• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠠᠶᠠᠨ ᠪᠠᠷᠭᠤ ᠶᠢᠨ ᠮᠠᠨᠠᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   36
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

ᠳᠤᠰ ᠳᠠᠭᠤᠤ ᠪᠤᠯ ᠦᠯᠢᠬᠡᠷᠳᠤ ᠳᠠᠭᠤᠤ ᠪᠤᠯᠤᠨ᠎ᠠ ᠃ ᠪᠠᠷᠭᠤ ᠂ ᠰᠦᠨᠢᠳ ᠂ ᠤᠷᠠᠳ ᠵᠡᠷᠭᠡ ᠨᠤᠲᠤᠭ  ᠢᠶᠡᠷ  ᠪᠦᠷ ᠳᠠᠭᠤᠯᠠᠭᠳᠠᠨ ᠲᠠᠷᠬᠠᠵᠤ ᠪᠠᠶᠢᠳᠠᠭ ᠃ ᠵᠠᠷᠢᠮ ᠨᠤᠲᠤᠭ  ᠢᠶᠡᠷ  ᠪᠠᠰᠠ ︽ ᠬᠡᠦᠭᠡᠨ ᠬᠤᠲᠤᠭᠲᠤ ᠵᠢᠨ ᠳᠠᠭᠤᠤ ︾ ᠭᠡᠳᠡᠭ ᠂ ᠳᠠᠭᠤᠤ ᠳ᠋ᠣ ᠳᠠᠯ᠎ᠠ ᠨᠤᠳᠤᠭ  ᠣᠨ ᠡᠮᠡᠭᠲᠡᠢ  ᠪᠠᠭᠠᠳᠤᠷ ᠂ ᠡᠷᠡᠭᠲᠡᠢ  ᠬᠦᠮᠤᠨ ᠵᠢᠡᠷ ᠬᠤᠪᠴᠠᠰᠤᠯᠠᠨ ᠪᠠᠷᠭᠤ ᠵᠢᠨ ᠨᠤᠳᠤᠭ  ᠣᠨ ᠭᠤᠴᠢᠨ ᠭᠤᠷᠪᠠᠨ ᠰᠠᠶᠢᠨ ᠠᠳᠤᠭᠤ ᠵᠢ ᠳᠠᠭᠤᠵᠤ ᠶᠠᠪᠤᠭᠰᠠᠨ ᠦᠯᠢᠬᠡᠷ  ᠢ ᠶᠠᠷᠢᠪᠠ ᠃ ᠭᠡᠬᠦ ᠳᠡᠬᠡᠨ ᠵᠠᠷᠢᠮ ᠨᠤᠲᠤᠭ  ᠲᠤ ᠪᠠᠰᠠ ᠬᠡᠦᠬᠡᠨ ᠬᠦᠮᠦᠨ ᠪᠢᠰᠢ ᠬᠠᠷᠢᠨ ᠬᠡᠦᠬᠡᠨ ᠬᠦᠮᠦᠨ ᠮᠡᠲᠦ ᠤᠷᠲᠤ ᠬᠠᠷ᠎ᠠ ᠭᠡᠵᠢᠭᠡ  ᠲᠠᠢ ᠡᠷᠡᠭᠲᠡᠢ  ᠪᠠᠭᠠᠲᠤᠷ ᠡᠷ᠎ᠡ ᠭᠡᠵᠦ ᠴᠤ ᠬᠡᠯᠡᠯᠴᠡᠳᠡᠭ ᠪᠠᠶᠢᠨ᠎ᠠ ᠃ ᠡᠨᠡᠬᠦ  ᠪᠠᠭᠠᠲᠤᠷ ᠪᠤᠯ ᠮᠤᠷᠢ ᠵᠡᠪᠰᠡᠭ  ᠲᠡᠭᠡᠨ ᠮᠡᠷᠭᠡᠰᠢᠭᠰᠡᠨ ᠰᠢᠯᠢ ᠵᠢᠨ ᠰᠠᠶᠢᠨ ᠡᠷ᠎ᠡ ᠪᠠᠶᠢᠵᠤ ᠂ ᠳᠡᠨᠭᠳᠡ ᠪᠠᠶᠠᠴᠤᠳ ᠣᠨ ᠠᠳᠤᠭᠤ ᠵᠢ ᠲᠠᠭᠤᠵᠦ ᠶᠠᠳᠠᠭᠤ ᠮᠠᠯᠴᠢᠳ  ᠲᠤ ᠬᠤᠪᠢᠶᠠᠵᠦ ᠦᠭᠳᠡᠭ ᠭᠡᠨ᠎ᠡ ᠃ ᠲᠡᠷᠡ ᠰᠢᠯᠢ ᠵᠢᠨ ᠭᠤᠤᠯ  ᠡᠴᠡ ᠪᠠᠷᠭᠤ ᠵᠢᠨ ᠲᠠᠯ᠎ᠠ ᠬᠦᠷᠲᠡᠯ᠎ᠡ ᠠᠳᠤᠭᠤ ᠳᠠᠭᠤᠵᠦ ᠶᠠᠪᠤᠳᠠᠭ  ᠡᠴᠡ ᠂ ᠬᠦᠮᠦᠨ ᠪᠦᠬᠦᠨ ᠲᠡᠭᠦᠨ ᠥ ᠠᠯᠳᠠᠷ ᠢ ᠰᠤᠨᠤᠰᠴᠤ ᠂ ᠰᠡᠭᠦᠯᠡᠷ  ᠨᠢ ᠳᠠᠭᠤᠤ ᠵᠤᠬᠢᠶᠠᠵᠦ ᠮᠠᠭᠲᠠᠨ ᠳᠠᠭᠤᠯᠠᠵᠠᠢ ᠃ ᠳᠤᠰ ᠳᠠᠭᠤᠤ ᠵᠢᠨ ᠳᠡᠤᠬᠡ  ᠨᠢ ᠦᠨᠢ ᠤᠳᠠᠭᠠᠨ ᠂ ᠬᠤᠪᠢᠷᠠᠮᠠᠯ ᠳᠢᠭ ᠤᠯᠠᠨ ᠪᠠᠶᠢᠳᠠᠭ ᠃ ᠳᠠᠭᠤᠤ ᠵᠢᠨ ᠦᠬᠡ  ᠨᠢ ᠦᠨᠳᠤᠰᠤᠨ ᠳ᠋ᠡᠬᠡᠨ ᠠᠳᠠᠯᠢᠪᠳᠤᠷ ᠪᠤᠯᠪᠠᠴᠤ ᠠᠶ᠎ᠠ ᠵᠢᠨ ᠵᠦᠷᠢᠶ᠎ᠡ ᠶᠡᠬᠡᠲᠠᠢ ᠪᠠᠶᠢᠳᠠᠭ ᠃ ᠮᠠᠨ ᠥ ᠳᠤᠤᠷ᠎ᠠ ᠰᠤᠨᠢᠷᠬᠠᠬᠤ ᠭᠡᠵᠦ ᠪᠠᠶᠢᠭ᠎ᠠ ᠪᠤᠯ ᠠᠯᠳᠠᠷᠲᠤ ᠤᠷᠲᠤ ᠵᠢᠨ ᠳᠠᠭᠤᠴᠢᠨ ᠦᠷᠴᠠᠶᠢᠬᠤ ᠵᠢᠨ ᠳᠠᠭᠤᠯᠠᠭᠰᠠᠨ ᠪᠠᠷᠭᠤ ᠬᠤᠪᠢᠯᠪᠤᠷᠢ ᠪᠠ ᠵᠠᠭᠳᠠᠰᠦᠷᠦᠨᠭ  ᠣᠨ ᠳᠠᠭᠤᠯᠠᠭᠰᠠᠨ ᠰᠦᠨᠢᠳ ᠬᠤᠪᠢᠯᠪᠤᠷᠢ ᠪᠤᠯᠤᠨ᠎ᠠ ᠃ ᠳᠠᠭᠤᠤ  ᠳᠤ ᠬᠡᠦᠬᠡᠨ ᠪᠠᠭᠠᠲᠤᠷ ᠪᠠᠷᠭᠤ ᠵᠢᠨ ᠲᠠᠯ᠎ᠠ  ᠳᠤ ᠬᠦᠷᠴᠦ ᠠᠳᠤᠭᠤ ᠬᠤᠯᠠᠭᠠᠶᠢᠯᠠᠵᠤ ᠪᠠᠶᠢᠬᠤ ᠪᠠᠶᠢᠳᠠᠯ ᠢ ᠵᠢᠷᠤᠭᠯᠠᠨ ᠢᠯᠡᠳᠭᠡᠵᠡᠢ ᠃

 

ᠬᠤᠶᠠᠷ ᠂ ᠠᠶᠠᠰ  ᠣᠨ ᠵᠠᠳᠠᠯᠤᠯᠳᠠ

 

ᠳᠤᠰ ᠳᠠᠭᠤᠤ ᠵᠢᠨ ᠪᠦᠳᠦᠴᠡ  ᠨᠢ ᠳᠠᠭᠠᠪᠤᠷᠢ ᠳᠠᠭᠤᠯᠠᠬᠤᠢ ᠪᠠᠶᠢᠳᠠᠭ ᠳᠡᠬᠡᠷ᠎ᠡ ᠳᠤᠤᠷ᠎ᠠ ᠬᠤᠶᠠᠷ ᠬᠦᠭᠵᠢᠮ  ᠣᠨ ᠦᠬᠦᠯᠡᠪᠤᠷᠢ ᠵᠢᠨ ᠪᠦᠳᠦᠴᠡ ᠪᠤᠯᠤᠨ᠎ᠠ ᠃ ᠳᠠᠭᠤᠤ ᠵᠢᠨ ᠦᠬᠡ ᠪᠠ ᠠᠶ᠎ᠠ  ᠨᠢ ︽ ᠨᠢᠬᠡ  ᠬᠤᠶᠠᠷ ︾ ᠣᠨ ᠬᠠᠷᠢᠴᠠᠭ᠎ᠠ  ᠲᠠᠢ ᠪᠠᠶᠢᠵᠦ ᠂ ᠳᠠᠷᠤᠢ ᠨᠢᠬᠡ ᠪᠠᠳᠠᠭ ᠦᠬᠡ  ᠪᠠᠨ ᠬᠤᠶᠠᠷ ᠤᠳᠠᠭ᠎ᠠ ᠠᠶ᠎ᠠ ᠳᠡᠭᠡᠷ᠎ᠡ  ᠪᠠᠨ ᠲᠠᠭᠠᠷᠠᠭᠤᠯᠥᠨ ᠳᠠᠭᠤᠯᠠᠳᠠᠭ ᠃ ᠳᠡᠬᠡᠷ᠎ᠡ ᠬᠦᠭᠵᠢᠮ  ᠣᠨ ᠦᠬᠦᠯᠡᠪᠤᠷᠢ  ᠨᠢ ᠱᠠᠩᠳᠠᠭᠤᠨ ᠳᠡᠬᠡᠷ᠎ᠡ ᠳᠡᠬᠦᠰᠴᠤ ᠂ ᠳᠤᠤᠷ᠎ᠠ ᠬᠦᠭᠵᠢᠮ  ᠣᠨ ᠦᠬᠦᠯᠡᠪᠤᠷᠢ  ᠨᠢ ᠶᠦᠳᠠᠭᠤᠨ ᠳᠡᠬᠡᠷ᠎ᠡ ᠲᠡᠭᠦᠰᠥᠨ᠎ᠡ ᠃ ᠳᠡᠬᠦᠰᠬᠡᠯ  ᠣᠨ ᠳᠠᠭᠤᠨ  ᠨᠢ ︽ ᠳᠤᠤᠷ᠎ᠠ ᠬᠠᠷᠢᠶ᠎ᠠ  ᠭᠤᠤᠯ ︾ ᠤᠨ ᠠᠪᠤᠯᠴᠠᠭ᠎ᠠ ᠪᠤᠯᠤᠨ᠎ᠠ ᠃ ᠳᠡᠬᠡᠷ᠎ᠡ ᠬᠦᠭᠵᠢᠮ  ᠣᠨ ᠦᠬᠦᠯᠡᠪᠤᠷᠢ ᠵᠢᠨ ᠠᠳᠠᠯᠢ ᠨᠢᠬᠡ ᠳᠠᠭᠤᠯᠠᠬᠤᠢ ᠳ᠋ᠣ ᠳᠤᠩᠭᠠᠯᠠᠭ ᠵᠢᠶᠤᠤᠳᠠᠭᠤᠨ ᠡᠴᠠ ᠬᠦᠩᠳᠠᠭᠤᠨ ᠪᠤᠯᠤᠭᠰᠠᠨ ᠦᠵᠡᠭᠳᠡᠯ ᠪᠠᠶᠢᠨ᠎ᠠ ᠃ ᠡᠶᠢᠮᠦ  ᠡᠴᠠ ᠠᠳᠠᠯᠢ ᠨᠢᠬᠡ ᠬᠦᠭᠵᠢᠮ  ᠣᠨ ᠳᠠᠰᠤᠯᠪᠤᠷᠢ ᠳᠣ ᠭᠦᠩᠳᠠᠭᠤᠨ ᠰᠢᠰᠲ᠋ᠸᠮ ᠣᠨ ᠬᠤᠪᠢᠷᠠᠯ ᠢᠯᠡᠷᠡᠬᠦ ᠪᠤᠯ ᠡᠨᠡ  ᠳᠠᠭᠤᠤ ᠵᠢᠨ ᠨᠢᠭᠡᠨ ᠤᠨᠴᠠᠯᠢᠭ ᠪᠤᠯᠤᠨ᠎ᠠ ᠃

 

ᠭᠤᠷᠪᠠ ᠂ ᠳᠠᠭᠤᠤ ᠵᠢᠨ ᠦᠭᠡ

 

ᠵᠠ ᠬᠦ᠋

ᠪᠠᠶᠠᠨ ᠪᠠᠷᠭᠤ ᠵᠢᠨ ᠮᠠᠨᠠᠭ᠎ᠠ ᠭᠦ᠋ ᠂

ᠶᠠᠭᠠᠭᠢᠭᠰᠡᠨ ᠴᠤ ᠬᠠᠳᠠᠭᠤ ᠮᠠᠨᠠᠭ᠎ᠠ ᠪᠤᠢ ᠭᠦ᠋ ᠃

ᠵᠠ ᠬᠦ᠋

ᠪᠢᠳᠡᠭᠦᠨ ᠣ ᠰᠦᠨᠢ  ᠪᠡᠷ ᠭᠡᠪᠳᠡᠭᠡᠳ ᠭᠦ᠋ ᠂

ᠪᠦᠷᠭᠦᠭ ᠰᠦᠨᠢ  ᠳᠤᠨᠢ ᠳᠠᠭᠤᠯ᠎ᠠ ᠰᠢᠤ ᠭᠦ᠋ ᠃

 

ᠵᠠ ᠬᠦ᠋

ᠳᠠᠭᠤᠰᠠᠩᠬᠠᠨ ᠠᠳᠤᠭᠤ  ᠨᠢ

ᠭᠤᠴᠢᠨ ᠭᠤᠷᠪᠠᠨ ᠰᠢᠷᠭ᠎ᠠ ᠰᠢᠤ ᠳ᠋ᠠ ᠬᠦ᠋ ᠂

ᠵᠠ ᠬᠦ᠋

ᠭᠤᠴᠢᠨ ᠭᠤᠷᠪᠠᠨ ᠰᠢᠷᠭ᠎ᠠ  ᠠᠴᠠ

ᠭᠤᠷᠪᠠ  ᠠᠴᠠ ᠪᠤᠰᠤᠳ  ᠨᠢ ᠵᠢᠷᠤᠭ᠎ᠠ ᠰᠢᠤ ᠳ᠋ᠠ ᠬᠦ᠋ ᠃

 

ᠲᠦᠷᠪᠡ ᠂ ᠳᠠᠭᠤᠤ ᠵᠢᠨ ᠨᠤᠲ

 

 

1
ᠦᠷᠴᠠᠶᠢᠬᠤ ᠵᠢᠨ ᠳᠤᠪᠴᠢ ᠳᠠᠨᠢᠯᠴᠠᠭᠤᠯᠭ᠎ᠠ

ᠠᠯᠳᠠᠷᠲᠤ ᠳᠠᠭᠤᠴᠢᠨ ᠦᠷᠴᠠᠶᠢᠬᠤ 1957 ᠤᠨ  ᠳᠤ ᠰᠢᠯᠢ ᠵᠢᠨ ᠭᠤᠤᠯ ᠠᠶᠢᠮᠠᠭ ᠣᠨ ᠰᠢᠯᠤᠭᠤᠨ ᠬᠦᠭᠡ ᠬᠤᠰᠢᠭᠤᠨ ᠣ ᠵᠢᠷ ᠣᠨ ᠮᠠᠯᠴᠢᠨ ᠣ ᠭᠡᠷ  ᠲᠤ ᠲᠦᠷᠦᠵᠡᠢ ᠃ ᠬᠠᠷᠠᠬᠠᠨ ᠪᠠᠭ᠎ᠠ  ᠡᠴᠡ  ᠪᠠᠨ ᠠᠷᠠᠳ ᠣᠨ ᠳᠠᠭᠤᠤ  ᠳᠤ ᠠᠪᠢᠶᠠᠰ ᠪᠢᠯᠢᠭ  ᠲᠠᠢ ᠪᠠᠶᠢᠵᠤ ᠂ ᠤᠯᠠᠨ ᠠᠷᠪᠢᠨ ᠠᠷᠠᠳ ᠣᠨ ᠳᠠᠭᠤᠤ ᠰᠤᠷᠴᠤ ᠡᠵᠡᠮᠰᠢᠭᠡᠳ ᠨᠤᠲᠤᠭ ᠲᠠᠶᠠᠭᠠᠷ  ᠲᠠᠭᠠᠨ ︽ ᠪᠢᠴᠢᠬᠠᠨ ᠳᠠᠭᠤᠴᠢᠨ ︾ ᠬᠡᠮᠡᠨ ᠴᠤᠯᠯᠠᠭᠳᠠᠵᠠᠢ ᠃ 1972 ᠤᠨ  ᠳᠤ ᠳᠡᠷᠡ ᠬᠤᠰᠢᠭᠤᠨ ᠣ  ᠪᠠᠨ ᠤᠯᠠᠭᠠᠨᠮᠦᠴᠢᠷ  ᠲᠤ ᠡᠯᠰᠡᠭᠳᠡᠭᠰᠡᠨ  ᠪᠦᠭᠡᠳ ᠂ 1977 ᠤᠨ  ᠳᠤ ᠵᠠᠪᠰᠢᠶᠠᠨ  ᠢᠶᠡᠷ  ᠦᠪᠦᠷ ᠮᠤᠨᠭ᠍ᠭᠤᠯ ᠣᠨ ᠤᠷᠠᠯᠢᠭ ᠣᠨ ᠰᠤᠷᠭᠠᠭᠤᠯᠢ  ᠳᠤ ᠤᠷᠤᠵᠤ ᠂ ᠤᠷᠲᠤ ᠵᠢᠨ ᠳᠠᠭᠤᠤ ᠵᠢᠨ ᠠᠪᠤᠷᠭᠤ ᠪᠤᠶᠠᠨᠳᠡᠯᠭᠡᠷ  ᠡᠴᠡ ᠤᠷᠲᠤ ᠵᠢᠨ ᠳᠠᠭᠤᠤ ᠳᠠᠭᠤᠯᠠᠬᠤᠢ ᠵᠢ ᠰᠢᠰᠲ᠋ᠸᠮ  ᠲᠠᠢ ᠰᠤᠷᠤᠯᠴᠠᠭᠰᠠᠨ ᠪᠠᠶᠢᠨ᠎ᠠ ᠃ ᠰᠡᠭᠦᠯᠡᠷ  ᠨᠢ ᠦᠪᠦᠷ ᠮᠤᠨᠭ᠍ᠭᠤᠯ ᠣᠨ ᠷᠠᠳᠢᠤ᠋ ᠲᠸᠯᠸᠢᠰ ᠤᠷᠠᠨ  ᠰᠠᠶᠢᠬᠠᠨ ᠥ ᠪᠦᠯᠬᠦᠮ  ᠳᠤ ᠡᠯᠰᠡᠭᠳᠡᠨ  ᠤᠷᠤᠵᠤ ᠂ ᠭᠤᠴᠤᠯᠠᠯ ᠳᠠᠭᠤᠴᠢᠨ  ᠢᠶᠡᠷ  ᠠᠵᠢᠯᠯᠠᠭᠰᠠᠨ ᠪᠠᠶᠢᠨ᠎ᠠ ᠃ ᠲᠡᠭᠦᠨ ᠣ ᠬᠤᠭᠤᠯᠠᠢ ᠵᠢᠨ ᠦᠨᠭᠭᠡ  ᠨᠢ ᠭᠤᠶᠦ ᠴᠡᠭᠡᠯᠬᠡᠨ ᠂ ᠦᠨᠳᠦᠷ ᠲᠤᠳᠤ ᠡᠷᠴᠢᠮ ᠴᠢᠩᠭ᠎ᠠ  ᠪᠠᠶᠢᠵᠦ ᠂ ᠪᠤᠶᠠᠨᠳᠡᠯᠭᠡᠷ ᠪᠠᠭᠰᠢ ᠵᠢᠨ ᠳᠠᠭᠤᠯᠠᠬᠤᠢ ᠵᠢᠨ ᠬᠡᠪ ᠨᠠᠮᠪᠠ ᠵᠢ ᠪᠦᠲᠦᠮᠵᠢᠲᠡᠢ ᠵᠠᠯᠭᠠᠮᠵᠢᠯᠠᠭᠰᠠᠨ  ᠡᠴᠡ ᠮᠠᠯᠴᠢᠳ ᠲᠡᠭᠦᠨ ᠢ ᠪᠠᠰᠠ ︽ ᠵᠢᠭᠠᠬᠠᠨ ᠪᠤᠶᠠᠨᠳᠡᠯᠭᠡᠷ ︾ ᠭᠡᠵᠦ ᠬᠠᠯᠠᠮᠵᠢᠯᠠᠨ ᠳᠠᠭᠤᠳᠠᠳᠠᠭ ᠃ ᠦᠷᠴᠠᠶᠢᠬᠤ ᠵᠢᠨ ᠲᠦᠯᠦᠭᠡᠯᠡᠭᠴᠢ ᠪᠦᠲᠦᠭᠡᠯ ᠡᠴᠠ ᠬᠡᠳᠦ ᠵᠢ ᠳᠤᠷᠠᠳᠪᠠᠯ ᠄ ︽ ᠰᠠᠷᠠᠭᠤᠯ ᠲᠠᠯ᠎ᠠ ︾ ᠂ ︽ ᠪᠠᠶᠠᠨ ᠪᠠᠷᠭᠤ ᠵᠢᠨ ᠮᠠᠨᠠᠭ᠎ᠠ ︾ ᠂ ︽ ᠡᠷ᠎ᠡ ᠪᠤᠷᠤ ᠬᠠᠷᠴᠠᠭᠠᠢ ︾ ᠂ ︽ ᠪᠤᠯᠠᠭᠠᠨ ᠲᠤᠬᠤᠢ ︾ ᠮᠡᠲᠤ ᠃
2

ᠮᠤᠩᠭᠤᠯ ᠦᠨᠳᠦᠰᠦᠳᠡᠨ  ᠣ ᠠᠯᠳᠠᠷᠲᠤ ᠳᠠᠭᠤᠴᠢᠨ ︱︱ ᠦᠷᠴᠠᠶᠢᠬᠤ

 

3 4

MP3 ᠪᠢᠴᠢᠯᠭᠡ ︱ ︽ ᠪᠠᠶᠠᠨ ᠪᠠᠷᠭᠤ ᠵᠢᠨ ᠮᠠᠨᠠᠭ᠎ᠠ ︾ ︵ ᠦᠷᠴᠠᠶᠢᠬᠤ ︶

VCD ᠪᠢᠴᠢᠯᠭᠡ ︱ ︽ ᠪᠠᠶᠠᠨ ᠪᠠᠷᠭᠤ ᠵᠢᠨ ᠮᠠᠨᠠᠭ᠎ᠠ ︾ ︵ ᠦᠷᠴᠠᠶᠢᠬᠤ ︶

ᠰᠢᠭᠦᠮᠵᠢ ᠦᠯᠡᠳᠡᠭᠡᠬᠦ