• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠬᠠᠯᠢᠭᠤᠨ ᠭᠠᠯᠠᠭᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   34
 • ᠄   0
 • ᠄   0
 • ᠄  0

ᠲᠤᠰ ᠳᠠᠭᠤᠤ ᠵᠢᠨ ᠳᠤᠬᠠᠢ

 

︽ ᠬᠠᠯᠢᠭᠤᠨ ᠭᠠᠯᠠᠭᠤ ︾ ᠭᠡᠭᠦ ᠳᠠᠭᠤᠤ ᠪᠤᠯ ᠬᠤᠷᠴᠢᠨ ᠠᠷᠠᠳ  ᠣᠨ ᠤᠷᠳᠤ ᠵᠢᠨ ᠳᠠᠭᠤᠤ ᠪᠤᠯᠤᠨ᠎ᠠ ᠃

ᠮᠤᠩᠭᠤᠯ ᠦᠨᠳᠦᠰᠦᠳᠡᠨ  ᠣ ᠳᠠᠭᠤᠤ ᠭᠦᠭᠵᠢᠮ  ᠣᠨ ᠳᠡᠤᠭᠡ ᠵᠢᠨ ᠳᠠᠯ᠎ᠠ  ᠡᠴᠡ ᠦᠵᠡᠪᠡᠯ ᠂ ᠬᠤᠷᠴᠢᠨ ᠨᠤᠳᠤᠭ  ᠣᠨ ᠠᠷᠠᠳ  ᠣᠨ ᠳᠠᠭᠤᠤ ᠭᠦᠭᠵᠢᠮ ᠰᠤᠶᠤᠯ  ᠨᠢ ᠲᠦᠷᠦᠯ ᠵᠦᠢᠯ ᠬᠠᠮᠤᠭ  ᠣᠨ ᠪᠦᠷᠢᠨ ᠪᠦᠳᠦᠨ ᠂ ᠭᠤᠶᠢᠳᠠ ᠪᠨᠶᠠᠯᠢᠭ ᠮᠦᠷᠳᠡᠭᠡᠨ ᠦᠪᠡᠷᠮᠢᠴᠡ ᠤᠨᠴᠠᠯᠢᠭ  ᠲᠠᠢ ᠪᠠᠶᠢᠬᠤ ᠵᠢᠨ ᠤᠯᠠᠮ  ᠡᠴᠡ ᠮᠤᠩᠭᠤᠯ ᠦᠨᠳᠦᠰᠦᠳᠡᠨ ᠣ ᠤᠯᠠᠮᠵᠢᠯᠠᠯᠳᠤ ᠳᠠᠭᠤᠤ ᠭᠦᠭᠵᠢᠮ  ᠳᠠᠬᠢ ᠴᠢᠬᠤᠯᠠ ᠭᠡᠪ ᠨᠠᠮᠪᠠ ᠪᠦᠬᠦᠢ ᠤᠨᠴᠠᠯᠢᠭᠳᠤ ᠤᠷᠤᠨ  ᠣ ᠨᠢᠭᠡ ᠪᠤᠯᠤᠭᠰᠡᠨ ᠪᠠᠶᠢᠨ᠎ᠠ ᠃

ᠭᠤᠶᠤ ᠰᠠᠶᠢᠬᠠᠨ ᠤᠶᠠᠩᠭᠠᠯᠢᠭ ᠤᠷᠳᠤ ᠵᠢᠨ ᠳᠠᠭᠤᠤ ᠪᠤᠯ ᠳᠠᠯ᠎ᠠ ᠨᠤᠳᠤᠭ  ᠣᠨ ᠨᠡᠭᠦᠳᠡᠯ ᠰᠤᠶᠤᠯ  ᠣᠨ ᠵᠠᠶᠢᠯᠠᠰᠢ ᠦᠭᠡᠢ ᠪᠦᠳᠦᠭᠡᠭᠳᠡᠭᠦᠨ ᠮᠦᠨ ᠃ ᠬᠤᠷᠴᠢᠨ ᠠᠷᠠᠳ  ᠣᠨ ᠤᠷᠳᠤ ᠵᠢᠨ ᠳᠠᠭᠤᠤ ᠵᠢᠨ ᠠᠤᠭ᠎ᠠ ᠶᠡᠭᠡ ᠪᠠᠭᠳᠠᠭᠠᠮᠵᠢ ᠂ ᠪᠤᠳᠤᠯᠢᠶᠠᠨᠳᠠᠢ ᠪᠦᠳᠦᠴᠡ ᠂ ᠭᠦᠨᠵᠡᠭᠡᠢ ᠠᠭᠤᠯᠤᠭᠳᠠᠴᠠ  ᠨᠢ ᠬᠦᠮᠦᠰ  ᠲᠤ ᠤᠷᠠᠯᠢᠭ  ᠣᠨ ᠰᠠᠶᠢᠬᠠᠨ  ᠢ ᠭᠠᠶᠢᠬᠠᠭᠤᠯᠵᠦ ᠂ ᠬᠤᠷᠴᠢᠨ ᠠᠷᠠᠳ  ᠣᠨ ᠳᠠᠭᠤᠤ ᠵᠢᠨ ᠭᠦᠭᠵᠢᠯᠳᠡ ᠵᠢᠨ ᠬᠠᠮᠤᠭ ᠦᠨᠳᠦᠷ ᠠᠮᠵᠢᠯᠳᠠ ᠪᠦᠳᠦᠮᠵᠢ ᠵᠢ ᠬᠠᠷᠠᠭᠤᠯᠤᠭᠰᠡᠨ ᠪᠠᠶᠢᠨ᠎ᠠ ᠃

19 ᠳ᠋ᠤᠭᠡᠷ ᠵᠠᠭᠤᠨ  ᠣ ᠳᠤᠮᠳᠠᠴᠢ  ᠪᠡᠷ ᠴᠢᠩ ᠤᠯᠤᠰ  ᠣᠨ ᠵᠠᠰᠠᠭ  ᠣᠨ ᠤᠷᠳᠤᠨ  ᠣ ︽ ᠠᠷᠠᠳ ᠢ ᠨᠡᠭᠦᠯᠭᠡᠨ ᠭᠢᠵᠠᠭᠠᠷ  ᠢ ᠲᠦᠭᠦᠷᠭᠡᠭᠦ ︾ ᠳᠡᠮᠦᠷ ᠠᠨᠵᠢᠰᠤ ᠬᠤᠷᠴᠢᠨ  ᠣ ᠳᠠᠯ᠎ᠠ ᠨᠤᠳᠤᠭ  ᠢ ᠰᠠᠨᠳᠡᠯᠡᠭᠰᠡᠨ  ᠡᠴᠡ ᠡᠬᠢᠯᠡᠵᠦ  ᠂ ᠭᠦᠳᠡᠭᠡ ᠲᠤᠰᠬᠤᠨ  ᠣ ᠳᠠᠷᠢᠶᠠᠯᠠᠬᠤ ᠰᠤᠶᠤᠯ  ᠨᠢ ᠳᠠᠯ᠎ᠠ ᠨᠤᠳᠤᠭ  ᠣᠨ ᠨᠡᠭᠦᠳᠡᠯ ᠰᠤᠶᠤᠯ  ᠢ ᠠᠯᠬᠤᠮ ᠠᠯᠬᠤᠮ ᠵᠢᠡᠷ ᠤᠷᠤᠯᠠᠵᠦ ᠡᠬᠢᠯᠡᠭᠰᠡᠨ  ᠪᠠᠶᠢᠨ᠎ᠠ ᠃ ᠶᠠᠷᠢᠶᠠᠨ ᠦᠭᠡᠢ ᠬᠤᠷᠴᠢᠨ ᠨᠤᠳᠤᠭ  ᠲᠤ ᠪᠤᠭᠤᠨᠢ ᠳᠠᠭᠤᠤ ᠪᠠᠶᠢᠨ᠎ᠠ ᠂ ᠤᠷᠳᠤ ᠵᠢᠨ ᠳᠠᠭᠤᠤ ᠦᠭᠡᠢ ᠰᠢᠭ ᠰᠠᠨᠠᠭᠳᠠᠨ᠎ᠠ ᠭᠡᠳᠡᠭ ᠦᠵᠡᠯᠳᠡ ᠪᠤᠯ ᠪᠤᠷᠤᠭᠤ ᠶᠤᠮ ᠃ ᠦᠨᠡᠨ ᠳ᠋ᠡᠬᠡᠨ ᠬᠤᠷᠴᠢᠨ ᠨᠤᠳᠤᠭ  ᠣᠨ ᠠᠷᠠᠳ  ᠣᠨ ᠳᠠᠭᠤᠤ ᠵᠢᠨ ᠦᠪ  ᠲᠤ ᠤᠷᠳᠤ ᠵᠢᠨ ᠳᠠᠭᠤᠤ ᠵᠢᠨᠭᠭᠢᠨᠢ  ᠪᠡᠷ ᠤᠷᠤᠰᠢᠵᠦ ᠪᠠᠶᠢᠬᠤ ᠮᠦᠷᠳᠡᠭᠡᠨ ᠪᠤᠰᠤᠳ ᠭᠠᠵᠠᠷ ᠤᠷᠤᠨ  ᠡᠴᠡ ᠳᠤᠳᠠᠬᠤ ᠦᠭᠡᠢ ᠶᠤᠮ ᠂ ᠵᠦᠪᠭᠡᠨ ᠨᠡᠶᠢᠭᠡᠮ ᠂ ᠳᠡᠤᠭᠡ ᠵᠢᠨ ᠵᠤᠶᠢᠯ ᠪᠦᠷᠢ ᠵᠢᠨ ᠰᠢᠯᠳᠠᠭᠠᠨ  ᠡᠴᠡ ᠪᠤᠯᠵᠦ ᠂ ᠤᠷᠳᠤ ᠵᠢᠨ ᠳᠠᠭᠤᠤ ᠵᠢᠨ ᠤᠯᠠᠮᠵᠢᠯᠠᠯ ᠵᠢᠡᠨ ᠠᠯᠳᠠᠬᠤ   ᠳᠤ ᠭᠦᠷᠦᠭᠰᠡᠨ ᠳᠡᠳᠦᠢ ᠪᠢᠯᠡ ᠃

ᠬᠤᠷᠴᠢᠨ ᠨᠤᠳᠤᠭ  ᠣᠨ ᠠᠷᠠᠳ  ᠣᠨ ᠤᠷᠳᠤ ᠵᠢᠨ ᠳᠠᠭᠤᠤ ᠵᠢᠨ ᠦᠨ᠎ᠡ ᠦᠷᠳᠡᠭ  ᠨᠢ ᠳᠤᠭ᠎ᠠ ᠭᠡᠮᠵᠢᠶᠡᠨ ᠳ᠋ᠡᠬᠡᠨ ᠪᠠᠶᠢᠬᠤ ᠪᠢᠰᠢ ᠂ ᠬᠠᠷᠢᠨ ᠦᠪᠡᠷ  ᠣᠨ ᠤᠷᠠᠯᠢᠭ  ᠣᠨ ᠴᠢᠨᠠᠷ ᠴᠢᠨᠰᠠᠭ᠎ᠠ ᠵᠢᠴᠢ ᠮᠤᠩᠭᠤᠯ ᠦᠨᠳᠦᠰᠦᠳᠡᠨ ᠣ ᠳᠠᠯ᠎ᠠ ᠨᠤᠳᠤᠭ  ᠣᠨ ᠰᠤᠶᠤᠯ  ᠳᠡᠬᠢ ᠦᠪᠡᠷᠮᠢᠴᠡ ᠪᠠᠶᠢᠷᠢ ᠰᠠᠭᠤᠷᠢ ᠳ᠋ᠣ  ᠨᠢ ᠪᠠᠶᠢᠨ᠎ᠠ ᠃ ᠬᠤᠷᠴᠢᠨ ᠠᠷᠠᠳ  ᠣᠨ ᠤᠷᠳᠤ ᠵᠢᠨ ᠳᠠᠭᠤᠤ  ᠨᠢ ᠠᠭᠤᠯᠭ᠎ᠠ  ᠪᠡᠷ ᠪᠠᠶᠠᠯᠢᠭ ᠪᠠᠶᠢᠵᠤ ᠪᠠᠷᠤᠭ ᠨᠡᠶᠢᠭᠡᠮ  ᠣᠨ ᠠᠮᠢᠳᠤᠷᠠᠯ  ᠣᠨ ᠳᠠᠯ᠎ᠠ ᠪᠦᠬᠦᠨ  ᠲᠠᠢ ᠬᠤᠯᠪᠤᠭᠳᠠᠵᠦ ᠬᠤᠷᠴᠢᠨ ᠮᠤᠩᠭᠤᠯᠴᠤᠳ  ᠣᠨ ᠠᠮᠢᠳᠤᠷᠠᠯ  ᠣᠨ ᠠᠤᠭ᠎ᠠ ᠰᠦᠷᠯᠢᠭ ᠦᠵᠡᠮᠵᠢᠳᠤ ᠵᠢᠷᠤᠭ ᠭᠡᠮᠡᠨ ᠭᠡᠯᠡᠵᠦ ᠪᠤᠯᠤᠨ᠎ᠠ ᠃ ᠡᠭᠦᠨ   ᠳᠤ ᠰᠲ᠋ᠸᠯᠢ ᠵᠢᠨ ᠬᠤᠪᠢᠶᠠᠷᠢᠯᠠᠯ  ᠡᠴᠡ ᠦᠵᠡᠪᠡᠯ ᠨᠤᠳᠤᠭ ᠵᠢᠡᠨ ᠰᠠᠨᠠᠭᠰᠡᠨ ᠳᠠᠭᠤᠤ ᠂ ᠨᠠᠶᠢᠷ  ᠣᠨ ᠳᠠᠭᠤᠤ ᠂ ᠢᠨᠠᠭ  ᠣᠨ ᠳᠠᠭᠤᠤ ᠂ ᠬᠤᠷᠢᠮ  ᠣᠨ ᠳᠠᠭᠤᠤ ᠵᠡᠷᠭᠡ ᠵᠡᠷᠭᠡ ᠤᠯᠠᠨ ᠪᠠᠶᠢᠳᠠᠭ ᠃

︽ ᠬᠠᠯᠢᠭᠤᠨ ᠭᠠᠯᠠᠭᠤ ︾ ᠭᠡᠳᠡᠭ ᠤᠷᠳᠤ ᠵᠢᠨ ᠳᠠᠭᠤᠤ ᠪᠤᠯ ᠬᠤᠷᠢᠮ ᠣᠨ ᠲᠠᠭᠤᠤ ᠪᠤᠯᠤᠨ᠎ᠠ ᠃

ᠲᠤᠰ ᠳᠠᠭᠤᠤ  ᠳᠤ ᠂ ᠬᠠᠶᠢᠷᠠᠳᠤ ᠦᠷ᠎ᠡ  ᠪᠠᠨ ᠦᠭᠭᠦᠭᠰᠡᠨ ᠳ᠋ᠡᠬᠡᠨ ᠬᠤᠶᠠᠷ ᠨᠢᠳᠤᠨ  ᠡᠴᠡ  ᠮᠢᠨᠢ ᠨᠢᠯᠪᠤᠰᠤ ᠪᠦᠮᠪᠦᠷᠢᠨ᠎ᠡ ᠂ ᠰᠠᠶᠢᠬᠠᠨ ᠦᠷ᠎ᠡ  ᠪᠠᠨ ᠦᠭᠭᠦᠭᠰᠡᠨ ᠳᠡᠬᠡᠨ ᠰᠠᠮᠰᠠ ᠵᠢᠨ ᠤᠷᠤᠭᠤ ᠪᠤᠷᠬᠢᠷᠠᠨ᠎ᠠ ᠭᠡᠵᠦ ᠂ ᠡᠵᠢ ᠠᠪᠤ ᠂ ᠡᠯᠢᠭᠡᠨ ᠰᠠᠳᠤᠨ  ᠨᠢ ᠬᠠᠶᠢᠷᠠᠳᠤ ᠭᠡᠦᠭᠡᠨ ᠵᠢᠡᠨ ᠬᠠᠷᠢ  ᠳᠤ ᠮᠤᠷᠳᠠᠭᠤᠯᠬᠤ ᠦᠶ᠎ᠡ  ᠳᠤ ᠰᠠᠯᠵᠦ ᠶᠠᠳᠠᠨ ᠂ ᠤᠶᠠᠷᠠᠨ ᠬᠠᠶᠢᠯᠵᠦ ᠳᠠᠭᠤᠯᠠᠭᠰᠡᠨ ᠳᠠᠭᠤᠤ ᠪᠤᠯᠤᠨ᠎ᠠ ᠃

ᠬᠤᠷᠴᠢᠨ  ᠣ ᠳᠠᠯ᠎ᠠ ᠨᠤᠳᠤᠭ  ᠣᠨ ᠨᠤᠳᠤᠭ ᠳᠡᠪᠢᠰᠭᠡᠷ ᠦᠷᠭᠡᠨ ᠠᠭᠤᠳᠠᠮ ᠂ ᠵᠠᠮ ᠬᠠᠷᠢᠯᠴᠠᠭ᠎ᠠ ᠪᠤᠶᠢᠳᠠ ᠪᠦᠭᠯᠡᠭᠦᠦ ᠂ ᠬᠦᠮᠦᠨ ᠠᠮᠠ ᠰᠡᠶᠢᠷᠡᠭ ᠴᠦᠭᠡᠨ ᠪᠤᠯᠬᠤᠷ ᠳᠤᠬᠠᠢ ᠵᠢᠨ ᠦᠶ᠎ᠡ  ᠳᠤ ᠭᠡᠦᠭᠡᠨ ᠵᠢᠡᠨ ᠬᠠᠷᠢ  ᠳᠤ ᠮᠤᠷᠳᠠᠭᠤᠯᠤᠭᠰᠡᠨ ᠣ ᠳᠠᠷᠠᠭ᠎ᠠ ᠳᠠᠭᠢᠨ ᠠᠭᠤᠯᠵᠠᠨ ᠤᠴᠠᠷᠠᠬᠤ ᠳᠣ ᠳᠤᠩ ᠭᠦᠴᠢᠷ ᠲᠦᠪᠡᠭ  ᠲᠠᠢ ᠪᠠᠶᠢᠵᠠᠢ ᠃ ᠡᠭᠦᠨ   ᠡᠴᠡ ᠬᠤᠷᠴᠢᠨ ᠠᠷᠠᠳ  ᠣᠨ ᠤᠷᠳᠤ ᠵᠢᠨ ᠳᠠᠭᠤᠤ  ᠳᠤ ᠬᠤᠷᠢᠮ  ᠣᠨ ᠳᠠᠭᠤᠤ ᠤᠯᠠᠨ ᠪᠠᠶᠢᠳᠠᠭ ᠃ ᠵᠢᠱᠢᠶᠡᠯᠡᠪᠡᠯ ᠂ ︽ ᠨᠠᠮᠤᠭ ᠴᠡᠭᠡᠯ  ᠣᠨ ᠪᠤᠷᠭᠠᠰᠤ ︾ ᠂ ︽ ᠤᠤᠯᠠᠭᠠᠢ ᠵᠢᠨ ᠦᠨᠳᠦᠷ ᠮᠤᠳᠤ ︾ ᠵᠡᠷᠭᠡ ᠭᠡᠦᠭᠡᠨ ᠵᠢᠡᠨ ᠬᠠᠷᠢ  ᠳᠤ ᠮᠤᠷᠳᠠᠭᠤᠯᠬᠤ ᠦᠶ᠎ᠡ  ᠳᠤ ᠳᠠᠭᠤᠯᠠᠭᠰᠡᠨ ᠳᠠᠭᠤᠤ ᠪᠠ ᠬᠠᠷᠢ  ᠳᠤ ᠮᠤᠷᠳᠠᠭᠰᠡᠨ ᠭᠡᠦᠭᠡᠨ ᠡᠵᠢ ᠠᠪᠤ ᠂ ᠡᠯᠢᠭᠡᠨ  ᠰᠠᠳᠤᠨ ᠵᠢᠡᠨ ᠮᠦᠷᠦᠭᠡᠳᠦᠨ ᠰᠠᠨᠠᠭᠠᠯᠵᠠᠵᠦ ᠳᠠᠭᠤᠯᠠᠭᠰᠡᠨ ᠳᠠᠭᠤᠤ ᠪᠠᠰᠠ ᠤᠯᠠᠨ ᠪᠠᠶᠢᠳᠠᠭ ᠃ ᠵᠢᠱᠢᠶᠡᠯᠡᠪᠡᠯ ᠂ ︽ ᠬᠢᠩᠭᠠᠨ  ᠦᠨᠳᠦᠷ ︾ ᠂ ︽ ᠠᠷᠤ ᠬᠠᠩᠭᠠᠢ ︾ ᠵᠡᠷᠭᠡ ᠪᠠᠶᠢᠳᠠᠭ ᠃

 

ᠠᠶᠠᠰ ᠣᠨ ᠵᠠᠳᠠᠯᠤᠯᠳᠠ

 

ᠲᠤᠰ ᠳᠠᠭᠤᠤ ᠵᠢᠨ ᠠᠶ᠎ᠠ  ᠨᠢ ᠳᠡᠭᠡᠷ᠎ᠡ ᠳᠤᠤᠷ᠎ᠠ ᠬᠤᠶᠠᠷ ᠬᠦᠭᠵᠢᠮ ᠣᠨ ᠦᠭᠦᠯᠡᠪᠦᠷᠢ  ᠪᠡᠷ ᠪᠦᠷᠢᠯᠳᠦᠵᠡᠢ ᠃ ᠳᠡᠭᠡᠷ᠎ᠡ ᠬᠦᠭᠵᠢᠮ ᠣᠨ ᠦᠭᠦᠯᠡᠪᠦᠷᠢ  ᠨᠢ ᠭᠤᠷᠪᠠᠨ ᠪᠠᠭ᠎ᠠ ᠲᠠᠰᠤᠯᠭ᠎ᠠ ᠂ ᠳᠤᠤᠷ᠎ᠠ ᠬᠦᠭᠵᠢᠮ ᠣᠨ ᠦᠭᠦᠯᠡᠪᠦᠷᠢ  ᠨᠢ ᠳᠦᠷᠪᠡᠨ ᠪᠠᠭ᠎ᠠ ᠲᠠᠰᠤᠯᠭ᠎ᠠ ᠪᠠᠶᠢᠵᠤ ᠂ ᠳᠡᠭᠡᠷ᠎ᠡ ᠬᠦᠭᠵᠢᠮ ᠣᠨ ᠦᠭᠦᠯᠡᠪᠦᠷᠢ ᠵᠢᠨ ᠭᠤᠷᠪᠠᠳᠤᠭᠠᠷ ᠲᠠᠰᠤᠯᠭ᠎ᠠ  ᠨᠢ ᠬᠤᠶᠠᠷ ᠬᠦᠭᠵᠢᠮ ᠣᠨ ᠦᠭᠦᠯᠡᠪᠦᠷᠢ ᠵᠢᠨ ᠬᠤᠭᠤᠷᠤᠨᠳᠤ ᠵᠠᠭᠠᠭᠯᠠᠨ ᠂ ᠵᠠᠯᠭᠠᠪᠤᠷᠢ ᠵᠢᠨ ᠴᠢᠨᠠᠷ  ᠲᠠᠢ ᠪᠠᠶᠢᠳᠠᠭ ᠃ ᠳᠡᠭᠡᠷ᠎ᠡ ᠬᠦᠭᠵᠢᠮ ᠣᠨ ᠦᠭᠦᠯᠡᠪᠦᠷᠢ  ᠨᠢ ᠵᠢᠶᠤᠤᠳᠠᠭᠤᠨ ᠳᠡᠭᠡᠷ᠎ᠡ ᠪᠠᠭᠤᠵᠤ ᠂ ᠳᠤᠤᠷ᠎ᠠ ᠬᠦᠭᠵᠢᠮ ᠣᠨ ᠦᠭᠦᠯᠡᠪᠦᠷᠢ  ᠨᠢ ᠶᠦᠳᠠᠭᠤᠨ ᠳᠡᠭᠡᠷ᠎ᠡ ᠲᠡᠭᠦᠰᠦᠭᠡᠳ ᠂ ᠬᠤᠭᠤᠷᠤᠨᠳᠤ  ᠪᠠᠨ ︽ ᠬᠠᠷᠢᠶ᠎ᠠ ︱ ᠭᠤᠤᠯ ︾ ᠣᠨ ᠠᠪᠤᠯᠴᠠᠭ᠎ᠠ ᠪᠤᠯᠵᠠᠢ ᠃ ᠶᠡᠷᠦᠨᠭᠬᠡᠢ  ᠳᠤᠨᠢ ᠦᠵᠡᠪᠡᠯ ᠲᠤᠰ ᠳᠠᠭᠤᠤ ᠵᠢᠨ ᠠᠶ᠎ᠠ  ᠨᠢ ᠳᠠᠪᠠᠯᠭᠠᠯᠠᠨ ᠶᠠᠪᠤᠭᠳᠠᠵᠤ ᠂ ᠠᠶ᠎ᠠ ᠵᠢᠨ ᠰᠠᠵᠢᠴᠠ ᠶᠡᠬᠡ ᠂ ᠰᠡᠳᠭᠢᠯᠭᠡ  ᠪᠡᠷ ᠤᠶᠠᠷᠠᠭᠤᠨ ᠂ ᠬᠠᠷᠢ  ᠳᠤ ᠪᠠᠶᠢᠭ᠎ᠠ ᠬᠡᠦᠬᠡᠨ ᠣ ᠭᠡᠷ ᠨᠤᠲᠤᠭ ᠠᠪᠤ ᠡᠵᠢ  ᠪᠠᠨ ᠰᠠᠨᠠᠨ ᠮᠦᠷᠦᠭᠡᠳᠴᠦ ᠪᠠᠶᠢᠭ᠎ᠠ ᠰᠡᠳᠭᠢᠯᠭᠡ ᠵᠢ ᠤᠷᠠᠯᠢᠭ ᠠᠮᠢᠳᠤᠯᠢᠭ  ᠢᠶᠡᠷ  ᠢᠯᠡᠳᠭᠡᠭᠰᠡᠨ ᠪᠠᠶᠢᠨ᠎ᠠ ᠃

 

ᠲᠠᠭᠤᠤ ᠵᠢᠨ ᠦᠭᠡ

 

ᠬᠠᠯᠢᠭᠤᠨ ᠭᠠᠯᠠᠭᠤ ᠨᠢᠰᠭᠦ ᠵᠢᠨ ᠦᠶ᠎ᠡ  ᠳᠤ ᠠ ᠬᠠ ᠭᠦᠢ

ᠬᠠᠶᠢᠯ  ᠣᠨ ᠤᠰᠤᠨ  ᠳᠤ  ᠪᠠᠨ ᠰᠠᠭᠤᠬᠤ ᠵᠢᠨ ᠴᠠᠭ  ᠲᠤ

ᠬᠠᠶᠢᠷᠠᠳᠤ ᠦᠷ᠎ᠡ  ᠪᠠᠨ ᠦᠭᠭᠦᠭᠰᠡᠨ ᠳᠡᠬᠡᠨ ᠠ ᠬᠠ ᠭᠦᠢ

ᠬᠤᠶᠠᠷ ᠨᠢᠳᠤᠨ  ᠡᠴᠡ  ᠮᠢᠨᠢ ᠠ ᠬᠠ ᠭᠦᠢ ᠨᠢᠯᠪᠤᠰᠤ ᠪᠦᠮᠪᠤᠷᠢᠨ᠎ᠡ

 

ᠴᠠᠭᠠᠨ ᠭᠠᠯᠠᠭᠤ ᠨᠢᠰᠭᠦ ᠵᠢᠨ ᠦᠶ᠎ᠡ  ᠳᠤ ᠠ ᠬᠠ ᠭᠦᠢ

ᠱᠠᠯᠪᠠᠭ ᠣᠨ ᠤᠰᠤᠨ  ᠳᠤ  ᠪᠠᠨ ᠠ ᠬᠠ ᠭᠦᠢ ᠰᠠᠭᠤᠬᠤ ᠵᠢᠨ ᠴᠠᠭ  ᠲᠤ

ᠰᠠᠶᠢᠬᠠᠨ ᠦᠷ᠎ᠡ  ᠪᠠᠨ ᠦᠭᠭᠦᠭᠰᠡᠨ  ᠳᠤ  ᠪᠠᠨ ᠠ ᠬᠠ ᠭᠦᠢ

ᠰᠠᠮᠰᠠ ᠵᠢᠨ ᠤᠷᠤᠭᠤ ᠠ ᠬᠠ ᠭᠦᠢ ᠪᠤᠷᠭᠢᠷᠠᠨ᠎ᠠ

 

ᠵᠡᠭᠡᠷ᠎ᠡ ᠵᠢᠨ ᠠᠪᠠ ᠳᠠᠭᠠᠨ ᠠ ᠬᠠ ᠭᠦᠢ

ᠨᠠᠮᠨᠠᠬᠤ ᠵᠢᠨ ᠴᠠᠭ  ᠲᠤ ᠵᠡᠭᠡᠷᠳᠡ ᠮᠤᠷᠢ  ᠪᠠᠨ ᠤᠨᠤᠬᠤ ᠵᠢᠨ ᠦᠶ᠎ᠡ  ᠳᠤ ᠠ ᠬᠠ ᠭᠦᠢ

ᠵᠦᠢᠳᠡᠢ ᠦᠷ᠎ᠡ  ᠪᠠᠨ ᠦᠭᠭᠦᠭᠰᠡᠨ ᠳᠡᠬᠡᠨ ᠠ ᠬᠠ ᠭᠦᠢ

ᠵᠢᠷᠦᠭᠡᠨ ᠣ ᠦᠵᠦᠭᠦᠷ ᠠ ᠭᠦᠢ ᠵᠠᠮᠬᠠᠷᠠᠨ᠎ᠠ

 

ᠬᠤᠯᠠ ᠮᠤᠷᠢ  ᠪᠠᠨ ᠤᠨᠤᠬᠤ ᠵᠢᠨ ᠦᠶ᠎ᠡ  ᠳᠤ ᠠ ᠬᠠ ᠭᠦᠢ

ᠬᠤᠯᠤᠭᠠᠷ ᠴᠢᠭᠢᠳᠤ ᠵᠢ ᠨᠠᠮᠨᠠᠬᠤ ᠵᠢᠨ ᠴᠠᠭ  ᠲᠤ

ᠬᠠᠶᠢᠷᠬᠠᠨ ᠦᠷ᠎ᠡ  ᠪᠠᠨ ᠦᠭᠭᠦᠭᠰᠡᠨ ᠳᠡᠬᠡᠨ ᠠ ᠬᠠ ᠭᠦᠢ

ᠬᠠᠮᠠᠷ  ᠣᠨ ᠦᠵᠦᠭᠦᠷ ᠠ ᠬᠠ ᠭᠦᠢ ᠪᠤᠷᠭᠢᠷᠠᠨ᠎ᠠ

 

 

ᠲᠠᠭᠤᠤ ᠵᠢᠨ ᠨᠤᠲ

 

 

1

2

 

3

 

4

 

5

 

6

 

7

 

8

 

9

 

10

 

11

 

12

 

13

 

14

 

     VCD ᠪᠢᠴᠢᠯᠭᠡ ︱ ︽ ᠬᠠᠯᠢᠭᠤᠨ ᠭᠠᠯᠠᠭᠤ ︾   ᠬᠠᠯᠢᠭᠤᠨ ᠭᠠᠯᠠᠭᠤ

MP3 ᠪᠢᠴᠢᠯᠭᠡ ︱ ︽ ᠬᠠᠯᠢᠭᠤᠨ ᠭᠠᠯᠠᠭᠤ ︾  

ᠰᠢᠭᠦᠮᠵᠢ ᠦᠯᠡᠳᠡᠭᠡᠬᠦ