• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠭᠤᠷᠪᠠᠨ ᠰᠠᠶᠢᠬᠠᠨ ᠬᠡᠭᠡᠷ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   37
 • ᠄   0
 • ᠄   0
 • ᠄  0

ᠨᠢᠭᠡ ᠂ ᠲᠤᠰ ᠳᠠᠭᠤᠤ ᠵᠢᠨ ᠳᠤᠬᠠᠢ

 

ᠤᠷᠳᠤᠰ ᠠᠷᠠᠳ ᠤᠨ ᠲᠠᠭᠤᠤ  ᠳᠤ ᠮᠤᠷᠢ ᠵᠢ ᠮᠠᠠᠠᠳᠠᠨ ᠲᠠᠭᠤᠯᠠᠠᠠᠰᠠᠨ ᠲᠠᠭᠤᠤ ᠤᠯᠠᠨ ᠪᠠᠶᠢᠳᠠᠭ ᠃ ᠵᠢᠱᠢᠶᠠᠯᠡᠪᠡᠯ ︽ ᠵᠢᠭᠠᠬᠠᠨ ᠰᠢᠷᠭ᠎ᠠ ︾ ᠂ ︽ ᠤᠷᠠᠨ ᠲᠠᠩᠨᠠᠢ ︾ ᠂ ︽ ᠡᠵᠠᠨ ᠪᠤᠠᠠᠳᠠ ᠵᠢᠨ ᠬᠤᠶᠠᠷ ᠵᠠᠭᠠᠯ ︾ ᠵᠡᠷᠭᠡ ᠲᠠᠭᠤᠤ ᠪᠦᠷ ᠡᠶᠢᠮᠦᠷᠬᠦ  ᠠᠭᠤᠯᠭ᠎ᠠ  ᠲᠠᠢ ᠶᠤᠮ ᠃ ᠡᠨᠡ  ᠭᠦ ᠲᠠᠭᠤᠤ ᠭᠤᠤᠯᠳᠠᠭᠤ ᠠᠬ᠎ᠠ ᠲᠡᠭᠦᠤ ᠤᠯᠠᠨ ᠢ ᠦᠰᠭᠡᠭᠰᠡᠨ ᠠᠴᠢᠳᠠᠢ ᠭᠦᠠᠳᠦᠳᠠᠢ ᠠᠪᠦ ᠡᠵᠢ ᠵᠢᠨ  ᠢᠶᠡᠨ  ᠠᠰᠠᠷᠠᠵᠦ ᠲᠡᠵᠢᠭᠡᠭᠰᠡᠨ ᠠᠴᠢ ᠬᠠᠷᠢᠭᠣ ᠵᠢ ᠮᠠᠷᠳᠠᠬᠤ ᠦᠭᠡᠢ ᠵᠢᠨ ᠲᠦᠯᠤᠭᠡ ᠬᠠᠶᠢᠷᠠᠳᠠᠢ ᠮᠤᠷᠢ  ᠪᠠᠨ ᠤᠨᠤᠵᠦ ᠠᠪᠦ ᠡᠵᠢ  ᠳᠡᠭᠡᠨ ᠵᠤᠯᠭᠠᠬᠤ  ᠪᠡᠷ ᠤᠴᠢᠬᠤ ᠰᠡᠳᠭᠢᠯᠭᠡ  ᠪᠡᠨ ᠢᠯᠡᠳᠭᠡᠭᠰᠡᠨ ᠲᠠᠭᠤᠤ ᠶᠤᠮ ᠃ ᠠᠪᠦ ᠡᠵᠢ ᠵᠢᠨ ᠡᠨᠡᠷᠢᠯ  ᠵᠢ ᠰᠠᠨᠠᠭᠠᠯᠵᠠᠨ ᠂ ᠬᠤᠷᠢᠮ ᠨᠠᠶᠢᠷ  ᠲᠤ ᠪᠦᠷ ᠲᠠᠭᠤᠯᠠᠠᠠᠳᠠᠳᠠᠭ ᠡᠨᠡ  ᠭᠦ ᠲᠠᠭᠤᠤ ᠵᠢ ᠲᠠᠭᠤᠴᠢᠳ ᠰᠡᠳᠭᠢᠯ ᠭᠦᠭᠰᠡᠭᠦ ᠳᠡᠭᠡᠨ ︽ ᠲᠦᠷᠪᠡᠨ ᠴᠤ ᠰᠠᠶᠢᠬᠠᠨ ︾ ᠭᠡᠮᠡᠨ ᠵᠠᠯᠭᠠᠵᠤ ᠂ ᠵᠢᠷᠭᠤᠭ᠎ᠠ ᠂ ᠲᠤᠯᠤᠭᠠᠨ ᠰᠠᠶᠢᠬᠠᠨ ᠭᠦᠷᠲᠡᠯ᠎ᠡ ᠵᠤᠭᠢᠶᠠᠵᠤ ᠲᠠᠭᠤᠯᠠᠳᠠᠭ ᠪᠠᠶᠢᠨ᠎ᠠ ᠃ ᠲᠤᠰ ᠲᠠᠭᠤᠤ ᠵᠢ ᠤᠷᠳᠤᠰ ᠤᠨ ᠡᠯ᠎ᠡ ᠭᠠᠵᠠᠷ  ᠲᠤ ᠠᠳᠠᠯᠢ ᠪᠤᠰᠦ  ᠪᠠᠷ ᠲᠠᠭᠤᠯᠠᠬᠤ ᠲᠠᠳᠬᠠᠯ  ᠲᠠᠢ ᠃ ᠡᠵᠠᠨ ᠬᠤᠷᠤᠭ᠎ᠠ ᠬᠤᠰᠢᠭᠤᠨ  ᠳᠤ ᠤᠠᠠᠵᠤᠮ ᠰᠢᠭ ᠤᠬᠤᠷ ᠠᠶᠠᠯᠭᠤ  ᠲᠠᠢ ᠪᠠᠷ ᠲᠠᠭᠤᠯᠠᠳᠠᠭ ᠪᠠᠶᠢᠬᠤ  ᠳᠤ ᠤᠳᠤᠭ ᠦᠤᠰᠢᠨ ᠳᠤ ᠬᠠᠷᠢᠨ ᠤᠷᠳᠤ ᠠᠶᠠᠯᠭᠤ  ᠲᠠᠢ ᠪᠠᠷ ᠲᠠᠭᠤᠯᠠᠳᠠᠭ ᠪᠠᠶᠢᠨ᠎ᠠ ᠃

 

ᠬᠤᠶᠠᠷ ᠂ ᠠᠶᠠᠰ ᠣᠨ ᠵᠠᠳᠠᠯᠤᠯᠳᠠ

 

ᠲᠠᠭᠤᠤ ᠵᠢᠨ ᠪᠦᠳᠤᠴᠠ ᠡᠴᠠ ᠦᠵᠡᠪᠡᠯ ᠂ ᠲᠡᠭᠡᠷ᠎ᠡ ᠲᠤᠤᠷ᠎ᠠ ᠬᠤᠶᠠᠷ ᠭᠦᠭᠵᠢᠮ ᠤᠨ ᠦᠭᠦᠯᠡᠪᠦᠷᠢ ᠪᠠᠷ ᠪᠦᠷᠢᠯᠳᠤᠭ᠍ᠰᠡᠨ ᠶᠦᠳᠠᠭᠤᠨ ᠠᠶᠠᠯᠭᠤᠨ ᠬᠡᠪ  ᠲᠠᠢ ᠲᠠᠭᠤᠤ ᠪᠤᠯᠤᠨ᠎ᠠ ᠃ ᠲᠡᠭᠡᠷ᠎ᠡ ᠲᠤᠤᠷ᠎ᠠ ᠭᠦᠭᠵᠢᠮ ᠤᠨ ᠦᠭᠦᠯᠡᠪᠦᠷᠢ ᠵᠢᠨ ᠲᠡᠭᠦᠰᠭᠡᠯ ᠲᠠᠭᠤᠨ  ᠨᠢ ᠪᠦᠷ ᠶᠦᠳᠠᠭᠤᠨ ᠪᠤᠯᠤᠨ᠎ᠠ ᠃ ᠲᠤᠰ ᠲᠠᠭᠤᠤ ᠨᠢᠭᠡ ᠬᠤᠤᠰ ᠪᠦᠳᠤᠴᠠ  ᠲᠠᠢ ᠪᠦᠭᠡᠳ ᠬᠤᠶᠠᠷ ᠮᠦᠷ ᠰᠢᠯᠦᠭ  ᠨᠢ ᠨᠢᠭᠡ ᠭᠦᠭᠵᠢᠮ ᠤᠨ ᠦᠭᠦᠯᠡᠪᠦᠷᠢ  ᠲᠠᠢ ᠵᠤᠬᠢᠴᠠᠭᠰᠠᠨ ᠪᠠᠶᠢᠨ᠎ᠠ ᠃ ᠲᠡᠭᠡᠷ᠎ᠡ ᠭᠦᠭᠵᠢᠮ ᠤᠨ ᠦᠭᠦᠯᠡᠪᠦᠷᠢ  ᠨᠢ ᠲᠦᠷᠪᠡᠨ ᠲᠠᠰᠤᠯᠭ᠎ᠠ ᠭᠦᠭᠵᠢᠮ  ᠤᠨ ᠦᠭᠦᠯᠡᠪᠦᠷᠢ  ᠪᠡᠷ ᠪᠦᠷᠢᠯᠳᠤᠵᠤ ᠂ ᠲᠤᠤᠷ᠎ᠠ ᠭᠦᠭᠵᠢᠮ ᠤᠨ ᠦᠭᠦᠯᠡᠪᠦᠷᠢ  ᠲᠠᠢ ︽ ᠲᠤᠤᠷ᠎ᠠ ᠬᠠᠷᠢᠶ᠎ᠠ ︱ ᠭᠤᠤᠯ ︾ ᠤᠨ ᠠᠪᠤᠯᠴᠠᠭ᠎ᠠ ᠪᠤᠯᠵᠠᠢ ᠃ ᠲᠡᠭᠡᠷ᠎ᠡ ᠲᠤᠤᠷ᠎ᠠ ᠭᠦᠭᠵᠢᠮ ᠤᠨ ᠦᠭᠦᠯᠡᠪᠦᠷᠢ ᠳᠤ ᠭᠤᠷᠪᠠ ᠤᠳᠠᠭ᠎ᠠ ᠨᠠᠢᠮᠠᠴᠠ ᠵᠢᠨ ᠦᠰᠦᠷᠤᠯᠳᠠ ᠢᠯᠡᠷᠡᠵᠤ ᠂ ᠲᠤᠤᠷ᠎ᠠ ᠭᠦᠭᠵᠢᠮ ᠤᠨ ᠦᠭᠦᠯᠡᠪᠦᠷᠢ  ᠳᠤ ᠦᠠᠳᠤᠷ ᠴᠠᠷᠠᠭ᠎ᠠ ᠵᠢᠨ ᠱᠠᠩᠳᠠᠭᠤᠨ ᠲᠡᠭᠡᠷᠡᠭᠢ ᠠᠶ᠎ᠠ ᠵᠢᠨ ᠰᠡᠭᠦᠯ ᠬᠠᠶᠠᠯᠳᠠ ᠢᠯᠡᠷᠡᠵᠡᠢ ᠃

 

ᠯᠠᠪᠯᠠᠠᠠᠰᠠᠨ ᠮᠠᠲ᠋ᠸᠷᠢᠶᠠᠯ

ᠲᠤᠮᠳᠠᠳᠠᠤ ᠤᠯᠤᠰ ᠤᠨ ᠠᠷᠠᠳ ᠤᠨ ᠤᠯᠤᠰ ᠲᠦᠷᠦ ᠵᠢᠨ ᠵᠦᠪᠯᠡᠯᠭᠡᠨ ᠤ ᠬᠤᠷᠠᠯ ᠤᠨ ᠦᠪᠦᠷ ᠮᠤᠩᠭᠤᠯ ᠤᠨ ᠶᠡᠭᠡ ᠵᠤᠤ ᠠᠶᠢᠮᠠᠭ ᠤᠨ ᠬᠤᠷᠢᠶᠠᠨ ᠤ ᠰᠤᠶᠤᠯ ᠲᠡᠣᠭᠡ ᠵᠢᠨ ᠺᠤᠮᠢᠰ ᠄ ︽ ᠤᠷᠳᠤᠰ ᠠᠷᠠᠳ ᠤᠨ ᠲᠡᠤᠭᠡ ᠵᠢᠨ ᠲᠠᠭᠤᠤ ᠵᠢᠨ ᠰᠤᠳᠤᠯᠤᠯᠳᠠ ᠵᠢᠨ ᠮᠠᠲ᠋ᠸᠷᠢᠶᠠᠯ ︾ ᠂ 1997 ᠤᠨ ᠃

ᠪᠦᠳᠦᠭᠡᠯᠳᠤ ᠡᠷᠬᠢᠯᠡᠨ ᠨᠠᠶᠢᠷᠠᠭᠤᠯᠤᠭᠰᠠᠨ  ᠄ ︽ ᠮᠤᠩᠭᠤᠯ ᠠᠷᠠᠳ  ᠤᠨ ᠰᠤᠩᠭᠤᠳᠠᠭ ᠲᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ  ᠤᠨ ᠶᠡᠭᠡ ᠰᠤᠷᠭᠠᠭᠤᠯᠢ ᠵᠢᠨ ᠬᠡᠪᠯᠡᠯ  ᠤᠨ ᠬᠤᠷᠢᠶ᠎ᠠ ᠂ 2007 ᠤᠨ ᠃

 

ᠭᠤᠷᠪᠠ ᠂ ᠳᠠᠭᠤᠤ ᠵᠢᠨ ᠦᠭᠡ

 

ᠭᠤᠷᠪᠠᠨ ᠴᠣ ᠰᠠᠶᠢᠬᠠᠨ ᠭᠡᠭᠡᠷ ᠯᠠ ᠮᠤᠷᠢ  ᠶᠢ  ᠪᠡᠨ

ᠭᠤᠪᠢᠯ  ᠲᠠᠢ ᠳᠠᠷᠭᠤ  ᠲᠠᠢ ᠤᠨᠤᠶ᠎ᠠ ᠭᠡᠰᠡᠨ ᠶᠤᠮ ᠳᠤᠤ

ᠠᠬ᠎ᠠ ᠲᠡᠭᠦᠤ ᠲᠦᠷᠪᠡᠭᠦᠯᠨ ᠶᠢ ᠰᠠᠶᠢᠬᠠᠨ ᠴᠤ ᠦᠰᠭᠡᠭᠰᠡᠨ

ᠠᠪᠤ ᠯᠠ ᠡᠵᠢ  ᠮᠢᠨᠢ ᠬᠤᠶᠠᠷ ᠶᠤᠮ ᠳᠤᠤ ᠃

 

ᠲᠦᠷᠪᠡᠨ ᠴᠣ ᠰᠠᠶᠢᠬᠠᠨ ᠭᠡᠭᠡᠷ ᠯᠠ ᠮᠤᠷᠢ  ᠶᠢ  ᠪᠡᠨ

ᠲᠤᠷᠪᠢ  ᠲᠠᠢ ᠰᠠᠶᠢᠬᠠᠨ ᠤᠨᠤᠶ᠎ᠠ ᠭᠡᠰᠡᠨ ᠶᠤᠮ ᠳᠤᠤ

ᠠᠬ᠎ᠠ ᠲᠡᠭᠦᠤ ᠲᠦᠷᠪᠡᠭᠦᠯᠨ ᠶᠢ ᠰᠠᠶᠢᠬᠠᠨ ᠴᠤ ᠦᠰᠭᠡᠭᠰᠡᠨ

ᠠᠪᠤ ᠯᠠ ᠡᠵᠢ  ᠮᠢᠨᠢ ᠬᠤᠶᠠᠷ ᠶᠤᠮ ᠳᠤᠤ ᠃

 

ᠲᠠᠪᠤᠨ ᠴᠤ ᠰᠠᠶᠢᠬᠠᠨ ᠭᠡᠭᠡᠷ ᠯᠠ ᠮᠤᠷᠢ ᠶᠢ  ᠪᠡᠨ

ᠲᠠᠪᠠᠳᠠᠢ ᠲᠠᠷᠭᠤᠨ ᠳᠤᠨᠢ ᠤᠨᠤᠶ᠎ᠠ ᠭᠡᠰᠡᠨ ᠶᠤᠮ ᠳᠤᠤ

ᠠᠬ᠎ᠠ ᠲᠡᠭᠦᠤ ᠲᠠᠪᠤᠭᠤᠯᠨ ᠶᠢ ᠰᠠᠶᠢᠬᠠᠨ ᠴᠤ ᠦᠰᠭᠡᠭᠰᠡᠨ

ᠠᠪᠤ ᠯᠠ ᠡᠵᠢ  ᠮᠢᠨᠢ ᠬᠤᠶᠠᠷ ᠶᠤᠮ ᠳᠤᠤ ᠃

 

ᠵᠢᠷᠭᠤᠭᠠᠨ ᠴᠤ ᠰᠠᠶᠢᠬᠠᠨ ᠭᠡᠭᠡᠷ ᠯᠠ ᠮᠤᠷᠢ ᠶᠢ  ᠪᠡᠨ

ᠵᠤᠭᠢᠰ  ᠲᠠᠢ ᠲᠠᠷᠭᠤᠨ ᠳᠤᠨᠢ ᠤᠨᠤᠶ᠎ᠠ ᠭᠡᠰᠡᠨ ᠶᠤᠮ ᠳᠤᠤ

ᠠᠬ᠎ᠠ ᠲᠡᠭᠦᠤ ᠵᠢᠷᠭᠤᠭᠠᠯᠨ ᠶᠢ ᠰᠠᠶᠢᠬᠠᠨ ᠴᠤ ᠦᠰᠭᠡᠭᠰᠡᠨ

ᠠᠪᠤ ᠯᠠ ᠡᠵᠢ  ᠮᠢᠨᠢ ᠬᠤᠶᠠᠷ ᠶᠤᠮ ᠳᠤᠤ ᠃

 

ᠲᠦᠷᠪᠡ ᠂ ᠳᠠᠭᠤᠤ ᠵᠢᠨ ᠨᠤᠲ

 

 

1
ᠵᠢᠨᠬᠤᠸᠠᠷ ᠣᠨ ᠳᠤᠪᠴᠢ ᠳᠠᠨᠢᠴᠠᠭᠤᠯᠭ᠎ᠠ

ᠤᠯᠤᠰ ᠣᠨ ᠨᠢᠭᠡᠳᠦᠭᠡᠷ ᠳᠡᠰ ᠣᠨ ᠳᠤᠭᠯᠠᠭᠴᠢ ᠂ ᠮᠤᠩᠭᠤᠯ ᠦᠨᠳᠦᠰᠦᠲᠡᠨ  ᠤ ᠠᠯᠳᠠᠷᠲᠤ ᠳᠠᠭᠤᠴᠢᠨ ᠵᠢᠨᠬᠤᠸᠠᠷ 1943 ᠤᠨ ᠳ᠋ᠥ ᠵᠢᠷᠢᠮ ᠠᠶᠢᠮᠠᠭ  ᠤᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ  ᠳᠤ ᠮᠡᠨᠳᠦᠯᠡᠵᠤ ᠂ ᠠᠷᠪᠠᠨ ᠵᠢᠷᠭᠤᠭᠠᠲᠠᠢ ᠵᠢᠯ  ᠳᠡᠭᠡᠨ ᠲᠡᠷᠡ ᠦᠤᠰᠢᠨ ᠬᠤᠰᠢᠭᠤᠨ  ᠤ ᠤᠯᠠᠭᠠᠨᠮᠦᠴᠢᠷ  ᠲᠤ ᠡᠯᠰᠡᠭᠳᠡᠵᠦ  ᠭᠤᠴᠤᠯᠠᠯ ᠳᠠᠭᠤᠴᠢᠨ ᠪᠤᠯᠤᠭᠰᠠᠨ ᠪᠠᠶᠢᠨ᠎ᠠ ᠃ ᠬᠤᠵᠢᠮ  ᠨᠢ ᠠᠪᠤ ᠡᠵᠢ  ᠪᠠᠨ ᠳᠠᠭᠠᠵᠤ ᠶᠡᠬᠡ ᠵᠤᠤ ᠠᠶᠢᠮᠠᠭ  ᠲᠤ ᠬᠦᠷᠦᠭᠡᠳ ᠂ ᠲᠡᠨᠳᠡ ᠦᠰᠦᠨ ᠪᠤᠶᠢᠵᠢᠭᠰᠠᠨ ᠪᠠᠶᠢᠨ᠎ᠠ ᠃  ᠲᠡᠭᠡᠭᠡᠳ ᠤᠯᠠᠭᠠᠨᠮᠦᠴᠢᠷ  ᠢᠶᠡᠨ  ᠳᠠᠭᠠᠵᠤ ᠂ ᠤᠯᠠᠨ ᠠᠷᠪᠢᠨ ᠤᠳᠠᠭ᠎ᠠ ᠬᠦᠳᠡᠭᠡ ᠨᠤᠲᠤᠭ  ᠢᠶᠡᠷ  ᠮᠠᠯᠴᠢᠨ ᠲᠦᠮᠡᠨ  ᠳᠡᠭᠡᠨ ᠳᠠᠭᠤᠯᠠᠵᠤ ᠶᠠᠪᠤᠭᠰᠠᠭᠠᠷ ᠳᠠᠭᠤᠯᠠᠬᠤ ᠮᠡᠷᠭᠡᠵᠢᠯ  ᠨᠢ ᠤᠯᠠᠮ ᠴᠤ ᠴᠠᠭᠠᠷᠠᠵᠠᠢ ᠃ ᠬᠤᠵᠢᠮ  ᠨᠢ ᠲᠡᠷᠡ ᠦᠪᠦᠷ ᠮᠤᠩᠭᠤᠯ  ᠤᠨ ᠳᠠᠭᠤᠤ ᠬᠦᠭᠵᠢᠮ  ᠤᠨ ᠪᠦᠯᠬᠦᠮ  ᠳᠤ ᠰᠢᠯᠵᠢᠨ ᠠᠵᠢᠯᠯᠠᠭᠰᠠᠨ ᠪᠠᠶᠢᠨ᠎ᠠ ᠃

ᠵᠢᠨᠬᠤᠸᠠᠷ  ᠤᠨ ᠳᠠᠭᠤᠨ ᠦᠩᠭᠡ  ᠨᠢ ᠲᠤᠩᠭᠠᠯᠠᠭ ᠪᠦᠭᠡᠳ ᠬᠠᠩᠭᠢᠨᠠᠮ᠎ᠠ ᠂ ᠴᠠᠪᠡᠷ ᠭᠤᠶᠢᠳᠠ ᠂ ᠢᠷᠠᠭᠤ ᠴᠡᠭᠡᠯᠬᠡᠨ ᠪᠠᠶᠢᠵᠤ ᠂ ᠰᠡᠳᠭᠢᠯᠭᠡ  ᠪᠡᠷ ᠪᠢᠯᠬᠠᠮ᠎ᠠ ᠂ ᠢᠲᠡᠭᠡᠯ  ᠲᠡᠭᠦᠯᠳᠡᠷ ᠪᠠᠶᠢᠳᠠᠭ ᠃ ᠤᠯᠠᠨ ᠵᠢᠯ  ᠤᠨ ᠲᠤᠷᠰᠢ ᠲᠡᠷᠡ ᠠᠷᠠᠳ  ᠤᠨ ᠠᠬᠠᠮᠠᠳ ᠳᠠᠭᠤᠴᠢᠳ  ᠢ ᠰᠤᠷᠪᠤᠯᠵᠢᠯᠠᠨ ᠰᠤᠷᠴᠤ ᠂ ᠤᠯᠤᠰ  ᠤᠨ ᠲᠤᠳᠤᠷᠠᠬᠢ ᠨᠡᠷᠡᠲᠡᠢ ᠳᠠᠭᠤᠴᠢᠳ  ᠡᠴᠡ ᠬᠢᠴᠢᠶᠡᠨ ᠰᠤᠷᠤᠯᠴᠠᠭᠰᠠᠨ  ᠡᠴᠡ ᠂ ᠳᠠᠭᠤᠯᠠᠬᠤᠢ ᠵᠢᠨ ᠤᠷ᠎ᠠ ᠮᠡᠷᠭᠡᠵᠢᠯ  ᠨᠢ ᠶᠡᠬᠡᠪᠡᠷ ᠳᠡᠭᠡᠭᠰᠢᠯᠡᠵᠤ ᠂ ᠦᠪᠡᠷ  ᠤᠨ ᠬᠡᠪ ᠨᠠᠮᠪᠠ  ᠪᠠᠨ ᠪᠦᠷᠢᠯᠳᠦᠭᠦᠯᠦᠭᠰᠡᠨ ᠪᠦᠭᠡᠳ ᠂ ᠬᠤᠷᠢᠳᠤᠭᠠᠷ ᠵᠠᠭᠤᠨ  ᠤ ᠰᠡᠭᠦᠯ  ᠤᠨ ᠬᠠᠭᠠᠰ ᠦᠶ᠎ᠡ ᠵᠢᠨ ᠮᠤᠩᠭᠤᠯ ᠳᠠᠭᠤᠴᠢᠳ  ᠤᠨ ᠨᠢᠭᠡᠨ ᠰᠤᠳᠦᠨ ᠲᠦᠯᠦᠭᠡᠯᠡᠭᠴᠢ ᠪᠤᠯᠤᠭᠰᠠᠨ ᠪᠠᠶᠢᠨ᠎ᠠ ᠃ ᠲᠡᠷᠡ ᠪᠤᠯ ᠠᠷᠠᠳ  ᠤᠨ ᠳᠠᠭᠤᠤ ᠂ ᠵᠤᠬᠢᠶᠠᠮᠠᠯ ᠳᠠᠭᠤᠤ  ᠳᠤ ᠪᠦᠷ ᠭᠠᠷᠮᠠᠭᠠᠢ ᠪᠠᠶᠢᠵᠤ ᠂ ᠮᠤᠩᠭᠤᠯ ᠬᠢᠲᠠᠳ ᠂ ᠳᠤᠲᠤᠭᠠᠳᠤ ᠭᠠᠳᠠᠭᠠᠳᠤ ᠵᠢᠨ ᠳᠠᠭᠤᠤ ᠵᠢ ᠠᠳᠠᠯᠢ ᠲᠡᠭᠰᠢᠬᠡᠨ  ᠢᠶᠡᠷ  ᠠᠶᠠᠯᠠᠭᠤᠯᠤᠨ ᠳᠠᠭᠤᠯᠠᠳᠠᠭ ᠠᠪᠢᠶᠠᠰ ᠪᠦᠷᠢᠨ ᠳᠠᠭᠤᠴᠢᠨ ᠪᠢᠯᠡ ᠃ ᠲᠡᠭᠦᠨ  ᠤ ᠳᠠᠭᠤᠯᠠᠭᠰᠠᠨ ᠳᠠᠭᠤᠤ ᠬᠡᠳᠦᠨ ᠵᠠᠭᠤ ᠪᠠᠶᠢᠵᠤ ᠂ ᠲᠦᠯᠦᠭᠡᠯᠡᠭᠴᠢ ᠪᠦᠲᠦᠭᠡᠯ  ᠢ ᠬᠡᠳᠤ ᠳᠤᠷᠠᠳᠪᠠᠯ ︽ ᠠᠯᠲᠠᠨ ᠬᠤᠨᠳᠠᠭ᠎ᠠ ︾ ᠂ ︽ ᠽᠠᠨᠳᠠᠨ ᠬᠦᠷᠡᠩ ︾ ᠂ ︽ ᠲᠠᠯ᠎ᠠ ᠨᠤᠲᠤᠭ  ᠤᠨ ᠮᠠᠯᠵᠢᠯ  ᠤᠨ ᠳᠠᠭᠤᠤ ︾ ᠂ ︽ ᠨᠤᠭᠤᠨᠵᠢᠶᠠᠭ᠎ᠠ ︾ ᠂ ︽ ᠰᠡᠨᠵᠢᠳᠮ᠎ᠠ ︾ ᠂ ︽ ᠭᠤᠷᠪᠠᠨ ᠰᠠᠶᠢᠬᠠᠨ ᠬᠡᠭᠡᠷ ︾ ᠂ ︽ ᠠᠭᠢᠲᠤ ᠲᠤᠯᠤᠭᠠᠢ ︾ ᠵᠡᠷᠭᠡ ᠪᠤᠢ ᠃

 

ᠤᠯᠤᠰ  ᠣᠨ ᠨᠢᠭᠡᠳᠦᠭᠡᠷ ᠳᠡᠰ ᠣᠨ ᠳᠤᠭᠯᠠᠭᠴᠢ ᠂ ᠮᠤᠩᠭᠤᠯ ᠦᠨᠳᠦᠰᠦᠲᠡᠨ  ᠤ ᠠᠯᠳᠠᠷᠲᠤ ᠳᠠᠭᠤᠴᠢᠨ ︱ ︱ ᠵᠢᠨᠬᠤᠸᠠᠷ

 

 

2

 

3

 

4

MP3 ᠪᠢᠴᠢᠯᠭᠡ ︱ ︽ ᠭᠤᠷᠪᠠᠨ ᠰᠠᠶᠢᠬᠠᠨ ᠬᠡᠭᠡᠷ ︾ ︵ ᠵᠢᠨᠬᠤᠸᠠᠷ ︶    

   VCD ᠪᠢᠴᠢᠯᠭᠡ ︱ ︽ ᠭᠤᠷᠪᠠᠨ ᠰᠠᠶᠢᠬᠠᠨ ᠬᠡᠭᠡᠷ ︾ ︵ ᠵᠢᠨᠬᠤᠸᠠᠷ ︶

ᠰᠢᠭᠦᠮᠵᠢ ᠦᠯᠡᠳᠡᠭᠡᠬᠦ