ᠂ ︽ ᠤᠷᠢᠬᠠᠨ ᠬᠠᠪᠤᠷ  ᠤᠨ ᠬᠦᠬᠡᠬᠤᠲᠠ ︾ ᠂ ︽ ᠲᠠᠯ᠎ᠠ ᠨᠤᠲᠤᠭ  ᠤᠨ ᠮᠠᠭᠲᠠᠭᠠᠯ ︾ ᠵᠡᠷᠭᠡ ᠪᠤᠢ ᠃

2

ᠤᠯᠤᠰ ᠣᠨ ᠨᠢᠭᠡᠳᠦᠭᠡᠷ ᠳᠡᠰ ᠣᠨ ᠳᠤᠭᠯᠠᠭᠴᠢ ᠂ ᠮᠤᠩᠭᠤᠯ ᠦᠨᠳᠦᠰᠦᠲᠡᠨ  ᠤ ᠠᠯᠳᠠᠷᠲᠤ ᠳᠠᠭᠤᠴᠢᠨ ︱ ︱ ᠮᠦᠯᠠᠨ

 

3 4

MP3 ᠪᠢᠴᠢᠯᠭᠡ ︱ 《 ᠨᠤᠨᠵᠠᠶᠠᠭ᠎ᠠ 》 ︵ ᠮᠦᠯᠠᠨ ︶

VCD ᠪᠢᠴᠢᠯᠭᠡ ︱ 《 ᠨᠤᠨᠵᠠᠶᠠᠭ᠎ᠠ 》 ︵ ᠮᠦᠯᠠᠨ ︶ 

ᠰᠢᠭᠦᠮᠵᠢ ᠦᠯᠡᠳᠡᠭᠡᠬᠦ