• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠦᠮᠪᠤᠷ  ᠮᠢᠨᠢ ᠂ ᠬᠤᠩᠭᠤᠷ  ᠮᠢᠨᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   42
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

︽ ᠪᠦᠮᠪᠦᠷ  ᠮᠢᠨᠢ ᠂ ᠬᠤᠩᠭᠤᠷ  ᠮᠢᠨᠢ ︾ ᠭᠡᠳᠡᠭ ᠳᠠᠭᠤᠤ ᠪᠤᠯ ᠤᠷᠠᠳ ᠠᠷᠠᠳ  ᠤᠨ ᠬᠡᠦᠭᠡᠳ  ᠤᠨ ᠳᠠᠭᠤᠤ ᠪᠤᠯᠤᠨ᠎ᠠ ᠃ ᠬᠡᠦᠭᠡᠳ  ᠤᠨ ᠳᠠᠭᠤᠤ ᠵᠢ ᠳᠠᠭᠤᠯᠠᠭᠴᠢ ᠡᠲᠡᠭᠡᠳ  ᠢ ᠦᠨᠳᠦᠰᠦᠯᠡᠵᠦ ᠬᠤᠶᠠᠷ ᠵᠤᠶᠢᠯ  ᠢᠶᠡᠷ ᠬᠤᠪᠢᠶᠠᠳᠠᠭ ᠃ ᠨᠢᠭᠡ ᠵᠤᠶᠢᠯ  ᠨᠢ ᠪᠤᠯ ᠪᠦᠪᠠᠢ ᠵᠢᠨ ᠳᠠᠭᠤᠤ ᠂ ᠳᠠᠷᠤᠢ ᠶᠡᠬᠡ ᠬᠦᠮᠦᠰ ᠬᠡᠦᠭᠡᠳ ᠰᠠᠭᠠᠲᠠᠭᠤᠯᠬᠤ ᠦᠶᠡᠰ  ᠲᠤ ᠳᠠᠭᠤᠯᠠᠳᠠᠭ ᠳᠠᠭᠤᠤ ᠂ ᠵᠢᠱᠢᠶᠡᠯᠡᠪᠡᠯ ︽ ᠪᠦᠪᠠᠢ ᠵᠢᠨ ᠳᠠᠭᠤᠤ ︾ ᠂ ︽ ᠵᠡᠷᠭᠡᠯᠳᠡᠢ ᠮᠡᠷᠭᠡᠨ ︾ ᠂ ︽ ᠪᠦᠭᠡᠷᠦᠯᠠᠢ ︾ ᠵᠡᠷᠭᠡ ᠃ ᠨᠦᠭᠦᠭᠡ ᠨᠢᠭᠡ  ᠨᠢ ᠪᠤᠯ ᠬᠡᠦᠭᠡᠳ  ᠤᠨ ᠲᠠᠭᠤᠯᠠᠳᠠᠭ ᠳᠠᠭᠤᠤ ᠂ ᠲᠡᠭᠦᠨ  ᠳᠤ ᠮᠦᠨ ᠲᠤᠭᠯᠠᠭᠠᠮ  ᠤᠨ ᠳᠠᠭᠤᠤ ᠪᠠ ᠮᠡᠳᠡᠯᠭᠡ ᠵᠢᠨ ᠳᠠᠭᠤᠤ ᠂ ᠮᠠᠷᠰᠠᠢ ᠵᠢᠨ ᠳᠠᠭᠤᠤ ᠭᠡᠵᠤ ᠭᠤᠷᠪᠠᠨ ᠲᠦᠷᠦᠯ ᠪᠠᠶᠢᠳᠠᠭ ᠃ ᠲᠤᠭᠯᠠᠭᠠᠮ  ᠤᠨ ᠳᠠᠭᠤᠤ ᠪᠤᠯ ᠬᠡᠦᠭᠡᠳ ᠪᠠᠭᠠᠴᠤᠳ ᠨᠠᠭᠠᠳᠤᠮ ᠳᠤᠭᠯᠠᠭᠠᠮ ᠨᠠᠭᠠᠳᠴᠤ ᠪᠠᠶᠢᠬᠤ ᠦᠶ᠎ᠡ  ᠳᠤ ᠳᠠᠭᠤᠯᠠᠬᠤ ᠳᠠᠭᠤᠤ ᠵᠢ ᠵᠢᠭᠠᠨ᠎ᠠ ᠃ ᠵᠢᠱᠢᠶᠡᠯᠡᠪᠡᠯ ︽ ᠮᠡᠯᠡᠬᠡᠢ ︾ ᠂ ︽ ᠨᠠᠷᠠ ᠨᠠᠷᠠ ᠨᠠᠰᠢ  ᠪᠠᠨ ︾ ᠂ ︽ ᠪᠦᠮᠪᠦᠷ  ᠮᠢᠨᠢ ᠂ ᠬᠤᠩᠭᠤᠷ  ᠮᠢᠨᠢ ︾ ᠭᠡᠬᠦ ᠮᠡᠳᠦ ᠃ ᠮᠡᠳᠡᠯᠭᠡ ᠵᠢᠨ ᠳᠠᠭᠤᠤ ᠭᠡᠳᠡᠭ ᠪᠤᠯ ᠲᠤᠰᠬᠠᠶᠢᠯᠠᠨ ᠬᠡᠦᠭᠡᠳ ᠪᠠᠭᠠᠴᠤᠳ  ᠲᠤ ᠮᠡᠳᠡᠯᠭᠡ ᠤᠯᠠᠮᠵᠢᠯᠠᠬᠤ ᠵᠤᠷᠢᠯᠭ᠎ᠠ  ᠪᠡᠷ ᠨᠠᠶᠢᠷᠠᠭᠤᠯᠤᠭᠰᠠᠨ ᠳᠠᠭᠤᠤ ᠪᠤᠯᠤᠨ᠎ᠠ ᠃ ᠵᠢᠱᠢᠶᠡᠯᠡᠪᠡᠯ ︽ ᠠ ᠵᠢᠨ ᠠᠩᠬ᠎ᠠ ︾ ᠂ ︽ ᠠ ᠵᠢᠨ ᠳᠤᠯᠤᠭᠠᠨ ᠡᠭᠡᠰᠢᠭ ︾ ᠮᠡᠲᠦ ᠃ ᠮᠠᠷᠰᠠᠢ ᠵᠢᠨ ᠳᠠᠭᠤᠤ ᠭᠡᠳᠡᠭ ᠪᠤᠯ ᠪᠠᠭᠠᠴᠤᠳ ᠮᠤᠷᠢ ᠤᠷᠤᠯᠳᠤᠬᠤ ᠪᠤᠶᠤ ᠮᠤᠷᠢ ᠤᠷᠤᠯᠳᠤᠨ ᠰᠤᠷᠬᠤ ᠦᠶ᠎ᠡ  ᠳᠤ ᠳᠠᠭᠤᠯᠠᠳᠠᠭ ᠲᠤᠰᠬᠠᠢ ᠳᠠᠭᠤᠤ ᠪᠤᠯᠤᠨ᠎ᠠ ᠃

ᠤᠷᠠᠳ ᠨᠤᠲᠤᠭ  ᠲᠤ ︽ ᠪᠦᠮᠪᠦᠷ  ᠮᠢᠨᠢ ᠂ ᠬᠤᠩᠭᠤᠷ  ᠮᠢᠨᠢ ︾ ᠭᠡᠳᠡᠭ ᠳᠠᠭᠤᠤ ᠵᠢ ᠬᠡᠦᠭᠡᠳ ᠪᠠᠭᠠᠴᠤᠳ ᠳᠠᠭᠤᠯᠠᠳᠠᠭ ᠮᠦᠷᠳᠡᠭᠡᠨ ᠵᠠᠯᠠᠭᠤᠴᠤᠳ ᠴᠤ ᠳᠠᠭᠤᠯᠠᠳᠠᠭ ᠃ ᠳᠠᠭᠤᠯᠠᠬᠤ  ᠳᠠᠭᠠᠨ ᠲᠤᠭᠲᠠᠭᠰᠠᠨ ᠠᠶ᠎ᠠ ᠳᠡᠭᠡᠷ᠎ᠡ ᠠᠪᠤᠨ ᠳᠤᠤᠷ᠎ᠠ  ᠪᠠᠨ ᠦᠭᠡ ᠲᠠᠭᠠᠷᠠᠭᠤᠯᠤᠨ ᠳᠠᠭᠤᠯᠠᠵᠤ ᠂ ᠵᠠᠷᠢᠮ  ᠨᠢ ᠠᠰᠠᠭᠤᠯᠲᠠ ᠬᠠᠷᠢᠭᠤᠯᠲᠠ ᠵᠢᠨ ᠬᠡᠯᠪᠡᠷᠢ  ᠪᠡᠷ ᠤᠶᠤᠨ ᠰᠠᠮᠪᠠᠭ᠎ᠠ  ᠪᠠᠨ ᠰᠢᠯᠭᠠᠷᠠᠭᠤᠯᠤᠨ ᠂ ᠡᠷᠳᠡᠮ ᠤᠬᠠᠭᠠᠨ  ᠢᠶᠡᠨ ᠮᠦᠷᠦᠶᠢᠴᠡᠳᠡᠭ ᠃     ᠤᠷᠠᠳᠴᠤᠳ  ᠦᠨ  ᠲᠤᠰ ᠳᠠᠭᠤᠤ  ᠨᠢ ᠠᠨᠳᠠᠢ ᠵᠢᠨ ᠠᠶ᠎ᠠ ︽ ᠪᠦᠮᠪᠦᠷᠡᠢ ︾  ᠡᠴᠡ ᠢᠷᠡᠯᠲᠡᠢ ᠪᠠᠶᠢᠵᠤ ᠂ ᠰᠢᠯᠢ ᠵᠢᠨ ᠭᠤᠤᠯ ᠂ ᠠᠯᠠᠱᠠ ᠂ ᠰᠢᠨᠵᠢᠶᠠᠩ ᠵᠡᠷᠭᠡ ᠤᠷᠤᠨ  ᠢᠶᠡᠷ ᠦᠷᠭᠡᠨ  ᠢᠶᠡᠷ ᠳᠠᠭᠤᠯᠠᠭᠳᠠᠵᠤ ᠪᠠᠶᠢᠳᠠᠭ ᠃

 

ᠬᠤᠶᠠᠷ ᠂ ᠠᠶᠠᠰ ᠣᠨ ᠵᠠᠳᠠᠯᠤᠯᠳᠠ

 

ᠤᠷᠠᠳ ᠠᠷᠠᠳ ᠣᠨ ᠲᠠᠭᠤᠤ ︽ ᠪᠦᠮᠪᠦᠷ  ᠮᠢᠨᠢ ᠂ ᠬᠤᠩᠭᠤᠷ  ᠮᠢᠨᠢ ︾ ᠪᠤᠯ ᠨᠢᠭᠡᠨ ᠨᠠᠶᠢᠷ ᠨᠠᠭᠠᠳᠤᠮ ᠣᠨ ᠲᠠᠭᠤᠤ ᠪᠤᠯᠤᠨ᠎ᠠ ᠃ ᠡᠯ᠎ᠡ ᠭᠠᠵᠠᠷ ᠲᠣ ᠠᠳᠠᠯᠢ ᠪᠤᠰᠤ ᠵᠢᠨ ᠬᠡᠯᠪᠡᠷᠢ  ᠪᠡᠷ ᠲᠠᠷᠬᠠᠨ ᠳᠠᠭᠤᠯᠠᠭᠳᠠᠵᠤ ᠪᠠᠶᠢᠳᠠᠭ ᠃ ᠪᠠᠳᠠᠭ ᠪᠦᠷᠢ ᠵᠢᠨ ᠦᠭᠡ  ᠨᠢ ᠬᠤᠶᠠᠷ ᠮᠦᠷ  ᠢᠶᠡᠷ ᠪᠦᠷᠢᠯᠳᠦᠵᠤ ᠂ ᠡᠨᠡ ᠬᠦ ᠬᠤᠶᠠᠷ ᠮᠦᠷ  ᠨᠢ ᠵᠠᠷᠢᠮ ᠳᠠᠭᠠᠨ ᠵᠡᠷᠭᠡᠴᠡᠭᠦᠯᠦᠯ ᠂ ᠵᠠᠷᠢᠮ  ᠳᠠᠭᠠᠨ ᠠᠬᠢᠭᠤᠯᠤᠯ ᠂ ᠵᠠᠷᠢᠮ ᠳᠠᠭᠠᠨ ᠦᠭᠦᠯᠡᠪᠦᠷᠢ ᠵᠢᠨ ᠲᠡᠭᠡᠷ᠎ᠡ ᠂ ᠲᠤᠤᠷ᠎ᠠ ᠬᠤᠶᠠᠷ ᠬᠡᠰᠡᠭ ᠪᠤᠯᠵᠤ ᠂ ᠲᠡᠭᠡᠷ᠎ᠡ ᠮᠦᠷ  ᠨᠢ ᠪᠦᠷ ︽ ᠪᠦᠮᠪᠦᠷ  ᠮᠢᠨᠢ ︾  ᠪᠡᠷ ᠰᠡᠭᠦᠯ ᠬᠤᠷᠢᠶᠠᠵᠤ ᠂ ᠲᠤᠤᠷ᠎ᠠ ᠮᠦᠷ  ᠨᠢ ᠪᠦᠷ ︽ ᠬᠤᠩᠭᠤᠷ  ᠮᠢᠨᠢ ︾  ᠪᠡᠷ ᠰᠡᠭᠦᠯ ᠬᠤᠷᠢᠶᠠᠭᠰᠠᠨ ᠪᠠᠶᠢᠨ᠎ᠠ ᠃ ᠡᠨᠳᠡ  ︽ ᠪᠦᠮᠪᠦᠷ  ᠮᠢᠨᠢ ︾ ᠂ ︽ ᠬᠤᠩᠭᠤᠷ ︾  ᠮᠢᠨᠢ ᠭᠡᠳᠡᠭ  ᠨᠢ ᠪᠤᠲᠠᠲᠠᠢ ᠤᠤᠬ᠎ᠠ ᠦᠭᠡᠢ ᠂ ᠲᠠᠭᠠᠯᠳᠤᠪᠤᠷᠢ ᠦᠭᠡᠰ ᠣᠨ ᠰᠢᠨᠵᠢ  ᠲᠠᠢ ᠪᠠᠶᠢᠳᠠᠭ ᠃ ᠳᠠᠭᠤᠤ ᠵᠢᠨ ᠠᠶ᠎ᠠ  ᠨᠢ ᠲᠡᠭᠡᠷ᠎ᠡ ᠂ ᠲᠤᠤᠷ᠎ᠠ ᠬᠤᠶᠠᠷ ᠬᠦᠭᠵᠢᠮ ᠣᠨ ᠦᠭᠦᠯᠡᠪᠤᠷᠢ  ᠪᠡᠷ ᠪᠦᠷᠢᠯᠳᠤᠵᠤ ᠂ ᠤᠬᠤᠷ ᠠᠪᠰᠠᠷᠬᠠᠨ ᠂ ᠤᠭᠵᠤᠮ ᠲᠤᠳᠤ ᠂ ᠴᠤᠪᠤᠭᠤ ᠬᠦᠭᠵᠢᠭᠦᠨ ᠲᠦᠷᠢ ᠤᠨᠴᠠᠯᠢᠭ  ᠲᠠᠢ ᠪᠠᠶᠢᠳᠠᠭ ᠃ ᠬᠦᠭᠵᠢᠮ ᠣᠨ ᠦᠭᠦᠯᠡᠪᠤᠷᠢ ᠪᠦᠷᠢ  ᠨᠢ ᠭᠤᠷᠪᠠᠨ ᠲᠠᠰᠤᠯᠭ᠎ᠠ ᠪᠠᠶᠢᠵᠤ ᠂ ᠡᠮᠦᠨᠡᠬᠢ  ᠬᠤᠶᠠᠷ ᠲᠠᠰᠤᠯᠭ᠎ᠠ  ᠨᠢ ᠪᠤᠳᠠᠳᠤ ᠦᠭᠡ  ᠲᠠᠢ ᠵᠤᠬᠢᠴᠠᠯᠳᠤᠵᠤ ᠂ ᠬᠤᠶᠢᠨᠠᠬᠢ ᠨᠢᠭᠡ ᠲᠠᠰᠤᠯᠭ᠎ᠠ  ᠨᠢ ᠲᠠᠭᠠᠯᠳᠤᠪᠦᠷᠢ ᠦᠭᠡ  ᠲᠠᠢ ᠵᠤᠬᠢᠴᠠᠯᠳᠤᠭᠰᠠᠨ  ᠡᠴᠡ ︽ ᠡᠮᠦᠨ᠎ᠡ   ᠨᠢ ᠰᠤᠯᠠ ᠂ ᠬᠤᠶᠢᠨ᠎ᠠ  ᠨᠢ ᠴᠢᠩᠭ᠎ᠠ ︾ ᠬᠡᠯᠪᠡᠷᠢ  ᠲᠠᠢ ᠪᠤᠯᠵᠠᠢ ᠃ ᠬᠤᠶᠠᠷ ᠬᠦᠭᠵᠢᠮ ᠣᠨ ᠦᠭᠦᠯᠡᠪᠦᠷᠢ ᠨᠢ ᠲᠤᠰᠪᠦᠷᠢ ᠱᠠᠩᠳᠠᠭᠤᠨ ᠪᠠ ᠵᠢᠳᠠᠭᠤᠨ ᠳᠡᠭᠡᠷ᠎ᠡ ᠵᠤᠭᠰᠤᠯᠲᠠ ᠠᠪᠴᠤ ᠂ ︽ ᠬᠠᠷᠢᠶ᠎ᠠ  ᠭᠤᠤᠯ ︾  ᠣᠨ ᠠᠪᠤᠯᠴᠠᠭ᠎ᠠ ᠡᠭᠦᠰᠴᠡᠢ  ᠃ ᠠᠶᠠᠰ ᠣᠨ ᠶᠠᠪᠤᠭᠳᠠᠴᠠ  ᠡᠴᠡ ᠦᠵᠡᠪᠯ ᠂ ᠲᠤᠤᠷ᠎ᠠ ᠬᠦᠭᠵᠢᠮ ᠣᠨ ᠦᠭᠦᠯᠡᠪᠤᠷᠢ ᠪᠤᠯ ᠲᠡᠭᠡᠷ᠎ᠡ ᠬᠦᠭᠵᠢᠮ ᠣᠨ ᠦᠭᠦᠯᠡᠪᠤᠷᠢ ᠵᠢᠨ ᠳᠤᠷᠤᠭᠰᠢ ᠲᠠᠪᠤᠴᠠ ᠵᠢᠨ ᠴᠢᠯᠦᠭᠡᠲᠤ ᠪᠠᠶᠢᠷᠢ ᠰᠢᠯᠵᠢᠯᠳᠡ ᠪᠤᠯᠤᠨ᠎ᠠ ᠃

 

ᠭᠤᠷᠪᠠ ᠂ ᠳᠠᠭᠤᠤ ᠵᠢᠨ ᠦᠭᠡ

 

ᠠᠳᠤᠭᠤᠨ  ᠣ ᠳᠤᠮᠳᠠ  ᠪᠠᠨ ᠠᠯᠠᠭ  ᠲᠠᠢ ᠪᠦᠮᠪᠦᠷ  ᠮᠢᠨᠢ ᠂

ᠠᠯᠤᠰ  ᠣᠨ ᠬᠤᠰᠢᠭᠤᠨ  ᠳᠠᠭᠠᠨ ᠭᠦᠰᠡᠯ  ᠲᠠᠢ ᠬᠤᠩᠭᠤᠷ  ᠮᠢᠨᠢ ᠃

ᠬᠤᠨᠢᠨ ᠳᠤᠮᠳᠠ  ᠪᠠᠨ ᠪᠤᠷᠤᠯᠠᠭ  ᠲᠠᠢ ᠪᠦᠮᠪᠦᠷ  ᠮᠢᠨᠢ ᠂

ᠬᠤᠯᠠ ᠶᠢᠨ ᠬᠤᠰᠢᠭᠤᠨ ᠳᠠᠭᠠᠨ ᠬᠦᠰᠡᠯ  ᠲᠠᠢ ᠬᠤᠨᠭ᠍ᠭᠤᠷ  ᠮᠢᠨᠢ ᠃

ᠽᠠᠨᠳᠠᠨ ᠮᠤᠳᠦ  ᠨᠢ ᠵᠠᠯᠭᠠᠭ᠎ᠠ ᠦᠭᠡᠢ ᠪᠦᠮᠪᠦᠷ  ᠮᠢᠨᠢ ᠂

ᠵᠠᠯᠠᠭᠤ ᠪᠢᠳᠡ  ᠨᠢ ᠢᠯᠭᠠᠭ᠎ᠠ ᠦᠭᠡᠢ ᠬᠤᠨᠭ᠍ᠭᠤᠷ  ᠮᠢᠨᠢ ᠃

ᠦᠨᠳᠦᠷ ᠮᠤᠳᠤ  ᠨᠢ ᠦᠶ᠎ᠡ ᠦᠭᠡᠢ ᠪᠦᠮᠪᠦᠷ  ᠮᠢᠨᠢ ᠂

ᠦᠶ᠎ᠡ ᠶᠢᠨ ᠪᠢᠳᠡ  ᠨᠢ ᠢᠯᠭᠠᠭ᠎ᠠ ᠦᠭᠡᠢ ᠬᠤᠨᠭ᠍ᠭᠤᠷ  ᠮᠢᠨᠢ ᠃

 

ᠲᠦᠷᠪᠡ ᠂ ᠳᠠᠭᠤᠤ  ᠶᠢᠨ ᠨᠤᠲ

 

 

1

 

 

ᠭᠦᠭᠡᠬᠤᠳᠠ ᠵᠢᠨ ᠮᠤᠩᠭᠤᠯ ᠦᠨᠳᠦᠰᠦᠳᠡᠨ ᠣ ᠰᠤᠷᠭᠠᠭᠤᠯᠢ ᠵᠢᠨ ᠴᠡᠯᠡᠭᠡᠷ

 

 

2

 

3

 

4

 

5

 

6

ᠬᠠᠪᠰᠤᠷᠭᠠᠯ ᠭᠦᠭᠵᠢᠮ  ︽ ᠪᠦᠮᠪᠦᠷ  ᠮᠢᠨᠢ ᠂ ᠬᠤᠩᠭᠤᠷ  ᠮᠢᠨᠢ ︾   

  MP3 ᠪᠢᠴᠢᠯᠭᠡ  ︽ ᠪᠦᠮᠪᠦᠷ  ᠮᠢᠨᠢ ᠂ ᠬᠤᠩᠭᠤᠷ  ᠮᠢᠨᠢ ︾    

VCD ᠪᠢᠴᠢᠯᠭᠡ  ︽ ᠪᠦᠮᠪᠦᠷ  ᠮᠢᠨᠢ ᠂ ᠬᠤᠩᠭᠤᠷ  ᠮᠢᠨᠢ ︾ 

ᠰᠢᠭᠦᠮᠵᠢ ᠦᠯᠡᠳᠡᠭᠡᠬᠦ