• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠦᠪᠠᠢ ᠵᠢᠨ ᠳᠠᠭᠤᠤ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   37
  • ᠄   0
  • ᠄   0
  • ᠄  0

ᠮᠤᠩᠭᠤᠯ ᠨᠤᠳᠤᠭ  ᠲᠤ ᠲᠤᠰᠬᠠᠢ ᠭᠡᠦᠭᠡᠳ ᠰᠠᠭᠠᠳᠠᠭᠤᠯᠤᠨ ᠪᠦᠪᠠᠶᠢᠯᠠᠭᠦ ᠵᠤᠷᠢᠭᠤᠯᠤᠯᠳᠠ  ᠲᠠᠢ ᠵᠠᠩ ᠤᠶᠢᠯᠠ ᠵᠢᠨ ᠳᠠᠭᠤᠤ  ᠨᠤᠭᠤᠳ ᠢ ︽ ᠪᠦᠪᠠᠢ ᠵᠢᠨ ᠳᠠᠭᠤᠤ ︾ ᠭᠡᠳᠡᠭ ᠃ ᠮᠤᠩᠭᠤᠯ ᠭᠡᠥᠭᠡᠳ ᠶᠢᠷᠳᠢᠨᠴᠦ  ᠳᠤ ᠵᠠᠶᠠᠭᠠᠬᠤ  ᠳᠤ ᠪᠡᠶ᠎ᠡ ᠴᠤᠭᠴᠠ ᠵᠢ  ᠨᠢ ᠦᠯᠦᠭᠡᠢ ᠮᠠᠨᠴᠥᠢ ᠂ ᠪᠢᠯᠢᠭ ᠤᠬᠠᠭᠠᠨ ᠢ  ᠨᠢ ᠪᠦᠪᠠᠢ ᠵᠢᠨ ᠳᠠᠭᠤᠤ ᠦᠯᠦᠭᠡᠶᠢᠳᠡᠯᠴᠢᠨ ᠠᠪᠴᠦ ᠳᠠᠶᠢᠪᠤᠩ ᠳᠤᠭᠳᠠᠭᠤᠨ ᠂ ᠡᠷᠡᠭᠦᠯ  ᠰᠠᠷᠠᠭᠤᠯ ᠪᠤᠶᠢᠵᠢᠭᠤᠯᠳᠠᠭ ᠪᠦᠭᠡᠳ ᠤᠶᠠᠬᠠᠨ ᠰᠤᠨᠤᠰᠬᠤᠯᠠᠩᠳᠤ ᠪᠦᠪᠠᠢ ᠵᠢᠨ ᠳᠠᠭᠤᠤ  ᠨᠢ ᠬᠦᠮᠦᠨ ᠪᠤᠯᠬᠤ ᠵᠢᠨ ᠠᠩᠬᠠᠨ  ᠣ ᠭᠦᠮᠦᠵᠢᠯ ᠢ ᠭᠦᠷᠳᠡᠭᠡᠳᠡᠭ ᠪᠠᠶᠢᠨ᠎ᠠ ᠃

ᠮᠤᠩᠭᠤᠯ ᠤᠷᠤᠨ ᠵᠢᠡᠷ ︽ ᠠᠴᠢ ᠵᠢᠨ ᠭᠡᠯᠭᠢᠶ᠎ᠡ ᠵᠢ ᠪᠠᠳᠤ ᠪᠤᠯᠭᠠᠨ ᠳᠠᠭᠤᠯᠬᠠᠤ ︾ ᠤᠭᠰᠠᠭ᠎ᠠ ᠭᠠᠷᠤᠯ  ᠳᠤ ᠬᠤᠯᠪᠤᠭᠳᠠᠭᠰᠠᠨ ᠪᠦᠪᠠᠢ ᠵᠢᠨ ᠳᠠᠭᠤᠤ ᠠᠳᠠᠯᠢ ᠪᠤᠰᠤ ᠬᠤᠪᠢᠯᠪᠤᠷᠢ  ᠪᠡᠷ ᠦᠷᠭᠡᠨ ᠳᠡᠯᠭᠡᠷᠡᠭᠰᠡᠨ ᠪᠠᠶᠢᠳᠠᠭ ᠃ ᠡᠶᠢᠮᠦᠷᠬᠦᠦ  ᠳᠠᠭᠤᠤ  ᠨᠢ ︽ ××  ᠣ ᠵᠢᠭᠡ ᠂ ××  ᠣ ᠭᠦᠤ ᠂ ××  ᠣ ᠠᠴᠢ ︾ ᠭᠡᠮᠡᠨ ᠳᠤᠭᠠᠴᠢᠬᠤ ᠭᠡᠪᠰᠢᠯ  ᠲᠠᠢ ᠪᠦᠭᠡᠳ ᠠᠳᠠᠯᠢᠪᠳᠤᠷ ᠦᠯᠢᠭᠡᠷ ᠲᠤᠮᠤᠭᠳᠤ ᠡᠭᠦᠰᠦᠯ  ᠲᠠᠢ ᠶᠤᠮ ᠃ ᠤᠷᠳᠤᠰ ᠨᠤᠳᠤᠭ  ᠲᠤ ᠳᠠᠭᠤᠯᠠᠭᠳᠠᠳᠠᠭ ︽ ᠵᠢᠷᠭᠡᠯᠳᠡᠢ ᠮᠡᠷᠭᠡᠯᠳᠡᠢ ︾ ᠭᠡᠮᠡᠭᠦ ᠪᠦᠪᠠᠢ ᠵᠢᠨ ᠳᠠᠭᠤᠤ  ᠳᠤ ᠬᠤᠯᠪᠤᠭᠳᠠᠭᠰᠡᠨ ᠬᠤᠶᠠᠷ ᠳᠤᠮᠤᠭ ᠢ ᠰᠠᠶᠢᠷᠠᠭᠦᠯᠪᠡᠯ ᠄

ᠳᠤᠮᠤᠭ ᠨᠢᠭᠡ ᠄

ᠵᠢᠷᠭᠡᠯᠳᠡᠢ ᠮᠡᠷᠭᠡᠯᠳᠡᠢ ᠠᠬ᠎ᠠ ᠳᠡᠭᠦᠦ ᠬᠤᠶᠠᠷ ᠨᠢᠭᠡᠨ ᠭᠡᠦᠭᠡᠨ ᠳᠡᠭᠦᠦ  ᠲᠠᠢ ᠪᠠᠶᠢᠵᠠᠢ ᠃ ᠭᠡᠦᠭᠡᠨ ᠳᠠᠭᠦᠦ ᠵᠢ  ᠨᠢ ᠳᠡᠭᠡᠷᠡᠮ ᠪᠤᠯᠢᠶᠠᠨ ᠠᠪᠤᠭᠠᠳ ᠶᠠᠪᠤᠵᠠᠢ ᠃ ᠭᠡᠦᠭᠡᠨ ᠳᠠᠭᠦᠦ  ᠪᠠᠨ ᠡᠷᠢᠵᠦ  ᠶᠠᠪᠤᠭᠰᠠᠭᠠᠷ ᠬᠠᠷᠠᠯᠳᠠᠢ ᠬᠠᠭᠠᠨ  ᠣ ᠬᠤᠳᠠ  ᠳᠤ ᠤᠷᠤᠬᠤ  ᠳᠤ ᠨᠢᠭᠡᠨ ᠡᠬᠡᠨᠡᠷ  ᠭᠡᠦᠭᠡᠳ ᠳᠡᠪᠡᠷᠢᠭᠡᠳ ᠄

︽ ᠵᠢᠷᠭᠡᠯᠳᠡᠢ ᠮᠡᠷᠭᠡᠯᠳᠡᠢ ᠵᠢᠨ ᠵᠢᠭᠡ ᠪᠦᠪᠠᠢ

ᠵᠢᠭᠢᠭᠰᠡᠨ ᠭᠤᠶᠤᠮᠠᠢ ᠵᠢᠨ ᠭᠡᠦᠭᠡᠨ ᠪᠦᠪᠠᠢ

ᠬᠠᠷᠠᠯᠳᠠᠢ ᠬᠠᠭᠠᠨ  ᠣ ᠠᠴᠢᠳᠠᠢ ᠪᠦᠪᠠᠢ

ᠬᠠᠷ᠎ᠠ ᠠᠮᠢᠳᠠᠨ ᠳᠠᠶᠢᠵᠢ ᠵᠢᠨ ᠭᠡᠦᠭᠡᠨ ᠪᠦᠪᠠᠢ ︾

ᠭᠡᠵᠦ ᠰᠠᠭᠠᠳᠠᠭᠤᠯᠵᠦ ᠪᠠᠶᠢᠬᠤ ᠵᠢ ᠰᠤᠨᠤᠰᠤᠭᠠᠳ ᠭᠡᠦᠭᠡᠨ ᠳᠠᠭᠦᠦ  ᠪᠠᠨ ᠳᠠᠨᠢᠵᠦ ᠂ ᠠᠬ᠎ᠠ ᠳᠡᠭᠦᠦ ᠭᠤᠷᠪᠠᠭᠤᠯᠠ  ᠪᠠᠨ ᠵᠤᠯᠭᠠᠨ ᠳᠠᠨᠢᠯᠴᠠᠵᠦ ᠂ ᠬᠠᠷᠠᠯᠳᠠᠢ ᠬᠠᠭᠠᠨ  ᠣ ᠭᠦᠦ ᠬᠠᠷ᠎ᠠ ᠠᠮᠢᠳᠠᠨ ᠳᠠᠶᠢᠵᠢ ᠭᠡᠦᠭᠡᠨ ᠳᠡᠭᠦᠦ ᠬᠤᠶᠠᠷ ᠵᠢ  ᠨᠢ ᠪᠤᠯᠢᠶᠠᠵᠦ ᠠᠪᠤᠭᠰᠡᠨ ᠭᠡᠵᠦ ᠮᠡᠳᠡᠵᠡᠢ ᠃

ᠳᠤᠮᠤᠭ ᠬᠤᠶᠠᠷ ᠄

ᠡᠷᠲᠡ ᠤᠷᠢᠳᠤ ᠴᠠᠭ  ᠲᠤ ᠵᠢᠷᠭᠡᠯᠳᠡᠢ ᠮᠡᠷᠭᠡᠯᠳᠡᠢ ᠭᠡᠭᠴᠢ ᠠᠬ᠎ᠠ ᠳᠡᠭᠦᠦ ᠬᠤᠶᠠᠭᠤᠯᠠ ᠵᠢᠭᠡᠭᠰᠡᠨ ᠭᠤᠤᠮᠠᠢ ᠨᠡᠷ᠎ᠡ  ᠲᠠᠢ ᠭᠡᠦᠭᠡᠨ ᠳᠡᠭᠦᠦ  ᠲᠠᠢ ᠪᠠᠶᠢᠵᠠᠢ ᠃ ᠮᠡᠷᠭᠡᠯᠳᠡᠢ ᠳᠡᠭᠦᠦ ᠵᠢ  ᠨᠢ ᠮᠠᠩᠭᠤᠰ ᠭᠦᠮᠦᠨ  ᠣ ᠠᠷᠠᠰᠤ  ᠪᠡᠷ ᠭᠢᠭᠰᠡᠨ ᠬᠠᠪᠳᠠᠭ᠎ᠠ  ᠳᠤ ᠭᠢᠭᠡᠳ ᠠᠪᠤᠭᠠᠳ ᠶᠠᠪᠤᠵᠠᠢ ᠃ ᠵᠢᠷᠭᠡᠯᠳᠡᠢ ᠮᠠᠩᠭᠤᠰ ᠢ ᠳᠠᠷᠤᠵᠦ ᠂ ᠳᠡᠭᠦᠦ  ᠪᠠᠨ ᠭᠠᠷᠭᠠᠨ ᠠᠪᠴᠦ ᠂ ᠨᠠᠷᠠᠩᠭᠡᠷᠡᠯ ᠬᠠᠭᠠᠨ ᠣ ᠬᠤᠶᠠᠷ ᠭᠦᠩᠵᠤ ᠵᠢ ᠡᠬᠡᠨᠡᠷ  ᠪᠤᠯᠭᠠᠨ ᠠᠪᠬᠤ  ᠪᠡᠷ ᠲᠤᠰ ᠲᠤᠰ ᠭᠤᠷᠪᠠᠨ ᠮᠦᠷᠦᠢ ᠵᠢ ᠳᠠᠪᠠᠵᠦ ᠂ ᠬᠤᠶᠠᠷ ᠭᠦᠩᠵᠤ ᠵᠢ ᠡᠬᠡᠨᠡᠷ  ᠪᠤᠯᠭᠠᠨ ᠠᠪᠴᠦ ᠭᠡᠷ ᠳᠡᠭᠡᠨ ᠪᠤᠴᠠᠵᠠᠢ ᠃ ᠭᠡᠷ ᠳᠡᠭᠡᠨ ᠭᠦᠷᠭᠦ  ᠳᠤ ᠭᠡᠦᠭᠡᠨ ᠳᠡᠭᠦᠦ ᠵᠢ  ᠨᠢ ᠮᠠᠩᠭᠤᠰ ᠠᠪᠤᠭᠠᠳ ᠶᠠᠪᠤᠭᠰᠠᠨ ᠪᠠᠶᠢᠵᠠᠢ ᠃ ᠠᠬ᠎ᠠ ᠳᠡᠭᠦᠦ ᠬᠤᠶᠠᠭᠤᠯᠠ  ᠪᠠᠨ ᠭᠤᠶᠢᠷᠠᠨᠴᠢ ᠵᠢᠨ ᠶᠠᠩᠵᠤ  ᠪᠡᠷ ᠵᠠᠰᠠᠵᠦ ᠭᠡᠦᠭᠡᠨ ᠳᠠᠭᠦᠦ  ᠪᠠᠨ ᠡᠷᠢᠵᠦ  ᠶᠠᠪᠤᠭᠰᠠᠭᠠᠷ ᠄

︽ ᠵᠢᠷᠭᠡᠯᠳᠡᠢ ᠮᠡᠷᠭᠡᠯᠳᠡᠢ ᠵᠢᠨ ᠵᠢᠭᠡ ᠪᠦᠪᠠᠢ

ᠵᠢᠭᠢᠭᠰᠡᠨ ᠭᠤᠶᠤᠮᠠᠢ ᠵᠢᠨ ᠭᠡᠦᠭᠡᠨ ᠪᠦᠪᠠᠢ

ᠬᠠᠷᠠᠯᠳᠠᠢ ᠬᠠᠭᠠᠨ  ᠣ ᠠᠴᠢᠳᠠᠢ ᠪᠦᠪᠠᠢ

ᠬᠠᠷ᠎ᠠ ᠠᠮᠢᠳᠠᠨ ᠳᠠᠶᠢᠵᠢ ᠵᠢᠨ ᠭᠡᠦᠭᠡᠨ ᠪᠦᠪᠠᠢ ︾

ᠭᠡᠵᠦ ᠪᠦᠪᠠᠶᠢᠯᠠᠨ ᠳᠠᠭᠤᠯᠠᠵᠦ ᠪᠠᠶᠢᠬᠤ ᠵᠢ ᠰᠤᠨᠤᠰᠤᠭᠠᠳ ᠭᠡᠦᠭᠡᠨ ᠳᠡᠭᠦᠦ  ᠲᠠᠢ  ᠪᠠᠨ ᠠᠭᠤᠯᠵᠠᠨ ᠳᠠᠨᠢᠯᠴᠠᠵᠠᠢ ᠃ ᠭᠡᠦᠭᠡᠨ ᠳᠡᠭᠦᠦ  ᠨᠢ ᠬᠤᠶᠠᠷ ᠠᠬ᠎ᠠ  ᠪᠠᠨ ᠰᠠᠨᠠᠭᠠᠳ ᠭᠡᠦᠭᠡᠳ ᠰᠠᠭᠠᠳᠠᠭᠤᠯᠬᠤ ᠡᠬᠡᠨᠡᠷ   ᠲᠤ ᠴᠢᠩᠭᠢᠵᠦ ᠳᠠᠭᠤᠯᠠ ᠭᠡᠰᠡᠨ ᠭᠡᠨ᠎ᠡ ᠃

ᠯᠠᠪᠯᠠᠭᠰᠠᠨ ᠮᠠᠲ᠋ᠸᠷᠢᠶᠠᠯ ᠄

ᠭᠦᠷᠠᠯᠱᠠ ᠂ ᠰᠡᠷᠭᠦᠯᠠᠩ ᠄ ︽ ᠬᠤᠷᠴᠢᠨ ᠠᠷᠠᠳ  ᠣᠨ ᠳᠠᠭᠤᠤ ᠵᠢᠨ ᠪᠠᠭᠠᠳᠤᠷ ᠣᠨ ᠳᠤᠮᠤᠭ ᠨᠠᠮᠳᠠᠷ ︾ ᠂ ᠦᠪᠦᠷ ᠮᠤᠩᠭᠤᠯ ᠣᠨ ᠰᠤᠶᠤᠯ ᠣᠨ ᠭᠡᠪᠯᠡᠯ ᠣᠨ ᠬᠤᠷᠢᠶ᠎ᠠ ᠂ 1999 ᠤᠨ ᠃

 

ᠲᠤᠰ ᠳᠠᠭᠤᠤ ᠵᠢᠨ ᠳᠤᠬᠠᠢ ᠵᠠᠳᠠᠯᠤᠯᠳᠠ ( ᠬᠤᠷᠴᠢᠨ )

 

ᠲᠤᠰ ᠲᠠᠭᠤᠤ ᠵᠢᠨ ᠠᠶᠠᠯᠭᠤ  ᠨᠢ ᠵᠢᠳᠠᠭᠤᠨ ᠠᠶᠠᠯᠭᠤᠨ ᠬᠦᠭ  ᠤᠨ ᠭᠡᠪ ᠪᠠᠶᠢᠵᠤ ᠂ ᠭᠤᠤᠯ ᠲᠠᠭᠤᠤ ᠪᠤᠯᠤᠨ ᠳᠠᠭᠠᠯᠳᠤᠪᠦᠷᠢ ᠳᠠᠭᠤᠤ ᠪᠠᠷ ᠪᠦᠷᠢᠯᠳᠤᠵᠠᠢ ᠃ ᠭᠤᠤᠯ ᠲᠠᠭᠤᠤ  ᠨᠢ ᠠᠰᠠᠭᠤᠯᠳᠠ ᠬᠠᠷᠢᠭᠤᠯᠳᠠ ᠵᠢᠨ ᠴᠢᠨᠠᠷᠲᠠᠢ ᠬᠤᠶᠠᠷ ᠲᠠᠰᠤᠯᠭ᠎ᠠ  ᠪᠡᠷ ᠪᠦᠷᠢᠯᠳᠦᠭᠰᠡᠨ ᠬᠦᠭᠵᠢᠮ ᠤᠨ ᠲᠠᠰᠤᠯᠪᠤᠷᠢ ᠵᠢᠨ ᠳᠦᠷᠪᠡ ᠤᠳᠠᠭᠠᠨ ᠤ ᠲᠠᠪᠳᠠᠯᠳᠠ ᠪᠠᠶᠢᠵᠤ ᠂ ᠵᠢᠳᠠᠭᠤᠨ ᠲᠡᠭᠡᠷ᠎ᠡ ᠵᠤᠭᠰᠤᠨ᠎ᠠ ᠃ ᠳᠠᠭᠠᠯᠳᠤᠪᠦᠷᠢ ᠲᠠᠭᠤᠤ  ᠨᠢ ᠲᠦᠷᠪᠡᠨ ᠲᠠᠰᠤᠯᠭ᠎ᠠ ᠪᠡᠷ ᠪᠦᠷᠢᠯᠳᠤᠵᠤ ᠂ ᠠᠶ᠎ᠠ ᠵᠢᠨ ᠮᠠᠲ᠋ᠸᠷᠢᠶᠠᠯ  ᠨᠢ ᠭᠤᠤᠯ ᠳᠠᠭᠤᠤ ᠡᠴᠠ ᠢᠷᠡᠯᠲᠡᠲᠡᠢ ᠪᠤᠯᠪᠠᠴᠤ ᠠᠶᠢᠵᠠᠮ ᠤᠨ ᠲᠠᠯ᠎ᠠ ᠪᠡᠷ ᠤᠷᠳᠤᠳᠬᠠᠵᠤ ᠂ ᠬᠠᠷᠢᠴᠠᠭᠤᠯᠤᠯ ᠪᠤᠯᠵᠠᠢ ᠃ ᠲᠠᠭᠤᠤ ᠵᠢᠨ ᠦᠭᠡ  ᠨᠢ ᠳᠦᠷᠪᠡᠨ ᠮᠦᠷ  ᠢᠶᠡᠷ  ᠨᠢᠭᠡ ᠪᠠᠳᠠᠭ ᠪᠤᠯᠵᠤ ᠂ ᠰᠡᠭᠦᠯ ᠬᠤᠯᠪᠤᠴᠠ ᠵᠢ ᠡᠰᠢᠲᠡᠢ  ᠠᠰᠢᠭᠯᠠᠨ ᠂ ᠬᠤᠶᠢᠨ᠎ᠠ  ᠨᠢ ︽ ᠤᠪᠠᠢ ︾ ᠂ ︽ ᠤᠮᠪᠠᠢ ︾ ᠵᠡᠷᠭᠡ ᠠᠶᠠᠯᠭ᠎ᠠ ᠦᠭᠡ  ᠪᠡᠷ ᠪᠦᠷᠢᠯᠳᠦᠭᠰᠡᠨ ᠨᠦᠬᠦᠪᠦᠷᠢ ᠦᠭᠡᠰ ᠪᠠᠶᠢᠳᠠᠭ ᠃

 

ᠳᠠᠭᠤᠤ ᠵᠢᠨ ᠦᠭᠡ ( ᠬᠤᠷᠴᠢᠨ )

 

ᠡᠯᠳᠡᠢ ᠳᠡᠯᠳᠡᠢ ᠵᠢᠨ ᠵᠢᠭᠡ ᠯᠠᠢ ᠪᠦᠭᠡᠯᠡᠢ

ᠡᠷᠳᠡᠨᠢ ᠳᠠᠨ᠎ᠠ ᠰᠢᠭ᠍ ᠭᠦᠦ ᠯᠠᠢ ᠪᠦᠭᠡᠯᠡᠢ

ᠬᠠᠷᠠᠯᠳᠠᠢ ᠳᠠᠶᠢᠵᠢ ᠵᠢᠨ ᠠᠴᠢ ᠯᠠᠢ ᠪᠦᠭᠡᠯᠡᠢ

ᠬᠠᠰ ᠲᠠᠨ᠎ᠠ ᠰᠢᠭ᠍ ᠭᠦᠦ ᠯᠠᠢ ᠪᠦᠭᠡᠯᠡᠢ

ᠤᠪᠠᠢ ᠤᠪᠠᠢ ᠤᠮᠪᠠᠢ ᠂

ᠤᠪᠠᠢ ᠤᠪᠠᠢ ᠤᠮᠪᠠᠢ ᠃

 

ᠳᠠᠭᠤᠤ ᠵᠢᠨ ᠨᠤᠲ ( ᠬᠤᠷᠴᠢᠨ )

 

1

 

 

ᠦᠪᠦᠷ ᠮᠤᠩᠭᠤᠯ ᠣᠨ ᠶᠡᠭᠡ ᠰᠤᠷᠭᠠᠭᠤᠯᠢ ᠵᠢᠨ ᠤᠷᠠᠯᠢᠭ ᠣᠨ ᠳᠡᠭᠡᠳᠤ ᠰᠤᠷᠭᠠᠭᠤᠯᠢ ᠵᠢᠨ ᠳᠡᠳ᠋ ᠫᠷᠤᠹᠸᠰᠰᠤᠷ ᠂ ᠳᠠᠭᠤᠴᠢᠨ ︱ ᠮᠦᠯᠠᠨ

 

 

2

3

 

4

 

5

 

6

 

7

 

8

 

9

 

10

 

11

 

MP3 ᠪᠢᠴᠢᠯᠭᠡ ︱ ︽ ᠪᠦᠪᠠᠢ ᠵᠢᠨ ᠳᠠᠭᠤᠤ ︾ ( ᠤᠷᠳᠤᠰ )   

  VCD ᠪᠢᠴᠢᠯᠭᠡ ︱ ︽ ᠪᠦᠪᠠᠢ ᠵᠢᠨ ᠳᠠᠭᠤᠤ ︾ ( ᠤᠷᠳᠤᠰ )

 MP3 ᠪᠢᠴᠢᠯᠭᠡ ︱ ︽ ᠪᠦᠪᠠᠢ ᠵᠢᠨ ᠳᠠᠭᠤᠤ ︾ ( ᠭᠢᠩᠭᠠᠨ )   

  VCD ᠪᠢᠴᠢᠯᠭᠡ ︱ ︽ ᠪᠦᠪᠠᠢ ᠵᠢᠨ ᠳᠠᠭᠤᠤ ︾ ( ᠭᠢᠩᠭᠠᠨ ) 

 MP3 ᠪᠢᠴᠢᠯᠭᠡ ︱ ︽ ᠪᠦᠪᠠᠢ ᠵᠢᠨ ᠳᠠᠭᠤᠤ ︾ ( ᠵᠠᠬᠠᠴᠢᠨ )    

VCD ᠪᠢᠴᠢᠯᠭᠡ ︱ ︽ ᠪᠦᠪᠠᠢ ᠵᠢᠨ ᠳᠠᠭᠤᠤ ︾ ( ᠵᠠᠬᠠᠴᠢᠨ ) 

 MP3 ᠪᠢᠴᠢᠯᠭᠡ ︱ ︽ ᠪᠦᠪᠠᠢ ᠵᠢᠨ ᠳᠠᠭᠤᠤ ︾ ( ᠬᠤᠷᠴᠢᠨ )    

VCD ᠪᠢᠴᠢᠯᠭᠡ ︱ ︽ ᠪᠦᠪᠠᠢ ᠵᠢᠨ ᠳᠠᠭᠤᠤ ︾ ( ᠬᠤᠷᠴᠢᠨ ) 

ᠰᠢᠭᠦᠮᠵᠢ ᠦᠯᠡᠳᠡᠭᠡᠬᠦ