• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠬᠤᠨ ᠭᠠᠯᠠᠭᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   36
 • ᠄   0
 • ᠄   0
 • ᠄  0

ᠨᠢᠭᠡ ᠂ ︽ ᠬᠤᠨ ᠭᠠᠯᠠᠭᠤ ︾ ᠭᠡᠬᠦ ᠤᠷᠠᠳ ᠠᠷᠠᠳ ᠣᠨ ᠳᠠᠭᠤᠤ ᠵᠢᠨ ᠳᠤᠬᠠᠢ

 

︽ ᠬᠤᠨ ᠭᠠᠯᠠᠭᠤ ︾ ᠭᠡᠬᠦ ᠤᠷᠠᠳ ᠠᠷᠠᠳ ᠣᠨ ᠳᠠᠭᠤᠤ  ᠨᠢ ᠪᠠᠶᠠᠨᠨᠠᠭᠤᠷ ᠂ ᠤᠷᠳᠤᠰ ᠵᠡᠷᠭᠡ ᠭᠠᠵᠠᠷ ᠤᠷᠤᠨ ᠵᠶᠠᠷ ᠨᠡᠶᠢᠲᠡᠮ ᠳᠠᠭᠤᠯᠠᠭᠳᠠᠵᠤ ᠪᠠᠶᠢᠳᠠᠭ ᠪᠦᠭᠡᠳ ᠪᠤᠰᠤᠳ ᠮᠤᠡᠭ᠍ᠭᠤᠯ ᠤᠷᠤᠨ  ᠢᠶᠡᠷ  ᠴᠤ ᠭᠡᠰᠡᠨ ᠨᠡᠯᠢᠶᠡᠳ ᠳᠡᠯᠭᠡᠷᠡᠭᠰᠡᠨ ᠳᠠᠭᠤᠤ ᠶᠤᠮ ᠃

ᠤᠷᠠᠳᠴᠤᠳ ᠪᠤᠯ ᠬᠠᠪᠣᠳᠣ ᠬᠠᠰᠠᠷ ᠣᠨ ᠠᠷᠪᠠᠨ ᠳᠠᠪᠤᠳᠤᠭᠠᠷ ᠦᠶ᠎ᠡ ᠵᠢᠨ ᠠᠴᠢ ᠪᠤᠷᠬᠠᠢ ᠵᠢᠨ ᠬᠤᠶᠢᠴᠢᠰ ᠪᠤᠯᠬᠤ ᠪᠦᠭᠡᠳ ᠠᠯᠢ ᠡᠷᠲᠡ  1648 ᠤᠨ ᠳ᠋ᠣ ᠬᠦᠯᠦᠨ ᠪᠤᠶᠢᠷ  ᠡᠴᠡ ᠪᠠᠷᠠᠭᠤᠨᠰᠢ ᠨᠡᠭᠦᠳᠡᠯᠯᠡᠨ ᠢᠷᠡᠭᠡᠳ ᠭᠤᠯᠳᠠᠭᠤ ᠪᠠᠶᠠᠨᠨᠠᠭᠤᠷ ᠣᠨ ᠤᠷᠠᠳ ᠣᠨ ᠡᠮᠦᠨᠡᠲᠦ  ᠂ ᠳᠤᠮᠳᠠ ᠂ ᠬᠤᠶᠢᠳᠤ ᠭᠤᠷᠪᠠᠨ ᠬᠤᠰᠢᠭᠤ ᠪᠠ ᠲᠠᠷᠬᠠᠨ ᠮᠤᠤᠮᠢᠩᠭᠠᠨ ᠬᠤᠰᠢᠭᠤ ᠂ ᠪᠤᠭᠤᠲᠤ ᠬᠤᠲᠠ ᠵᠡᠷᠭᠡ ᠭᠠᠵᠠᠷ ᠤᠷᠤᠨ ᠳᠣ ᠲᠠᠷᠬᠠᠨ ᠰᠠᠭᠤᠵᠤ ᠪᠠᠶᠢᠬᠤ ᠪᠦᠭᠡᠳ ᠤᠯᠠᠭᠠᠨᠴᠠᠪ  ᠲᠤ ᠴᠤ ᠴᠦᠭᠡᠨ ᠨᠢᠭᠡ ᠪᠦᠯᠦᠭ ᠰᠠᠭᠤᠷᠢᠰᠢᠵᠤ ᠪᠤᠢ ᠃ ᠭᠤᠷᠪᠠᠨ ᠵᠠᠭᠤ ᠭᠠᠷᠤᠢ ᠵᠢᠯ ᠣᠨ ᠲᠤᠷᠰᠢ ᠂ ᠤᠷᠠᠳᠴᠣᠳ ᠣᠨ ᠠᠮᠢᠳᠤᠷᠠᠯ ᠵᠠᠡᠭ᠍ ᠲᠠᠳᠬᠠᠯ ᠂ ᠰᠤᠶᠤᠯ ᠤᠷᠠᠯᠢᠭ ᠵᠡᠷᠭᠡ  ᠨᠢ ᠨᠡᠶᠢᠬᠡᠮ ᠣᠨ ᠤᠯᠠᠷᠢᠨ ᠬᠤᠪᠢᠷᠠᠵᠤ ᠬᠦᠭᠵᠢᠬᠦ ᠵᠢ ᠳᠠᠭᠠᠯᠳᠤᠨ ᠵᠠᠷᠢᠮ ᠵᠦᠢᠯ  ᠨᠢ ᠤᠰᠠᠳᠤᠭᠰᠠᠨ ᠪᠤᠯᠪᠠᠴᠤ ᠂ ᠠᠷᠠᠳ ᠣᠨ ᠳᠠᠭᠤᠤ  ᠨᠢ ᠬᠠᠷᠢᠨ ᠤᠷᠠᠳᠴᠣᠳ ᠣᠨ ᠪᠤᠳᠡᠳᠤ ᠠᠮᠢᠳᠤᠷᠠᠯ ᠣᠨ ᠳᠤᠮᠳᠠ ᠦᠪᠡᠷ ᠣᠨ ᠤᠨᠴᠠᠯᠢᠭ ᠰᠢᠨᠵᠢ ᠪᠠᠨ ᠬᠠᠳᠠᠭᠠᠯᠠᠨ ᠤᠷᠤᠰᠢᠵᠤ ᠴᠢᠳᠠᠭᠰᠠᠨ  ᠢᠶᠡᠷ   ᠢᠶᠡᠨ  ᠨᠢᠭᠡᠨ ᠳᠡᠤᠭᠡ ᠵᠢᠨ ᠦᠨ᠎ᠡ ᠴᠠᠨ᠎ᠠ  ᠲᠠᠢ ᠦᠪ ᠬᠦᠷᠣᠩᠭᠡ ᠪᠤᠯᠤᠨ ᠤᠯᠠᠮᠵᠢᠯᠠᠭᠳᠠᠭᠰᠠᠭᠠᠷ ᠢᠷᠡᠵᠡᠢ ᠃ ᠵᠦᠪᠬᠡᠨ ︽ ᠬᠤᠨ ᠭᠠᠯᠠᠭᠤ ︾ ᠭᠡᠬᠦ ᠠᠷᠠᠳ ᠣᠨ ᠳᠠᠭᠤᠤ  ᠪᠠᠷ ᠵᠢᠱᠢᠶᠡᠯᠡᠬᠦ ᠳ᠋ᠣ ︽ ᠬᠤᠨ ᠶᠤ ᠴᠠᠭᠠᠨ ᠭᠠᠯᠠᠭᠤ ᠰᠢᠪᠠᠭᠤᠬᠠᠢ ᠂ ᠬᠤᠯᠤᠰᠤᠲᠤ ᠨᠠᠭᠤᠷ  ᠲᠠᠭᠠᠨ ᠱᠤᠡᠭ᠍ᠪᠠᠨ ᠰᠠᠭᠤᠨ᠎ᠠ ᠬᠦ᠋ ᠂ ᠬᠤᠯᠠ ᠵᠢᠨ ᠭᠡᠶᠢᠴᠢᠳ  ᠮᠢᠨᠢ ᠬᠦᠷᠦᠭᠡᠳ ᠢᠷᠡᠯ᠎ᠠ ᠳ᠋ᠤᠤ ᠂ ᠬᠤᠨᠤᠭᠤᠳᠠ ᠦᠨᠵᠢᠭᠦᠳᠠ ᠪᠠᠷ ᠨᠠᠶᠢᠷᠯᠠᠨ ᠰᠠᠭᠤᠶ᠎ᠠ ᠬᠦ᠋ ︾ ᠭᠡᠵᠤ ᠤᠷᠠᠳᠴᠤᠳ ᠣᠨ ᠵᠤᠴᠢᠨᠰᠠᠭ ᠵᠠᠡᠭ᠍ ᠵᠠᠩᠰᠢᠯ ᠂ ᠤᠷᠠᠨ ᠠᠪᠢᠶᠠᠰ ᠤᠶᠤᠨ ᠪᠢᠯᠢᠭ ᠪᠠ ᠳᠠᠭᠤᠯᠠᠵᠤ ᠨᠠᠶᠢᠷᠯᠠᠳᠠᠭ ᠤᠳᠤᠮᠰᠢᠯ  ᠲᠠᠢ ᠵᠢ  ᠨᠢ ᠭᠦᠢᠴᠡᠳ ᠬᠠᠷᠠᠭᠤᠯᠤᠭᠰᠠᠨ ᠪᠠᠶᠢᠳᠠᠭ ᠃

︽ ᠬᠤᠨ ᠭᠠᠯᠠᠭᠤ ︾ ᠭᠡᠬᠦ ᠠᠷᠠᠳ  ᠣᠨ ᠳᠠᠭᠤᠤ ᠪᠤᠯ ᠶᠠᠷᠦ ᠵᠢᠨ ᠬᠤᠷᠢᠮ ᠨᠠᠶᠢᠷ ᠳᠡᠭᠡᠷ᠎ᠡ ᠭᠤᠤᠯᠴᠢᠯᠠᠨ ᠳᠠᠭᠤᠯᠠᠳᠠᠭ ᠰᠢᠯᠦᠭ ᠳᠠᠭᠤᠤ ᠵᠢᠨ ᠨᠢᠭᠡ  ᠨᠢ ᠪᠤᠯᠬᠤ ᠪᠦᠭᠡᠳ ᠂ ᠢᠷᠡᠭᠰᠡᠨ ᠵᠤᠴᠢᠳ  ᠢᠶᠡᠨ  ᠦᠨᠵᠢᠭᠦᠳᠡ ᠬᠤᠨᠤᠭᠤᠳᠠ  ᠪᠡᠷ ᠨᠠᠶᠢᠷᠯᠠᠵᠤ ᠰᠠᠭᠤᠵᠤ ᠂ ᠤᠳᠠᠭᠠᠨ ᠵᠢᠷᠭᠠᠬᠤ ᠵᠢᠨ ᠰᠠᠶᠢᠬᠠᠨ ᠢᠷᠤᠭᠡᠯ ᠣᠨ ᠠᠭᠤᠯᠭ᠎ᠠ  ᠲᠠᠢ ᠳᠠᠭᠤᠤ ᠶᠤᠮ ᠃

 

ᠬᠤᠶᠠᠷ ᠂ ᠠᠶᠠᠰ ᠣᠨ ᠵᠠᠳᠠᠯᠤᠯᠳᠠ

 

ᠡᠨᠡ  ᠬᠦ ᠤᠷᠠᠳ ᠠᠷᠠᠳ ᠤᠨ ᠨᠠᠶᠢᠷ ᠲᠠᠭᠤᠤ  ᠳᠤ ᠂ ᠨᠢᠭᠡ ᠪᠠᠳᠠᠭ ᠦᠭᠡ  ᠨᠢ ᠬᠤᠶᠠᠷ ᠦᠭᠦᠯᠡᠪᠦᠷᠢ  ᠪᠡᠷ ᠪᠦᠷᠢᠯᠳᠦᠵᠤ ᠂ ᠲᠠᠭᠤᠤ ᠵᠢᠨ ᠦᠭᠡ ᠪᠠ ᠠᠶ᠎ᠠ  ᠨᠢ ︽ ᠨᠢᠭᠡ ︱ ᠬᠤᠶᠠᠷ ︾  ᠤᠨ ᠬᠠᠷᠢᠴᠠᠯ ᠪᠤᠯᠵᠤ ᠂ ᠨᠢᠭᠡ ᠪᠠᠳᠠᠭ ᠦᠭᠡ  ᠪᠠᠨ ᠬᠤᠶᠠᠷ ᠤᠳᠠᠭᠠᠨ ᠤ ᠠᠶ᠎ᠠ ᠲᠡᠭᠡᠷ᠎ᠡ ᠲᠠᠭᠤᠯᠠᠳᠠᠭ ᠃ ᠲᠠᠭᠤᠤ ᠵᠢᠨ ᠠᠶ᠎ᠠ  ᠨᠢ ᠲᠡᠭᠡᠷ᠎ᠡ ᠲᠤᠤᠷ᠎ᠠ ᠬᠤᠶᠠᠷ ᠬᠦᠭᠵᠢᠮ ᠤᠨ ᠦᠭᠦᠯᠡᠪᠤᠷᠢ  ᠪᠠᠷ ᠪᠦᠷᠢᠯᠳᠤᠵᠤ ᠂ ᠬᠦᠭᠵᠢᠮ ᠤᠨ ᠦᠭᠦᠯᠡᠪᠤᠷᠢ  ᠨᠢ ᠮᠦᠨ ᠴᠤ ᠡᠮᠦᠨ᠎ᠡ  ᠬᠤᠶᠢᠨ᠎ᠠ ᠬᠤᠶᠠᠷ ᠬᠦᠭᠵᠢᠮ  ᠤᠨ ᠲᠠᠰᠤᠯᠪᠤᠷᠢ  ᠳᠤ ᠬᠤᠪᠢᠶᠠᠭᠳᠠᠵᠤ ᠂ ᠡᠮᠦᠨ᠎ᠡ  ᠬᠦᠭᠵᠢᠮ ᠤᠨ ᠲᠠᠰᠤᠯᠪᠦᠷᠢ ᠪᠦᠷᠢ  ᠨᠢ ᠬᠤᠶᠠᠷ ᠠᠶ᠎ᠠ ᠵᠢᠨ ᠴᠦᠮᠦᠭᠡ  ᠪᠠᠷ ᠪᠦᠷᠢᠯᠳᠦᠭᠰᠡᠨ ᠪᠠᠶᠢᠳᠠᠭ ᠃ ᠬᠤᠶᠠᠷ ᠠᠶ᠎ᠠ ᠵᠢᠨ ᠴᠦᠮᠦᠭᠡ  ᠨᠢ ᠲᠤᠩᠭᠤᠷᠤᠤ ᠬᠠᠨᠳᠤᠰᠢ  ᠲᠠᠢ ᠪᠠᠶᠢᠳᠠᠭ ᠃ ᠬᠦᠭᠵᠢᠮ ᠤᠨ ᠦᠭᠦᠯᠡᠪᠦᠷᠢ ᠵᠢᠨ ᠬᠤᠶᠢᠨ᠎ᠠ ᠲᠠᠰᠤᠯᠪᠤᠷᠢ ᠪᠦᠷᠢ  ᠨᠢ ᠬᠠᠷᠢᠨ ᠦᠷᠬᠦᠯᠵᠢᠯᠠᠭ᠍ᠰᠡᠨ ᠴᠤᠭᠴᠠ ᠪᠠᠶᠢᠭᠰᠠᠨ  ᠡᠴᠡ ᠂ ︽ ᠡᠮᠦᠨ᠎ᠡ   ᠨᠢ ᠴᠢᠩᠭ᠎ᠠ ᠂ ᠬᠤᠶᠢᠨ᠎ᠠ  ᠨᠢ ᠰᠤᠯᠨ ︾ ᠯᠤᠭᠢᠭ ᠪᠦᠲᠦᠴᠡ  ᠲᠠᠢ ᠪᠤᠯᠵᠠᠢ ᠃ ᠲᠤᠤᠷ᠎ᠠ ᠦᠭᠦᠯᠡᠪᠤᠷᠢ ᠵᠢᠨ ᠡᠮᠦᠨᠡᠬᠢ  ᠨᠢᠭᠡ ᠲᠠᠰᠤᠯᠪᠤᠷᠢ ᠪᠤᠯ ᠲᠡᠭᠡᠷ᠎ᠡ ᠦᠭᠦᠯᠡᠪᠤᠷᠢ ᠵᠢᠨ ᠨᠢᠭᠡᠳᠦᠭᠡᠷ ᠲᠠᠰᠤᠯᠪᠤᠷᠢ ᠵᠢᠨ ᠠᠶᠠᠯᠭᠤ ᠵᠢᠨ ᠲᠤᠩᠭᠤᠷᠤᠤ ᠬᠡᠯᠪᠡᠷᠢ ︽ A+B / B+ A ︾ ᠪᠠᠶᠢᠵᠤ ᠂ ᠲᠤᠤᠷ᠎ᠠ ᠬᠦᠭᠵᠢᠮ  ᠤᠨ ᠦᠭᠦᠯᠡᠪᠤᠷᠢ ᠵᠢᠨ ᠬᠤᠶᠠᠳᠤᠭᠠᠷ ᠲᠠᠰᠤᠯᠪᠤᠷᠢ ᠵᠢᠨ ᠨᠢᠭᠡᠳᠦᠭᠡᠷ ᠲᠠᠰᠤᠯᠭ᠎ᠠ  ᠨᠢ ᠬᠠᠷᠢᠨ ᠲᠡᠭᠡᠷ᠎ᠡ ᠲᠠᠰᠤᠯᠪᠤᠷᠢ ᠵᠢᠨ ᠬᠤᠶᠠᠳᠤᠭᠠᠷ ᠠᠶ᠎ᠠ ᠵᠢᠨ ᠴᠦᠮᠦᠭᠡ ᠵᠢᠨ ᠪᠠᠭᠴᠠᠯᠠᠯ ᠪᠤᠯᠤᠨ᠎ᠠ ᠃ ᠲᠤᠰ ᠲᠠᠭᠤᠤ ᠶᠦᠳᠠᠭᠤᠨ ᠬᠦᠭ  ᠲᠠᠢ ᠪᠠᠶᠢᠵᠤ ᠂ ᠲᠡᠭᠡᠷ᠎ᠡ ᠦᠭᠦᠯᠡᠪᠤᠷᠢ  ᠨᠢ ᠱᠠᠩᠳᠠᠭᠤᠨ  ᠳᠤ ᠴᠡᠭᠯᠡᠭᠰᠡᠨ  ᠡᠴᠡ ᠂ ᠲᠤᠤᠷ᠎ᠠ ᠬᠦᠭᠵᠢᠮ ᠤᠨ ᠦᠭᠦᠯᠡᠪᠤᠷᠢ  ᠲᠠᠢ  ᠪᠠᠨ ︽ ᠲᠤᠤᠷ᠎ᠠ ᠬᠠᠷᠢᠶ᠎ᠠ  ᠭᠤᠤᠯ ︾  ᠤᠨ ᠠᠪᠴᠠᠯᠳᠤᠯ ᠪᠤᠯᠵᠠᠢ ᠃

 

ᠳᠠᠭᠤᠤ ᠵᠢᠨ ᠦᠭᠡ

 

ᠬᠤᠨ ᠶᠤ ᠴᠠᠭᠠᠨ ᠭᠠᠯᠠᠭᠤ ᠰᠢᠪᠠᠭᠤᠬᠠᠢ

ᠬᠤᠯᠤᠰᠤ  ᠲᠠᠢ ᠨᠠᠭᠤᠷ  ᠲᠠᠭᠠᠨ ᠱᠤᠨᠭ᠍ᠪᠠᠨ ᠰᠠᠭᠤᠨ᠎ᠠ ᠬᠦ᠋ ᠃

ᠬᠤᠯᠠ ᠵᠢᠨ ᠭᠡᠶᠢᠴᠢᠳ  ᠮᠢᠨᠢ ᠬᠦᠷᠦᠭᠡᠳ ᠢᠷᠡᠯ᠎ᠡ ᠳ᠋ᠠ ᠂

ᠬᠤᠨᠤᠭᠤᠳᠠ ᠦᠨᠵᠢᠭᠦᠳᠡ ᠨᠠᠶᠢᠷᠯᠠᠨ ᠰᠠᠭᠤᠶ᠎ᠠ ᠳ᠋ᠠ ᠬᠦ᠋ ᠃

 

ᠲᠤᠨᠭ᠍ ᠶᠤ ᠴᠠᠭᠠᠨ ᠭᠠᠯᠠᠭᠤ ᠰᠢᠪᠠᠭᠤᠬᠠᠢ

ᠲᠤᠨᠭ᠍ᠭᠠᠯᠠᠭ ᠨᠠᠭᠤᠷ  ᠲᠠᠭᠠᠨ ᠱᠤᠨᠭ᠍ᠪᠠᠨ ᠰᠠᠭᠤᠨ᠎ᠠ ᠬᠦ᠋ ᠃

ᠲᠦᠷᠦᠯ ᠰᠠᠲᠤᠨ ᠬᠦᠷᠦᠭᠡᠳ ᠢᠷᠡᠯ᠎ᠡ ᠳ᠋ᠠ ᠂

ᠲᠦᠪᠰᠢᠨ ᠰᠠᠶᠢᠬᠠᠨ ᠨᠠᠶᠢᠷᠯᠠᠨ ᠰᠠᠭᠤᠶ᠎ᠠ ᠳ᠋ᠠ ᠬᠦ᠋ ᠃

 

ᠡᠯᠢᠭᠡ ᠶᠤ ᠴᠠᠭᠠᠨ ᠭᠠᠯᠠᠭᠤ ᠰᠢᠪᠠᠭᠤᠬᠠᠢ

ᠡᠯᠡᠰᠤ  ᠲᠠᠢ ᠨᠠᠭᠤᠷ  ᠲᠠᠭᠠᠨ ᠱᠤᠨᠭ᠍ᠪᠠᠨ ᠰᠠᠭᠤᠨ᠎ᠠ ᠳ᠋ᠠ ᠂

ᠡᠯᠢᠭᠡᠨ ᠦ ᠲᠦᠷᠦᠯ ᠬᠦᠷᠦᠭᠡᠳ ᠢᠷᠡᠯ᠎ᠡ ᠳ᠋ᠠ

ᠦᠨᠵᠢᠭᠦᠳᠡ ᠬᠤᠨᠤᠭᠤᠳᠠ ᠨᠠᠶᠢᠷᠯᠠᠨ ᠰᠠᠭᠤᠶ᠎ᠠ ᠳ᠋ᠠ ᠬᠦ᠋ ᠃

 

ᠳᠠᠭᠤᠤ ᠵᠢᠨ ᠨᠤᠲ

 

1

2

 

3

 

4

 

5

 

6

 

7

MP3 ᠪᠢᠴᠢᠯᠭᠡ ︱ ︽ ᠬᠤᠨ ᠭᠠᠯᠠᠭᠤ ︾   

  VCD ᠪᠢᠴᠢᠯᠭᠡ ︱ ︽ ᠬᠤᠨ ᠭᠠᠯᠠᠭᠤ ︾

ᠰᠢᠭᠦᠮᠵᠢ ᠦᠯᠡᠳᠡᠭᠡᠬᠦ