• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠦᠭᠰᠢᠨ ᠬᠤᠤᠬᠠᠩ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   33
  • ᠄   0
  • ᠄   0
  • ᠄  0

ᠨᠢᠭᠡ ᠂ ᠴᠠᠬᠠᠷ ᠠᠷᠠᠳ ᠣᠨ ᠳᠠᠭᠤᠤ ︽ ᠭᠦᠭᠰᠢᠨ ᠬᠤᠤᠬᠠᠩ ︾

 

1588 ᠤᠨ  ᠣ ᠦᠶ᠎ᠡ ᠳ᠋ᠣ ᠴᠠᠬᠠᠷ ᠲᠦᠮᠠᠨ ᠵᠠᠰᠠᠭᠳᠤ ᠬᠠᠭᠠᠨ ᠂ ᠡᠯᠴᠢ  ᠲᠦᠯᠦᠭᠡᠯᠡᠭᠴᠢ ᠲᠤᠮᠢᠯᠠᠨ ᠂ ᠳᠠᠯᠠᠢ ᠯᠠᠮᠠ ᠵᠢ ᠮᠤᠩᠭᠤᠯ ᠤᠷᠤᠨ᠎ᠠ ᠵᠠᠯᠠᠪᠠ ᠃ ᠭᠤᠷᠪᠠᠳᠤᠭᠠᠷ ᠲᠦᠷᠢ ᠵᠢᠨ ᠳᠠᠯᠠᠢ ᠯᠠᠮᠠ ᠰᠤᠳᠨᠠᠮᠵᠠᠮᠰᠤ ᠬᠤᠯᠠ ᠵᠠᠮ  ᠣᠨ ᠠᠶᠠᠨ  ᠢ ᠲᠤᠭᠤᠯᠵᠤ ᠦᠪᠦᠷ ᠮᠤᠩᠭᠤᠯ  ᠳᠤ ᠢᠷᠡᠭᠰᠡᠨ᠎ᠡ ᠴᠠᠬᠠᠷ ᠨᠠᠢᠮᠠᠨ ᠤᠳᠤᠭ  ᠣᠨ ᠭᠡᠰᠢᠭᠳᠡᠨ  ᠣ ᠪᠢᠷᠠᠭᠤ  ᠳᠤᠷ ᠶᠡᠭᠡ ᠴᠢᠭᠤᠯᠭᠠᠨ ᠪᠤᠯᠵᠤ ᠦᠪᠡᠳᠡᠭᠰᠢ ᠶᠡᠭᠡ ᠤᠭᠳᠤᠯᠭ᠎ᠠ ᠵᠢᠨ ᠨᠠᠶᠢᠷ ᠭᠢᠵᠤ ᠪᠦᠭᠡ ᠪᠠᠷᠢᠯᠳᠤᠨ ᠰᠤᠷ ᠬᠠᠷᠪᠤᠵᠦ ᠮᠤᠷᠢ ᠤᠷᠤᠯᠳᠤᠵᠠᠢ ᠃ ᠡᠨᠡ  ᠨᠠᠶᠢᠷ ᠳᠡᠭᠡᠷ᠎ᠡ ᠲᠠᠶᠢᠪᠤᠰᠸ ᠰᠦᠷᠦᠭ  ᠣᠨ ᠬᠤᠤᠬᠠᠩ ᠤᠳᠤᠮ  ᠣᠨ ᠮᠤᠩᠭᠤᠯ ᠮᠤᠷᠢ ᠬᠤᠯᠠ ᠵᠢᠨ ᠤᠷᠤᠯᠳᠤᠭᠠᠨ  ᠳᠤ ᠳᠡᠷᠢᠭᠦᠯᠡᠵᠦ ᠬᠤᠪᠢᠯᠭᠠᠨ ᠳᠠᠯᠠᠢ ᠵᠢᠨ ᠱᠠᠩ  ᠢ ᠲᠤᠰᠴᠦ ᠬᠤᠷᠳᠤᠨ ᠮᠤᠷᠢᠨ  ᠣ ᠴᠤᠯᠠ  ᠪᠠᠨ ᠳᠠᠭᠤᠳᠠᠭᠤᠯᠵᠤ ᠬᠤᠷᠠᠭᠰᠡᠨ ᠤᠯᠠᠨ  ᠣ ᠮᠠᠭᠳᠠᠭᠠᠯ  ᠢ ᠭᠦᠷᠳᠡᠪᠡ ᠃ ᠬᠤᠤᠬᠠᠩ ᠠᠳᠤᠭᠤ ᠪᠤᠯ ᠳᠤᠮᠳᠠᠳᠤ ᠠᠽᠢᠶ᠎ᠡ ᠵᠢᠨ ᠵᠡᠭᠦᠨ ᠬᠠᠪᠢ ᠳ᠋ᠡᠭᠢ ᠦᠽᠠᠪᠠᠰᠺᠲ᠋ᠠᠨ  ᠣ ᠬᠤᠤᠬᠠᠩ ᠭᠠᠵᠠᠷ  ᠣᠨ ᠠᠳᠤᠭᠤ ᠶᠤᠮ ᠃ ᠬᠤᠤᠬᠠᠩ ᠠᠳᠤᠭᠤ ᠂ ᠬᠤᠷᠳᠤᠨ ᠭᠦᠶᠦᠳᠡᠯ ᠂ ᠬᠤᠯᠠ ᠵᠢᠨ ᠳᠠᠭᠠᠭᠠᠴᠠ ᠂ ᠭᠠᠩᠭᠠᠩ ᠵᠢᠰᠤ ᠂ ᠭᠠᠶᠢᠬᠠᠮᠰᠢᠭᠳᠤ ᠶᠠᠪᠤᠳᠠᠯ ᠵᠢᠡᠷ ᠵᠢᠡᠨ ᠡᠷᠲᠡᠨ ᠡᠳᠦᠭᠡ   ᠳᠤ ᠠᠯᠳᠠᠷᠰᠢᠵᠦ ᠡᠷᠳᠡᠨᠢ  ᠵᠢᠨ ᠭᠦᠯᠦᠭ ᠭᠡᠮᠡᠨ ᠳᠡᠤᠭᠡ ᠰᠤᠳᠤᠷ  ᠲᠤ ᠳᠡᠮᠳᠡᠭᠯᠡᠭᠳᠡᠭᠰᠡᠨ ᠪᠢᠯᠡ ᠃ ᠳᠠᠩ ᠤᠯᠤᠰ  ᠣᠨ ᠠᠯᠳᠠᠷᠳᠤ ᠰᠢᠯᠦᠭᠴᠢ ᠳ᠋ᠦ᠋ ᠹᠦ᠋ ᠄

︽ ᠬᠤᠯᠤᠰᠤᠨ ᠰᠤᠶᠤᠭ᠎ᠠ ᠰᠢᠭ᠍ ᠬᠤᠶᠠᠷ ᠴᠢᠭᠢ  ᠲᠠᠢ

ᠬᠤᠷᠴᠠ ᠵᠠᠪᠰᠡᠭ᠍ ᠮᠡᠳᠦ ᠬᠤᠨᠳᠤᠯᠠᠢ ᠨᠢᠷᠤᠭᠤ  ᠲᠠᠢ ᠂

ᠬᠤᠢ ᠰᠠᠯᠭᠢᠨ ᠰᠢᠭ ᠲᠦᠷᠪᠡᠨ ᠳᠤᠭᠤᠷᠠᠢ  ᠲᠠᠢ

ᠬᠤᠤᠬᠠᠩ ᠭᠡᠮᠡᠭᠴᠢ ᠮᠤᠩᠭᠤᠯ ᠮᠤᠷᠢ ︾ ᠭᠡᠮᠡᠨ ᠤᠶᠠᠩᠭᠠᠯᠠᠵᠠᠢ ᠃

ᠶᠤᠸᠠᠨ ᠤᠯᠤᠰ  ᠣᠨ ᠦᠶ᠎ᠡ  ᠳᠤ ᠮᠤᠩᠭᠤᠯ  ᠣᠨ ᠭᠦᠭᠵᠢᠯ ᠮᠠᠨᠳᠤᠯ  ᠢ ᠳᠠᠭᠠᠯᠳᠤᠨ ᠂ ᠠᠳᠤᠭᠤᠨ  ᠣ ᠡᠭᠦᠯᠳᠡᠷ  ᠤᠭᠰᠠᠭ᠎ᠠ ᠵᠢ ᠪᠠᠶᠢᠭᠠᠯᠢᠯᠢᠭ ᠵᠢᠡᠷ ᠡᠷᠯᠢᠰᠡᠵᠢᠭᠦᠯᠦᠭᠰᠡᠨ   ᠣ ᠤᠯᠠᠮ ᠵᠢᠡᠷ ᠬᠤᠤᠬᠠᠩ ᠠᠳᠤᠭᠤᠨ ᠂ ᠮᠤᠩᠭᠤᠯ ᠠᠳᠤᠭᠤᠨ  ᠣ ᠳᠤᠮᠳᠠ  ᠡᠴᠡ ᠢᠯᠢ ᠤᠳᠤᠮ  ᠣᠨ ᠰᠢᠨ᠎ᠡ ᠡᠭᠦᠯᠳᠡᠷ  ᠮᠠᠨᠳᠤᠯᠠᠪᠠ ᠃ ᠶᠤᠸᠠᠨ ᠤᠯᠤᠰ  ᠣᠨ ᠳᠡᠭᠡᠳᠤ ᠨᠠᠶᠢᠰᠯᠠᠯ ᠱᠠᠩᠳᠤ ᠬᠤᠳᠠ  ᠳᠤ ᠪᠠᠶᠢᠷᠢᠯᠠᠭᠰᠡᠨ ᠤᠯᠠᠨ ᠠᠯᠪᠠᠨ ᠶᠠᠮᠤᠨ  ᠣ ᠨᠢᠭᠡ  ᠨᠢ ᠠᠳᠤᠭᠤᠨ  ᠣ ᠶᠠᠮᠤᠨ ᠶᠤᠮ ᠃ ᠳᠤᠬᠠᠢ ᠵᠢᠨ ᠦᠶᠡᠰ ᠠᠳᠤᠭᠤᠨ  ᠣ ᠤᠶᠢᠯᠠᠰ  ᠢ ᠲᠤᠰᠬᠠᠶᠢᠯᠠᠨ ᠬᠠᠷᠢᠭᠤᠴᠠᠳᠠᠭ ᠪᠠᠶᠢᠵᠠᠢ ᠃ ᠤᠳᠤ ᠵᠢᠨ ᠱᠠᠩᠳᠤ ᠬᠤᠳᠠ ᠵᠢᠨ ᠭᠤᠤᠯ ᠠᠳᠤᠭᠤᠨ ᠪᠤᠯ ᠡᠷᠲᠡᠨ   ᠣ ᠬᠤᠤᠬᠠᠩ ᠠᠳᠤᠭᠤ ᠂ ᠢᠯᠢ ᠠᠳᠤᠭᠤᠨ ᠣ ᠦᠷ᠎ᠡ ᠬᠤᠶᠢᠴᠢᠰ ᠪᠤᠯᠤᠨ᠎ᠠ ᠃ ᠱᠠᠩᠳᠤ ᠵᠢᠨ ᠭᠤᠤᠯ ᠠᠳᠤᠭᠤ  ᠨᠢ ᠭᠤᠶᠤ ᠭᠠᠩᠭᠠᠩ ᠪᠡᠶ᠎ᠡ ᠭᠠᠯᠪᠢᠷ ᠂ ᠳᠠᠩ ᠦᠩᠭᠡ ᠵᠢᠨ ᠭᠡᠭᠡᠨᠴᠢᠷ ᠵᠢᠰᠤᠮ ᠂ ᠬᠤᠷᠳᠤᠨ ᠬᠦᠶᠦᠳᠡᠯ ᠂ ᠬᠤᠯᠠ ᠵᠢᠨ ᠠᠶᠠᠨ  ᠳᠤ ᠳᠠᠭᠠᠭᠠᠴᠠᠳᠠᠢ  ᠪᠡᠷ ᠵᠢᠡᠨ ᠠᠯᠳᠠᠷᠳᠠᠢ ᠪᠢᠯᠡ ᠃ ᠰᠢᠷ᠎ᠠ ᠳᠠᠯ᠎ᠠ ᠵᠢᠨ ᠡᠪᠡᠰᠤ ᠵᠢ ᠢᠳᠡᠵᠦ ᠂ ᠱᠠᠩᠳᠤ ᠵᠢᠨ ᠭᠤᠤᠯ  ᠣᠨ ᠤᠰᠤ ᠵᠢ ᠤᠤᠭᠤᠵᠦ ᠰᠠᠶᠢᠬᠠᠨ ᠬᠠᠨ  ᠣ ᠨᠤᠳᠤᠭ  ᠲᠤ ᠦᠰᠦᠭᠰᠡᠨ ᠬᠤᠤᠬᠠᠩ ᠮᠤᠷᠢ ᠶᠡᠭᠡ ᠨᠠᠶᠢᠷ  ᠲᠤ ᠳᠡᠷᠢᠭᠦᠯᠡᠭᠰᠡᠨ ᠪᠤᠯᠬᠤᠷ ᠬᠤᠵᠢᠮ  ᠨᠢ ︽ ᠭᠦᠭᠰᠢᠨ ᠬᠤᠤᠬᠠᠩ ︾ ᠭᠡᠮᠡᠭᠦ ᠴᠠᠬᠠᠷ ᠠᠷᠠᠳ  ᠣᠨ ᠳᠠᠭᠤᠤ ᠵᠤᠬᠢᠶᠠᠭᠳᠠᠵᠦ ︽ ᠵᠡᠭᠦᠨ ᠨᠢᠷᠤᠭᠤᠨ ᠵᠢᠡᠷ ᠭᠦᠶᠦᠳᠡᠯ  ᠲᠠᠢ / ᠵᠦᠷ ᠭᠤᠷ᠎ᠠ ᠬᠤᠶᠠᠷ  ᠣᠨ / ᠵᠢᠷᠦᠭᠡ ᠵᠢ  ᠨᠢ ᠪᠠᠷᠢᠭᠠᠳ ᠨᠠᠮᠨᠠᠭᠴᠢ / ᠭᠦᠭᠰᠢᠨ ᠬᠤᠤᠬᠠᠩ ᠳᠤᠪᠤᠰᠠᠢ / ᠠᠷᠤ ᠳᠠᠯ᠎ᠠ  ᠪᠡᠷ ᠭᠦᠶᠦᠳᠡᠯ  ᠲᠠᠢ / ᠠᠷᠪᠠ ᠬᠤᠷᠢᠨ ᠵᠡᠭᠡᠷ᠎ᠡ ᠵᠢ / ᠠᠯᠳᠠᠯᠭᠦᠢ ᠨᠠᠮᠨᠠᠭᠴᠢ / ᠭᠦᠭᠰᠢᠨ ᠬᠤᠤᠬᠠᠩ ᠲᠤᠪᠤᠰᠠᠢ / ᠬᠤᠶᠢᠳᠤ ᠨᠢᠷᠤᠭᠤᠨ ᠵᠢᠡᠷ ᠬᠦᠶᠦᠳᠡᠯ  ᠲᠠᠢ / ᠬᠤᠷᠢ ᠭᠤᠴᠢᠨ ᠴᠢᠨᠳᠠᠭ᠎ᠠ ᠵᠢ / ᠬᠤᠯᠪᠤᠨ ᠪᠠᠷᠢᠵᠦ ᠨᠠᠮᠨᠠᠭᠴᠢ ᠭᠦᠭᠰᠢᠨ ᠬᠤᠤᠬᠠᠩ ᠳᠤᠪᠤᠰᠠᠢ / ᠤᠷᠤᠭᠤ ᠭᠠᠵᠠᠷ  ᠣᠨ ᠡᠬᠢᠨ  ᠳᠡᠭᠡᠷ᠎ᠡ / ᠤᠭᠤᠨᠤ ᠰᠢᠷᠠᠭᠴᠢᠨ ᠬᠤᠶᠠᠷ ᠢ / ᠤᠷᠤᠭᠤᠯᠤᠯ ᠦᠭᠡᠢ ᠨᠠᠮᠨᠠᠭᠴᠢ / ᠭᠦᠭᠰᠢᠨ ᠬᠤᠤᠬᠠᠩ ᠲᠤᠪᠤᠰᠠᠢ / ᠭᠠᠳᠠᠭᠠᠳᠤ ᠳᠠᠯᠠᠢ ᠵᠢᠨ ᠡᠷᠭᠢ  ᠳᠡᠭᠡᠷ᠎ᠡ / ᠭᠠᠬᠠᠢ ᠭᠠᠳᠠᠨ ᠬᠤᠶᠠᠷ  ᠢ / ᠭᠠᠷᠭᠠᠯᠭᠦᠢ ᠨᠠᠮᠨᠠᠭᠴᠢ / ᠭᠦᠭᠰᠢᠨ ᠬᠤᠤᠬᠠᠩ ᠳᠤᠪᠤᠰᠠᠢ / ᠤᠨᠠᠭᠠᠨ  ᠡᠴᠡ  ᠪᠠᠨ ᠤᠶᠠᠭ᠎ᠠ  ᠲᠠᠢ / ᠳᠠᠭ᠎ᠠ  ᠡᠴᠡ  ᠪᠠᠨ ᠳᠠᠪᠭᠢᠶ᠎ᠠ  ᠲᠠᠢ / ᠳᠠᠯᠠᠢ ᠯᠠᠮᠠ ᠵᠢᠨ ᠳᠠᠩᠰᠢᠭ ᠲᠠᠭᠡᠷ᠎ᠡ / ᠳᠤᠯᠤᠭᠠᠨ ᠵᠠᠭᠤ ᠬᠤᠷᠢ  ᠳᠤ ᠳᠡᠷᠢᠭᠦᠯᠡᠵᠡᠢ / ᠬᠠᠩᠭᠠᠢ ᠬᠠᠨ  ᠣ ᠴᠢᠭᠤᠯᠭᠠᠨ ᠳᠡᠭᠡᠷ᠎ᠡ / ᠬᠠᠯᠢᠭᠤᠳᠠᠢ ᠵᠢᠨ ᠳᠠᠯ᠎ᠠ ᠵᠢᠨ ᠠᠭᠤᠳᠠᠮ ᠳᠡᠭᠡᠷ᠎ᠡ / ᠬᠠᠯᠢᠵᠦ ᠭᠠᠷᠤᠭᠰᠡᠨ ᠮᠠᠩᠯᠠᠢ  ᠨᠢ / ᠭᠦᠭᠰᠢᠨ ᠬᠤᠤᠬᠠᠩ ᠮᠤᠷᠢ / ᠳᠠᠯᠪᠢᠭᠰᠠᠨ ᠭᠠᠵᠠᠷ  ᠨᠢ / ᠲᠠᠮᠤᠴᠢ ᠵᠢᠨ ᠳᠠᠪᠤᠨ ᠳᠤᠯᠤᠭᠠᠢ / ᠳᠠᠳᠠᠭᠰᠡᠨ ᠭᠠᠵᠠᠷ  ᠨᠢ / ᠰᠢᠯᠢ ᠵᠢᠨ ᠴᠠᠭᠠᠨ ᠤᠪᠤᠭ᠎ᠠ / ᠳᠤᠤᠷ᠎ᠠ ᠲᠦᠷᠪᠡᠨ ᠵᠠᠬ᠎ᠠ  ᠳᠠᠭᠠᠨ / ᠳᠤᠯᠤᠭᠠᠨ ᠮᠢᠩᠭᠠᠨ  ᠡᠴᠡ ᠳᠡᠷᠢᠭᠦᠯᠡᠵᠡᠢ / ᠳᠤᠭᠤᠯᠠᠩ ᠭᠦᠯ  ᠲᠠᠢ ᠪᠤᠯᠤᠭᠰᠡᠨ  ᠡᠴᠡ ᠬᠤᠶᠢᠰᠢ / ᠳᠤᠯᠤᠭᠠᠨ ᠵᠠᠭᠤ  ᠡᠴᠡ ᠳᠡᠷᠢᠭᠦᠯᠡᠵᠡᠢ ᠃ ᠭᠠᠩ ᠵᠤᠤᠵᠠᠢ ᠳᠦᠯᠦᠷᠡᠪᠡ / ᠭᠠᠭᠴᠠ ᠪᠡᠶ᠎ᠡ  ᠮᠢᠨᠢ ᠦᠳᠡᠯᠦᠯ᠎ᠡ / ᠳᠡᠮᠦᠷ ᠵᠤᠤᠵᠠᠢ ᠲᠦᠯᠦᠷᠡᠪᠡ / ᠲᠦᠷᠦᠭᠰᠡᠨ ᠪᠡᠶ᠎ᠡ  ᠮᠢᠨᠢ ᠦᠳᠡᠯᠥᠯ᠎ᠡ ᠃ / ᠪᠠᠷᠠᠭᠤᠨ ᠳᠠᠯ᠎ᠠ  ᠪᠡᠷ ᠨᠤᠳᠤᠭ  ᠲᠠᠢ / ᠪᠠᠶᠠᠨ ᠪᠤᠯᠠᠭ ᠵᠢᠡᠷ ᠪᠡᠯᠴᠢᠭᠡᠷ  ᠲᠠᠢ / ᠪᠠᠷᠠᠭᠤᠨ ᠭᠠᠷ ᠳᠠᠶᠢᠫᠥᠰᠸ  ᠣᠨ / ᠬᠤᠤᠬᠠᠩ ᠤᠳᠤᠮ ᠣᠨ ᠤᠨᠠᠭ᠎ᠠ ᠰᠢᠤ / ᠪᠦᠨᠳᠦᠭᠡᠷ ᠴᠢᠯᠠᠭᠤᠨ  ᠳᠤ ᠪᠦᠳᠦᠷᠢᠭᠦ ᠦᠭᠡᠢ / ᠬᠠᠪᠳᠠᠭᠠᠢ ᠴᠢᠯᠠᠭᠤᠨ  ᠳᠤ ᠬᠠᠯᠳᠤᠷᠢᠬᠤ ᠦᠭᠡᠢ / ᠬᠠᠩᠭᠠᠢ ᠵᠠᠶᠢᠳᠠᠩ ᠡᠮᠡᠭᠡᠯ  ᠵᠢᠡᠷ / ᠭᠦᠭᠰᠢᠨ ᠬᠤᠤᠬᠠᠩ ᠳᠤᠪᠤᠰᠠᠢ / ᠭᠠᠩ ᠳᠡᠮᠦᠷ ᠵᠤᠤᠵᠠᠢ ᠵᠢ / ᠭᠠᠷ  ᠣᠨ ᠠᠶ᠎ᠠ  ᠪᠡᠷ ᠳᠠᠳᠠᠭᠠᠷᠠᠢ / ᠭᠠᠩᠭᠠᠩ ᠰᠠᠶᠢᠬᠠᠨ ᠪᠡᠶ᠎ᠡ ᠵᠢ  ᠮᠢᠨᠢ / ᠭᠠᠷ  ᠣᠨ ᠠᠶ᠎ᠠ  ᠪᠡᠷ ᠭᠤᠶᠠᠳᠠᠭᠠᠷᠠᠢ / ᠮᠦᠩᠭᠦᠨ ᠬᠤᠶᠠᠷ ᠵᠤᠤᠵᠠᠢ ᠵᠢ / ᠮᠦᠨ ᠴᠤ ᠡᠪ ᠵᠢᠡᠷ ᠳᠠᠳᠠᠭᠠᠷᠠᠢ / ᠮᠦᠨᠳᠦᠭᠡᠷ ᠰᠠᠶᠢᠬᠠᠨ ᠪᠡᠶ᠎ᠡ ᠵᠢ  ᠮᠢᠨᠢ / ᠠᠶ᠎ᠠ  ᠪᠡᠷ ᠠᠶ᠎ᠠ  ᠪᠡᠷ ᠭᠤᠶᠠᠳᠠᠭᠠᠷᠠᠢ / ᠠᠯᠳᠠᠨ ᠬᠤᠶᠠᠷ ᠵᠤᠤᠵᠠᠢ ᠵᠢ / ᠠᠳᠠᠯᠢ ᠳᠡᠭᠰᠢ  ᠪᠡᠷ ᠳᠠᠳᠠᠭᠠᠷᠠᠢ / ᠠᠯᠳᠠᠷ ᠰᠠᠶᠢᠬᠠᠨ ᠪᠡᠶ᠎ᠡ ᠵᠢ  ᠮᠢᠨᠢ / ᠠᠶ᠎ᠠ  ᠪᠡᠷ ᠠᠶ᠎ᠠ  ᠪᠡᠷ ᠭᠤᠶᠠᠳᠠᠭᠠᠷᠠᠢ ᠃ / ᠬᠤᠯᠤᠰᠤᠨ  ᠣ ᠭᠢᠨᠢ ᠨᠠᠮᠠᠭ᠎ᠠ ᠵᠢ / ᠬᠤᠶᠢᠯᠠᠷᠠᠳᠠᠯ᠎ᠠ ᠭᠦᠶᠦᠯ᠎ᠡ ᠪᠢ / ᠬᠤᠯᠠ ᠤᠶᠢᠷ᠎ᠠ ᠵᠢᠨ ᠠᠮᠢᠳᠠᠳ  ᠢ / ᠭᠠᠶᠢᠬᠠᠯᠳᠤᠳᠠᠯ᠎ᠠ ᠭᠦᠶᠦᠯ᠎ᠡ ᠪᠢ ᠃ / ᠲᠠᠷᠠᠰᠤᠨ ᠣ ᠨᠠᠮᠠᠭ᠎ᠠ ᠵᠢ / ᠳᠠᠷᠪᠠᠯᠵᠠᠳᠠᠯ᠎ᠠ ᠬᠦᠶᠦᠯ᠎ᠡ ᠪᠢ / ᠳᠡᠷᠳᠡᠭᠡ ᠬᠤᠯᠠ ᠵᠢᠨ ᠠᠮᠢᠳᠠᠳ ᠢ / ᠭᠠᠶᠢᠬᠠᠯᠳᠤᠳᠠᠯ᠎ᠠ ᠭᠦᠶᠦᠯ᠎ᠡ ᠪᠢ ᠃ / ᠡᠨᠡ  ᠯᠡ ᠤᠳᠠᠭ᠎ᠠ ᠵᠢᠨ ᠮᠦᠷᠦᠢ ᠵᠢ / ᠭᠦᠭᠰᠢᠨ ᠬᠤᠤᠬᠠᠩ ᠠᠪᠤᠯ᠎ᠠ / ᠡᠷᠭᠢᠬᠦ  ᠤᠳᠠᠭ᠎ᠠ ᠵᠢᠨ ᠲᠦᠷᠦᠭᠦᠦ ᠵᠢ / ᠭᠡᠦᠭᠡᠨ ᠭᠡᠭᠡᠷ  ᠮᠢᠨᠢ ᠠᠪᠤᠭᠠᠷᠠᠢ ︾ ᠭᠡᠵᠦ ᠠᠶᠠᠯᠭᠤᠯᠤᠨ ᠳᠠᠭᠤᠯᠠᠳᠠᠭ ᠪᠤᠯᠪᠠ ᠃ ᠮᠤᠩᠭᠤᠯ ᠭᠦᠮᠦᠨ ᠮᠤᠷᠢ  ᠪᠠᠨ ᠭᠦᠯ ᠦᠭᠭᠦᠭᠰᠡᠨ ᠭᠦᠯᠦᠭ ᠭᠡᠵᠦ ᠭᠦᠷᠦᠰᠦᠳᠤ ᠳᠡᠯᠡᠭᠡᠢ  ᠳᠤ ᠳᠡᠭᠦᠯᠢᠭᠰᠡᠨ ᠵᠢᠭᠦᠷ ᠭᠡᠵᠦ ᠂ ᠠᠮᠢᠨ  ᠳᠤ ᠤᠷᠤᠭᠰᠠᠨ ᠬᠤᠪᠢᠯᠭᠠᠨ ᠭᠡᠵᠦ ᠠᠮᠢᠳᠤᠷᠠᠯ ᠴᠠᠯᠭᠢᠭᠤᠯᠤᠭᠰᠡᠨ ᠭᠦᠷᠦᠨᠭᠭᠡ ᠭᠡᠮᠡᠨ ᠳᠡᠭᠡᠳᠦᠯᠡᠨ ᠬᠠᠶᠢᠷᠠᠯᠠᠳᠠᠭ ᠤᠴᠢᠷ ᠮᠤᠷᠢᠨ ᠰᠦᠮ᠎ᠡ ᠪᠠᠶᠢᠭᠤᠯᠤᠨ ᠰᠦᠯᠳᠡᠯᠡᠨ ᠳᠠᠭᠢᠵᠦ ᠭᠡᠶᠢᠮᠤᠷᠢ ᠮᠠᠨᠳᠤᠭᠤᠯᠤᠨ ᠰᠦᠰᠦᠭᠯᠡᠨ ᠰᠢᠳᠦᠭᠰᠡᠨ ᠶᠤᠮ ᠃

ᠤᠳᠤ ᠮᠤᠩᠭᠤᠯ ᠤᠷᠤᠨ ᠳᠠᠶᠠᠭᠠᠷ ᠳᠡᠯᠭᠡᠷᠡᠭᠰᠡᠨ ᠨᠠᠶᠢᠷ ᠨᠠᠭᠠᠳᠤᠮ ᠣᠨ ᠮᠤᠷᠢᠨ ᠤᠷᠤᠯᠳᠤᠭᠠᠨ ᠣ ᠳᠠᠯᠠᠪᠤᠷ  ᠲᠤ ᠭᠦᠭᠰᠢᠨ ᠬᠤᠤᠬᠠᠩ  ᠣᠨ ᠦᠷ᠎ᠡ ᠬᠤᠶᠢᠴᠢᠰ ᠭᠦᠴᠦ ᠲᠤᠷᠪᠢ ᠂ ᠬᠤᠷᠳᠤᠨ ᠭᠦᠶᠦᠳᠡᠯ ᠵᠢᠡᠨ ᠭᠠᠶᠢᠬᠠᠭᠤᠯᠤᠨ ᠰᠤᠷᠢᠵᠦ ᠮᠤᠷᠢᠳᠠᠨ ᠦᠨᠳᠦᠰᠦᠳᠡᠨ  ᠣ ᠭᠡᠶᠢᠮᠤᠷᠢ ᠵᠢ ᠮᠠᠨᠳᠤᠭᠤᠯᠵᠦ ᠶᠠᠪᠤᠨ᠎ᠠ ᠃ ᠳᠡᠭᠡᠭᠦ  ᠳᠤ ᠴᠠᠬᠠᠷ ᠠᠷᠠᠳ  ᠣᠨ ᠭᠦᠭᠰᠢᠨ ᠬᠤᠤᠬᠠᠩ  ᠣᠨ ᠳᠠᠭᠤᠤ ᠂ ᠠᠪᠠᠭ᠎ᠠ ᠂ ᠦᠵᠦᠮᠦᠴᠢᠨ  ᠣ ᠠᠭᠤᠳᠠᠮ ᠳᠠᠯ᠎ᠠ ᠂ ᠠᠷᠤ ᠬᠠᠯᠬ᠎ᠠ ᠵᠢᠨ ᠭᠦᠪᠴᠢ ᠬᠠᠩᠭᠠᠢ  ᠳᠤ ᠴᠤᠤᠷᠢᠶᠠᠳᠤᠵᠦ ︽ ᠵᠢᠭᠠᠬᠠᠨ ᠰᠢᠷᠭ᠎ᠠ ︾ ᠂ ︽ ᠽᠠᠨᠳᠠᠨ ᠬᠦᠷᠡᠩ ︾ ᠂ ︽ ᠠᠷᠤ ᠭᠦᠪᠴᠢ ᠵᠢᠨ ᠤᠨᠠᠭ᠎ᠠ ︾ ᠂ ︽ ᠰᠤᠮᠤᠨ ᠵᠡᠭᠡᠷᠳᠡ ︾ ᠂ ︽ ᠮᠤᠭᠠᠢ ᠭᠡᠭᠡᠷ ︾ ᠂ ︽ ᠴᠤᠮᠪᠤᠩ ᠳᠤᠭᠤᠷᠠᠢ  ᠲᠠᠢ ᠬᠦᠷᠡᠩ ︾ ᠂ ︽ ᠬᠠᠶᠢᠷᠠᠳᠠᠢ ᠬᠠᠯᠢᠭᠤᠨ ︾ ᠂ ︽ ᠰᠢᠪᠠᠭᠤᠨ ᠰᠠᠷᠠᠯ ︾ ᠂ ︽ ᠡᠭᠦᠯᠡᠨ  ᠪᠤᠷᠤ ︾ ᠂ ︽ ᠲᠦᠮᠡᠨ ᠠᠭᠳᠠ ᠵᠢᠨ ᠲᠦᠪᠡᠷᠭᠡᠨ ︾  ᠲᠠᠢ ᠦᠶ᠎ᠡ ᠵᠠᠯᠭᠠᠨ ᠦᠷᠭᠦᠯᠵᠢᠯᠡᠵᠦ ᠠᠵᠢᠨᠠᠢ ᠭᠦᠯᠦᠭ  ᠣᠨ ᠳᠠᠭᠤᠤ ᠵᠢᠨ ᠳᠠᠯᠠᠢ ᠂ ᠠᠷᠠᠨᠵᠢᠯ ᠵᠡᠭᠡᠷᠳᠡ ᠵᠢᠨ ᠭᠦᠭᠵᠢᠮ  ᠣᠨ ᠳᠠᠪᠠᠯᠭᠠᠨ ᠪᠤᠯᠵᠦ ᠳᠡᠯᠡᠭᠡᠢ ᠳ᠋ᠠᠭᠢᠨ᠎ᠠ ᠠᠳᠤᠭᠤᠨ ᠰᠤᠶᠤᠯ ᠣᠨ ᠡᠴᠢᠨ᠎ᠡ ᠭᠠᠶᠢᠬᠠᠮᠰᠢᠭ ᠵᠢᠡᠨ ᠭᠠᠶᠢᠬᠠᠭᠤᠯᠤᠭᠰᠡᠨ ᠠᠵᠢ ᠃

ᠴᠠᠬᠠᠷ ᠵᠡᠭᠦᠨ ᠭᠠᠷᠤᠨ ᠰᠢᠯᠤᠭᠤᠨ ᠭᠦᠭᠡ ᠬᠤᠰᠢᠭᠤᠨ  ᠣ ᠦᠭᠡᠯᠡᠳᠴᠤᠳ  ᠣᠨ ᠪᠠᠶᠢᠭᠤᠯᠤᠭᠰᠡᠨ ᠨᠠᠳᠠᠢ ᠵᠢᠨ ᠰᠦᠮ᠎ᠡ  ᠳᠤ ᠭᠦᠭᠰᠢᠨ ᠬᠤᠤᠬᠠᠩ  ᠣᠨ ᠳᠠᠭᠢᠯᠭ᠎ᠠ ᠵᠢᠨ ᠰᠤᠳᠤᠷ ᠳᠡᠤᠭᠡ ᠬᠠᠳᠠᠭᠠᠯᠠᠭᠳᠠᠵᠦ ᠪᠠᠶᠢᠵᠠᠢ ᠃ ᠮᠤᠩᠭᠤᠯ ᠳᠠᠩᠭᠤᠳ ᠬᠤᠶᠠᠷ ᠭᠡᠯᠡ  ᠪᠡᠷ ᠪᠢᠴᠢᠭᠰᠡᠨ ᠭᠡᠳᠡᠭ ᠃ ᠳᠤᠯᠤᠭᠠᠨ ᠰᠠᠷ᠎ᠠ ᠵᠢᠨ ᠬᠤᠷᠢᠨ ᠬᠤᠶᠠᠷ  ᠲᠤ ᠰᠦᠮ᠎ᠡ  ᠵᠢᠨ ᠳᠠᠭᠢᠯᠭ᠎ᠠ  ᠳᠤ ᠵᠠᠨᠠᠳᠠᠷ᠎ᠠ ᠬᠠᠳᠤᠨ  ᠣ ᠮᠤᠷᠢᠨ  ᠣ ᠡᠮᠡᠭᠡᠯ  ᠬᠠᠵᠠᠭᠠᠷ ᠡᠳ᠋ᠯᠡᠯ  ᠭᠡᠷᠡᠭᠰᠡᠯ  ᠢ ᠳᠡᠯᠭᠡᠵᠦ ᠳᠠᠯᠪᠢᠨ ᠳᠠᠭᠢᠯᠭ᠎ᠠ ᠡᠷᠭᠦᠳᠡᠭ  ᠃ ᠭᠦᠭᠰᠢᠨ ᠬᠤᠤᠬᠠᠩ  ᠣᠨ ᠳᠠᠭᠢᠯᠭ᠎ᠠ ᠵᠢᠨ ᠰᠤᠳᠤᠷ  ᠲᠤ ︽ ᠰᠦᠨ ᠳᠠᠯᠠᠢ ᠵᠢᠨ ᠤᠮᠳᠠ  ᠲᠠᠢ / ᠰᠦᠮᠪᠤᠷ ᠠᠭᠤᠯᠠ ᠵᠢᠨ ᠢᠳᠡᠰᠢ  ᠲᠠᠢ ᠁ / ᠤᠶᠠᠭᠠᠳ ᠳᠠᠯᠪᠢᠭᠰᠡᠨ ᠤᠶᠠᠭ᠎ᠠ  ᠨᠢ / ᠤᠷᠭᠤᠭ᠎ᠠ ᠽᠠᠨᠳᠠᠨ ᠮᠤᠳᠤᠨ / ᠤᠨᠤᠭᠠᠳ ᠭᠠᠷᠤᠭᠰᠡᠨ ᠡᠵᠡᠨ  ᠨᠢ / ᠤᠷᠠᠨ ᠮᠠᠨᠵᠤᠰᠢᠷᠢ ᠵᠢᠨ ᠬᠤᠪᠢᠯᠭᠠᠨ ᠁ / ᠬᠠᠨ ᠠᠭᠤᠯᠠᠨ  ᠣ ᠬᠠᠳᠠᠨ  ᠳᠤ / ᠬᠠᠯᠳᠤᠷᠢᠳᠠᠭ ᠦᠭᠡᠢ ᠳᠤᠭᠤᠷᠠᠢ  ᠲᠠᠢ / ᠬᠠᠩᠭᠠᠢ ᠵᠠᠶᠢᠳᠠᠩ ᠠᠮᠡᠭᠡᠯ  ᠳᠤ / ᠬᠠᠯᠴᠠᠷᠠᠳᠠᠭ ᠦᠭᠡᠢ ᠨᠢᠷᠤᠭᠤ  ᠲᠠᠢ ᠁ / ᠰᠢᠭᠤᠷᠭᠠᠯᠠᠵᠦ ᠤᠷᠤᠬᠤ ᠪᠤᠷᠤᠭᠠᠨ  ᠳᠤ / ᠡᠮᠢᠶᠡᠵᠦ  ᠬᠠᠯᠢᠷᠠᠵᠦ ᠦᠵᠡᠭᠡᠳᠦᠢ / ᠱᠤᠤᠭᠢᠵᠦ ᠢᠷᠡᠭᠦ ᠰᠤᠮᠤᠨ  ᠳᠤ / ᠡᠵᠡᠨ ᠵᠢᠡᠨ ᠰᠡᠪᠳᠤᠭᠡᠵᠦ ᠦᠵᠡᠭᠡᠳᠦᠢ ︾ ᠭᠡᠮᠡᠨ ᠭᠠᠷᠳᠠᠭ ᠭᠡᠵᠦ ᠦᠭᠡᠯᠡᠳ  ᠣᠨ ᠦᠳᠡᠯᠦᠭᠡ ᠪᠤᠭᠤᠷᠤᠯᠴᠤᠳ ᠬᠠᠭᠤᠴᠢᠯᠠᠭᠰᠡᠨ ᠪᠢᠯᠡ ᠃

 

ᠯᠠᠪᠯᠠᠭᠰᠡᠨ ᠮᠠᠲ᠋ᠸᠷᠢᠶᠠᠯ ᠄

ᠮᠢᠩᠭᠠᠳ ᠲᠦᠩᠰᠢᠭ ᠄ ︽ ᠰᠢᠯᠤᠭᠤᠨ ᠭᠦᠭᠡ ᠵᠢᠨ ᠦᠯᠢᠭᠡᠷ ᠲᠤᠮᠤᠭ ︾ ᠂ ᠦᠪᠦᠷ ᠮᠤᠩᠭᠤᠯ  ᠣᠨ ᠠᠷᠠᠳ ᠣᠨ ᠭᠡᠪᠯᠡᠯ  ᠣᠨ ᠬᠤᠷᠢᠶ᠎ᠠ ᠂ 2006 ᠤᠨ  ᠣ 7 ᠰᠠᠷ᠎ᠠ ᠃

 

ᠬᠤᠶᠠᠷ ᠂ ᠠᠶᠠᠰ ᠣᠨ ᠵᠠᠳᠠᠯᠤᠯᠳᠠ

 

ᠰᠢᠯᠢ ᠵᠢᠨ ᠭᠤᠤᠯ ᠪᠤᠯ ᠦᠪᠦᠷ ᠮᠤᠩᠭᠤᠯ  ᠣᠨ ᠬᠠᠮᠤᠭ  ᠣᠨ ᠠᠭᠤᠳᠠᠮ ᠨᠤᠳᠤᠭ  ᠲᠠᠢ ᠂ ᠬᠠᠮᠤᠭ  ᠣᠨ ᠰᠠᠶᠢᠨ ᠪᠡᠯᠴᠢᠭᠡᠷ  ᠲᠠᠢ ᠳᠠᠯ᠎ᠠ ᠨᠤᠳᠤᠭ  ᠣᠨ ᠨᠢᠭᠡ  ᠨᠢ ᠪᠤᠯᠤᠨ᠎ᠠ ᠃ ᠡᠷᠲᠡᠨ   ᠡᠴᠡ ᠤᠯᠠᠮᠵᠢᠯᠠᠭᠰᠡᠨ ᠡᠨᠡ  ᠭᠦ ᠳᠠᠭᠤᠤ  ᠳᠤ ︽ ᠬᠤᠤᠬᠠᠩ ︾ ᠭᠡᠳᠡᠭ ᠰᠠᠶᠢᠨ ᠴᠤᠯᠠ  ᠲᠠᠢ ᠮᠤᠷᠢ ᠵᠢᠨ ᠬᠤᠷᠳᠤᠨ ᠭᠦᠶᠦᠳᠡᠯ  ᠢ ᠮᠠᠭᠳᠠᠨ ᠳᠠᠭᠤᠯᠠᠵᠤ ᠂ ᠭᠦᠮᠦᠰ  ᠣᠨ ᠭᠦᠨᠳᠦᠳᠭᠡᠯ ᠢ ᠤᠯᠤᠭᠰᠡᠨ ᠵᠢᠡᠷ ᠪᠠᠷᠠᠬᠤ ᠦᠭᠡᠢ ᠂ ᠭᠦᠮᠦᠨ  ᠣ ᠰᠡᠳᠭᠢᠯᠭᠡ  ᠲᠠᠢ ᠬᠤᠯᠪᠤᠨ ᠵᠦᠢᠷᠯᠡᠭᠰᠡᠨ ᠪᠠᠶᠢᠨ᠎ᠠ ᠃ᠡᠨᠡ  ᠳᠠᠭᠤᠤ  ᠨᠢ ᠲᠦᠷᠪᠡᠨ ᠭᠦᠭᠵᠢᠮ ᠣᠨ ᠦᠭᠦᠯᠡᠪᠤᠷᠢ  ᠲᠠᠢ ᠳᠡᠭᠰᠢ ᠪᠦᠳᠦᠴᠠ  ᠪᠡᠷ ᠪᠦᠷᠢᠯᠳᠦᠵᠦ ᠂ ᠨᠡᠶᠢᠳᠡ ᠭᠤᠷᠪᠠᠨ ᠪᠠᠳᠠᠭ ᠰᠢᠯᠦᠭ  ᠲᠠᠢ ᠪᠠᠶᠢᠵᠦ ᠂ ᠪᠠᠳᠠᠭ ᠪᠦᠷᠢ ᠵᠢᠨ ᠲᠦᠷᠪᠡᠨ ᠮᠦᠷ  ᠨᠢ ᠲᠦᠷᠪᠡᠨ ᠭᠦᠭᠵᠢᠮ ᠣᠨ ᠦᠭᠦᠯᠡᠪᠤᠷᠢ  ᠲᠠᠢ ᠵᠤᠬᠢᠴᠠᠨ᠎ᠠ ᠃ ᠳᠤᠯᠤᠭᠠᠢ ᠬᠤᠯᠪᠤᠴᠠ ᠪᠠ ᠦᠭᠡ ᠳᠠᠪᠳᠠᠯ᠎ᠠ ᠵᠡᠷᠭᠡ ᠠᠷᠭ᠎ᠠ ᠵᠢ ᠭᠡᠷᠡᠭᠯᠡᠵᠡᠢ ᠃ ᠲᠦᠷᠪᠡᠨ ᠭᠦᠭᠵᠢᠮ  ᠣᠨ ᠦᠭᠦᠯᠡᠪᠤᠷᠢ  ᠨᠢ ᠲᠤᠰ ᠪᠦᠷᠢ ᠵᠢᠳᠠᠭᠤᠨ ᠂ ᠵᠢᠶᠤᠳᠠᠭᠤᠨ ᠂ ᠭᠦᠩᠳᠠᠭᠤᠨ ᠳᠡᠭᠡᠷ᠎ᠡ ᠳᠡᠭᠦᠰᠴᠦ ᠂ ᠦᠨᠭᠭᠡᠳᠤ ᠴᠢᠨᠠᠷ ᠣᠨ ᠠᠪᠤᠯᠴᠠᠭ᠎ᠠ ᠢᠯᠡᠷᠭᠡᠢ ᠪᠠᠶᠢᠳᠠᠭ ᠃ ᠨᠢᠭᠡ ᠬᠤᠶᠠᠳᠤᠭᠠᠷ ᠭᠦᠭᠵᠢᠮ ᠣᠨ ᠦᠭᠦᠯᠡᠪᠤᠷᠢ  ᠨᠢ ᠰᠦᠷᠭᠡᠤ ᠵᠠᠯᠭᠠᠨ ᠶᠠᠪᠤᠭᠳᠠᠭᠰᠡᠨ ᠪᠠᠶᠢᠳᠠᠯ  ᠲᠠᠢ ᠭᠤᠷᠪᠠ ᠲᠦᠷᠪᠡᠳᠦᠭᠡᠷ ᠭᠦᠭᠵᠢᠮ ᠣᠨ ᠦᠭᠦᠯᠡᠪᠤᠷᠢ  ᠨᠢ ︽ ᠳᠤᠯᠤᠭᠠᠢ ᠠᠳᠠᠯᠢ ᠰᠡᠭᠦᠯ ᠤᠨᠳᠤᠤ ︾ ᠪᠠᠶᠢᠳᠠᠯ ᠢᠯᠡᠷᠡᠭᠰᠡᠨ ᠪᠠᠶᠢᠨ᠎ᠠ ᠃

 

ᠯᠠᠪᠯᠠᠭᠰᠡᠨ ᠮᠠᠲ᠋ᠸᠷᠢᠶᠠᠯ ᠄

ᠪᠦᠳᠦᠭᠡᠯᠳᠤ ᠄ ︽ ᠮᠤᠩᠭᠤᠯ ᠠᠷᠠᠳ ᠣᠨ ᠰᠤᠩᠭᠤᠳᠠᠭ ᠳᠠᠭᠤᠤ ᠵᠢᠨ ᠰᠤᠨᠢᠷᠬᠠᠮᠵᠢ ︾ ᠂ ᠦᠪᠦᠷ ᠮᠤᠩᠭᠤᠯ ᠣᠨ ᠶᠡᠭᠡ ᠰᠤᠷᠭᠠᠭᠤᠯᠢ ᠵᠢᠨ ᠭᠡᠪᠯᠡᠯ  ᠣᠨ ᠬᠤᠷᠢᠶ᠎ᠠ ᠂ 2007 ᠤᠨ ᠣ 8 ᠰᠠᠷ᠎ᠠ ᠃

 

ᠲᠠᠭᠤᠤ ᠵᠢᠨ ᠦᠭᠡ

 

ᠵᠠᠭᠦᠨ ᠨᠢᠷᠤᠭᠤ  ᠪᠡᠷ ᠭᠦᠶᠦᠳᠠᠯ  ᠲᠠᠢ

ᠵᠦᠷ ᠭᠤᠷ ᠬᠤᠶᠠᠷ  ᠣᠨ

ᠵᠢᠷᠦᠭᠡ ᠵᠢ  ᠨᠢ ᠪᠠᠷᠢᠭᠠᠳ ᠨᠠᠮᠨᠠᠭᠠᠴᠢ

ᠭᠦᠭᠰᠢᠨ ᠬᠤᠤᠬᠠᠩ ᠲᠤᠪᠤᠰᠠᠢ ᠃

 

ᠬᠠᠩᠭᠠᠢ ᠬᠠᠨ ᠣ ᠴᠢᠭᠤᠯᠭᠠᠨ ᠲᠡᠭᠡᠷ᠎ᠡ

ᠬᠠᠨ ᠠᠭᠤᠯᠠ ᠶᠢᠨ ᠨᠠᠭᠠᠳᠤᠮ ᠲᠡᠭᠡᠷ᠎ᠡ ᠂

ᠲᠡᠷᠢᠬᠦᠯᠡᠵᠤ ᠭᠠᠷᠤᠭᠰᠠᠨ ᠮᠤᠷᠢ  ᠨᠢ

ᠬᠦᠭᠰᠢᠨ ᠬᠤᠤᠬᠠᠩ  ᠣᠨ ᠮᠦᠷᠦᠢ ᠃

 

ᠪᠦᠳᠤᠬᠦᠨ ᠴᠢᠯᠠᠭᠤᠨ ᠳᠣ ᠪᠦᠳᠦᠷᠢᠬᠦ ᠦᠭᠡᠢ ᠃

ᠬᠠᠪᠳᠠᠭᠠᠢ ᠴᠢᠯᠠᠭᠤᠨ ᠳᠣ ᠬᠠᠯᠳᠤᠷᠢᠬᠤ ᠦᠭᠡᠢ

ᠬᠠᠩᠭᠠᠢ ᠵᠠᠶᠢᠳᠠᠩ ᠡᠮᠡᠭᠡᠯ ᠢᠶᠠᠷ

ᠬᠦᠭᠰᠢᠨ ᠬᠤᠤᠬᠠᠩ ᠲᠤᠪᠤᠰᠠᠢ

 

ᠲᠠᠭᠤᠤ ᠵᠢᠨ ᠨᠤᠲ

 

 

1

2

 

3

 

4

 

5

 

6

 

7

 

8

 

9

 

10

 

11

   MP3 ᠪᠢᠴᠢᠯᠭᠡ ︱ ︽ ᠭᠦᠭᠰᠢᠨ ᠬᠤᠤᠬᠠᠩ ︾    

ᠬᠠᠪᠰᠤᠷᠭᠠᠯ ᠭᠦᠭᠵᠢᠮ ︱ ︽ ᠭᠦᠭᠰᠢᠨ ᠬᠤᠤᠬᠠᠩ ︾  

VCD ᠪᠢᠴᠢᠯᠭᠡ ︱ ︽ ᠭᠦᠭᠰᠢᠨ ᠬᠤᠤᠬᠠᠩ ︾   ᠭᠦᠭᠰᠢᠨ ᠬᠤᠤᠬᠠᠩ

ᠰᠢᠭᠦᠮᠵᠢ ᠦᠯᠡᠳᠡᠭᠡᠬᠦ