• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠤᠭᠳᠠ ᠴᠢᠩᠭᠢᠰ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   39
 • ᠄   0
 • ᠄   0
 • ᠄  0

︽ ᠪᠤᠭᠳᠠ ᠴᠢᠩᠭᠢᠰ ︾ ᠭᠡᠭᠦ ᠳᠠᠭᠤᠤ ᠵᠢᠨ ᠳᠤᠬᠠᠢ ᠳᠤᠮᠤᠭ

 

ᠤᠷᠢᠳᠤ ᠨᠢᠭᠡᠨ ᠴᠠᠭ  ᠲᠤ ᠴᠢᠩᠭᠢᠰ ᠬᠠᠭᠠᠨ ᠲᠦᠷᠦ ᠵᠢ ᠳᠡᠳᠭᠦᠨ ᠪᠦᠬᠦᠶᠢᠶ᠎ᠠ ᠂ ᠬᠠᠭᠠᠨ  ᠣ ᠡᠬᠡ  ᠦᠭᠡᠯᠡᠤᠨ ᠳᠠᠶᠢᠭᠡᠤ ᠡᠢᠢᠨ  ᠵᠠᠷᠯᠢᠭ ᠪᠤᠯᠤᠷᠤᠨ ᠄ ︽ ᠮᠠᠨ  ᠣ ᠲᠠᠭᠡᠳᠥᠰ ᠭᠤᠷᠪᠠᠨ ᠦᠶ᠎ᠡ ᠠᠷᠢᠭᠢᠨ  ᠣ ᠰᠢᠯᠳᠠᠭᠠᠨ  ᠡᠴᠡ ᠡᠨᠳᠡᠯ  ᠪᠤᠯᠤᠭᠰᠡᠨ ᠲᠤᠯᠠ ᠠᠷᠢᠭᠢᠨ ᠢ ᠴᠢᠩᠭ᠎ᠠ ᠴᠠᠭᠠᠵᠠᠯᠠᠰᠤᠭᠠᠢ ︾ ᠭᠡᠪᠡ ᠃ ᠪᠤᠭᠳᠠ ᠡᠵᠡᠨ ᠠᠴᠢᠯᠠᠯᠳᠤ ᠨᠤᠮ ᠣᠨ ᠵᠢᠷᠤᠮ ᠢ ᠲᠦᠮᠨᠨ ᠦᠰᠦᠭ ᠣᠨ ᠳᠡᠷᠢᠭᠦᠨ ᠪᠤᠯᠭᠠᠨ ᠡᠷᠬᠢᠯᠡᠭᠰᠡᠨ  ᠳᠤᠯᠠ ᠡᠬᠡ  ᠵᠢᠨ ᠵᠠᠷᠯᠢᠭ ᠵᠢᠡᠷ ᠤᠯᠤᠰ  ᠣᠨ ᠭᠡᠪᠴᠢᠶᠠᠨ  ᠳᠤ ᠠᠷᠢᠭᠢ ᠵᠢ ᠴᠢᠩᠭ᠎ᠠ ᠴᠠᠭᠠᠵᠠᠯᠠᠭᠰᠡᠨ  ᠡᠴᠡ ᠨᠠᠶᠢᠷ ᠨᠠᠭᠠᠳᠤᠮ ᠪᠡᠯᠭᠡ ᠢᠷᠦᠭᠡᠯ ᠳᠠᠭᠤᠤ ᠰᠢᠯᠦᠭ ᠵᠢᠡᠷ ᠬᠤᠮᠰᠠᠬᠠᠨ ᠪᠤᠯᠵᠦ ᠂ ᠠᠷᠠᠳ ᠤᠯᠠᠨ ᠣ ᠰᠡᠳᠭᠢᠯ ᠰᠡᠷᠭᠦᠭᠡᠭᠦ ᠴᠠᠩᠭᠡᠯ ᠪᠠ ᠳᠡᠭᠷᠢ ᠯᠤᠤᠰ ᠣᠨ ᠡᠵᠡᠨ  ᠳᠤᠷ ᠡᠷᠭᠦᠬᠦ  ᠳᠡᠭᠡᠵᠢ ᠰᠠᠴᠤᠯᠢ ᠲᠠᠰᠤᠷᠠᠨ ᠡᠰᠡ  ᠪᠠᠶᠠᠰᠤᠭᠰᠠᠨ ᠵᠢᠡᠷ ᠭᠠᠮᠰᠢᠭ ᠤᠯᠠᠨ ᠪᠤᠯᠤᠭᠰᠡᠨ ᠨᠢᠭᠡᠨ ᠤᠴᠢᠷ ᠪᠤᠢ ᠃

ᠴᠢᠩᠭᠢᠰ ᠬᠠᠭᠠᠨ ᠨᠢᠭᠡᠨ ᠡᠳᠦᠷ  ᠦᠪᠡᠷ ᠣᠨ ᠪᠡᠶ᠎ᠡ  ᠪᠡᠷ ᠬᠤᠶᠢᠳᠤ ᠵᠦᠭ᠍  ᠲᠤᠷ ᠮᠤᠷᠢᠯᠠᠵᠦ ᠬᠤᠯᠠ ᠭᠠᠵᠠᠷ  ᠲᠤᠷ ᠨᠢᠭᠡᠨ ᠦᠨᠳᠦᠷ ᠠᠭᠤᠯᠠᠨ ᠳᠡᠭᠡᠷ᠎ᠡ  ᠡᠴᠡ ᠪᠠᠷᠠᠭᠠᠯᠠᠪᠠᠰᠤ ᠠᠷᠤ  ᠳᠤᠨᠢ ᠨᠢᠭᠡᠨ ᠪᠦᠯᠦᠭ ᠠᠶᠢᠯ ᠣᠳ ᠦᠵᠡᠭᠳᠡᠨ ᠳᠡᠷᠡ ᠭᠠᠵᠠᠷ  ᠲᠤᠷ ᠲᠦᠷᠦᠯ ᠪᠦᠷᠢ ᠵᠢᠨ ᠮᠠᠯ ᠰᠦᠷᠦᠭ ᠲᠦᠮᠡ ᠪᠤᠮ ᠵᠢᠡᠷ ᠪᠡᠯᠴᠢᠭᠡᠷᠯᠡᠨ ᠬᠤᠷ᠎ᠠ ᠪᠤᠷᠤᠭᠠᠨ ᠡᠯᠪᠡᠭ  ᠡᠴᠠ ᠡᠪᠡᠰᠤ ᠪᠡᠯᠴᠢᠭᠡᠷ ᠳᠡᠯᠭᠡᠷᠡᠨ ᠰᠢᠮ᠎ᠡ ᠬᠦᠴᠦᠨ ᠡᠯᠪᠡᠭ  ᠪᠦᠬᠦᠢ ᠵᠢ ᠦᠵᠡᠭᠡᠳ ᠪᠤᠭᠳᠠ ᠡᠵᠡᠨ ᠪᠠᠶᠠᠪᠡᠷ ᠮᠤᠷᠢᠯᠠᠨ ᠬᠦᠷᠴᠦ ᠨᠢᠭᠡᠨ ᠠᠶᠢᠯ  ᠳᠤᠷ ᠪᠠᠭᠤᠪᠠᠰᠤ ᠂ ᠨᠢᠭᠡᠨ ᠦᠨᠳᠦᠷ ᠨᠠᠰᠤᠯᠠᠭᠰᠡᠨ ᠡᠪᠦᠭᠡᠨ ᠭᠠᠷᠴᠤ ᠪᠤᠭᠳᠠ ᠡᠵᠡᠨ ᠢ ᠤᠭᠳᠤᠨ ᠵᠠᠯᠠᠵᠦ ᠂ ᠭᠡᠷ  ᠲᠤ ᠪᠠᠭᠤᠯᠭᠠᠵᠦ ᠂ ᠵᠤᠴᠢᠨ ᠭᠡᠷ ᠣᠨ ᠡᠵᠡᠨ ᠣ ᠶᠤᠰᠤᠭᠠᠷ ᠠᠭᠤᠯᠵᠠᠨ ᠠᠮᠤᠷ ᠮᠠᠨᠳᠤ ᠠᠰᠠᠭᠤᠯᠴᠠᠨ ᠂ ᠴᠠᠢ ᠪᠠᠷᠢᠨ ᠢᠳᠡᠭᠡᠨ ᠳᠠᠪᠰᠢᠭᠦᠯᠦᠨ ᠂ ᠭᠡᠷ  ᠣᠨ ᠡᠵᠡᠨ ᠡᠪᠦᠭᠡᠨ ᠪᠠᠰᠠ ᠮᠤᠩᠭᠤᠯ ᠭᠦᠷᠦᠩᠭᠡ  ᠡᠴᠡ ᠨᠡᠷᠡᠭᠰᠡᠨ ᠠᠷᠢᠭᠢ ᠵᠢ ᠬᠠᠰ ᠣᠨ ᠠᠶᠠᠭᠠᠨ  ᠳᠤ ᠳᠦᠭᠦᠷᠭᠡᠨ ᠭᠡᠮᠨᠡᠭᠡᠳ ᠪᠤᠭᠳᠠ ᠴᠢᠩᠭᠢᠰ ᠬᠠᠭᠠᠨ  ᠳᠤᠷ ᠡᠷᠭᠦᠨ  ᠳᠠᠪᠰᠢᠭᠦᠯᠵᠦ ᠂ ᠨᠠᠰᠤᠳᠠᠢ ᠡᠪᠦᠭᠡᠨ ᠠᠶᠢᠨ ᠭᠡᠮᠡᠨ ᠳᠠᠭᠤᠯᠠᠷᠤᠨ᠄             ︽ ᠪᠤᠭᠳᠠ ᠴᠢᠩᠭᠢᠰ  ᠣᠨ ᠵᠤᠬᠢᠶᠠᠭᠰᠡᠨ

ᠪᠦᠬᠦ ᠮᠤᠩᠭᠤᠯ ᠣᠨ ᠵᠢᠮ᠎ᠠ ᠶᠤᠰᠤ

ᠪᠤᠷᠠᠮ ᠣᠨ ᠠᠮᠳᠠᠳᠤ ᠰᠠᠷᠬᠤᠳ ᠵᠢᠠᠨ ᠰᠦᠩᠨᠠᠨ

ᠪᠦᠬᠦᠨ ᠬᠠᠮᠳᠤᠪᠡᠷ ᠨᠠᠶᠢᠷᠠᠯᠠᠶ᠎ᠠ

ᠬᠠᠭᠠᠨ ᠴᠢᠩᠭᠢᠰ ᠣᠨ ᠵᠤᠬᠢᠶᠠᠭᠰᠡᠨ

ᠬᠠᠮᠤᠭ ᠮᠤᠩᠭᠤᠯ ᠣᠨ ᠵᠢᠮ᠎ᠠ ᠶᠤᠰᠤ

ᠬᠠᠳᠠᠨ ᠬᠤᠷᠴᠠ ᠰᠠᠷᠬᠤᠳ ᠵᠢᠡᠨ ᠰᠦᠩᠨᠠᠨ

ᠬᠠᠮᠳᠤ ᠪᠦᠬᠦᠨ ᠵᠢᠡᠷ ᠵᠢᠡᠨ ᠨᠠᠶᠢᠷᠠᠯᠠᠶ᠎ᠠ ︾ ᠭᠡᠪᠡ ᠃

ᠳᠡᠭᠦᠨ᠎ᠠ ᠪᠤᠭᠳᠠ ᠴᠢᠩᠭᠢᠰ ᠬᠠᠭᠠᠨ ᠠᠷᠢᠭᠢᠨ ᠢ ᠡᠷᠭᠦᠵᠦ  ᠠᠮᠰᠠᠨ ᠳᠠᠭᠤᠤ ᠡᠷᠭᠦᠵᠦ  ᠳᠠᠭᠢᠨ ᠭᠡᠮ ᠰᠡᠷᠭᠦᠭᠡᠨ ᠡᠪᠦᠭᠡᠨ᠎ᠡ ᠬᠠᠷᠢᠭᠤ ᠰᠠᠷᠬᠤᠳ ᠪᠠᠷᠢᠭᠠᠳ ᠡᠢᠢᠨ  ᠭᠡᠮᠡᠨ ᠳᠠᠭᠤᠯᠠᠷᠤᠨ ᠄

︽ ᠡᠷᠳᠡ ᠵᠢᠨ ᠴᠠᠭᠠᠨ ᠪᠤᠶᠠᠨ ᠣ

ᠦᠷᠭᠡᠨ  ᠡᠴᠡ ᠪᠤᠯᠤᠭᠰᠡᠨ

ᠡᠨᠡ ᠴᠠᠭ  ᠲᠠᠭᠠᠨ ᠴᠤᠬᠠᠭ

ᠴᠢᠨᠳᠠᠮᠤᠨᠢ ᠵᠢᠨ ᠡᠷᠳᠡᠨᠢ ᠡ

ᠴᠢᠨᠳᠠᠮᠤᠨᠢ ᠵᠢᠨ ᠡᠷᠳᠡᠨᠢ ᠵᠢᠨ

ᠴᠢᠨᠠᠷ  ᠡᠴᠡ ᠪᠤᠯᠤᠭᠰᠡᠨ

ᠲᠠ  ᠯᠤᠭ᠎ᠠ ᠤᠴᠠᠷᠠᠭᠰᠡᠨ

ᠶᠠᠭᠤᠳᠠᠢ ᠰᠤᠨᠢᠭᠤᠨ ᠬᠤᠪᠢ ᠵᠠ ︕ ︾

ᠪᠤᠭᠳᠠ ᠴᠢᠩᠭᠢᠰ ᠬᠠᠭᠠᠨ ᠡᠪᠦᠭᠡᠨ  ᠡᠴᠡ ᠡᠢᠢᠨ  ᠠᠰᠠᠭᠤᠷᠤᠨ ︽ ᠮᠠᠨ ᠣ ᠤᠯᠤᠰ ᠣᠨ ᠭᠡᠪᠴᠢᠶᠡᠨ᠎ᠠ ᠭᠠᠩ ᠪᠤᠯᠵᠦ ᠪᠠᠶᠢᠳᠠᠯ᠎ᠠ ᠡᠷᠭᠢᠨ  ᠳᠠᠨ ᠣ ᠡᠨᠳᠡ  ᠭᠡᠷᠭᠢᠨ ᠡᠨᠡ  ᠮᠡᠳᠦ ᠬᠤᠷ᠎ᠠ ᠪᠤᠷᠤᠭᠠᠨ ᠤᠷᠤᠵᠦ ᠂ ᠡᠪᠡᠰᠤ ᠪᠡᠯᠴᠢᠭᠡᠷ ᠳᠠᠯᠭᠡᠷᠡᠨ ᠮᠠᠯ ᠰᠦᠷᠦᠭ ᠭᠦᠭᠵᠢᠭᠡᠳ ᠰᠢᠮ᠎ᠡ ᠳᠡᠵᠢᠭᠡᠯ ᠳᠡᠯᠭᠡᠷᠡᠭᠰᠡᠨ ᠪᠤᠢ ︖ ︾ ᠭᠡᠮᠡᠪᠡᠰᠤ ᠡᠪᠦᠭᠡᠨ ᠦᠴᠢᠷᠦᠨ ᠄ ︽ ᠠᠢ ᠂ ᠭᠦᠨᠳᠤᠳᠤ ᠵᠤᠴᠢᠨ ᠲᠠᠨ  ᠡᠴᠡ ᠶᠠᠭᠤᠨ ᠨᠢᠭᠤᠬᠤ ᠪᠤᠢ ᠂ ᠳᠡᠭᠡᠳᠤ ᠡᠵᠡᠨ ᠣ ᠵᠠᠷᠯᠢᠭ ᠠᠷᠢᠭᠢᠨ ᠢ ᠴᠠᠭᠠᠵᠠᠯᠠᠭᠰᠡᠨ ᠵᠢᠡᠷ ᠨᠠᠶᠢᠷ ᠨᠠᠭᠠᠳᠤᠮ ᠬᠤᠪᠤᠷ ᠪᠤᠯᠵᠦ ᠰᠠᠶᠢᠨ ᠪᠡᠯᠭᠡᠳᠤ ᠳᠠᠭᠤᠤ ᠰᠢᠯᠦᠭ ᠭᠦᠭᠵᠢᠮ ᠦᠭᠡᠢ  ᠡᠴᠡ ᠪᠡᠯᠭᠡ ᠢᠷᠦᠭᠡᠯ ᠳᠤᠳᠠᠭᠳᠠᠨ ᠂ ᠳᠡᠭᠷᠢ ᠳᠡᠯᠡᠭᠡᠢ ᠵᠢᠨ ᠡᠵᠡᠳ  ᠲᠤᠷ ᠳᠡᠭᠡᠵᠢ ᠰᠠᠴᠤᠯᠢ ᠳᠠᠰᠤᠷᠠᠵᠦ ᠰᠠᠭᠢᠭᠤᠯᠰᠤᠨ ᠡᠰᠡ  ᠪᠠᠶᠠᠰᠤᠭᠠᠳ ᠭᠠᠩ ᠵᠤᠳ ᠡᠯᠪᠡᠭ  ᠂ ᠪᠤᠷᠤᠭᠠᠨ ᠬᠤᠷ᠎ᠠ ᠳᠡᠭᠰᠢ ᠦᠭᠡᠢ ᠪᠤᠯᠵᠠᠢ ᠃ ᠮᠠᠨ  ᠣ ᠪᠠᠭ᠎ᠠ ᠭᠠᠵᠠᠷ ᠭᠡᠰᠡᠭ ᠪᠤᠯᠤᠩ ᠣᠨ ᠨᠤᠳᠤᠭ ᠣᠨ ᠠᠷᠠᠳ ᠪᠢᠳᠠᠨᠠᠷ ᠬᠦᠷᠦᠨᠭᠭᠡ  ᠪᠠᠨ ᠨᠠᠷᠠᠵᠦ ᠲᠦᠷᠦ ᠵᠢᠨ ᠤᠮᠳᠠᠭᠠᠨ ᠰᠠᠷᠬᠤᠳ ᠴᠡᠭᠡ ᠭᠠᠷᠭᠠᠵᠦ ᠂ ᠳᠡᠭᠷᠢ ᠳᠡᠯᠡᠭᠡᠢ ᠵᠢᠨ ᠡᠵᠡᠳ  ᠲᠤᠷ ᠳᠡᠭᠡᠵᠢ ᠰᠠᠴᠤᠯᠢ ᠳᠠᠪᠰᠢᠭᠦᠯᠦᠨ ᠂ ᠪᠡᠯᠭᠡ ᠢᠷᠦᠭᠡᠯ ᠳᠠᠯᠪᠢᠨ ᠂ ᠰᠠᠶᠢᠨ ᠪᠡᠯᠭᠡᠳᠤ ᠳᠠᠭᠤᠤ ᠰᠢᠯᠦᠭ ᠳᠠᠭᠤᠯᠠᠨ ᠨᠠᠶᠢᠷ ᠨᠠᠭᠠᠳᠤᠮ ᠭᠢᠭᠰᠡᠨ  ᠡᠴᠡ ᠰᠢᠳᠦᠭᠡᠨ ᠰᠠᠭᠢᠭᠤᠯᠰᠤᠨ ᠪᠢᠰᠢᠷᠡᠭᠡᠳ ᠬᠤᠷ᠎ᠠ ᠪᠤᠷᠤᠭᠠᠨ ᠴᠠᠭ ᠵᠢᠡᠷ ᠤᠷᠤᠵᠦ ᠂ ᠭᠠᠮᠰᠢᠭ ᠣᠨ ᠦᠷᠭᠦᠯᠵᠢᠯᠡᠯ ᠳᠠᠰᠤᠷᠠᠨ ᠤᠷᠤᠨ ᠨᠤᠳᠤᠭ ᠰᠢᠮ᠎ᠡ ᠯᠤᠭᠡ ᠳᠡᠭᠦᠯᠳᠡᠷ ᠪᠤᠯᠵᠦ ᠂ ᠮᠠᠯ ᠰᠦᠷᠦᠭ ᠳᠡᠯᠭᠡᠷᠡᠨ ᠤᠯᠠᠨ ᠪᠦᠬᠦᠨ ᠵᠢᠷᠭᠠᠨ ᠠᠮᠤᠢ ᠃ ᠡᠨᠡ  ᠤᠴᠢᠷ ᠴᠠᠭᠠᠵᠠ ᠳᠡᠭᠡᠭᠦᠷ ᠂ ᠴᠡᠩᠭᠡᠯ ᠳᠤᠤᠭᠤᠷ ᠭᠡᠮᠡᠭᠰᠡᠨ ᠪᠤᠯᠠᠢ ᠃ᠡᠭᠦᠨ  ᠵᠢᠡᠨ ᠰᠠᠨᠠᠮᠰᠠᠷ ᠦᠭᠡᠢ ᠡᠷᠬᠢᠮ  ᠬᠦᠮᠦᠨ  ᠳᠤ ᠮᠡᠳᠡᠭᠳᠡᠪᠡ ᠪᠢᠳᠡ ︾ ᠭᠡᠮᠡᠵᠦᠭᠦᠢ ᠃ ᠳᠡᠭᠦᠨ  ᠡᠴᠡ ᠪᠤᠭᠳᠠ ᠴᠢᠩᠭᠢᠰ ᠬᠠᠭᠠᠨ ᠤᠷᠳᠤᠨ ᠳᠠᠭᠠᠨ ᠡᠭᠡᠵᠦ  ᠦᠭᠡᠯᠤᠨ ᠡᠬᠡ  ᠳᠡᠬᠡᠨ ᠮᠡᠳᠡᠭᠦᠯᠵᠦ ᠵᠦᠪᠰᠢᠶᠡᠷᠡᠭᠦᠯᠦᠨ ᠠᠷᠢᠭᠢᠨ ᠣ ᠴᠡᠭᠡᠷᠯᠡᠯ ᠢ ᠳᠠᠶᠢᠯᠤᠨ ᠡᠢᠢᠨ  ᠠᠮᠠᠨ ᠵᠠᠷᠯᠢᠭ ᠳᠤᠩᠬᠠᠭ ᠳᠠᠷᠬᠠᠭᠠᠪᠠᠢ᠃

︽ ᠠᠷᠢᠭᠢ ᠭᠡᠮᠡᠭᠴᠢ

ᠪᠠᠭᠠᠬᠠᠨ ᠤᠤᠭᠤᠪᠠᠰᠤ ᠵᠢᠷᠭᠠᠯ ᠂

ᠪᠠᠯᠠᠶᠢᠷᠠᠳᠠᠯ᠎ᠠ ᠰᠤᠭᠳᠤᠪᠠᠰᠤ ᠮᠤᠩᠬᠠᠭ ᠂

ᠪᠡᠯᠭᠡ ᠵᠢᠨ ᠳᠡᠳᠦᠢ ᠤᠤᠭᠤᠪᠠᠰᠤ ᠷᠠᠰᠢᠶᠠᠨ

ᠪᠡᠶ᠎ᠡ  ᠪᠠᠨ ᠰᠤᠭᠳᠤᠳᠠᠯ᠎ᠠ ᠤᠤᠭᠤᠪᠠᠰᠤ ᠬᠤᠤᠷ ︾ ᠃

ᠳᠡᠭᠦᠨᠴᠠ ᠭᠡᠮᠵᠢᠶᠡᠳᠡᠢ ᠴᠠᠭᠠᠵᠠ ᠳᠤᠭᠳᠠᠭᠠᠨ ᠂ ᠰᠠᠷᠬᠤᠳ ᠰᠦᠩᠨᠠᠨ ᠪᠡᠯᠭᠡᠳᠡᠢ ᠳᠠᠭᠤᠤ ᠳᠠᠭᠤᠯᠠᠨ ᠪᠡᠯᠭᠡ ᠢᠷᠦᠭᠡᠯ ᠭᠡᠯᠡᠭᠦ ᠨᠠᠶᠢᠷ ᠨᠠᠭᠠᠳᠤᠮ ᠳᠡᠯᠭᠡᠷᠡᠭᠦᠯᠦᠭᠰᠡᠨ  ᠡᠴᠡ ᠤᠷᠤᠨ ᠨᠠᠶᠢᠳᠠ  ᠳᠤ ᠭᠠᠩ ᠵᠤᠳ ᠣᠨ ᠦᠷᠭᠦᠯᠵᠢᠯᠡᠯ ᠳᠠᠰᠤᠷᠠᠵᠦ ᠠᠮᠢ ᠴᠡᠩᠭᠡᠯᠳᠤ ᠵᠢᠷᠭᠠᠯᠠᠩ ᠪᠤᠯᠪᠠᠢ ᠭᠡᠮᠡᠨ ᠮᠤᠩᠭᠤᠯ ᠣᠨ ᠬᠠᠭᠤᠴᠢᠨ ᠶᠠᠷᠢᠶᠠᠨ  ᠡᠴᠡ ᠰᠤᠨᠤᠰᠴᠦ ᠦᠩᠭᠡᠷᠡᠪᠡ ᠃

ᠡᠭᠦᠨ  ᠢ ᠵᠢᠷᠤᠮᠯᠠᠨ ᠮᠠᠨ ᠣ ᠪᠠᠷᠠᠭᠤᠨ ᠦᠵᠦᠮᠦᠴᠢᠨ ᠬᠤᠰᠢᠭᠤ ᠲᠦᠷᠦ ᠵᠢᠨ ᠶᠡᠭᠡ ᠨᠠᠶᠢᠷ ᠳᠠᠭᠠᠨ ︽ ᠪᠤᠭᠳᠠ ᠴᠢᠩᠭᠢᠰ ︾  ᠢ ᠳᠠᠭᠤᠨ ᠣ ᠡᠬᠢ  ᠪᠤᠯᠭᠠᠳᠠᠭ ᠂ ᠡᠭᠦᠨ  ᠵᠢᠡᠷ ᠪᠠᠳᠠᠷᠠᠭᠤᠯᠤᠨ᠎ᠠ ᠃

ᠯᠠᠪᠯᠠᠭᠰᠡᠨ ᠮᠠᠲ᠋ᠸᠷᠢᠶᠠᠯ ᠄

ᠨ᠊  ᠪᠦᠭᠡᠬᠠᠳᠠ ᠄ ︽ ᠦᠵᠦᠮᠦᠴᠢᠨ ᠠᠷᠠᠳ ᠣᠨ ᠳᠤᠮᠤᠭᠳᠤ ᠳᠠᠭᠤᠤ ︾ ᠂ ᠦᠪᠦᠷ ᠮᠤᠩᠭᠤᠯ ᠣᠨ ᠠᠷᠠᠳ ᠣᠨ ᠭᠡᠪᠯᠡᠯ ᠣᠨ ᠬᠤᠷᠢᠶ᠎ᠠ ᠂ 2005 ᠤᠨ ᠃

 

ᠠᠶᠠᠰ ᠣᠨ ᠵᠠᠳᠠᠯᠤᠯᠳᠠ

 

︽ ᠪᠤᠭᠳᠠ ᠴᠢᠨᠭᠬᠢᠰ ︾ ᠬᠡᠮᠡᠬᠦ ᠳᠠᠭᠤᠤ  ᠨᠢ ᠡᠯ᠎ᠡ ᠭᠠᠵᠠᠷ  ᠢᠶᠡᠷ  ᠦᠷᠭᠡᠨ ᠲᠡᠯᠭᠡᠷᠡᠭᠰᠡᠨ ᠪᠦᠭᠡᠳ ᠂ ᠵᠠᠷᠢᠮ ᠭᠠᠵᠠᠷ  ᠲᠤ ︽ ᠲᠦᠷᠦ ᠵᠢᠨ ᠳᠠᠭᠤᠤ ︾ ᠬᠡᠮᠡᠨ ᠶᠡᠬᠡᠯ᠎ᠡ ᠬᠦᠨᠳᠦᠳᠬᠡᠨ ᠂ ᠲᠦᠪ ᠶᠤᠰᠤᠯᠠᠯ ᠂ ᠨᠠᠶᠢᠷ ᠬᠤᠷᠢᠮ ᠳᠡᠭᠡᠷ᠎ᠡ ᠨᠠᠶᠢᠷ ᠡᠬᠢᠯᠡᠬᠦ  ᠳᠠᠭᠤᠤ ᠪᠤᠯᠭᠠᠨ ᠳᠠᠭᠤᠯᠠᠳᠠᠭ ᠃ ᠡᠯ᠎ᠡ ᠭᠠᠵᠠᠷ ᠤᠨ ᠬᠤᠪᠢᠯᠪᠦᠷᠢ ᠵᠢᠨ ᠦᠭᠡ  ᠨᠢ ᠠᠳᠠᠯᠢ ᠪᠤᠯᠪᠠᠴᠤ ᠂ ᠠᠶ᠎ᠠ  ᠨᠢ ᠤᠨᠳᠤᠤ ᠪᠠᠶᠢᠳᠠᠭ ᠃     ᠲᠤᠰ ᠳᠠᠭᠤᠤ  ᠨᠢ ᠤᠳᠤᠷᠢᠳᠬᠠᠯ ᠂ ᠳᠠᠭᠤᠤ ᠪᠠ ᠲᠦᠷᠡᠯᠭᠡ ᠭᠤᠷᠪᠠᠨ ᠬᠡᠰᠡᠭ  ᠢᠶᠡᠷ  ᠪᠦᠷᠢᠯᠳᠤᠵᠤ ᠂ ᠳᠠᠭᠤᠤ ᠵᠢᠨ ᠬᠡᠰᠡᠭ  ᠨᠢ ᠳᠡᠭᠡᠷ᠎ᠡ ᠳᠤᠤᠷ᠎ᠠ ᠬᠤᠶᠠᠷ ᠶᠡᠬᠡ ᠬᠦᠭᠵᠢᠮ ᠤᠨ ᠦᠭᠦᠯᠡᠪᠦᠷᠢ  ᠪᠡᠷ ᠪᠦᠷᠢᠯᠳᠦᠵᠤ ᠳᠤᠰᠪᠦᠷᠢ ᠵᠢᠳᠠᠭᠤᠨ ᠪᠠ ᠭᠦᠨᠭᠳᠠᠭᠤᠨ ᠳᠡᠭᠡᠷ᠎ᠡ ᠲᠡᠭᠦᠰᠴᠦ ᠂ ᠬᠤᠭᠤᠷᠤᠨᠳᠤ  ᠪᠠᠨ ︽ ᠬᠠᠷᠢᠶ᠎ᠠ ︱ ᠭᠦᠨᠭᠳᠠᠭᠤᠨ ︾ ᠦ ᠬᠠᠷᠢᠴᠠᠭ᠎ᠠ ᠡᠭᠦᠰᠴᠡᠢ  ᠃ ᠬᠦᠭᠵᠢᠮ ᠤᠨ ᠦᠭᠦᠯᠡᠪᠦᠷᠢ ᠪᠦᠷᠢ  ᠨᠢ ᠳᠦᠷᠪᠡᠨ ᠬᠦᠭᠵᠢᠮ ᠤᠨ ᠲᠠᠰᠤᠯᠪᠦᠷᠢ  ᠪᠡᠷ ᠪᠦᠷᠢᠯᠳᠦᠵᠤ ᠂ ᠳᠡᠭᠡᠷ᠎ᠡ ᠬᠦᠭᠵᠢᠮ ᠤᠨ ᠦᠭᠦᠯᠡᠪᠦᠷᠢ ᠵᠢᠨ ᠳᠦᠷᠪᠡᠨ ᠬᠦᠭᠵᠢᠮ  ᠤᠨ ᠲᠠᠰᠤᠯᠪᠦᠷᠢ  ᠨᠢ ᠪᠦᠷ ᠬᠠᠷᠢᠶ᠎ᠠ ᠳᠠᠭᠤᠨ ᠳᠡᠭᠡᠷ᠎ᠡ ᠴᠡᠭᠯᠡᠵᠡᠢ ᠃ ᠭᠡᠪᠡᠴᠤ ᠨᠢᠭᠡᠳᠦᠭᠡᠷ ᠭᠦᠭᠵᠢᠮ ᠤᠨ ᠲᠠᠰᠤᠯᠪᠦᠷᠢ ᠵᠢᠨ ᠴᠡᠭᠯᠡᠭᠰᠡᠨ ᠳᠠᠭᠤᠨ  ᠨᠢ ᠬᠠᠷᠢᠶ᠎ᠠ ᠳᠠᠭᠤᠨ ︱ ᠶᠦᠳᠠᠭᠤᠨ ᠱᠠᠲᠤ ᠪᠠᠶᠢᠵᠤ ᠂ ᠳᠠᠷᠠᠭᠠᠬᠢ ᠭᠤᠷᠪᠠ  ᠨᠢ ᠴᠦᠮ ᠬᠠᠷᠢᠶ᠎ᠠ ᠲᠠᠭᠤᠨ ︱ ᠵᠢᠳᠠᠭᠤᠨ ᠱᠠᠲᠤ ᠪᠠᠶᠢᠭᠰᠠᠨ  ᠡᠴᠡ ᠂ ᠠᠳᠠᠯᠢ ᠭᠤᠤᠯ ᠳᠠᠭᠤᠨ ᠂ ᠠᠳᠠᠯᠢ ᠪᠤᠰᠤ ᠭᠦᠨᠭᠳᠠᠭᠤᠨ ᠰᠢᠰᠲ᠋ᠸᠮ  ᠤᠨ ᠬᠦᠭ ᠤᠨ ᠬᠠᠷᠢᠴᠠᠭᠤᠯᠤᠯ ᠡᠭᠦᠰᠴᠡᠢ  ᠃ ᠡᠭᠦᠨ   ᠳᠤ ᠳᠦᠷᠪᠡᠳᠦᠭᠡᠷ ᠬᠦᠭᠵᠢᠮ ᠤᠨ ᠲᠠᠰᠤᠯᠪᠤᠷᠢ ᠪᠤᠯ ᠨᠦᠬᠦᠪᠦᠷᠢ ᠬᠡᠰᠡᠭ ᠪᠠᠶᠢᠵᠤ ᠂ ︽ ᠡᠸᠢ  ︾ ᠭᠡᠳᠡᠭ ᠳᠠᠭᠠᠯᠳᠤᠪᠦᠷᠢ ᠦᠭᠡ  ᠲᠠᠢ ᠠᠪᠴᠠᠯᠳᠤᠭᠰᠠᠨ ᠪᠠᠶᠢᠨ᠎ᠠ ᠃ ᠳᠤᠤᠷ᠎ᠠ ᠶᠡᠬᠡ ᠬᠦᠭᠵᠢᠮ ᠤᠨ ᠦᠭᠦᠯᠡᠪᠦᠷᠢ ᠵᠢᠨ ᠳᠦᠷᠪᠡᠨ ᠬᠦᠭᠵᠢᠮ ᠤᠨ ᠲᠠᠰᠤᠯᠪᠤᠷᠢ  ᠨᠢ ᠲᠤᠰᠪᠦᠷᠢ ᠵᠢᠳᠠᠭᠤᠨ ︱ ᠵᠢᠳᠠᠭᠤᠨ ︱ ᠵᠢᠳᠠᠭᠤᠨ ︱ ᠶᠦᠳᠠᠭᠤᠨ ᠳᠡᠭᠡᠷ᠎ᠡ ᠲᠡᠭᠦᠰᠴᠤ ᠂ ᠬᠤᠶᠠᠳᠤᠭᠠᠷ ᠬᠦᠭᠵᠢᠮ ᠤᠨ ᠲᠠᠰᠤᠯᠪᠤᠷᠢ  ᠨᠢ ᠨᠦᠬᠦᠪᠦᠷᠢ ᠬᠡᠰᠡᠭ ᠪᠠᠶᠢᠵᠤ ᠂ ᠮᠦᠨ ︽ ᠡᠸᠢ  ︾ ᠭᠡᠵᠤ ᠤᠷᠲᠤᠳᠬᠠᠨ ᠶᠠᠪᠤᠭᠳᠠᠵᠠᠢ ᠃ ᠳᠠᠭᠤᠤ ᠵᠢᠨ ᠬᠡᠰᠡᠭ ᠪᠠ ᠲᠦᠷᠡᠯᠭᠡ ᠵᠢᠨ ᠬᠡᠰᠡᠭ  ᠨᠢ ᠠᠳᠠᠯᠢ ᠭᠤᠤᠯ ᠳᠠᠭᠤᠨ ︱ ᠠᠳᠠᠯᠢ ᠪᠤᠰᠤ ᠭᠦᠨᠭ ᠤᠨ ᠰᠢᠰᠲ᠋ᠸᠮ ᠤᠨ ᠬᠤᠪᠢᠷᠠᠯᠳᠠ ᠭᠠᠷᠴᠤ ᠂ ᠳᠠᠭᠤᠤ ᠵᠢᠨ ᠬᠡᠰᠡᠭ  ᠳᠡᠬᠢ ᠭᠤᠤᠯ ᠳᠠᠭᠤᠨ ︱ ᠬᠦᠨᠭᠳᠠᠭᠤᠨ ᠱᠠᠲᠤ  ᠨᠢ ᠲᠦᠷᠡᠯᠭᠡ ᠵᠢᠨ ᠬᠡᠰᠡᠭ  ᠲᠤ ᠭᠤᠤᠯ ᠳᠠᠭᠤᠨ ︱ ᠱᠠᠨᠭ᠍ᠳᠠᠭᠤᠨ ᠱᠠᠲᠤ ᠪᠤᠯᠤᠭᠰᠠᠨ ᠪᠠᠶᠢᠨ᠎ᠠ ᠃

ᠲᠤᠰ ᠳᠠᠭᠤᠤ ᠵᠢᠨ ᠪᠦᠲᠦᠴᠡ  ᠨᠢ ᠲᠤᠮᠤ ᠂ ᠠᠶᠠᠰ  ᠨᠢ ᠦᠨᠳᠦᠷ ᠢᠳᠡᠷᠡᠭᠦᠨ ᠂ ᠵᠤᠵᠠᠭᠠᠨ ᠴᠢᠨᠠᠷᠯᠢᠭ ᠪᠠᠶᠢᠵᠤ ᠂ ᠬᠦᠮᠦᠨ ᠦ ᠰᠡᠳᠭᠢᠯ ᠢ ᠬᠦᠳᠡᠯᠭᠡᠮ᠎ᠡ ᠠᠤᠭ᠎ᠠ ᠰᠦᠷᠯᠢᠭ ᠳᠠᠯᠠᠶᠢᠴᠠ  ᠲᠠᠢ ᠪᠤᠯᠵᠠᠢ ᠃

 

ᠳᠠᠭᠤᠤ ᠵᠢᠨ ᠦᠭᠡ

 

ᠵᠸ ᠡ

ᠪᠤᠭᠳᠠ ᠴᠢᠩᠭᠢᠰ ᠬᠠᠭᠠᠨ  ᠣ ᠵᠤᠬᠢᠶᠠᠭᠰᠡᠨ

ᠪᠦᠬᠦ ᠮᠤᠩᠭᠤᠯ  ᠣᠨ ᠵᠠᠩ ᠵᠢᠷᠤᠮ ᠭᠦᠢ ᠡᠸᠢ

ᠪᠤᠳᠤᠩ  ᠲᠠᠢ ᠰᠠᠶᠢᠬᠠᠨ ᠰᠠᠷᠬᠤᠳ ᠵᠢᠡᠨ

ᠪᠦᠬᠦᠳᠡ ᠤᠯᠠᠨ ᠵᠢᠡᠷ ᠵᠢᠡᠨ ᠡᠷᠭᠦᠨ ᠰᠦᠩᠨᠠᠶ᠎ᠠ

ᠠᠶᠠᠨ ᠵᠤᠬᠠᠢ ᠠᠶᠠᠨ᠎ᠠ ᠸᠠᠶᠢᠳᠤ ᠵᠸ ᠃

 

ᠵᠸ ᠡ

ᠬᠠᠭᠠᠨ ᠴᠢᠩᠭᠢᠰ  ᠤᠨ ᠵᠤᠬᠢᠶᠠᠭᠰᠠᠨ

ᠬᠠᠮᠤᠭ ᠮᠤᠨᠭ᠍ᠭᠤᠯ ᠤᠨ ᠵᠠᠨᠭ᠍ ᠵᠢᠷᠦᠮ ᠡ ᠂

ᠬᠠᠳᠠᠨ ᠬᠤᠤᠷᠠᠵᠠ ᠰᠠᠷᠬᠤᠳ ᠢᠶᠠᠨ

ᠬᠠᠮᠤᠭ ᠪᠦᠭᠦᠳᠡᠭᠡᠷ ᠢᠶᠠᠨ ᠡᠷᠭᠦᠨ ᠰᠦᠨᠭᠨᠡᠶ᠎ᠡ ᠃

ᠠᠶᠠᠨ ᠵᠤᠬᠠᠢ ᠠᠶᠠᠨ᠎ᠠ ᠸᠠᠶᠢᠳᠤ ᠵᠸ ᠃

 

ᠳᠠᠭᠤᠤ ᠵᠢᠨ ᠨᠤᠲ

 

1

 

2

 

3

 

ᠮᠤᠩᠭᠤᠯ ᠤᠷᠳᠤ ᠵᠢᠨ ᠳᠠᠭᠤᠤ ᠵᠢᠨ ᠠᠪᠤᠷᠭᠤ ᠳᠠᠷᠬᠠᠨ ︱ ᠯᠾᠠᠵᠠᠪ

 

 

4

 

 

ᠯᠾᠠᠵᠠᠪ  ᠣᠨ ᠳᠤᠬᠠᠢ ᠳᠤᠪᠴᠢ ᠳᠠᠨᠢᠯᠴᠠᠭᠤᠯᠭ᠎ᠠ

ᠯᠾᠠᠵᠠᠪ (1922 ︱ 2005 ᠤᠨ ) ᠮᠤᠩᠭᠤᠯ ᠦᠨᠳᠦᠰᠦᠳᠡᠨ ᠣ ᠤᠷᠳᠤ ᠵᠢᠨ ᠳᠠᠭᠤᠤ ᠵᠢᠨ ᠰᠢᠯᠢ ᠵᠢᠨ ᠭᠤᠤᠯ ᠤᠷᠤᠰᠬᠠᠯ ᠪᠦᠯᠦᠭ ᠣᠨ ᠰᠢᠯᠭᠠᠷᠠᠭᠰᠡᠨ ᠳᠦᠯᠦᠭᠡᠯᠡᠭᠴᠢ ᠂ ᠮᠤᠩᠭᠤᠯ ᠦᠨᠳᠦᠰᠦᠳᠡᠨ ᠣ ᠬᠠᠮᠤᠭ ᠣᠨ ᠨᠡᠷ᠎ᠡ ᠠᠯᠳᠠᠷᠳᠠᠢ ᠤᠷᠳᠤ ᠵᠢᠨ ᠳᠠᠭᠤᠤ ᠵᠢᠨ ᠳᠠᠷᠬᠠᠨ ᠂ ᠳᠠᠶᠠᠩ ᠳᠡᠯᠡᠭᠡᠢ  ᠳᠤ ᠦᠨᠡᠯᠡᠭᠳᠡᠨ ᠮᠡᠳᠡᠷᠡᠭᠳᠡᠭᠰᠡᠨ ᠤᠯᠠᠮᠵᠢᠯᠠᠯᠳᠤ ᠤᠷᠳᠤ ᠵᠢᠨ ᠳᠠᠭᠤᠤ ᠵᠢᠨ ᠬᠠᠮᠤᠭ ᠰᠢᠯᠢᠳᠡᠭ ᠵᠠᠯᠭᠠᠮᠵᠢᠯᠠᠭᠴᠢ ᠪᠠ ᠬᠠᠮᠤᠭ ᠭᠤᠶᠤ ᠳᠡᠭᠦᠯᠳᠡᠷ ᠳᠤᠭᠯᠠᠭᠴᠢ ᠪᠤᠯᠤᠨ᠎ᠠ ᠃ ᠲᠡᠷᠡ ᠬᠠᠷᠠᠬᠠᠨ ᠪᠠᠭ᠎ᠠ  ᠡᠴᠡ  ᠪᠠᠨ ᠤᠨᠴᠠᠭᠠᠢ ᠳᠠᠭᠤᠤ ᠭᠦᠭᠵᠢᠮ ᠣᠨ ᠠᠪᠢᠶᠠᠰ ᠪᠢᠯᠢᠭ  ᠲᠠᠢ ᠪᠠᠶᠢᠵᠦ ᠂ ᠰᠡᠷᠭᠦᠯᠡᠩ ᠂ ᠳᠠᠮᠳᠢᠨ ᠵᠡᠷᠭᠡ ᠤᠷᠳᠤ ᠵᠢᠨ ᠳᠠᠭᠤᠤ ᠵᠢᠨ ᠨᠡᠷᠡᠳᠤ ᠪᠠᠭᠰᠢ  ᠡᠴᠡ ᠰᠤᠷᠴᠦ ᠂ ᠵᠠᠯᠠᠭᠤ ᠪᠠᠭ᠎ᠠ ᠨᠠᠰᠤᠨ ᠳᠠᠭᠠᠨ ᠨᠢᠭᠡᠨᠳᠡ ᠳᠠᠯ᠎ᠠ ᠨᠤᠳᠤᠭ ᠲᠣ ᠳᠠᠭᠤᠴᠢᠨ ᠴᠤᠯᠠ  ᠪᠡᠷ ᠠᠯᠳᠠᠷᠰᠢᠵᠠᠢ ᠃ ᠴᠢᠯᠦᠭᠡᠯᠡᠭᠳᠡᠭᠰᠡᠨ ᠣ ᠳᠠᠷᠠᠭ᠎ᠠ ᠂ ᠯᠾᠠᠵᠠᠪ ᠪᠠᠭ᠎ᠠ ᠰᠤᠷᠭᠠᠭᠤᠯᠢ ᠵᠢᠨ ᠪᠠᠭᠰᠢ  ᠪᠡᠷ ᠠᠵᠢᠯᠯᠠᠵᠦ ᠂ ᠳᠠᠷᠠᠭ᠎ᠠ  ᠨᠢ ᠰᠢᠯᠢ ᠵᠢᠨ ᠭᠤᠤᠯ ᠠᠶᠢᠮᠠᠭ ᠣᠨ ᠤᠷᠠᠨ ᠰᠠᠶᠢᠬᠠᠨ ᠣ ᠪᠦᠯᠭᠦᠮ  ᠳᠤ ᠠᠵᠢᠯᠯᠠᠵᠦ ᠂ 1953 ᠤᠨ  ᠳᠤ ᠦᠪᠦᠷ ᠮᠤᠩᠭᠤᠯ ᠣᠨ ᠳᠠᠭᠤᠤ ᠪᠦᠵᠢᠭ ᠣᠨ ᠪᠦᠯᠭᠦᠮ  ᠳᠤ ᠰᠢᠯᠵᠢᠨ ᠠᠵᠢᠯᠯᠠᠪᠠ ᠃ ᠳᠡᠭᠦᠨ ᠣ ᠳᠠᠭᠤᠯᠠᠬᠤ ᠭᠡᠪ ᠨᠠᠮᠪᠠ  ᠨᠢ ᠢᠷᠠᠭᠤ ᠰᠠᠶᠢᠬᠠᠨ ᠮᠦᠷᠳᠡᠭᠡᠨ ᠢᠳᠡᠷᠭᠦᠨ ᠲᠦᠪᠯᠡᠭᠦᠨ ᠂ ᠤᠮᠤᠭ ᠳᠡᠭᠦᠯᠳᠡᠷ ᠂ ᠰᠤᠨᠤᠰᠬᠤ  ᠳᠤ ᠡᠪ ᠬᠠᠪᠤᠯᠢᠭ ᠂ ᠭᠤᠶᠤ ᠰᠠᠶᠢᠬᠠᠨ ᠴᠢᠮᠡᠭᠯᠡᠯ  ᠲᠠᠢ ᠂ ᠲᠠᠭᠤᠤ  ᠨᠢ ᠴᠡᠪᠡᠷ ᠳᠤᠳᠤ ᠂ ᠠᠭᠤᠯᠭ᠎ᠠ  ᠨᠢ ᠠᠯᠤᠰ ᠭᠦᠨ ᠪᠠᠶᠢᠳᠠᠭ ᠤᠷᠠᠯᠢᠭ ᠣᠨ ᠤᠨᠴᠠᠯᠢᠭ  ᠲᠠᠢ ᠃ ᠲᠦᠯᠦᠭᠡᠯᠡᠭᠴᠢ ᠴᠢᠨᠠᠷ  ᠲᠠᠢ ᠳᠠᠭᠤᠤ  ᠨᠢ ︽ ᠵᠢᠷᠤᠭ᠎ᠠ ᠵᠢᠨ ᠵᠢᠷᠤᠭ᠎ᠠ ︾ ᠂ ︽ ᠡᠪᠦᠭᠡᠨ ᠰᠢᠪᠠᠭᠤ ︾ ᠂ ︽ ᠵᠢᠭᠠᠬᠠᠨ ᠰᠢᠷᠭ᠎ᠠ ︾ ᠂ ︽ ᠲᠦᠷᠪᠡᠨ ᠤᠯᠠᠷᠢᠯ ︾ ᠵᠡᠷᠭᠡ ᠪᠠᠶᠢᠬᠤ ᠮᠦᠷᠳᠡᠭᠡᠨ ᠳᠠᠭᠤᠯᠠᠭᠰᠡᠨ ᠤᠷᠳᠤ ᠵᠢᠨ ᠳᠠᠭᠤᠤ  ᠨᠢ ᠵᠠᠭᠤ ᠭᠠᠷᠤᠢ ᠪᠠᠶᠢᠵᠦ ᠂ ᠠᠷᠪᠠᠨ ᠭᠡᠳᠦᠨ ᠴᠤᠭᠤᠷ ᠣᠨ ᠳᠠᠭᠤᠤ ᠵᠢ ᠪᠦᠷᠢᠨ ᠰᠠᠶᠢᠬᠠᠨ ᠳᠠᠭᠤᠯᠠᠵᠦ ᠴᠢᠳᠠᠳᠠᠭ ᠃ ᠯᠾᠠᠵᠠᠪ ᠮᠤᠩᠭᠤᠯ ᠤᠷᠳᠤ ᠵᠢᠨ ᠳᠠᠭᠤᠤ ᠵᠢᠨ ᠳᠠᠭᠤᠯᠠᠬᠤ ᠤᠷᠠᠯᠢᠭ ᠣᠨ ᠤᠨᠴᠠ ᠰᠠᠶᠢᠬᠠᠨ ᠤᠯᠠᠮᠵᠢᠯᠠᠯ ᠢ ᠤᠯᠠᠮᠵᠢᠯᠠᠭᠰᠡᠨ ᠰᠠᠭᠤᠷᠢᠨ ᠳᠡᠭᠡᠷ᠎ᠡ ᠂ ᠤᠷᠳᠤ ᠵᠢᠨ ᠳᠠᠭᠤᠤ ᠵᠢᠨ ᠳᠠᠭᠤᠯᠠᠬᠤ ᠮᠡᠷᠭᠡᠵᠢᠯ ᠣᠨ ᠠᠷᠭ᠎ᠠ ᠭᠡᠯᠪᠡᠷᠢ ᠵᠢ ᠪᠦᠳᠦᠭᠡᠯᠴᠢ ᠴᠢᠨᠠᠷ  ᠲᠠᠢ  ᠪᠡᠷ ᠡᠭᠦᠳᠦᠨ  ᠭᠦᠭᠵᠢᠭᠦᠯᠦᠭᠰᠡᠨ ᠢ  ᠨᠢ ᠬᠤᠷᠢᠶᠠᠩᠭᠤᠶᠢᠯᠠᠪᠠᠯ ᠂ ︿ ᠴᠠᠶᠢᠷᠠᠭᠤᠯᠬᠤ ﹀ ᠂ ︿ ᠰᠢᠷᠭᠤᠭᠤᠯᠬᠤ ﹀ ᠂ ︿ ᠳᠠᠷᠤᠬᠤ ﹀ ᠂ ︿ ᠡᠷᠭᠦᠬᠦ  ﹀ ᠂ ︿ ᠬᠠᠩᠭᠠᠬᠤ ﹀ ᠵᠡᠷᠭᠡ ᠨᠢᠭᠡ ᠪᠦᠯᠦᠭ ᠳᠠᠭᠤᠯᠠᠬᠤ ᠮᠡᠷᠭᠡᠵᠢᠯ ᠣᠨ ᠠᠷᠭ᠎ᠠ ᠳᠠᠮ ᠪᠠᠶᠢᠬᠤ ᠮᠦᠷᠳᠡᠭᠡᠨ ︿ ᠨᠤᠭᠤᠯᠤᠭ᠎ᠠ ﹀ ᠵᠢ ᠳᠠᠭᠤᠯᠠᠬᠤ ᠳᠠᠯ᠎ᠠ  ᠪᠡᠷ ᠤᠯᠠᠨ ᠠᠷᠪᠢᠨ ᠠᠷᠭ᠎ᠠ ᠳᠠᠮ ᠢ ᠡᠷᠢᠨ  ᠰᠦᠪᠡᠭᠴᠢᠯᠠᠵᠠᠢ ᠃ ᠯᠾᠠᠵᠠᠪ ᠣᠨ ᠤᠷᠳᠤ ᠵᠢᠨ ᠳᠠᠭᠤᠤ ᠳᠠᠭᠤᠯᠠᠬᠤ ᠭᠡᠪ ᠨᠠᠮᠪᠠ  ᠨᠢ ᠪᠦᠬᠦᠶᠢᠯᠠ 20 ᠳ᠋ᠤᠭᠠᠷ ᠵᠠᠭᠤᠨ ᠣ ᠳᠤᠮᠳᠠᠴᠢ ᠦᠶ᠎ᠡ  ᠡᠴᠡ ᠬᠤᠶᠢᠰᠢᠭᠢ ᠤᠷᠳᠤ ᠵᠢᠨ ᠳᠠᠭᠤᠤ ᠵᠢᠨ ᠤᠷᠠᠯᠢᠭ  ᠲᠤ ᠯᠤᠳᠤ ᠶᠡᠭᠡ ᠨᠦᠯᠦᠭᠡ ᠲᠤᠰᠬᠠᠯ  ᠲᠠᠢ ᠪᠠᠶᠢᠵᠦ ᠢᠯᠠᠩᠭᠤᠶ᠎ᠠ ᠤᠳᠤ ᠦᠶ᠎ᠡ ᠵᠢᠨ ᠲᠤᠰᠬᠠᠢ ᠮᠡᠷᠭᠡᠵᠢᠯ ᠣᠨ ᠤᠷᠳᠤ ᠵᠢᠨ ᠳᠠᠭᠤᠤ ᠵᠢᠨ ᠭᠦᠷᠢᠶ᠎ᠡ ᠭᠡᠪᠴᠢᠶᠠᠨ  ᠳᠤ ᠳᠡᠭᠦᠨ ᠣ ᠨᠦᠯᠦᠭᠡ ᠵᠢ ᠭᠦᠷᠳᠡᠭᠰᠡᠨ ᠦᠭᠡᠢ ᠬᠦᠮᠦᠨ ᠠᠯᠠᠭ᠎ᠠ ᠭᠡᠵᠦ ᠭᠡᠯᠡᠵᠦ ᠪᠤᠯᠬᠤ ᠶᠤᠮ ᠃

 

ᠳᠠᠮᠳᠢᠨ  ᠣ ᠳᠤᠬᠠᠢ ᠳᠤᠪᠴᠢ ᠳᠠᠨᠢᠯᠴᠠᠭᠤᠯᠭ᠎ᠠ

ᠳᠠᠮᠳᠢᠨ ᠂ ᠠᠯᠳᠠᠷᠳᠤ ᠳᠠᠭᠤᠴᠢᠨ ᠂ ᠦᠪᠦᠷ ᠮᠤᠩᠭᠤᠯ ᠣᠨ ᠰᠢᠯᠢ ᠵᠢᠨ ᠭᠤᠤᠯ ᠠᠶᠢᠮᠠᠭ ᠣᠨ ᠠᠪᠠᠭ᠎ᠠ ᠬᠤᠰᠢᠭᠤᠨ ᠣ ᠭᠦᠮᠦᠨ ᠃ ᠵᠠᠯᠠᠭᠤ ᠨᠠᠰᠤᠨ ᠳᠠᠭᠠᠨ ᠲᠤᠰ ᠬᠤᠰᠢᠭᠤᠨ ᠣ ᠸᠠᠩ ᠣᠨ ᠤᠷᠳᠤᠨ ᠣ ᠭᠦᠭᠵᠢᠮ ᠣᠨ ᠠᠩᠭᠢ  ᠳᠤ ᠤᠷᠤᠯᠴᠠᠵᠦ ᠂ ᠲᠦᠯᠦᠭᠡᠯᠡᠭᠴᠢ ᠳᠠᠭᠤᠴᠢᠨ ᠪᠠᠶᠢᠵᠠᠢ ᠃ 20 ᠳ᠋ᠤᠭᠠᠷ ᠵᠠᠭᠤᠨ ᠣ ᠭᠤᠴᠢ ᠂ ᠲᠦᠴᠢᠭᠡᠳ ᠤᠨ ᠣ ᠦᠶ᠎ᠡ ᠳᠠᠬᠢ ᠦᠪᠦᠷ ᠮᠤᠩᠭᠤᠯ ᠣᠨ ᠪᠠᠷᠠᠭᠤᠨ ᠭᠡᠰᠡᠭ ᠤᠷᠤᠨ ᠣ ᠠᠯᠳᠠᠷᠳᠤ ᠳᠠᠭᠤᠴᠢᠨ ᠶᠤᠮ ᠃ ᠲᠦᠴᠢᠭᠡᠳ ᠤᠨ ᠣ ᠡᠬᠢ   ᠪᠡᠷ ᠵᠠᠷᠯᠢᠭ ᠵᠢᠡᠷ ᠴᠢᠯᠠᠭᠤᠯᠤᠯᠳᠤ ᠬᠠᠭᠠᠯᠭ᠎ᠠ ᠵᠢᠨ ᠳᠡᠮᠴᠡᠭᠳᠥᠩᠷᠤᠪ ᠸᠠᠩ ᠣᠨ ᠭᠦᠭᠵᠢᠮ ᠣᠨ ᠠᠩᠭᠢ  ᠳᠤ ᠭᠦᠷᠴᠦ ᠂ ᠨᠠᠭᠠᠳᠤᠮ ᠣᠨ ᠶᠡᠭᠡ ᠬᠤᠷᠠᠯ ᠳᠡᠭᠡᠷ᠎ᠡ ᠳᠠᠭᠤᠤ  ᠪᠠᠨ ᠲᠠᠭᠤᠯᠠᠭᠠᠳ ᠨᠡᠷ᠎ᠡ ᠠᠯᠳᠠᠷᠰᠢᠵᠠᠢ ᠃ ᠳᠡᠷᠡ ᠪᠤᠯ ᠰᠢᠯᠢ ᠵᠢᠨ ᠭᠤᠤᠯ ᠣᠨ ᠳᠠᠯ᠎ᠠ ᠨᠤᠳᠤᠭ  ᠣᠨ ᠤᠷᠳᠤ ᠵᠢᠨ ᠳᠠᠭᠤᠤ ᠵᠢᠨ ᠳᠠᠭᠤᠴᠢᠳ ᠣᠨ ᠭᠠᠷᠮᠠᠭᠠᠢ ᠳᠦᠯᠦᠭᠡᠯᠡᠭᠴᠢ ᠮᠦᠷᠳᠡᠭᠡᠨ ᠤᠯᠠᠮᠵᠢᠯᠠᠭᠴᠢ ᠪᠤᠯᠤᠨ᠎ᠠ ᠃ ᠬᠤᠭᠤᠯᠠᠢ ᠵᠢᠨ ᠦᠩᠭᠡ  ᠨᠢ ᠴᠡᠪᠡᠷ ᠳᠤᠩᠭᠠᠯᠠᠭ ᠂ ᠠᠶᠠᠰ ᠣᠨ ᠭᠡᠪᠴᠢᠶ᠎ᠡ  ᠨᠢ ᠦᠷᠭᠡᠨ ᠠᠭᠤᠳᠠᠮ ᠂ ᠲᠤᠰ ᠭᠠᠵᠠᠷ ᠳᠠᠭᠠᠨ ᠬᠤᠪᠤᠷ ᠪᠠᠶᠢᠳᠠᠭ ᠳᠠᠭᠤᠴᠢᠨ ᠶᠤᠮ ᠃ ᠳᠡᠭᠦᠨ ᠣ ᠦᠳᠡᠯᠦᠭᠡ ᠨᠠᠰᠤᠨ ᠳᠠᠭᠠᠨ ᠰᠢᠨᠭᠭᠡᠭᠡᠨ ᠳᠠᠭᠤᠯᠠᠭᠰᠡᠨ ︽ ᠪᠤᠭᠳᠠ ᠴᠢᠨᠭᠭᠢᠰ ︾  ᠡᠴᠡ  ᠨᠢ ᠳᠡᠭᠦᠨ ᠣ ᠠᠪᠢᠶᠠᠰ ᠪᠢᠯᠢᠭ ᠢ  ᠨᠢ ᠤᠯᠵᠦ ᠬᠠᠷᠠᠨ᠎ᠠ ᠃ ᠠᠯᠳᠠᠷᠳᠤ ᠳᠠᠭᠤᠴᠢᠨ ᠯᠾᠠᠵᠠᠪ ᠪᠤᠯ ᠳᠡᠭᠦᠨ  ᠣ ᠱᠠᠪᠢ ᠶᠤᠮ ᠃

 

 

5

 

6

 

7

 

8

 

9

 

10

 

11

 

12

 

13

 

14

 

15

  VCD ᠪᠢᠴᠢᠯᠭᠡ ︱ ︽ ᠪᠤᠭᠳᠠ ᠴᠢᠨᠭᠬᠢᠰ ︾

MP3 ᠪᠢᠴᠢᠯᠭᠡ ︱ ︽ ᠪᠤᠭᠳᠠ ᠴᠢᠨᠭᠬᠢᠰ ︾ ( ᠯᠾᠠᠵᠠᠪ )    

MP3 ᠪᠢᠴᠢᠯᠭᠡ ︱ ︽ ᠪᠤᠭᠳᠠ ᠴᠢᠨᠭᠬᠢᠰ ︾ ( ᠳᠠᠮᠳᠢᠨ )   

ᠰᠢᠭᠦᠮᠵᠢ ᠦᠯᠡᠳᠡᠭᠡᠬᠦ