• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦᠮᠪᠤᠷ ᠠᠭᠤᠯᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   42
 • ᠄   0
 • ᠄   0
 • ᠄  0

ᠤᠷᠠᠳ ᠠᠷᠠᠳ ᠤᠨ ᠳᠠᠭᠤᠤ ︽ ᠰᠦᠮᠪᠦᠷ ᠠᠭᠤᠯᠠ ︾ ᠶᠢ ᠪᠠᠰᠠ ︽ ᠤᠷᠠᠳ ᠤᠨ ᠬᠣᠰᠢᠭᠤᠨ ᠤ ᠶᠣᠰᠣ  ᠨᠢ ᠰᠠᠶᠢᠬᠠᠨ ︾ ᠭᠡᠳᠡᠭ ᠃

 

 

ᠨᠢᠭᠡ ᠂ ᠤᠷᠠᠳ ᠪᠠ ᠤᠷᠠᠳ ᠨᠤᠲᠤᠭ

 

ᠤᠷᠠᠳ ᠨᠤᠲᠤᠭ ᠮᠣᠩᠭᠣᠯ ᠤᠨ ᠥᠨᠳᠥᠷᠯᠢᠭ ᠦᠨ ᠪᠠᠷᠠᠭᠤᠨ ᠡᠮᠦᠨ᠎ᠡ ᠲᠠᠯ᠎ᠠ ᠳᠤ ᠣᠷᠣᠰᠢᠵᠤ ᠂ ᠪᠠᠷᠠᠭᠤᠨ ᠲᠠᠯ᠎ᠠ ᠪᠠᠷ ᠠᠯᠠᠱᠠ ᠠᠶᠢᠮᠠᠭ ᠲᠠᠢ ᠬᠦᠷᠰᠢᠯᠡᠵᠦ ᠂ ᠠᠷᠤ ᠲᠠᠯ᠎ᠠ ᠪᠠᠷ ᠮᠣᠩᠭᠣᠯ ᠤᠯᠤᠰ ᠲᠠᠢ ᠬᠢᠯᠢ ᠨᠡᠶᠢᠯᠡᠨ ᠂ ᠵᠡᠭᠦᠨ ᠲᠠᠯ᠎ᠠ ᠪᠠᠷ ᠤᠯᠠᠭᠠᠨᠴᠠᠪ ᠠᠶᠢᠮᠠᠭ ᠪᠠ ᠲᠦᠮᠡᠳ ᠦᠨ ᠲᠠᠯ᠎ᠠ ᠳᠤ ᠬᠦᠷᠴᠦ ᠂ ᠡᠮᠦᠨ᠎ᠡ ᠲᠠᠯ᠎ᠠ ᠪᠠᠷ ᠪᠣᠷᠣᠲᠣᠬᠣᠢ ᠶᠢᠨ ᠲᠠᠯ᠎ᠠ ᠲᠤᠯᠤᠭᠰᠠᠨ ᠪᠠᠶᠢᠨ᠎ᠠ ᠃ ᠪᠠᠶᠠᠨᠨᠠᠭᠤᠷ ᠤᠨ ᠤᠷᠠᠳ ᠤᠨ ᠭᠤᠷᠪᠠᠨ ᠬᠣᠰᠢᠭᠤ ( ᠤᠷᠠᠳ ᠤᠨ ᠡᠮᠦᠨᠡᠲᠦ ᠬᠣᠰᠢᠭᠤ ᠂ ᠤᠷᠠᠳ ᠤᠨ ᠳᠤᠮᠳᠠᠳᠤ ᠬᠣᠰᠢᠭᠤ ᠪᠠ ᠤᠷᠠᠳ ᠤᠨ ᠬᠣᠶᠢᠲᠤ ᠬᠣᠰᠢᠭᠤ ) ᠬᠠᠩᠭᠢᠨ ᠬᠣᠶᠢᠲᠤ ᠬᠣᠰᠢᠭᠤ ᠪᠠ ᠪᠤᠭᠤᠲᠤ ᠬᠣᠲᠠ ᠶᠢᠨ ᠪᠠᠷᠠᠭᠤᠨ ᠲᠡᠭᠦᠷᠭᠡ ᠶᠢᠨ ᠬᠡᠰᠡᠭ  ᠭᠠᠵᠠᠷ   ᠢ ᠪᠠᠭᠲᠠᠭᠠᠵᠤ ᠂ ᠤᠷᠠᠳ ᠮᠣᠩᠭᠣᠯᠴᠤᠳ ᠤᠨ ᠥᠰᠥᠨ ᠲᠣᠷᠨᠢᠵᠤ ᠂ ᠥᠭᠡᠳᠡᠯᠡᠨ ᠬᠥᠭᠵᠢᠭᠰᠡᠨ ᠥᠯᠥᠭᠡᠢ ᠨᠤᠲᠤᠭ ᠪᠣᠯᠵᠠᠢ ᠃

ᠲᠡᠦᠬᠡᠨ ᠳᠡᠭᠡᠷ᠎ᠡ ᠤᠷᠠᠳ ᠪᠣᠯ ᠴᠢᠩᠭᠢᠰ ᠬᠠᠭᠠᠨ ᠤ ᠳᠡᠭᠦᠦ ᠬᠠᠪᠤᠲᠤ ᠬᠠᠰᠠᠷ ᠤᠨ ᠬᠣᠶᠢᠴᠢᠰ ᠤᠨ ᠡᠵᠡᠮᠰᠢᠯ ᠠᠶᠢᠮᠠᠭ ᠪᠠᠶᠢᠵᠤ ᠂ ᠤᠤᠯ ᠳᠠᠭᠠᠨ ᠬᠣᠷᠴᠢᠨ ᠠᠶᠢᠮᠠᠭ ᠤᠨ ᠨᠢᠭᠡ ᠬᠡᠰᠡᠭ  ᠨᠢ ᠪᠠᠶᠢᠵᠠᠢ ᠃ ᠮᠢᠩ ᠤᠯᠤᠰ ᠠᠴᠠ ᠡᠮᠦᠨ᠎ᠡ ᠂ ᠤᠷᠠᠳᠴᠤᠳ ᠬᠥᠯᠥᠨ ᠪᠣᠶᠢᠷ ᠤᠨ ᠲᠠᠯ᠎ᠠ ᠨᠤᠲᠤᠭ ᠤᠨ ᠬᠣᠶᠢᠲᠤ ᠬᠡᠰᠡᠭ ᠢᠶᠡᠷ ᠨᠡᠭᠦᠳᠡᠯᠯᠡᠨ ᠮᠠᠯᠵᠢᠵᠤ ᠂ ᠮᠢᠩ ᠦᠨ ᠵᠢᠶᠠ ᠵᠢᠩ ( 1521 ᠣᠨ  1566 ᠣᠨ ) ᠤ ᠦᠶ᠎ᠡ ᠳᠦ ᠬᠣᠷᠴᠢᠨᠴᠤᠳ ᠰᠤᠩᠭᠠᠷᠢ ᠮᠥᠷᠡᠨ ᠂ ᠨᠤᠨ ᠮᠥᠷᠡᠨ ᠦ ᠲᠠᠯ᠎ᠠ ᠭᠠᠵᠠᠷ ᠲᠤ ᠨᠡᠭᠦᠳᠡᠯᠯᠡᠨ ᠢᠷᠡᠵᠦ ᠂ 1633 ᠣᠨ ᠳᠤ ᠬᠣᠶᠢᠲᠤ ᠶᠢᠨ ᠤᠯᠤᠰ ᠤᠨ ᠬᠠᠷᠢᠶᠠᠲᠤ ᠪᠣᠯᠵᠤ ᠂ ᠡᠶᠡᠪᠡᠷ ᠵᠠᠰᠠᠭᠴᠢ ᠶᠢᠨ ᠲᠠᠪᠤᠳᠤᠭᠠᠷ ᠣᠨ ( 1648 ᠣᠨ ) ᠳᠤ ᠭᠤᠷᠪᠠᠨ ᠬᠣᠰᠢᠭᠤ ᠪᠣᠯᠤᠨ ᠬᠤᠪᠢᠶᠠᠭᠳᠠᠵᠤ ᠂ ᠪᠡᠯᠴᠢᠭᠡᠷ ᠨᠤᠲᠤᠭ  ᠨᠢ ᠡᠮᠦᠨᠡᠰᠢ ᠰᠢᠯᠵᠢᠭᠰᠡᠨ ᠪᠠᠶᠢᠨ᠎ᠠ ᠃ ᠴᠢᠩ ᠦᠨ ᠴᠡᠷᠢᠭ ᠪᠣᠭᠣᠮᠲᠠ ᠳᠤ ᠣᠷᠣᠭᠰᠠᠨ ᠤ ᠬᠣᠶᠢᠨ᠎ᠠ ᠬᠠᠯᠬ᠎ᠠ ᠶᠢᠨ ᠮᠣᠩᠭᠣᠯ ᠠᠶᠢᠮᠠᠭ ᠤᠨ ᠰᠦᠷᠳᠡᠭᠦᠯᠦᠯ ᠡᠴᠡ ᠰᠡᠷᠭᠡᠶᠢᠯᠡᠬᠦ ᠶᠢᠨ ᠲᠥᠯᠥᠭᠡ ᠂ ᠴᠢᠩ ᠦᠨ ᠵᠠᠰᠠᠭ ᠠᠴᠠ ᠤᠷᠠᠳᠴᠤᠳ ᠢ ᠪᠠᠷᠠᠭᠤᠨᠰᠢ ᠨᠡᠭᠦᠯᠭᠡᠵᠡᠢ ᠃ ᠡᠭᠦᠨ ᠡᠴᠡ ᠡᠬᠢᠯᠡᠨ ᠤᠷᠠᠳᠴᠤᠳ ᠪᠣᠷᠣᠲᠣᠬᠣᠢ ᠶᠢᠨ ᠬᠣᠶᠢᠲᠤ ᠬᠥᠪᠡᠭᠡ ᠶᠢᠨ ᠲᠠᠯ᠎ᠠ ᠨᠤᠲᠤᠭ ᠢᠶᠠᠷ ᠲᠣᠭᠲᠠᠨᠢᠵᠤ ᠰᠠᠭᠤᠷᠢᠰᠢᠭᠰᠠᠨ ᠪᠠᠶᠢᠨ᠎ᠠ ᠃ ᠥᠩᠭᠡᠷᠡᠭᠰᠡᠨ 300 ᠵᠢᠯ ᠦᠨ ᠲᠤᠷᠰᠢ ᠂ ᠤᠷᠠᠳᠴᠤᠳ ᠤᠯᠠᠮᠵᠢᠯᠠᠯᠲᠤ ᠨᠡᠭᠦᠳᠡᠯᠯᠡᠨ ᠮᠠᠯᠵᠢᠬᠤ ᠠᠮᠢᠳᠤᠷᠠᠯ ᠢᠶᠠᠨ ᠬᠢᠭᠰᠡᠭᠡᠷ ᠢᠷᠡᠵᠡᠢ ᠃ ᠴᠢᠯᠦᠭᠡᠯᠡᠭᠳᠡᠭᠰᠡᠨ ᠦ ᠳᠠᠷᠠᠭ᠎ᠠ ᠂ ᠡᠨᠳᠡᠬᠢ ᠬᠥᠮᠦᠨ ᠠᠮᠠ ᠨᠡᠮᠡᠭᠳᠡᠭᠰᠡᠨ ᠡᠴᠡ ᠂ ᠠᠭᠤᠯᠠ ᠶᠢᠨ ᠥᠪᠥᠷ ᠲᠡᠬᠢ ᠲᠠᠯ᠎ᠠ ᠭᠠᠵᠠᠷ  ᠨᠢ ᠠᠭᠠᠵᠢᠮ ᠢᠶᠠᠷ ᠲᠠᠷᠢᠶᠠᠨ ᠭᠠᠵᠠᠷ ᠪᠣᠯᠤᠭᠰᠠᠨ ᠪᠠᠶᠢᠵᠠᠢ ᠃ ᠣᠳᠣᠬᠠᠨ ᠳᠤ ᠠᠭᠤᠯᠠ ᠶᠢᠨ ᠠᠷᠤ ᠶᠢᠨ ᠤᠷᠠᠳᠴᠤᠳ ᠮᠠᠯ ᠠᠵᠤ ᠠᠬᠤᠢ ᠪᠠᠷ ᠭᠣᠣᠯᠯᠠᠵᠤ ᠂ ᠠᠭᠤᠯᠠ ᠶᠢᠨ ᠥᠪᠥᠷ ᠦᠨ ᠤᠷᠠᠳᠴᠤᠳ ᠬᠠᠷᠢᠨ ᠨᠡᠭᠦᠳᠡᠯᠯᠡᠨ ᠢᠷᠡᠭᠰᠡᠨ ᠬᠢᠲᠠᠳ ᠦᠨᠳᠦᠰᠦᠲᠡᠨ ᠲᠡᠢ ᠬᠣᠯᠢᠯᠳᠤᠨ ᠰᠠᠭᠤᠵᠤ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠵᠤ ᠠᠬᠤᠢ ᠡᠷᠬᠢᠯᠡᠵᠦ ᠪᠤᠢ ᠃

 

 

ᠬᠣᠶᠠᠷ ᠂ ᠤᠷᠠᠳ ᠠᠷᠠᠳ ᠤᠨ ᠳᠠᠭᠤᠤ ᠶᠢᠨ ᠲᠤᠬᠠᠢ

ᠤᠷᠠᠳᠴᠤᠳ ᠠᠷᠠᠳ ᠤᠨ ᠳᠠᠭᠤᠤ ᠪᠠᠨ ᠰᠢᠯᠦᠭ ᠳᠠᠭᠤᠤ ᠪᠠ ᠬᠤᠸᠠᠷ ᠳᠠᠭᠤᠤ ᠭᠡᠵᠦ ᠬᠣᠶᠠᠷ ᠲᠥᠷᠥᠯ ᠳᠦ ᠬᠤᠪᠢᠶᠠᠳᠠᠭ ᠃ ᠰᠢᠯᠦᠭ ᠳᠠᠭᠤᠤ ᠳᠤ ᠪᠠᠰᠠ ᠱᠠᠵᠢᠨ ᠲᠥᠷᠥ ᠪᠡᠨ ᠮᠠᠭᠲᠠᠨ ᠳᠠᠭᠤᠯᠠᠭᠰᠠᠨ ᠳᠠᠭᠤᠤ ᠂ ᠣᠷᠣᠨ ᠨᠤᠲᠤᠭ  ᠢᠶᠠᠨ ᠮᠠᠭᠲᠠᠨ ᠳᠠᠭᠤᠯᠠᠭᠰᠠᠨ ᠳᠠᠭᠤᠤ ᠂ ᠡᠴᠢᠭᠡ ᠡᠬᠡ ᠡᠯᠢᠭᠡᠨ ᠨᠤᠲᠤᠭ ᠢᠶᠠᠨ ᠮᠥᠷᠥᠭᠡᠳᠦᠨ ᠰᠠᠨᠠᠭᠰᠠᠨ ᠳᠠᠭᠤᠤ ᠂ ᠠᠬ᠎ᠠ ᠳᠡᠭᠦᠦ ᠨᠠᠶᠢᠵᠢ ᠰᠠᠳᠤᠨ ᠤ ᠨᠠᠶᠢᠷ ᠬᠠᠯᠠᠮᠵᠢ ᠶᠢ ᠤᠶᠠᠩᠭᠠᠯᠠᠨ ᠳᠠᠭᠤᠯᠠᠭᠰᠠᠨ ᠳᠠᠭᠤᠤ ᠂ ᠭᠦᠨ ᠤᠬᠠᠭᠠᠨ ᠠᠮᠢᠳᠤᠷᠠᠬᠤᠢ ᠶᠢᠨ ᠵᠦᠢ ᠶᠣᠰᠣ ᠶᠢ ᠰᠤᠷᠭᠠᠨ ᠰᠤᠷᠲᠠᠯᠴᠢᠯᠠᠭᠰᠠᠨ ᠳᠠᠭᠤᠤ ᠂ ᠠᠯᠢᠪᠠ ᠰᠠᠶᠢᠨ ᠰᠠᠶᠢᠬᠠᠨ ᠢᠶᠠᠨ ᠪᠠᠬᠠᠷᠬᠠᠨ ᠪᠠᠬᠠᠳᠤᠵᠤ ᠡᠷᠭᠦᠨ ᠳᠡᠭᠡᠵᠢᠯᠡᠭᠰᠡᠨ ᠳᠠᠭᠤᠤ ᠂ ᠠᠮᠢᠳᠤᠷᠠᠯ ᠤᠨ ᠠᠷᠭ᠎ᠠ ᠰᠣᠶᠣᠯ ᠮᠡᠳᠡᠯᠭᠡ ᠶᠢ ᠵᠢᠭᠠᠨ ᠰᠤᠷᠭᠠᠭᠰᠠᠨ ᠳᠠᠭᠤᠤ ᠂ ᠵᠠᠩ ᠦᠢᠯᠡ ᠶᠢᠨ ᠵᠠᠩ ᠵᠢᠷᠤᠮ ᠢ ᠰᠤᠷᠭᠠᠨ ᠴᠡᠭᠴᠡᠯᠡᠭᠰᠡᠨ ᠳᠠᠭᠤᠤ ᠵᠡᠷᠭᠡ ᠣᠯᠠᠨ ᠲᠥᠷᠥᠯ ᠢ ᠪᠠᠭᠲᠠᠭᠠᠭᠰᠠᠨ ᠪᠠᠶᠢᠳᠠᠭ ᠃ ᠰᠢᠯᠦᠭ ᠳᠠᠭᠤᠤ  ᠶᠢᠨ ᠠᠭᠤᠯᠭ᠎ᠠ  ᠨᠢ ᠲᠥᠪ ᠬᠢᠴᠢᠶᠡᠩᠭᠦᠢ ᠂ ᠬᠡᠪ ᠨᠠᠮᠪᠠ  ᠨᠢ ᠰᠢᠯᠤᠭᠤᠨ ᠪᠣᠷᠣᠭᠵᠢᠭᠤᠨ ᠂ ᠬᠡᠯᠪᠡᠷᠢ  ᠨᠢ ᠨᠠᠷᠢᠨ ᠨᠢᠭᠲᠠ ᠭᠣᠶᠢᠳᠠ ᠤᠷᠠᠨ ᠪᠠᠶᠢᠳᠠᠭ ᠃

ᠤᠷᠠᠳᠴᠤᠳ ᠰᠢᠯᠦᠭ ᠳᠠᠭᠤᠤ ᠪᠠᠨ ᠶᠡᠷᠦ  ᠨᠢ ᠨᠠᠶᠢᠷ ᠬᠤᠷᠢᠮ ᠳᠡᠭᠡᠷ᠎ᠡ ᠳᠠᠭᠤᠯᠠᠳᠠᠭ ᠃ ᠳᠠᠭᠤᠯᠠᠬᠤ ᠳᠠᠭᠠᠨ ᠳᠠᠭᠤᠤ  ᠪᠠᠨ ᠭᠤᠷᠪᠠ ᠭᠤᠷᠪᠠ ᠪᠠᠷ ᠳᠠᠭᠤᠯᠠᠳᠠᠭ ᠃ ᠶᠡᠷᠦᠳᠡᠭᠡᠨ ᠨᠠᠶᠢᠷ ᠤᠨ ᠡᠬᠢᠨ ᠳᠦ ︽ ᠴᠣᠭᠴᠠᠯᠠᠭᠰᠠᠨ ᠪᠤᠶᠠᠨ ︾ ᠂ ︽ ᠡᠷᠲᠡ  ᠶᠢᠨ ᠴᠠᠭᠠᠨ ᠢᠷᠥᠭᠡᠯ ᠪᠤᠶᠠᠨ ︾ ᠂ ︽ ᠦᠯᠡᠮᠵᠢ ᠶᠢᠨ ᠪᠤᠶᠠᠨ ︾ ᠵᠡᠷᠭᠡ ︽ ᠭᠤᠷᠪᠠᠨ ᠪᠤᠶᠠᠨ ︾ ᠢ ᠳᠠᠭᠤᠯᠠᠵᠤ ᠂ ᠳᠠᠷᠠᠭ᠎ᠠ  ᠳᠤᠨᠢ ︽ ᠡᠷᠬᠢᠮ ᠳᠡᠭᠡᠳᠦ ᠯᠠᠮᠠ ︾ ᠂ ︽ ᠡᠷᠬᠢᠮ ᠯᠠᠮᠠ ᠶᠢᠨ ᠠᠳᠢᠰ ︾ ᠂ ︽ ᠠᠴᠢ ᠲᠡᠭᠦᠰ ᠯᠠᠮᠠ ︾ ᠵᠡᠷᠭᠡ ᠭᠤᠷᠪᠠᠨ ︽ ᠯᠠᠮᠠ ︾ ᠶᠢ ᠳᠠᠭᠤᠯᠠᠳᠠᠭ ᠃ ᠡᠭᠦᠨ ᠢᠶᠡᠨ ᠵᠠᠯᠭᠠᠭᠠᠳ ︽ ᠪᠣᠷᠣᠩ ᠬᠠᠨ ᠤ ᠪᠤᠷᠭᠠᠰᠤ ︾ ᠂ ︽ ᠲᠣᠭᠲᠠ ᠭᠣᠣᠯ ᠤᠨ ᠤᠰᠤ ︾ ᠂ ︽ ᠵᠣᠭᠰᠣᠯᠲᠠ ᠦᠭᠡᠢ ᠭᠦᠶᠦᠭᠴᠢ ︾ ᠵᠡᠷᠭᠡ ᠳᠠᠭᠤᠤ ᠶᠢ ᠳᠠᠭᠤᠯᠠᠳᠠᠭ ᠃ ᠢᠩᠭᠢᠵᠦ ᠯᠠ ᠳᠣᠷᠣᠭᠰᠢ ᠪᠠᠨ ᠦᠷᠭᠦᠯᠵᠢᠯᠡᠨ ᠳᠠᠭᠤᠯᠠᠭᠠᠳ ᠯᠠ ᠪᠠᠶᠢᠳᠠᠭ ᠃ ᠭᠡᠬᠦ ᠳᠡᠭᠡᠨ ᠶᠠᠮᠠᠷ ᠨᠢᠭᠡᠨ ᠨᠠᠶᠢᠷ ᠤᠨ ᠰᠡᠳᠦᠪ ᠲᠦ ᠲᠤᠰᠬᠠᠶᠢᠯᠠᠭᠰᠠᠨ ᠳᠠᠭᠤᠤ ᠡᠷᠭᠦᠨ ᠳᠠᠭᠤᠯᠠᠳᠠᠭ ᠃ ᠵᠢᠱᠢᠶᠡᠯᠡᠪᠡᠯ ᠂ ᠡᠴᠢᠭᠡ ᠡᠬᠡ ᠠᠬᠠᠮᠠᠳ ᠦᠶ᠎ᠡ ᠳᠡᠭᠡᠨ ᠠᠷᠢᠬᠢ ᠪᠠᠷᠢᠬᠤ ᠦᠶ᠎ᠡ ᠳᠦ ︽ ᠠᠷᠤᠨ ᠲᠠᠯ᠎ᠠ ᠶᠢᠨ ᠠᠷᠴᠠ ︾ ᠂ ︽ ᠲᠠᠯ᠎ᠠ ᠳᠤᠭᠤᠢ ᠰᠠᠷᠠ ︾ ᠂ ︽ ᠰᠠᠶᠢᠷ ᠪᠤᠯᠠᠭ ᠤᠨ ᠤᠰᠤ ︾ ᠵᠡᠷᠭᠡ ᠳᠠᠭᠤᠤ ᠶᠢ ᠡᠷᠭᠦᠨ ᠂ ᠤᠭᠤᠴᠠ ᠰᠢᠭᠦᠰᠦ ᠲᠠᠯᠪᠢᠬᠤ ᠦᠶ᠎ᠡ ᠲᠤᠰᠬᠠᠶᠢᠯᠠᠨ ︽ ᠤᠭᠤᠴᠠ ᠶᠢᠨ ᠳᠠᠭᠤᠤ ︾ ᠭᠡᠵᠦ ᠳᠠᠭᠤᠯᠠᠳᠠᠭ ᠃ ᠨᠠᠶᠢᠷ ᠥᠨᠳᠥᠷᠯᠡᠬᠦ ᠦᠶ᠎ᠡ ᠳᠦ ᠬᠠᠷᠢᠨ ︽ ᠠᠯᠲᠠᠢ ᠬᠠᠩᠭᠠᠢ ︾ ᠭᠡᠳᠡᠭ ᠳᠠᠭᠤᠤ ᠶᠢ ᠳᠠᠭᠤᠯᠠᠵᠤ ᠂ ᠵᠣᠴᠢᠳ ᠢᠶᠠᠨ ᠦᠳᠡᠨ ᠮᠣᠷᠳᠠᠭᠤᠯᠳᠠᠭ ᠃

ᠳᠠᠭᠤᠤ ᠪᠦᠷᠢ ᠶᠢᠨ ᠠᠷᠤ ᠳᠤ ᠪᠤᠶᠤ ᠂ ᠤᠷᠲᠤ ᠰᠢᠭ᠍ ᠳᠠᠭᠤᠤ ᠶᠢᠨ ᠪᠠᠳᠠᠭ ᠪᠦᠷᠢ ᠶᠢᠨ ᠬᠣᠭᠣᠷᠣᠨᠳᠣ  ᠨᠢ ᠲᠦᠷᠡᠯᠭᠡ ᠳᠠᠭᠤᠯᠠᠳᠠᠭ ᠃

ᠲᠦᠷᠡᠯᠭᠡ ᠭᠡᠵᠦ ᠳᠠᠭᠤᠤ ᠶᠢᠨ ᠳᠠᠷᠠᠭ᠎ᠠ ᠳᠠᠭᠤᠯᠠᠳᠠᠭ ᠬᠡᠪᠰᠢᠭᠰᠡᠨ ᠬᠡᠯᠪᠡᠷᠢ ᠪᠦᠬᠦᠢ ᠳᠠᠭᠤᠤ ᠶᠢ ᠬᠡᠯᠡᠨ᠎ᠡ ᠃ ᠮᠣᠩᠭᠣᠯ ᠶᠠᠷᠢᠶᠠᠨ ᠤ ᠬᠡᠯᠡᠨ ᠳᠦ ︽ ᠲᠦᠷᠡᠯᠭᠡ ︾ ᠶᠢᠨ ᠢᠵᠠᠭᠤᠷ ︽ ᠲᠦᠷ‍᠊ ︾  ᠨᠢ ᠭᠤᠷᠪᠠᠨ ᠲᠠᠯ᠎ᠠ ᠶᠢᠨ ᠠᠭᠤᠯᠭ᠎ᠠ ᠪᠠᠭᠲᠠᠭᠠᠵᠤ ᠪᠠᠶᠢᠨ᠎ᠠ ᠄ ᠨᠢᠭᠡ  ᠨᠢ ︽ ᠲᠦᠷᠢᠨ ᠣᠷᠣᠭᠰᠠᠨ ︾ ᠂ ᠨᠥᠭᠥᠭᠡ  ᠨᠢ ︽ ᠲᠥᠷᠥᠵᠦ ︾ ᠭᠡᠵᠦ ᠂ ᠪᠠᠰᠠ ᠨᠢᠭᠡ  ᠨᠢ ︽  ᠲᠦᠷ ᠵᠠᠭᠤᠷ᠎ᠠ ︾ ᠭᠡᠬᠦ ᠤᠳᠬ᠎ᠠ ᠪᠤᠢ ᠃ ︽ ᠲᠦᠷ‍᠊ ︾ ᠭᠡᠬᠦ ᠦᠭᠡ ᠶᠢᠨ ᠬᠡᠳᠦᠨ ᠵᠦᠢᠯ ᠦᠨ ᠤᠳᠬ᠎ᠠ ᠢᠯᠡᠷᠡᠯ  ᠨᠢ ᠮᠣᠩᠭᠣᠯ ᠨᠠᠶᠢᠷ ᠤᠨ ᠲᠦᠷᠡᠯᠭᠡ ᠶᠢᠨ ᠣᠯᠠᠨ ᠡᠰᠢᠲᠦ ᠵᠠᠩ ᠦᠢᠯᠡ ᠶᠢᠨ ᠤᠳᠬ᠎ᠠ ᠰᠠᠨᠠᠭ᠎ᠠ ᠶᠢ ᠲᠤᠰᠬᠠᠵᠤ ᠪᠠᠶᠢᠳᠠᠭ ᠃ ᠨᠠᠶᠢᠷ ᠤᠨ ᠳᠠᠭᠤᠤ ᠳᠠᠭᠤᠯᠠᠬᠤ ᠳᠤ ᠂ ᠡᠩ ᠲᠡᠷᠢᠭᠦᠨ ᠳᠦ ᠂ ᠳᠠᠭᠤᠴᠢᠳ ᠨᠢᠭᠡ ᠡᠬᠢ ᠳᠠᠭᠤᠤ ᠡᠷᠭᠦᠵᠦ ᠪᠠᠷᠠᠭᠰᠠᠨ ᠤ ᠳᠠᠷᠠᠭ᠎ᠠ ᠂ ᠨᠠᠶᠢᠷ  ᠲᠤ ᠣᠷᠣᠯᠴᠠᠭᠰᠠᠳ ᠪᠦᠭᠦᠳᠡᠭᠡᠷ ᠢᠶᠡᠨ ᠲᠡᠷᠡ ᠳᠠᠷᠤᠢ ᠳᠤᠨᠢ ᠲᠦᠷᠡᠯᠭᠡ ᠵᠠᠯᠭᠠᠨ ᠳᠠᠭᠤᠯᠠᠳᠠᠭ ᠃ ᠲᠦᠷᠡᠯᠭᠡ ᠶᠢ ᠳᠠᠭᠤᠯᠠᠵᠤ ᠪᠠᠷᠠᠪᠠᠯ ᠳᠠᠭᠤᠴᠢᠨ ᠠᠴᠠ ᠳᠠᠷᠤᠢ ᠳᠤᠨᠢ ᠲᠠᠬᠢᠨ ᠬᠣᠶᠠᠳᠤᠭᠠᠷ ᠳᠠᠭᠤᠤ ᠪᠠᠨ ᠵᠠᠯᠭᠠᠨ ᠡᠬᠢᠯᠡᠭᠦᠯᠳᠡᠭ ᠃ ᠡᠶᠢᠮᠦ ᠡᠴᠡ ᠲᠦᠷᠡᠯᠭᠡ ᠪᠣᠯ ᠬᠣᠶᠠᠷ ᠳᠠᠭᠤᠤ ᠶᠢᠨ ᠬᠣᠭᠣᠷᠣᠨᠳᠣ ᠲᠦᠷᠢᠨ ᠰᠢᠭᠢᠳᠴᠦ ᠣᠷᠣᠭᠰᠠᠨ ᠬᠡᠰᠡᠭ ᠪᠣᠯᠤᠨ᠎ᠠ ᠃ ᠳᠠᠷᠠᠭ᠎ᠠ ᠳᠤᠨᠢ ᠂ ᠲᠦᠷᠡᠯᠭᠡ ᠶᠢᠨ ᠦᠢᠯᠡᠳᠦᠯ ᠪᠣᠯ ᠡᠮᠦᠨᠡᠬᠢ ᠳᠠᠭᠤᠤ ᠶᠢ ᠡᠯᠭᠦᠨ ᠠᠪᠴᠤ ᠂ ᠬᠣᠶᠢᠨᠠᠬᠢ ᠳᠠᠭᠤᠤ ᠶᠢ ᠰᠠᠳᠤᠨ ᠡᠬᠢᠯᠡᠭᠦᠯᠳᠡᠭ ᠵᠠᠯᠭᠠᠯ ᠤᠨ ᠬᠡᠰᠡᠭ ᠪᠣᠯᠤᠨ᠎ᠠ ᠃ ᠭᠤᠷᠪᠠᠳᠤᠭᠠᠷ ᠲᠤ ᠂ ᠭᠣᠣᠯ ᠳᠠᠭᠤᠤ ᠲᠠᠢ ᠬᠠᠷᠢᠴᠠᠭᠤᠯᠪᠠᠯ ᠲᠦᠷᠡᠯᠭᠡ ᠪᠣᠯ ᠳᠠᠭᠠᠯᠳᠤᠭᠤᠯᠤᠯ ᠤᠨ ᠬᠡᠰᠡᠭ ᠪᠣᠯᠤᠭᠰᠠᠨ ᠳᠡᠳ᠋ᠯᠡᠬᠦ ᠪᠠᠶᠢᠷᠢᠨ ᠳᠤ ᠣᠷᠣᠰᠢᠵᠤ ᠂ ᠵᠥᠪᠬᠡᠨ ᠳᠠᠭᠤᠤ ᠪᠣᠯᠤᠨ ᠳᠠᠭᠤᠤ ᠶᠢᠨ ᠬᠣᠭᠣᠷᠣᠨᠳᠣ  ᠲᠦᠷ ᠴᠠᠭ ᠬᠠᠪᠴᠢᠭᠤᠯᠤᠨ ᠣᠷᠣᠭᠤᠯᠤᠭᠰᠠᠨ ᠬᠠᠷᠢᠶᠠᠲᠤ ᠪᠦᠲᠦᠴᠡ ᠶᠢᠨ ᠬᠡᠰᠡᠭ ᠪᠣᠯᠤᠨ᠎ᠠ ᠃

ᠮᠣᠩᠭᠣᠯᠴᠤᠳ ᠤᠨ ᠡᠯ᠎ᠡ ᠨᠤᠲᠤᠭ ᠣᠷᠤᠨ ᠳᠤ ᠪᠦ᠍ᠷ ᠥᠪᠡᠷ ᠥᠪᠡᠷ ᠦᠨ ᠣᠨᠴᠠᠯᠢᠭ ᠪᠦᠬᠦᠢ ᠨᠠᠶᠢᠷ ᠤᠨ ᠲᠦᠷᠡᠯᠭᠡ ᠭᠡᠵᠦ ᠪᠠᠶᠢᠳᠠᠭ ᠪᠥᠭᠡᠳ ᠂ ᠨᠢᠭᠡ ᠭᠠᠵᠠᠷ ᠣᠷᠣᠨ ᠳᠤ ᠶᠡᠷᠦᠳᠡᠭᠡᠨ ᠨᠢᠭᠡᠯᠬᠡᠨ ᠲᠣᠭᠲᠠᠭᠰᠠᠨ ᠡᠬᠢ ᠪᠠᠶᠢᠳᠠᠭ ᠃ ᠲᠡᠷᠡ ᠪᠣᠯ ᠳᠡᠭᠡᠷ᠎ᠡ ᠳᠣᠣᠷ᠎ᠠ ᠬᠣᠶᠠᠷ ᠬᠥᠭᠵᠢᠮ ᠦᠨ ᠥᠭᠦᠯᠡᠪᠦᠷᠢ ᠪᠡᠷ ᠪᠦᠷᠢᠯᠳᠦᠭᠰᠡᠨ ᠤᠷᠲᠤ ᠶᠢᠨ ᠳᠠᠭᠤᠤ ᠶᠢᠨ ᠬᠡᠪ ᠨᠠᠮᠪᠠ ᠪᠦᠬᠦᠢ ᠠᠶᠠᠯᠬᠤᠢ ᠪᠣᠯᠤᠨ᠎ᠠ ᠃ ᠦᠭᠡ  ᠨᠢ ︽ ᠵᠢᠷᠭᠠᠶ᠎ᠠ ︾ ᠂ ︽ ᠨᠠᠶᠢᠷᠯᠠᠶ᠎ᠠ ︾ ᠂ ︽ ᠴᠡᠩᠭᠡᠶ᠎ᠡ ︾ ᠭᠡᠬᠦ ᠦᠭᠡᠰ ᠪᠠᠶᠢᠬᠤ ᠠᠴᠠ ᠭᠠᠳᠠᠨ᠎ᠠ ᠂ ᠣᠯᠠᠩᠬᠢ ᠳᠠᠭᠤᠯᠠᠬᠤ ᠦᠭᠡᠰ  ᠨᠢ ᠪᠦᠷ ᠬᠡᠶᠢᠰᠪᠦᠷᠢ ᠦᠭᠡ ᠪᠣᠯᠤᠨ᠎ᠠ ᠃ ᠵᠢᠱᠢᠶᠡᠯᠡᠪᠡᠯ ᠂ ︽ ᠠᠶᠠᠨ ᠵᠣᠬᠠᠢ ︾ ᠂ ︽ ᠠᠶᠠᠨ᠎ᠠ ᠸᠠᠢᠢᠲᠤ  ᠵᠠᠢ ︾ ᠭᠡᠬᠦ ᠮᠡᠲᠦ ᠃ ᠵᠠᠷᠢᠮ ᠭᠠᠵᠠᠷ ᠲᠤ ︽ ᠠ ᠂ ᠠ᠋ ᠂ ᠢ ᠂ ᠡᠦ‍ ᠂ ᠡᠦ‍ ︾ ᠵᠡᠷᠭᠡ ᠴᠠᠭᠠᠨ ᠲᠣᠯᠣᠭᠠᠢ  ᠪᠠᠷ ᠠᠶᠠᠯᠭᠤᠯᠤᠨ ᠲᠦᠷᠡᠳᠡᠭ ᠴᠣ ᠪᠤᠢ ᠃ ᠲᠦᠷᠡᠯᠭᠡ ᠶᠢᠨ ᠠᠶ᠎ᠠ  ᠨᠢ ᠰᠥᠷ ᠳᠠᠯᠠᠶᠢᠴᠠ ᠲᠠᠢ ᠂ ᠬᠠᠨᠠᠭᠠᠷ ᠠᠭᠤᠳᠠᠮ ᠪᠠᠶᠢᠵᠤ ᠂ ᠤᠷᠮ᠎ᠠ ᠵᠣᠷᠢᠭ ᠢᠶᠠᠷ ᠬᠠᠯᠠᠭᠤᠨ ᠪᠢᠯᠬᠠᠮ᠎ᠠ ᠂ ᠬᠡᠪ ᠨᠠᠮᠪᠠ ᠪᠠᠷ ᠲᠥᠪ ᠶᠡᠬᠡᠮᠰᠦᠭ ᠪᠠᠶᠢᠵᠤ ᠂ ᠢᠷᠥᠭᠡᠯ ᠳᠠᠭᠠᠳᠬᠠᠯ ᠂ ᠪᠦᠯᠬᠦᠮᠳᠡᠯ ᠨᠢᠭᠲᠠᠷᠠᠯ ᠵᠡᠷᠭᠡ ᠰᠡᠳᠦᠪ ᠰᠠᠨᠠᠭ᠎ᠠ ᠲᠠᠢ ᠪᠠᠶᠢᠳᠠᠭ ᠃ ᠲᠦᠷᠡᠯᠭᠡ ᠶᠢ ᠶᠡᠷᠦ  ᠨᠢ ᠠᠳᠠᠯᠢ ᠪᠤᠰᠤ ᠠᠶ᠎ᠠ ᠳᠠᠭᠤᠤ ᠶᠢᠨ ᠳᠠᠷᠠᠭ᠎ᠠ ᠵᠠᠯᠭᠠᠳᠠᠭ ᠤᠴᠢᠷ ᠠᠴᠠ ᠂ ᠲᠡᠷᠡ  ᠨᠢ ᠶᠡᠷᠦᠳᠡᠭᠡᠨ ᠵᠠᠯᠭᠠᠵᠤ ᠪᠠᠶᠢᠭ᠎ᠠ ᠳᠠᠭᠤᠤ ᠲᠠᠢ ᠪᠠᠨ ᠬᠥᠭ ᠠᠶᠠᠯᠭᠤ ᠶᠢᠨ ᠲᠠᠯ᠎ᠠ ᠪᠠᠷ ᠬᠠᠷᠢᠴᠠᠭᠤᠯᠤᠯ ᠠᠳᠠᠯᠢᠳᠬᠠᠯ ᠪᠣᠯᠳᠠᠭ ᠃ ᠨᠠᠶᠢᠷ ᠤᠨ ᠲᠦᠷᠡᠯᠭᠡ  ᠨᠢ ᠳᠡᠭᠡᠷᠡᠬᠢ ᠳᠠᠭᠤᠤ ᠶᠢ ᠵᠠᠯᠭᠠᠨ ᠠᠪᠴᠤ ᠂ ᠳᠣᠣᠷᠠᠬᠢ ᠳᠠᠭᠤᠤ ᠶᠢ ᠡᠬᠢᠯᠡᠭᠦᠯᠵᠦ ᠡᠭᠦᠰᠬᠡᠬᠦ ᠪᠡᠷ ᠳᠠᠮᠵᠢᠨ ᠂ ᠳᠠᠭᠤᠤ ᠪᠦᠬᠦᠨ ᠢ ᠲᠣᠭᠲᠠᠭᠰᠠᠨ ᠲᠠᠰ ᠳᠠᠷᠠᠭᠠᠯᠠᠯ ᠢᠶᠠᠷ ᠤᠭᠰᠠᠷᠠᠨ ᠬᠣᠯᠪᠣᠵᠤ ᠂ ᠨᠠᠶᠢᠷ ᠤᠨ ᠶᠠᠪᠤᠴᠠ ᠲᠠᠢ ᠪᠠᠨ ᠨᠢᠭᠲᠠ ᠠᠪᠴᠠᠯᠳᠤᠭᠰᠠᠨ ᠂ ᠮᠤᠨᠳᠠᠭ ᠤᠷᠲᠤ ᠨᠠᠶᠢᠷ ᠤᠨ ᠳᠠᠭᠤᠤ ᠶᠢᠨ ᠨᠢᠭᠡᠳᠦᠮᠡᠯ ᠴᠣᠭᠴᠠ ᠶᠢ ᠵᠣᠬᠢᠶᠠᠨ ᠪᠠᠶᠢᠭᠤᠯᠳᠠᠭ ᠪᠠᠶᠢᠨ᠎ᠠ ᠃ ᠲᠦᠷᠡᠯᠭᠡ ᠪᠣᠯ ᠲᠤᠰᠠᠭᠠᠷᠯᠠᠭᠰᠠᠨ ᠳᠠᠭᠤᠤ ᠪᠢᠰᠢ ᠪᠠᠶᠢᠵᠤ ᠂ ᠬᠠᠷᠢᠨ ᠪᠤᠰᠤᠳ ᠳᠠᠭᠤᠤ ᠲᠠᠢ ᠬᠠᠷᠢᠯᠴᠠᠨ ᠬᠣᠯᠪᠣᠭ᠎ᠠ ᠲᠠᠢ ᠨᠢᠭᠡᠨ ᠰᠢᠰᠲ᠋ᠧᠮ ᠪᠣᠯᠤᠨ᠎ᠠ ᠃ ᠬᠥᠮᠦᠰ ᠦᠨ ᠬᠡᠯᠡᠳᠡᠭ ︽ ᠨᠢᠭᠡ ᠲᠦᠷᠡᠯᠭᠡ ᠳᠠᠭᠤᠤ ︾ ᠪᠣᠯ ᠨᠢᠭᠡᠨ ᠡᠬᠢ ᠳᠠᠭᠤᠤ ᠳᠠᠭᠤᠯᠠᠬᠤ ᠶᠢ ᠵᠢᠭᠠᠵᠤ ᠪᠠᠶᠢᠳᠠᠭ ( ᠶᠡᠷᠦ ᠶᠢᠨ ᠪᠠᠶᠢᠳᠠᠯ ᠳᠣᠣᠷ᠎ᠠ ︽ ᠨᠢᠭᠡ ᠡᠬᠢ ᠳᠠᠭᠤᠤ + ᠲᠦᠷᠡᠯᠭᠡ ︾ ᠪᠣᠯᠤᠨ᠎ᠠ ) ᠃ ᠵᠠᠷᠢᠮ ᠭᠠᠵᠠᠷ ᠲᠤ ᠨᠢᠭᠡ ᠡᠬᠢ ᠳᠠᠭᠤᠤ ᠶᠢᠨ ᠣᠯᠠᠨ ᠪᠠᠳᠠᠭ ᠦᠭᠡ ᠶᠢ ᠬᠡᠳᠦᠨ ᠬᠡᠰᠡᠭ ᠪᠣᠯᠭᠠᠨ ᠬᠤᠪᠢᠶᠠᠵᠤ ᠂ ᠬᠡᠰᠡᠭ ᠪᠦᠷᠢ ᠶᠢᠨ ᠬᠣᠶᠢᠨ᠎ᠠ  ᠨᠢ ᠲᠦᠷᠡᠯᠭᠡ ᠵᠠᠯᠭᠠᠳᠠᠭ ᠃ ᠡᠨᠡ  ᠨᠢ ᠮᠥᠨ ᠴᠣ ᠳᠡᠭᠡᠷᠡᠬᠢ ᠪᠦᠲᠦᠴᠡ ᠶᠢᠨ ᠵᠠᠷᠴᠢᠮ ᠲᠠᠢ ᠨᠡᠶᠢᠴᠡᠭᠰᠡᠨ ᠪᠠᠶᠢᠨ᠎ᠠ ᠃ ᠨᠥᠭᠥᠭᠡ ᠲᠠᠯ᠎ᠠ ᠪᠠᠷ ᠨᠠᠶᠢᠷ ᠲᠤ ᠣᠷᠣᠯᠴᠠᠭᠰᠠᠨ ᠬᠥᠮᠦᠨ ᠪᠦᠬᠦᠨ ᠲᠦᠷᠡᠯᠭᠡ ᠳᠠᠭᠤᠯᠠᠬᠤ ᠪᠠᠷ ᠳᠠᠮᠵᠢᠨ ᠨᠠᠶᠢᠷ ᠢᠶᠠᠨ ᠲᠠᠰᠤᠷᠠᠯ ᠦᠭᠡᠢ ᠪᠡᠷ ᠦᠷᠭᠦᠯᠵᠢᠯᠡᠭᠦᠯᠵᠦ ᠂ ᠨᠠᠶᠢᠷ ᠤᠨ ᠵᠣᠷᠢᠭ ᠢ ᠪᠠᠳᠠᠷᠠᠭᠤᠯᠤᠨ ᠂ ᠨᠠᠶᠢᠷ ᠢ ᠬᠥᠭᠵᠢᠭᠡᠵᠦ ᠂ ᠰᠡᠳᠬᠢᠯ ᠢ ᠬᠥᠭᠰᠡᠭᠡᠨ ᠂ ᠪᠦᠯᠬᠦᠮᠳᠡᠯ ᠨᠢᠭᠲᠠᠷᠠᠯ ᠵᠣᠷᠢᠭ ᠰᠠᠨᠠᠭ᠎ᠠ ᠪᠠᠨ ᠲᠣᠪᠣᠶᠢᠯᠭᠠᠳᠠᠭ ᠪᠠᠶᠢᠨ᠎ᠠ ᠃

ᠬᠤᠸᠠᠷ ᠳᠠᠭᠤᠤ ᠭᠡᠳᠡᠭ  ᠨᠢ ᠢᠨᠠᠭ ᠬᠠᠶᠢᠷ᠎ᠠ ᠶᠢᠨ ᠳᠠᠭᠤᠤ ᠂ ᠱᠣᠭ ᠶᠦᠮᠦᠷᠯᠢᠭ ᠳᠠᠭᠤᠤ ᠂ ᠦᠯᠢᠭᠡᠷᠲᠦ ᠳᠠᠭᠤᠤ ᠂ ᠠᠮᠢᠳᠤᠷᠠᠯ ᠤᠨ ᠳᠠᠭᠤᠤ ᠂ ᠵᠠᠩ ᠬᠡᠪᠰᠢᠯ ᠦᠨ ᠳᠠᠭᠤᠤ ᠵᠡᠷᠭᠡ ᠶᠢ ᠪᠠᠭᠲᠠᠭᠠᠵᠤ ᠂ ᠬᠡᠯᠪᠡᠷᠢ  ᠨᠢ ᠵᠢᠵᠢᠭ ᠠᠪᠰᠠᠷᠬᠠᠨ ᠂ ᠴᠣᠪᠣᠭᠣ ᠳᠡᠭᠵᠢᠨ ᠬᠡᠪ ᠨᠠᠮᠪᠠ ᠲᠠᠢ ᠳᠠᠭᠤᠤ ᠶᠢ ᠶᠠᠷᠢᠳᠠᠭ ᠃ ᠬᠤᠸᠠᠷ ᠳᠠᠭᠤᠤ ᠪᠣᠯ ᠰᠢᠯᠦᠭ ᠳᠠᠭᠤᠤ ᠲᠠᠢ ᠠᠳᠠᠯᠢ ᠦᠭᠡᠢ ᠂ ᠲᠡᠭᠦᠨ ᠢ ᠨᠠᠶᠢᠷ ᠬᠤᠷᠢᠮ ᠳᠡᠭᠡᠷ᠎ᠡ ᠳᠤᠷ᠎ᠠ ᠳᠠᠪᠠ ᠪᠠᠷ ᠢᠶᠠᠨ ᠳᠠᠭᠤᠯᠠᠳᠠᠭ ᠦᠭᠡᠢ ᠶᠤᠮ ᠃

 

 

ᠭᠤᠷᠪᠠ ᠂ ᠠᠶᠠᠰ ᠤᠨ ᠵᠠᠳᠠᠯᠤᠯᠲᠠ

ᠰᠢᠯᠦᠭ ᠳᠠᠭᠤᠤ ᠶᠢᠨ ᠣᠯᠠᠩᠬᠢ  ᠨᠢ ᠤᠷᠲᠤ ᠶᠢᠨ ᠳᠠᠭᠤᠤ ᠶᠢᠨ ᠬᠡᠪ ᠬᠡᠯᠪᠡᠷᠢ ᠲᠡᠢ ᠪᠠᠶᠢᠵᠤ ᠂ ᠬᠤᠸᠠᠷ ᠳᠠᠭᠤᠤ  ᠨᠢ ᠬᠠᠷᠢᠨ ᠪᠠᠷᠤᠭ ᠪᠦᠷ ᠪᠣᠭᠣᠨᠢ ᠳᠠᠭᠤᠤ ᠪᠠᠶᠢᠳᠠᠭ ᠃ ᠠᠩᠬᠠᠷᠤᠭᠤᠰᠢᠲᠠᠢ  ᠨᠢ ᠂ ᠰᠢᠯᠦᠭ ᠳᠠᠭᠤᠤ ᠶᠢᠨ ᠲᠣᠳᠣᠷ᠎ᠠ ᠮᠥᠨ ᠪᠣᠭᠣᠨᠢ ᠳᠠᠭᠤᠤ ᠪᠠᠭᠲᠠᠳᠠᠭ ᠃ ᠣᠳᠣ ᠮᠠᠨ ᠤ ᠰᠣᠨᠢᠷᠬᠠᠬᠤ ᠭᠡᠵᠦ ᠪᠠᠶᠢᠭ᠎ᠠ ︽ ᠰᠦᠮᠪᠦᠷ ᠠᠭᠤᠯᠠ ︾ ᠪᠣᠯ ᠳᠠᠷᠤᠢ ᠪᠣᠭᠣᠨᠢ ᠳᠠᠭᠤᠤ ᠶᠢᠨ ᠬᠡᠯᠪᠡᠷᠢ ᠲᠡᠢ ᠰᠢᠯᠦᠭ ᠳᠠᠭᠤᠤ ᠪᠣᠯᠤᠨ᠎ᠠ ᠃

ᠲᠤᠰ ᠳᠠᠭᠤᠤ ᠶᠢᠨ ᠦᠭᠡ  ᠨᠢ ᠨᠠᠶᠢᠳᠠ ᠬᠣᠷᠢᠨ ᠳᠥᠷᠪᠡᠨ ᠪᠠᠳᠠᠭ ᠪᠠᠶᠢᠵᠤ ᠂ ᠥᠯᠥᠭᠡᠢ ᠨᠤᠲᠤᠭ ᠤᠨ ᠢᠶᠠᠨ ᠤᠯᠠᠮᠵᠢᠯᠠᠯᠲᠤ ᠰᠠᠶᠢᠨ ᠰᠠᠶᠢᠬᠠᠨ ᠵᠠᠩ ᠵᠠᠩᠰᠢᠯ ᠂ ᠠᠵᠠ ᠵᠢᠷᠭᠠᠯᠠᠩᠲᠤ ᠠᠮᠢᠳᠤᠷᠠᠯᠠᠬᠤᠢ ᠪᠠᠨ ᠮᠠᠭᠲᠠᠨ ᠂ ᠨᠥᠬᠥᠷᠯᠡᠯ ᠂ ᠢᠨᠠᠭ ᠳᠤᠷᠠᠯᠠᠯ ᠵᠡᠷᠭᠡ ᠰᠠᠶᠢᠨ ᠰᠠᠶᠢᠬᠠᠨ ᠢ ᠮᠠᠭᠲᠠᠨ ᠳᠠᠭᠤᠯᠠᠭᠰᠠᠨ ᠪᠠᠶᠢᠨ᠎ᠠ ᠃ ᠬᠣᠶᠠᠷ ᠮᠥᠷ ᠰᠢᠯᠦᠭ  ᠨᠢ ᠨᠢᠭᠡ ᠪᠠᠳᠠᠭ ᠪᠣᠯᠤᠨ ᠪᠦᠷᠢᠯᠳᠦᠵᠦ ᠂ ᠲᠣᠯᠣᠭᠠᠢ ᠬᠣᠯᠪᠣᠴᠠ ᠶᠢ ᠠᠰᠢᠭᠯᠠᠨ ᠂ ᠮᠥᠷ ᠪᠦᠷᠢ  ᠨᠢ  ᠪᠦᠷ ︽ ᠰᠠᠶᠢᠬᠠᠨ ︾ ᠭᠡᠳᠡᠭ ᠦᠭᠡ ᠪᠡᠷ ᠰᠡᠭᠦᠯ ᠬᠤᠷᠢᠶᠠᠭᠰᠠᠨ ᠠᠴᠠ ᠂ ᠨᠠᠶᠢᠳᠠ ᠳᠥᠴᠢᠨ ᠨᠠᠢᠮᠠᠨ ︽ ᠰᠠᠶᠢᠬᠠᠨ ︾ ᠢ ᠳᠠᠷᠠᠭᠠᠯᠠᠨ ᠵᠢᠭᠰᠠᠭᠠᠭᠰᠠᠨ ᠪᠠᠶᠢᠨ᠎ᠠ ᠃

ᠦᠭᠡ ᠶᠢᠨ ᠪᠠᠳᠠᠭ ᠪᠠ ᠠᠶ᠎ᠠ ᠶᠢᠨ ᠪᠠᠳᠠᠭ ᠤᠨ ᠬᠣᠭᠣᠷᠣᠨᠳᠣ ︽ ᠨᠢᠭᠡ ︱  ᠨᠢᠭᠡ ︾ ᠪᠡᠷ ᠵᠣᠬᠢᠴᠠᠯᠳᠤᠵᠤ ᠂ ᠨᠢᠭᠡ ᠪᠠᠳᠠᠭ ᠦᠭᠡ ᠪᠡᠨ ᠨᠢᠭᠡ ᠤᠳᠠᠭ᠎ᠠ ᠶᠢᠨ ᠠᠶ᠎ᠠ ᠳᠡᠭᠡᠷ᠎ᠡ ᠳᠠᠭᠤᠯᠠᠵᠤ ᠳᠠᠭᠤᠰᠬᠠᠳᠠᠭ ᠃ ᠳᠠᠭᠤᠤ ᠶᠢᠨ ᠠᠶ᠎ᠠ  ᠨᠢ ᠳᠡᠭᠡᠷ᠎ᠡ ᠳᠣᠣᠷ᠎ᠠ ᠬᠣᠶᠠᠷ ᠬᠥᠭᠵᠢᠮ ᠦᠨ ᠥᠭᠦᠯᠡᠪᠦᠷᠢ ᠪᠡᠷ ᠪᠦᠷᠢᠯᠳᠦᠵᠦ ᠂ ᠳᠡᠭᠡᠷ᠎ᠡ ᠥᠭᠦᠯᠡᠪᠦᠷᠢ  ᠨᠢ ᠬᠥᠩᠳᠠᠭᠤᠨ ᠳᠡᠭᠡᠷ᠎ᠡ ᠴᠢᠬᠢᠯᠡᠵᠦ ᠂ ᠳᠣᠣᠷ᠎ᠠ ᠥᠭᠦᠯᠡᠪᠦᠷᠢ  ᠨᠢ ᠵᠢᠳᠠᠭᠤᠨ ᠢᠶᠠᠷ ᠲᠡᠭᠦᠰᠴᠦ ᠬᠣᠭᠣᠷᠣᠨᠳᠣ ᠪᠠᠨ ︽ ᠬᠠᠷᠢᠶ᠎ᠠ ︱ ᠭᠣᠣᠯ ︾ ᠤᠨ ᠠᠪᠤᠯᠴᠠᠭ᠎ᠠ ᠠᠪᠴᠠᠢ ᠃ ᠬᠥᠭᠵᠢᠮ ᠦᠨ ᠥᠭᠦᠯᠡᠪᠦᠷᠢ ᠪᠦᠷᠢ  ᠨᠢ ᠡᠮᠦᠨ᠎ᠡ ᠬᠣᠶᠢᠨ᠎ᠠ ᠬᠣᠶᠠᠷ ᠬᠥᠭᠵᠢᠮ ᠦᠨ ᠲᠠᠰᠤᠯᠪᠤᠷᠢ ᠪᠠᠷ ᠪᠦᠷᠢᠯᠳᠦᠵᠦ ᠂ ᠳᠡᠭᠡᠷ᠎ᠡ ᠥᠭᠦᠯᠡᠪᠦᠷᠢ ᠶᠢᠨ ᠡᠮᠦᠨ᠎ᠡ ᠨᠢᠭᠡ ᠲᠠᠰᠤᠯᠪᠤᠷᠢ  ᠨᠢ ᠵᠢᠳᠠᠭᠤᠨ ᠳᠤ ᠢᠯᠡᠳᠲᠡ ᠵᠣᠭᠰᠣᠩᠭᠢᠷᠠᠭᠰᠠᠨ ᠪᠠᠶᠢᠵᠤ ᠂ ᠳᠣᠣᠷ᠎ᠠ ᠥᠭᠦᠯᠡᠪᠦᠷᠢ ᠶᠢᠨ ᠬᠣᠶᠠᠷ ᠬᠥᠭᠵᠢᠮ ᠦᠨ ᠲᠠᠰᠤᠯᠪᠤᠷᠢ  ᠨᠢ ᠬᠠᠷᠢᠨ ᠵᠠᠯᠭᠠᠯᠳᠤᠨ ᠨᠡᠶᠢᠯᠡᠭᠰᠡᠨ ᠪᠠᠶᠢᠨ᠎ᠠ ᠃

ᠣᠷᠳᠣᠰ ᠠᠷᠠᠳ ᠤᠨ ᠳᠠᠭᠤᠤ ︽ ᠵᠢᠷᠠᠨ ᠰᠠᠶᠢᠬᠠᠨ ︾ ᠪᠣᠯ ᠮᠥᠨ ᠴᠣ ︽ ᠰᠦᠮᠪᠦᠷ ᠠᠭᠤᠯᠠ ︾ ᠶᠢᠨ ᠦᠭᠡ ᠲᠡᠢ ᠠᠳᠠᠯᠢᠪᠲᠤᠷ ᠪᠠᠶᠢᠵᠤ ᠂ ᠨᠠᠶᠢᠳᠠ ᠵᠢᠷᠠᠨ ᠵᠦᠢᠯ ᠦᠨ ︽ ᠰᠠᠶᠢᠬᠠᠨ ︾ ᠢ ᠵᠢᠭᠰᠠᠭᠠᠨ ᠤᠶᠠᠩᠭᠠᠯᠠᠭᠰᠠᠨ ᠪᠠᠶᠢᠨ᠎ᠠ ᠃ ᠡᠳᠡᠭᠡᠷ ᠳᠠᠭᠤᠤ ᠳᠤ ᠮᠣᠩᠭᠣᠯᠴᠤᠳ ᠤᠨ ᠭᠤᠸ᠎ᠠ ᠰᠠᠶᠢᠬᠠᠨ ᠤ ᠦᠵᠡᠯ ᠂ ᠶᠣᠰᠣ ᠮᠣᠷᠠᠯ ᠤᠨ ᠦᠵᠡᠯ ᠂ ᠠᠮᠢᠳᠤᠷᠠᠬᠤᠢ ᠶᠢᠨ ᠦᠨ᠎ᠡ ᠥᠷᠲᠡᠭ ᠦᠨ ᠦᠵᠡᠯ ᠵᠡᠷᠭᠡ ᠶᠢ ᠤᠷᠠᠨ ᠬᠠᠪᠤᠲᠠᠢ ᠪᠠᠷ ᠰᠢᠯᠦᠭᠯᠡᠨ ᠢᠯᠡᠳᠬᠡᠭᠰᠡᠨ ᠡᠴᠡ ᠲᠡᠷᠡ  ᠨᠢ ᠮᠣᠩᠭᠣᠯ ᠠᠷᠠᠳ ᠤᠨ ᠳᠠᠭᠤᠤ ᠶᠢᠨ ᠣᠬᠢ ᠰᠢᠯᠢᠳᠡᠭ ᠪᠦᠲᠦᠭᠡᠯ ᠦᠨ ᠨᠢᠭᠡ ᠪᠣᠯᠤᠭᠰᠠᠨ ᠪᠠᠶᠢᠨ᠎ᠠ ᠃

 

 

ᠳᠠᠭᠤᠤ ᠶᠢᠨ ᠦᠭᠡ

 

ᠤᠯᠠᠭᠠᠨ ᠲᠣᠷᠭᠠᠨ ᠤ ᠥᠩᠭᠡ  ᠨᠢ ᠰᠠᠶᠢᠬᠠᠨ ᠂

ᠤᠷᠠᠳ ᠤᠨ ᠬᠣᠰᠢᠭᠤᠨ ᠤ ᠶᠣᠰᠣ  ᠨᠢ ᠰᠠᠶᠢᠬᠠᠨ ᠃

ᠠᠭᠠᠷᠤ ᠮᠣᠳᠣᠨ ᠤ ᠦᠨᠦᠷ  ᠨᠢ ᠰᠠᠶᠢᠬᠠᠨ ᠂

ᠠᠷᠴᠢᠭᠠᠳ ᠠᠪᠬᠤ ᠳᠤ ᠳᠤᠷᠳᠤᠩ ᠰᠠᠶᠢᠬᠠᠨ ᠃

ᠵᠠᠮ ᠤᠨ ᠵᠠᠬ᠎ᠠ ᠳᠤ ᠵᠠᠮᠠᠭ᠎ᠠ ᠰᠠᠶᠢᠬᠠᠨ ᠂

ᠵᠠᠯᠠᠭᠤ ᠪᠠᠭ᠎ᠠ ᠶᠢᠨ ᠨᠠᠰᠤ ᠰᠠᠶᠢᠬᠠᠨ ᠃

ᠥᠨᠳᠥᠷ ᠮᠤᠨᠠ ᠶᠢᠨ ᠠᠭᠤᠯᠠ ᠰᠠᠶᠢᠬᠠᠨ ᠂

ᠦᠶᠡᠷᠬᠡᠵᠦ ᠰᠠᠭᠤᠬᠤ ᠳᠤ ᠨᠥᠬᠥᠷ ᠰᠠᠶᠢᠬᠠᠨ ᠃

ᠬᠡᠭᠡᠷ ᠮᠣᠷᠢᠨ ᠤ ᠵᠢᠰᠦ ᠰᠠᠶᠢᠬᠠᠨ ᠂

ᠬᠡᠯᠡᠯᠴᠡᠭᠡᠳ ᠰᠠᠭᠤᠬᠤ ᠳᠤ ᠡᠷᠳᠡᠮ ᠰᠠᠶᠢᠬᠠᠨ ᠃

ᠨᠠᠭᠤᠷ ᠤᠨ ᠵᠠᠬ᠎ᠠ ᠳᠤ ᠨᠤᠭᠤᠰᠤ ᠰᠠᠶᠢᠬᠠᠨ ᠂

ᠨᠤᠲᠤᠭ ᠤᠨ ᠬᠣᠯᠠ ᠳᠤ ᠨᠠᠶᠢᠵᠠ ᠰᠠᠶᠢᠬᠠᠨ ᠃

ᠬᠠᠳᠤᠨ ᠤ ᠵᠠᠬ᠎ᠠ ᠳᠤ ᠭᠠᠯᠠᠭᠤ ᠰᠠᠶᠢᠬᠠᠨ ᠂

ᠬᠠᠨᠢᠯᠠᠵᠤ ᠶᠠᠪᠤᠬᠤ ᠳᠤ ᠬᠣᠩᠭᠣᠷ ᠰᠠᠶᠢᠬᠠᠨ ᠃

ᠦᠷᠡᠯ ᠮᠣᠳᠣᠨ ᠤ ᠦᠶ᠎ᠡ ᠰᠠᠶᠢᠬᠠᠨ ᠂

ᠦᠶ᠎ᠡ ᠶᠢᠨ ᠲᠣᠳᠣᠷ᠎ᠠ ᠨᠠᠭᠠᠳᠤᠮ ᠰᠠᠶᠢᠬᠠᠨ ᠃

ᠽᠠᠨᠳᠠᠨ ᠮᠣᠳᠣᠨ ᠤ ᠦᠨᠳᠦᠰᠦ ᠰᠠᠶᠢᠬᠠᠨ ᠂

ᠽᠠᠮᠪᠤᠲᠢᠪ ᠤᠨ ᠶᠣᠰᠣ ᠰᠠᠶᠢᠬᠠᠨ ᠃

ᠠᠯᠢᠮ᠎ᠠ ᠵᠢᠮᠢᠰ ᠦᠨ ᠠᠮᠲᠠ ᠰᠠᠶᠢᠬᠠᠨ ᠂

ᠠᠯᠢᠶᠠᠷᠬᠠᠵᠤ ᠰᠠᠭᠤᠬᠤ ᠳᠤ ᠱᠣᠭᠲᠠᠢ ᠰᠠᠶᠢᠬᠠᠨ ᠃

ᠬᠠᠨᠠᠲᠠᠢ ᠠᠴᠠ ᠬᠠᠷᠠᠬᠤ ᠳᠤ ᠬᠠᠩᠭᠠᠢ ᠰᠠᠶᠢᠬᠠᠨ ᠂

ᠬᠠᠷᠢᠭᠠᠳ ᠢᠷᠡᠬᠦ ᠳᠦ ᠬᠡᠷ ᠰᠠᠶᠢᠬᠠᠨ ᠃

ᠬᠤᠭᠤᠷ ᠬᠥᠭᠵᠢᠮ ᠦᠨ ᠠᠶᠠᠯᠭᠤ ᠰᠠᠶᠢᠬᠠᠨ ᠂

ᠬᠠᠪᠤᠲᠠᠢ ᠠᠮᠢᠳᠤᠷᠠᠬᠤ ᠳᠤ ᠨᠠᠶᠢᠷ ᠰᠠᠶᠢᠬᠠᠨ ᠃

 

 

ᠳᠠᠭᠤᠤ ᠶᠢᠨ ᠨᠣᠲ

 

default2015-12-11-22559bea6f-e018-439e-b2ab-48002ddc59bb

ᠮᠡᠷᠭᠡᠨ ᠰᠦᠮ᠎ᠡ

default2015-12-11-0508bf37ef-4684-4b1b-afee-035ce97e4bc6

 

default2015-12-11-53eeaeb341-8610-433d-81c4-3ac0754b4105

 

default2015-12-11-08a7b007d6-7833-479a-bbe5-e7ad4057b53b

 

default2015-12-11-04e72245d8-22cd-43c2-87c9-5c5cdefc7ad4

 

default2015-12-11-070578e6f5-2b55-492f-ba2f-c81621884e06

 

default2015-12-11-02556970da-c0dc-4559-a7b9-53417c0797ea

ᠬᠠᠪᠰᠤᠷᠭᠠᠯ ᠭᠦᠭᠵᠢᠮ ︱ ︽ ᠰᠦᠮᠪᠦᠷ ᠠᠭᠤᠯᠠ ︾

MP3 ᠪᠢᠴᠢᠯᠭᠡ ︱ ︽ ᠰᠦᠮᠪᠦᠷ ᠠᠭᠤᠯᠠ ︾

VCD ᠪᠢᠴᠢᠯᠭᠡ ︱ ︽ ᠰᠦᠮᠪᠦᠷ ᠠᠭᠤᠯᠠ ︾

ᠰᠢᠭᠦᠮᠵᠢ ᠦᠯᠡᠳᠡᠭᠡᠬᠦ