• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠠᠷᠽᠠᠢ ᠶᠢᠨ ᠳᠠᠭᠤᠤ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   35
  • ᠄   0
  • ᠄   0
  • ᠄  0

《 ᠮᠠᠷᠽᠠᠢ ᠵᠢᠨ ᠳᠠᠭᠤᠤ 》 ᠭᠡᠳᠡᠭ ᠪᠤᠯ ᠤᠷᠤᠯᠳᠤᠭᠠᠨ ᠮᠤᠷᠢ ᠶᠠᠪᠤᠬᠤ ᠦᠶ᠎ᠡ  ᠳᠤ ᠬᠡᠤᠬᠡᠳ ᠣᠨ ᠳᠠᠭᠤᠯᠠᠳᠠᠭ ᠵᠠᠨᠭ᠍ ᠦᠢᠯᠡ ᠵᠢᠨ ᠳᠠᠭᠤᠤ ᠶᠤᠮ ᠃ ᠬᠠᠯᠬ᠎ᠠ  ᠳᠤ 《 ᠬᠢᠩᠭᠤ  ᠳᠠᠭᠤᠯᠠᠬᠤ 》 ᠂ ᠦᠵᠦᠮᠦᠴᠢᠨ  ᠳᠤ 《 ᠮᠠᠷᠰᠠᠢ ᠲᠠᠲᠠᠬᠤ 》 ᠭᠡᠳᠡᠭ ᠃ ᠤᠷᠤᠯᠳᠤᠭᠠᠨ ᠮᠤᠷᠢ ᠤᠨᠤᠭᠰᠠᠨ ᠬᠡᠤᠬᠡᠳ ᠤᠶᠠᠨᠭ᠍ᠭᠠᠯᠠᠭᠤᠯᠤᠨ ᠳᠠᠭᠤᠯᠠᠳᠠᠭ  ᠨᠢ ᠶᠡᠬᠡ ᠡᠷᠲᠡᠨ  ᠣ ᠵᠠᠨᠭ᠍ᠰᠢᠯ ᠶᠤᠰᠤ ᠪᠤᠯᠬᠤ ᠪᠦᠭᠡᠳ 《 ᠤᠮ ᠮᠠᠷᠽᠠᠢ ᠮᠠᠮᠤ ᠰᠤᠬ᠎ᠠ ᠂ ᠬᠢᠩᠭᠤ  ᠂ ᠭᠡᠭᠡᠨ ᠪᠤᠭᠳᠠ ᠦᠷᠦᠰᠢᠶ᠎ᠡ 》 ︵ ᠰᠥᠨᠢᠳ ︶ ᠬᠡᠮᠡᠨ ᠮᠠᠷᠽᠠᠶᠢᠯᠠᠨ ᠳᠠᠭᠤᠯᠠᠬᠤ  ᠨᠢ ᠮᠤᠷᠢ ᠤᠨᠤᠭᠰᠠᠨ ᠬᠡᠤᠬᠡᠳ ᠢ ᠡᠩᠬᠡ  ᠠᠮᠤᠷ ᠦᠭᠡᠳᠡ ᠠᠰᠡᠷᠡᠭ ᠶᠠᠪᠤᠵᠤ ᠢᠷᠡᠬᠦ ᠵᠢ ᠳᠠᠭᠠᠳᠬᠠᠭᠰᠠᠨ  ᠮᠠᠨᠢ ᠭᠡᠳᠡᠭ ᠶᠤᠮ ᠃

ᠨᠠᠶᠢᠷ ᠣᠨ ᠮᠤᠷᠢᠳ ᠤᠪᠤᠭ᠎ᠠ ᠪᠤᠶᠤ ᠨᠠᠶᠢᠷ ᠣᠨ ᠲᠠᠯᠠᠪᠠᠢ ᠵᠢ ᠨᠠᠷᠠ ᠵᠥᠪ ᠭᠤᠷᠪᠠ ᠡᠷᠭᠢᠵᠦ  ᠲᠠᠯᠪᠢᠬᠤ ᠭᠠᠵᠠᠷ  ᠢᠶᠡᠨ  ᠴᠢᠭᠯᠡᠬᠦ  ᠳᠤ ᠤᠯᠠᠨ ᠬᠡᠤᠬᠡᠳ ᠬᠤᠭᠤᠯᠠᠢ ᠨᠡᠶᠢᠯᠡᠭᠦᠯᠦᠨ ᠱᠠᠭᠢᠯᠴᠠᠨ ᠳᠠᠭᠤᠯᠠᠯᠴᠠᠳᠠᠭ ᠶᠤᠮ ᠃ ᠮᠠᠷᠽᠠᠢ  ᠨᠢ ᠮᠠᠰᠢ ᠰᠡᠳᠭᠢᠯ ᠬᠦᠳᠡᠯᠭᠡᠮ᠎ᠡ ᠤᠶᠠᠨᠭ᠍ᠭᠠᠯᠢᠭ ᠤᠷᠲᠤ ᠬᠥᠭ᠍ ᠠᠶᠢᠵᠠᠮ  ᠲᠠᠢ ᠪᠠᠶᠢᠵᠤ ᠂ ᠤᠷᠤᠯᠳᠤᠭᠠᠨ ᠣ ᠮᠤᠷᠢ ᠬᠡᠤᠬᠡᠳ ᠣᠨ ᠳᠠᠭᠤᠤ ᠵᠢ ᠰᠤᠨᠤᠰᠤᠭᠠᠳ ᠨᠢᠳᠤ  ᠨᠢ ᠭᠢᠯᠠᠯᠵᠠᠵᠤ ᠴᠤᠭ ᠵᠢᠪᠬᠤᠭ᠎ᠠ  ᠨᠢ ᠰᠡᠷᠭᠦᠳᠡᠭ ᠪᠦᠭᠡᠳ ᠤᠯᠠᠨ ᠵᠢᠯ ᠣᠨ ᠨᠠᠭᠠᠳᠤᠮ  ᠳᠤ ᠤᠷᠤᠯᠳᠤᠵᠤ ᠢᠷᠡᠭᠰᠡᠨ ᠬᠤᠷᠳᠤᠨ ᠮᠤᠷᠢ ᠤᠷᠤᠯᠳᠤᠭᠠᠨ ᠡᠬᠢᠯᠡᠬᠦ   ᠳᠤ ᠲᠦᠤᠭᠡᠯᠵᠡᠨ ᠂ ᠲᠡᠮᠡᠤᠯᠡᠵᠤ ᠡᠬᠢᠯᠡᠳᠡᠭ  ᠪᠠᠶᠢᠭᠰᠠᠨ  ᠢᠶᠡᠨ  ᠬᠡᠤᠬᠡᠳ ᠣᠨ ᠳᠠᠭᠤᠯᠠᠬᠤ ᠤᠶᠠᠨᠭ᠍ᠭᠠᠯᠢᠭ ᠠᠶᠠᠰ  ᠲᠤ ᠤᠶᠠᠷᠠᠨ ᠲᠠᠶᠢᠪᠤᠰᠢᠷᠠᠵᠤ ᠂ ᠭᠠᠷᠬᠤ ᠭᠠᠷᠤᠭ᠎ᠠ  ᠪᠡᠨ ᠵᠥᠪ ᠤᠯᠳᠠᠭ ᠃ ᠤᠷᠤᠯᠳᠤᠭᠠᠨ  ᠳᠤ ᠤᠷᠤᠬᠤ  ᠪᠡᠨ ᠪᠤᠯᠢᠭᠰᠠᠨ ᠬᠦᠭᠰᠢᠨ ᠮᠤᠷᠢ ᠬᠦᠷᠲᠡᠯ᠎ᠡ ᠬᠡᠤᠬᠡᠳ ᠣᠨ ᠮᠠᠷᠽᠠᠢ ᠰᠤᠨᠤᠰᠤᠭᠠᠳ ᠰᠡᠳᠬᠢᠯ ᠬᠥᠭᠰᠦᠨ ᠳᠤᠭᠳᠥᠯᠵᠤ ᠂ ᠢᠳᠡᠵᠤ ᠤᠨᠲᠠᠬᠤ  ᠪᠡᠨ ᠪᠤᠯᠢᠳᠠᠭ ᠤᠴᠢᠷ ᠴᠤ ᠪᠤᠢ ᠃

《 ᠬᠢᠩᠭᠤ  ᠂ ᠮᠠᠷᠽᠠᠶᠢᠯᠠᠬᠤ ᠡᠴᠠ ᠳᠠᠭᠤᠴᠢᠨ ᠬᠦᠮᠦᠨ ᠲᠦᠷᠦᠳᠡᠭ 》 ᠭᠡᠳᠡᠭ ᠃ ᠤᠷᠲᠤ ᠠᠶᠠᠯᠭᠤ  ᠪᠡᠷ ᠤᠶᠠᠨᠭ᠍ᠭᠠᠯᠠᠭᠤᠯᠤᠨ ᠳᠠᠭᠤᠯᠠᠳᠠᠭ ᠮᠠᠷᠽᠠᠢ  ᠨᠢ ᠳᠠᠭᠤᠴᠢᠨ ᠪᠤᠯᠬᠤ ᠵᠢᠨ ᠠᠨᠭ᠍ᠬᠠᠨ ᠣ ᠳᠠᠰᠬᠠᠯ ᠪᠤᠯᠪᠠᠰᠤᠷᠠᠯ ᠪᠤᠯᠬᠤ ᠤᠴᠢᠷ  ᠲᠠᠢ ᠃

1

 

2

 

3

 

4

 

5

 

6

 

7

 

8

 

9

 

  MP3 ᠪᠢᠴᠢᠯᠭᠡ ︱ 《 ᠮᠠᠷᠽᠠᠢ ᠶᠢᠨ ᠳᠠᠭᠤᠤ 》

VCD ᠪᠢᠴᠢᠯᠭᠡ ︱ 《 ᠮᠠᠷᠽᠠᠢ ᠶᠢᠨ ᠳᠠᠭᠤᠤ 》

ᠰᠢᠭᠦᠮᠵᠢ ᠦᠯᠡᠳᠡᠭᠡᠬᠦ