• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠢᠨᠰᠢᠶᠤᠤᠷ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   38
  • ᠄   0
  • ᠄   0
  • ᠄  0

ᠨᠢᠭᠡ ᠂ ᠲᠤᠰ ᠳᠠᠭᠤᠤ ᠶᠢᠨ ᠲᠤᠬᠠᠢ

 

ᠮᠣᠩᠭᠣᠯ ᠠᠷᠠᠳ ᠤᠨ ᠳᠠᠭᠤᠤ ᠳᠤ ᠠᠪᠤ ᠡᠵᠢ ᠂ ᠨᠤᠲᠤᠭ ᠤᠰᠤ ᠂ ᠰᠠᠳᠤᠨ ᠲᠥᠷᠥᠯ ᠢᠶᠡᠨ ᠮᠠᠭᠲᠠᠨ ᠳᠠᠭᠤᠯᠠᠭᠰᠠᠨ ᠳᠠᠭᠤᠤ ᠲᠣᠩ ᠣᠯᠠᠨ ᠪᠠᠶᠢᠳᠠᠭ ᠃ ᠡᠳᠡᠭᠡᠷ ᠳᠠᠭᠤᠤ ᠨᠤᠭᠤᠳ  ᠨᠢ ᠠᠭᠤᠯᠭ᠎ᠠ ᠪᠠᠷ ᠪᠠᠶᠠᠯᠢᠭ ᠂ ᠠᠶᠠᠰ  ᠨᠢ ᠤᠷᠤᠰᠤᠮ᠎ᠠ ᠰᠠᠶᠢᠬᠠᠨ ᠪᠠᠶᠢᠳᠠᠭ ᠪᠣᠯᠬᠣᠷ ᠠᠷᠠᠳ ᠣᠯᠠᠨ ᠤ ᠳᠤᠮᠳᠠ ᠳᠠᠭᠤᠯᠠᠭᠳᠠᠨ ᠳᠡᠯᠭᠡᠷᠡᠵᠡᠢ ᠃ ︽ ᠰᠢᠷ᠎ᠠ ᠬᠠᠲᠠ ︾ ᠭᠡᠬᠦ ᠵᠣᠣ ᠤᠳᠠ ᠠᠷᠠᠳ ᠤᠨ ᠳᠠᠭᠤᠤ ᠪᠣᠯ ᠬᠠᠷᠢ ᠳᠤ ᠮᠣᠷᠳᠠᠭᠰᠠᠨ ᠬᠡᠦᠬᠡᠨ ᠡᠴᠡ ᠡᠵᠢ ᠠᠪᠤ ᠂ ᠰᠠᠳᠤᠨ ᠲᠥᠷᠥᠯ ᠢᠶᠡᠨ ᠰᠠᠨᠠᠨ ᠳᠤᠷᠠᠰᠬᠤ ᠳᠠᠭᠠᠨ ᠳᠠᠭᠤᠯᠠᠭᠰᠠᠨ ᠳᠠᠭᠤᠤ ᠶᠤᠮ ᠃

 

ᠬᠣᠶᠠᠷ ᠂ ᠠᠶᠠᠰ ᠤᠨ ᠵᠠᠳᠠᠯᠤᠯᠲᠠ

ᠲᠤᠰ ᠳᠠᠭᠤᠤ ᠶᠢᠨ ᠠᠶᠠᠰ ᠤᠨ ᠪᠦᠲᠦᠴᠡ ᠶᠢ ᠰᠢᠨᠵᠢᠪᠡᠯ ᠂ ᠳᠡᠭᠡᠷ᠎ᠡ ᠳᠣᠣᠷ᠎ᠠ ᠬᠣᠶᠠᠷ ᠬᠥᠭᠵᠢᠮ ᠦᠨ ᠥᠭᠦᠯᠡᠪᠦᠷᠢ ᠪᠡᠷ ᠪᠦᠷᠢᠯᠳᠦᠭᠰᠡᠨ ᠳᠠᠭᠤᠤ ᠪᠣᠯᠤᠨ᠎ᠠ ᠃ ᠬᠣᠶᠠᠷ ᠲᠠᠰᠤᠯᠭ᠎ᠠ ᠠᠶ᠎ᠠ  ᠨᠢ ᠨᠢᠭᠡ ᠬᠥᠭᠵᠢᠮ ᠦᠨ ᠲᠠᠰᠤᠯᠪᠤᠷᠢ ᠪᠣᠯᠵᠤ ᠂ ᠳᠡᠭᠡᠷ᠎ᠡ ᠬᠥᠭᠵᠢᠮ ᠦᠨ ᠥᠭᠦᠯᠡᠪᠦᠷᠢ  ᠨᠢ ᠬᠣᠶᠠᠷ ᠬᠥᠭᠵᠢᠮ ᠦᠨ ᠲᠠᠰᠤᠯᠪᠤᠷᠢ ᠪᠠᠷ ᠪᠦᠷᠢᠯᠳᠦᠵᠡᠢ ᠃ ᠡᠨᠡ ᠬᠥ ᠪᠦᠲᠦᠴᠡ ᠪᠣᠯ ᠮᠣᠩᠭᠣᠯ ᠠᠷᠠᠳ ᠤᠨ ᠳᠠᠭᠤᠤ ᠶᠢᠨ ᠨᠡᠶᠢᠲᠡᠯᠢᠭ ᠪᠦᠲᠦᠴᠡ ᠮᠥᠨ ᠃ ᠳᠠᠭᠤᠤ ᠶᠢᠨ ᠦᠭᠡ  ᠨᠢ ᠳᠥᠷᠪᠡᠨ ᠮᠥᠷ ᠰᠢᠯᠦᠭ ᠪᠠᠶᠢᠵᠤ ᠂ ᠨᠢᠭᠡ ᠪᠠᠳᠠᠭ ᠦᠭᠡ ᠪᠡᠨ ᠬᠣᠶᠠᠷ ᠤᠳᠠᠭ᠎ᠠ ᠶᠢᠨ ᠠᠶ᠎ᠠ ᠳᠡᠭᠡᠷ᠎ᠡ ᠳᠠᠪᠲᠠᠨ ᠳᠠᠭᠤᠯᠠᠵᠤ ᠲᠡᠭᠦᠰᠬᠡᠳᠡᠭ ᠪᠠᠶᠢᠨ᠎ᠠ ᠃ ᠲᠤᠰ ᠳᠠᠭᠤᠤ ᠪᠣᠯ ᠵᠢᠳᠠᠭᠤᠨ ᠠᠶᠠᠯᠭᠤᠨ ᠬᠡᠪ ᠲᠡᠢ ᠂ ᠬᠥᠭᠵᠢᠮ ᠦᠨ ᠥᠭᠦᠯᠡᠪᠦᠷᠢ ᠶᠢᠨ ᠲᠡᠭᠦᠰᠬᠡᠯ ᠲᠠᠭᠤᠨ  ᠨᠢ ᠪᠦᠷ ᠵᠢᠳᠠᠭᠤᠨ ᠪᠠᠶᠢᠵᠤ ᠂ ᠬᠣᠶᠠᠷ ᠲᠠᠭᠤᠨ  ᠨᠢ ᠬᠠᠷᠢᠯᠴᠠᠨ ᠨᠠᠢᠮᠠᠴᠠ ᠶᠢᠨ ᠠᠪᠤᠯᠴᠠᠭ᠎ᠠ ᠪᠣᠯᠵᠠᠢ ᠃ ᠳᠡᠭᠡᠷ᠎ᠡ ᠬᠥᠭᠵᠢᠮ ᠦᠨ ᠥᠭᠦᠯᠡᠪᠦᠷᠢ  ᠨᠢ ᠱᠠᠩᠳᠠᠭᠤᠨ ᠠᠶᠠᠯᠭᠤᠨ ᠱᠠᠲᠤ ᠶᠢᠨ ᠰᠢᠨᠵᠢ ᠢᠯᠡᠷᠡᠵᠦ ᠂ ᠳᠣᠣᠷ᠎ᠠ ᠬᠥᠭᠵᠢᠮ ᠦᠨ ᠥᠭᠦᠯᠡᠪᠦᠷᠢ  ᠨᠢ ᠬᠥᠩᠳᠠᠭᠤᠨ ᠠᠶᠠᠯᠭᠤᠨ ᠱᠠᠲᠤ ᠶᠢᠨ ᠰᠢᠨᠵᠢ ᠴᠢᠨᠠᠷ ᠢᠯᠡᠷᠡᠵᠡᠢ ᠃ ᠭᠡᠪᠡᠴᠦ ᠥᠭᠦᠯᠡᠪᠦᠷᠢ ᠶᠢᠨ ᠲᠡᠭᠦᠰᠬᠡᠯ ᠲᠠᠭᠤᠨ  ᠨᠢ ᠵᠢᠳᠠᠭᠤᠨ ᠳᠡᠭᠡᠷ᠎ᠡ ᠲᠡᠭᠦᠰᠴᠡᠢ ᠃

 

 

ᠭᠤᠷᠪᠠ ᠂ ᠳᠠᠭᠤᠤ ᠶᠢᠨ ᠦᠭᠡ

 

ᠬᠡᠶᠢᠷᠡᠨ ᠬᠡᠶᠢᠷᠡᠨ ᠦᠵᠡᠭᠳᠡᠭᠡ ᠬᠥᠢ

ᠭᠡᠭᠡᠨ ᠰᠦᠮ᠎ᠡ ᠶᠢᠨ ᠭᠢᠨᠲᠠᠷ᠎ᠠ ᠬᠥᠢ

ᠬᠡᠮᠡᠷᠲᠡᠯ᠎ᠡ ᠴᠡᠭᠡᠵᠢᠨ ᠳᠦ ᠪᠣᠳᠣᠭᠳᠠᠨ᠎ᠠ ᠬᠥᠢ

ᠬᠡᠷ ᠨᠤᠲᠤᠭ ᠬᠣᠶᠠᠷ ᠠ᠋ ᠬᠥᠢ

 

ᠬᠠᠷᠠᠯᠠᠭᠠᠳ ᠬᠠᠷᠠᠯᠠᠭᠠᠳ ᠦᠵᠡᠭᠳᠡᠭᠡ ᠬᠥᠢ

ᠬᠠᠰᠢᠶᠠᠨ ᠤ  ᠮᠢᠨᠢ ᠮᠣᠳᠣ ᠶᠣ ᠬᠥᠢ

ᠬᠠᠪᠲᠠᠭᠠᠢ ᠴᠡᠭᠡᠵᠢᠨ ᠳᠦ ᠪᠣᠳᠣᠭᠳᠠᠨ᠎ᠠ ᠬᠥᠢ

ᠬᠥᠭᠰᠢᠨ ᠶᠣ ᠡᠮᠧ ᠠᠪᠤ ᠠ᠋ ᠬᠥᠢ

 

 

ᠳᠥᠷᠪᠡ ᠂ ᠳᠠᠭᠤᠤ ᠶᠢᠨ ᠨᠣᠲ

default2015-12-11-5625579940-b15e-4e8b-ad46-168d8612e9b1

 

 

ᠪᠦᠷᠢᠨᠴᠣᠭᠯᠠ ᠶᠢᠨ ᠲᠣᠪᠴᠢ ᠲᠠᠨᠢᠯᠴᠠᠭᠤᠯᠭ᠎ᠠ

ᠪᠦᠷᠢᠨᠴᠤᠭᠯᠠ  ( 1947 ︱ 2008 ᠣᠨ ) ᠮᠣᠩᠭᠣᠯ ᠦᠨᠳᠦᠰᠦᠲᠡᠨ ᠂ ᠥᠪᠥᠷ ᠮᠣᠩᠭᠣᠯ ᠤᠨ ᠵᠢᠷᠢᠮ ᠠᠶᠢᠮᠠᠭ ( ᠣᠳᠣ ᠶᠢᠨ ᠲᠦᠩᠯᠢᠶᠣᠣ ᠬᠣᠲᠠ ) ᠶᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠤ ᠪᠠᠷᠠᠭᠤᠨ ᠬᠤᠢ ᠲᠢᠶᠠᠨ ᠭᠠᠴᠠᠭ᠎ᠠ ᠶᠢᠨ ᠬᠥᠮᠦᠨ ᠃ ᠲᠡᠷᠡ ᠪᠣᠯ ᠣᠳᠣᠬᠠᠨ ᠤ ᠴᠣᠷ ᠤᠨ ᠭᠠᠭᠴᠠ ᠬᠣᠷᠴᠢᠨ ︽ ᠠᠷᠪᠠᠨ ᠨᠠᠢᠮᠠᠨ ᠪᠦᠯᠦᠭᠲᠦ ᠮᠠᠩᠭᠤᠰ ᠤᠨ ᠦᠯᠢᠭᠡᠷ ︾ ᠢ ᠪᠦᠷᠢᠨ ᠭᠦᠢᠴᠡᠳ ᠳᠠᠭᠤᠯᠠᠨ ᠶᠠᠷᠢᠵᠤ ᠴᠢᠳᠠᠳᠠᠭ ᠠᠯᠳᠠᠷᠲᠤ ᠳᠠᠭᠤᠤᠷᠢᠯᠢᠭ  ᠦᠨ  ᠤᠷᠠᠯᠢᠭᠴᠢ ᠪᠣᠯᠤᠨ᠎ᠠ ᠃ ᠮᠥᠨᠴᠦ ᠬᠣᠷᠴᠢᠨ ᠲᠤᠤᠯᠢᠰ ᠤᠨ ᠤᠷᠠᠯᠢᠭ ᠤᠨ ᠬᠡᠪ ᠨᠠᠮᠪᠠ ᠪᠣᠯᠤᠨ ᠤᠯᠠᠮᠵᠢᠯᠠᠯᠲᠤ ᠤᠷ᠎ᠠ ᠮᠡᠷᠭᠡᠰᠢᠯ ᠢ ᠭᠦᠢᠴᠡᠳ ᠰᠠᠶᠢᠲᠤᠷ ᠬᠠᠳᠠᠭᠠᠯᠠᠭᠰᠠᠭᠠᠷ ᠪᠠᠶᠢᠭ᠎ᠠ ᠶᠤᠮ ᠃ ᠪᠦᠷᠢᠨᠴᠣᠭᠲᠤ ᠪᠣᠯ ᠣᠳᠣᠬᠠᠨ ᠳᠠᠬᠢ ᠴᠤᠭᠤᠷ ᠂ ᠦᠯᠢᠭᠡᠷᠲᠦ ᠠᠷᠠᠳ ᠤᠨ ᠳᠠᠭᠤᠤ ᠵᠡᠷᠭᠡ ᠳᠠᠭᠤᠤ ᠬᠥᠭᠵᠢᠮ ᠦᠨ ᠰᠲ᠋ᠸᠯᠢ ᠶᠢᠨ ᠴᠢᠬᠤᠯᠠ ᠤᠯᠠᠮᠵᠢᠯᠠᠭᠴᠢ ᠪᠣᠯᠬᠤ ᠠᠵᠢ ᠃

ᠬᠣᠷᠴᠢᠨ ᠨᠤᠲᠤᠭ ᠲᠤ ᠥᠨᠢᠷ ᠪᠠᠶᠠᠯᠢᠭ ᠥᠳᠬᠡᠨ ᠵᠤᠵᠠᠭᠠᠨ ᠳᠠᠭᠤᠤ ᠬᠥᠭᠵᠢᠮ ᠦᠨ ᠰᠣᠶᠣᠯ ᠤᠨ ᠡᠬᠢ ᠪᠠᠶᠠᠯᠢᠭ  ᠲᠠᠢ ᠶᠤᠮ ᠃ ᠡᠨᠳᠡ ᠪᠥᠬᠡ ᠮᠥᠷᠭᠥᠯ ᠦᠨ ᠳᠠᠭᠤᠤ ᠪᠥᠵᠢᠭ ᠂ ᠪᠠᠭᠠᠲᠤᠷᠯᠢᠭ ᠲᠤᠤᠯᠢ ᠂ ᠠᠨᠳᠠᠢ ᠂ ᠬᠣᠷᠴᠢᠨ ᠤ ᠡᠷᠲᠡᠨ ᠦ ᠳᠠᠭᠤᠤ ᠵᠡᠷᠭᠡ ᠤᠵᠠᠭᠤᠷ ᠡᠷᠲᠡᠨ ᠦ ᠳᠠᠭᠤᠤ ᠬᠥᠭᠵᠢᠮ ᠦᠨ  ᠤᠯᠠᠮᠵᠢᠯᠠᠭᠳᠠᠨ ᠲᠠᠷᠬᠠᠵᠤ ᠪᠠᠶᠢᠬᠤ ᠪᠠᠷ ᠦᠯᠦ ᠪᠠᠷᠠᠮ ᠪᠠᠰᠠ ᠥᠨᠢᠷ ᠣᠯᠠᠨ ᠡᠯ᠎ᠡ ᠵᠦᠢᠯ ᠦᠨ ᠰᠡᠳᠦᠪᠲᠦ ᠤᠷᠲᠤ ᠶᠢᠨ ᠳᠠᠭᠤᠤ ᠂ ᠪᠣᠭᠣᠨᠢ ᠳᠠᠭᠤᠤ ᠵᠢᠴᠢ ᠴᠤᠭᠤᠷ ᠂ ᠳᠥᠷᠪᠡᠨ ᠤᠲᠠᠰᠤᠲᠤ ᠬᠤᠭᠤᠷ ᠂ ᠵᠡᠭᠦᠨ ᠮᠣᠩᠭᠣᠯ ᠤᠨ ᠬᠠᠪᠰᠤᠷᠤᠯ ᠬᠥᠭᠵᠢᠮ ᠵᠡᠷᠭᠡ ᠪᠠᠶᠢᠳᠠᠭ ᠂ ᠬᠠᠮᠲᠤ ᠳᠤᠨᠢ ᠡᠨᠳᠡᠬᠢ  ᠨᠢ ᠪᠠᠰᠠᠴᠤ ᠣᠷᠴᠢᠨ ᠦᠶ᠎ᠡ ᠶᠢᠨ ᠬᠤᠭᠤᠷ ᠤᠨ ᠦᠯᠢᠭᠡᠷ ᠂ ᠦᠯᠢᠭᠡᠷᠲᠦ ᠠᠷᠠᠳ ᠤᠨ ᠳᠠᠭᠤᠤ ᠶᠢᠨ ᠰᠲ᠋ᠸᠯᠢ ᠶᠢᠨ ᠥᠯᠥᠭᠡᠢ ᠪᠣᠯᠬᠤ ᠶᠤᠮ ᠃ ᠥᠯᠥᠭᠡᠢ ᠨᠤᠲᠤᠭ ᠤᠨ ᠢᠶᠠᠨ ᠥᠨᠢᠷ ᠪᠠᠶᠠᠯᠢᠭ ᠠᠷᠠᠳ ᠤᠨ ᠳᠠᠭᠤᠤ ᠬᠥᠭᠵᠢᠮ ᠦᠨ ᠨᠥᠯᠥᠭᠡᠯᠡᠯ ᠳᠣᠣᠷ᠎ᠠ ᠪᠦᠷᠢᠨᠴᠤᠭᠯᠠ  ᠬᠠᠷᠠᠬᠠᠨ ᠪᠠᠭ᠎ᠠ ᠠᠴᠠ ᠪᠠᠨ ᠤᠷᠠᠯᠢᠭ ᠤᠨ ᠠᠪᠢᠶᠠᠰ ᠪᠢᠯᠢᠭ ᠢᠶᠡᠨ ᠢᠯᠡᠷᠡᠭᠦᠯᠵᠡᠢ ᠃ ᠲᠡᠭᠦᠨ ᠦ ᠡᠵᠢ  ᠨᠢ ᠤᠷᠠᠨ ᠭᠤᠷᠭᠤᠤᠯᠳᠠᠢ ᠶᠢᠨ ᠤᠶᠠᠩᠭᠠᠲᠤ ᠬᠣᠭᠣᠯᠠᠢ ᠲᠠᠢ ᠪᠠᠶᠢᠵᠤ ᠂ ᠣᠯᠠᠨ ᠠᠷᠪᠢᠨ ᠬᠣᠷᠴᠢᠨ ᠠᠷᠠᠳ ᠤᠨ ᠳᠠᠭᠤᠤ ᠶᠢ ᠬᠠᠩᠭᠢᠨᠠᠲᠠᠯ᠎ᠠ ᠳᠠᠭᠤᠯᠠᠳᠠᠭ ᠃ ᠨᠠᠭᠠᠴᠤ ᠡᠪᠦᠭᠡ ᠪᠣᠯᠤᠨ ᠨᠠᠭᠠᠴᠤ ᠠᠪᠤ  ᠨᠢ ᠨᠠᠩ ᠴᠣ ᠬᠣᠯᠠ ᠣᠶᠢᠷ᠎ᠠ ᠳᠤ ᠠᠯᠳᠠᠷᠰᠢᠭᠰᠠᠨ ᠨᠡᠷᠡᠲᠡᠢ ᠴᠤᠭᠤᠷᠴᠢ ᠪᠢᠯᠡ ᠃ ᠡᠶᠢᠮᠦ ᠪᠣᠯᠬᠣᠷ ᠪᠦᠷᠢᠨᠴᠤᠭᠯᠠ ᠬᠠᠷᠠᠬᠠᠨ ᠪᠠᠭ᠎ᠠ ᠠᠴᠠ ᠪᠠᠨ ᠡᠵᠢ ᠪᠡᠨ ᠳᠠᠭᠠᠵᠤ ᠠᠷᠠᠳ ᠤᠨ ᠳᠠᠭᠤᠤ ᠰᠤᠷᠴᠤ ᠂ ᠨᠠᠭᠠᠴᠤ ᠠᠪᠤ  ᠠᠯᠳᠠᠷᠲᠤ ᠴᠤᠭᠤᠷᠴᠢ ᠪᠤᠤ ᠨᠠᠮᠵᠢᠯ ᠠᠴᠠ ᠴᠤᠭᠤᠷ ᠬᠥᠭᠵᠢᠮᠳᠡᠬᠦ ᠪᠠ ᠲᠤᠤᠯᠢ ᠬᠠᠶᠢᠯᠠᠬᠤ ᠶᠢ ᠰᠤᠷᠴᠠᠢ ᠃ ᠪᠦᠷᠢᠨᠴᠤᠭᠯᠠ  ᠶᠢᠨ  ᠵᠠᠯᠠᠭᠤ ᠶᠢᠨ ᠦᠶ᠎ᠡ  ᠨᠢ ᠶᠠᠭ ︽ ᠰᠣᠶᠣᠯ ᠤᠨ ᠬᠤᠪᠢᠰᠬᠠᠯ ︾ ᠳᠤ ᠲᠣᠬᠢᠶᠠᠯᠳᠤᠭᠰᠠᠨ ᠪᠣᠯᠬᠣᠷ ᠂ ᠡᠶᠢᠮᠦᠷᠬᠦᠦ ᠣᠨᠴᠠᠭᠠᠢ ᠣᠨ ᠰᠠᠷ᠎ᠠ ᠨᠤᠭᠤᠳ ᠲᠤ ᠲᠤᠤᠯᠢ ᠬᠠᠶᠢᠯᠠᠬᠤ  ᠨᠢ ︽ ᠹᠧᠣᠳᠠᠯ ᠤᠨ ᠮᠤᠬᠤᠷ ᠰᠦᠰᠦᠭ ︾ ᠬᠡᠮᠡᠭᠳᠡᠭᠰᠡᠨ ᠮᠠᠯᠠᠭᠠᠢ ᠵᠡᠭᠦᠵᠦ ᠂ ᠳᠠᠭᠤᠯᠠᠵᠤ ᠬᠠᠶᠢᠯᠠᠬᠤ  ᠨᠢ ᠳᠠᠰᠤ ᠴᠠᠭᠠᠵᠠᠯᠠᠭᠳᠠᠵᠤ ᠪᠠᠶᠢᠪᠠ ᠃ ᠭᠡᠪᠡᠴᠦ ᠲᠡᠷᠡ ᠮᠥᠨ ᠯᠠ ᠴᠥᠬᠥᠷᠡᠰᠢ ᠦᠭᠡᠢ ᠪᠠᠷᠢᠮᠲᠠᠯᠠᠵᠤ ᠂ ᠦᠷᠭᠦᠯᠵᠢ ᠦᠳᠡᠰᠢ ᠰᠥᠨᠢ ᠪᠡᠷ ᠨᠠᠭᠠᠴᠤ ᠠᠪᠤ ᠠᠴᠠ ᠪᠠᠨ ᠰᠡᠮᠡᠭᠡᠷ ᠰᠤᠷᠴᠤ ᠂ ᠡᠳᠦᠷ  ᠨᠢ ᠬᠡᠭᠡᠷ᠎ᠡ ᠭᠠᠳᠠᠭ᠎ᠠ ᠭᠠᠷᠴᠤ ᠂ ᠪᠤᠲᠠᠨ ᠤ ᠤᠭ ᠲᠤ ᠨᠢᠭᠤᠵᠤ ᠲᠠᠯᠪᠢᠭᠰᠠᠨ ᠴᠤᠭᠤᠷ ᠬᠥᠭᠵᠢᠮᠳᠡᠭᠦᠷ ᠢᠶᠡᠨ ᠭᠠᠷᠭᠠᠨ ᠠᠪᠴᠤ ᠪᠣᠯᠪᠠᠰᠤᠷᠠᠳᠠᠭ ᠪᠠᠶᠢᠯ᠎ᠠ ᠃ ᠰᠢᠷᠭᠠᠭᠤ ᠬᠠᠲᠠᠭᠤᠵᠢᠯᠲᠠᠢ ᠴᠢᠷᠮᠠᠶᠢᠭᠰᠠᠨ ᠢᠶᠠᠷ ᠲᠡᠷᠡ ᠭᠤᠴᠢᠨ ᠬᠡᠳᠦᠨ ᠨᠠᠰᠤᠨ ᠳᠠᠭᠠᠨ ᠴᠤᠭᠤᠷ ᠬᠥᠭᠵᠢᠮᠳᠡᠬᠦ ᠤᠷ᠎ᠠ ᠮᠡᠷᠭᠡᠰᠢᠯ ᠪᠣᠯᠤᠨ ᠳᠠᠭᠤᠯᠠᠵᠤ ᠶᠠᠷᠢᠬᠤ ᠡᠷᠳᠡᠮ ᠢ ᠴᠠᠭᠤᠷᠬᠠᠢ ᠡᠵᠡᠮᠰᠢᠵᠦ ᠂ ᠪᠤᠤ ᠨᠠᠮᠵᠢᠯ ᠤᠨ ᠵᠢᠭᠠᠵᠤ ᠤᠯᠠᠮᠵᠢᠯᠠᠭᠰᠠᠨ ︽ ᠠᠷᠪᠠᠨ ᠨᠠᠢᠮᠠᠨ ᠪᠦᠯᠦᠭᠲᠦ ᠮᠠᠩᠭᠤᠰ ᠤᠨ ᠦᠯᠢᠭᠡᠷ ︾ ᠪᠣᠯᠤᠨ ᠪᠤᠰᠤᠳ ᠭᠤᠷᠪᠠᠨ ᠪᠦᠯᠦᠭ ᠬᠣᠷᠴᠢᠨ ᠤ ᠲᠤᠤᠯᠢ ᠶᠢ ᠭᠦᠢᠴᠡᠳ ᠲᠡᠭᠦᠯᠳᠡᠷ ᠤᠯᠠᠮᠵᠢᠯᠠᠵᠤ ᠵᠠᠯᠭᠠᠮᠵᠢᠯᠠᠪᠠ ᠃

ᠪᠦᠷᠢᠨᠴᠤᠭᠯᠠ ᠳᠤᠮᠳᠠᠳᠤ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠬᠡᠷ ᠦᠨ ᠠᠮᠢᠳᠤᠷᠠᠯ  ᠨᠢ ᠬᠦᠴᠢᠷᠲᠡᠢ ᠡᠴᠡ ᠪᠣᠯᠵᠤ ᠰᠤᠷᠤᠯᠭ᠎ᠠ ᠪᠠᠨ ᠳᠣᠷᠭᠣᠨ ᠵᠣᠭᠰᠣᠵᠠᠢ ᠃ ᠭᠡᠪᠡᠴᠦ ᠲᠡᠷᠡ ᠪᠠᠰᠠ ᠦᠰᠦᠭ ᠢ ᠰᠠᠶᠢᠬᠠᠨ ᠪᠢᠴᠢᠳᠡᠭ ᠪᠥᠭᠡᠳ ᠨᠡᠯᠢᠶᠡᠳ ᠰᠠᠶᠢᠨ ᠰᠢᠯᠦᠭ ᠳᠠᠭᠤᠤ ᠶᠢᠨ ᠠᠪᠢᠶᠠᠰ ᠲᠠᠢ ᠪᠣᠯᠬᠣᠷ ᠂ 1966 ᠣᠨ ᠳᠤ ᠬᠤᠢ ᠲᠢᠶᠠᠨ ᠪᠠᠭ᠎ᠠ ᠰᠤᠷᠭᠠᠭᠤᠯᠢ  ᠳᠤ ᠤᠷᠢᠭᠳᠠᠵᠤ ᠮᠣᠩᠭᠣᠯ ᠬᠡᠯᠡ ᠪᠢᠴᠢᠭ ᠵᠢᠭᠠᠵᠤ ᠪᠠᠶᠢᠭᠰᠠᠨ ᠢᠶᠠᠨ ᠬᠣᠵᠢᠮ  ᠨᠢ ᠲᠠᠬᠢᠨ ᠬᠤᠢ ᠲᠢᠶᠠᠨ ᠳᠤᠮᠳᠠᠳᠤ ᠰᠤᠷᠭᠠᠭᠤᠯᠢ ᠳᠤ ᠪᠠᠭᠰᠢ ᠪᠠᠷ ᠰᠢᠯᠵᠢᠵᠦ ᠂ 1999 ᠣᠨ ᠳᠤ ᠠᠵᠢᠯ ᠠᠴᠠ ᠪᠠᠨ ᠤᠷᠢᠳᠴᠢᠯᠠᠨ ᠠᠮᠠᠷᠠᠵᠤ ᠪᠤᠤ ᠯᠥᠩ ᠱᠠᠨ ᠪᠠᠯᠭᠠᠰᠤᠨ ᠳᠤ ᠨᠡᠭᠦᠵᠦ ᠣᠴᠢᠭᠠᠳ ᠨᠢᠭᠡᠯᠡ ᠰᠡᠳᠬᠢᠯ ᠢᠶᠡᠷ ᠲᠤᠤᠯᠢ ᠬᠠᠶᠢᠯᠠᠬᠤ ᠠᠵᠢᠯ ᠬᠢᠵᠡᠢ ᠃ 2006 ᠣᠨ ᠳᠤ ᠲᠡᠷᠡ ᠤᠷᠢᠯᠭ᠎ᠠ ᠪᠠᠷ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠳᠤ ᠬᠦᠷᠴᠦ ᠮᠠᠩᠭᠤᠰ ᠤᠨ ᠦᠯᠢᠭᠡᠷ ᠢ ᠰᠢᠩᠭᠡᠭᠡᠨ ᠦᠢᠯᠡᠳᠦᠭᠰᠡᠨ ᠦ ᠬᠠᠮᠲᠤ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠲᠤᠰᠢᠶᠠᠯ ᠬᠠᠪᠰᠤᠷᠭᠠᠭᠰᠠᠨ ᠫᠷᠣᠹᠧᠰᠰᠣᠷ ᠢᠶᠠᠷ ᠤᠷᠢᠭᠳᠠᠵᠤ ᠂ ᠴᠤᠭᠤᠷ ᠬᠥᠭᠵᠢᠮᠳᠡᠬᠦ ᠪᠠ ᠮᠠᠩᠭᠤᠰ ᠤᠨ ᠦᠯᠢᠭᠡᠷ ᠬᠡᠯᠡᠵᠦ ᠳᠠᠭᠤᠯᠠᠬᠤ ᠬᠢᠴᠢᠶᠡᠯ ᠣᠷᠣᠪᠠ ᠃ 2007 ᠣᠨ ᠳᠤ ᠬᠣᠷᠴᠢᠨ ᠤ ᠴᠤᠭᠤᠷ ᠲᠤᠤᠯᠢ  ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠣᠳᠠᠰ ᠤᠨ ᠪᠤᠰᠤ ᠰᠣᠶᠣᠯ ᠤᠨ ᠥᠪ ᠦᠨ ᠲᠥᠷᠥᠯ ᠵᠦᠢᠯ ᠢᠶᠡᠷ ᠵᠢᠭᠰᠠᠭᠠᠭᠳᠠᠵᠤ ᠂ 2008 ᠣᠨ ᠳᠤ ᠬᠣᠶᠠᠳᠠᠭᠴᠢ ᠪᠦᠯᠦᠭ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠦᠨ ᠲᠥᠷᠥᠯ ᠵᠦᠢᠯ ᠢᠶᠡᠷ ᠨᠡᠶᠢᠲᠡᠯᠡᠭᠳᠡᠵᠡᠢ ᠃ ᠲᠤᠰ ᠵᠢᠯ ᠳᠦ᠋ᠨᠢ ᠂ ᠪᠦᠷᠢᠨᠴᠤᠭᠯᠠ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠤᠷᠠᠯᠢᠭᠴᠢᠳ ᠤᠨ ᠨᠡᠶᠢᠭᠡᠮᠯᠢᠭ ᠲᠦ ︽ ᠴᠤᠭᠤᠷ ᠲᠤᠤᠯᠢ ᠶᠢᠨ ᠤᠷᠠᠯᠢᠭ ᠤᠨ ᠲᠠᠷᠬᠠᠨ ︾ ᠢᠶᠠᠷ ᠨᠡᠷᠡᠶᠢᠳᠦᠭᠳᠡᠪᠡ ᠃

ᠪᠦᠷᠢᠨᠴᠤᠭᠯᠠ  ᠶᠢᠨ ᠲᠠᠭᠤᠯᠠᠬᠤᠢ  ᠨᠢ ᠠᠷᠠᠳ ᠤᠨ ᠳᠠᠭᠤᠤ ᠶᠢᠨ ᠤᠶᠠᠩᠭᠠᠯᠢᠭ ᠰᠢᠨᠵᠢ ᠪᠣᠯᠤᠨ ᠲᠤᠤᠯᠢ ᠳᠠᠭᠤᠤ ᠶᠢᠨ ᠲᠣᠭᠠᠴᠢᠬᠤ ᠰᠢᠨᠵᠢ ᠶᠢ ᠤᠷᠠᠨ ᠭᠣᠴᠣ ᠪᠠᠷ ᠠᠭᠤᠰᠬᠠᠨ ᠤᠶᠠᠯᠳᠤᠭᠤᠯᠵᠤ ᠂ ᠳᠠᠭᠤᠯᠠᠬᠤ  ᠨᠢ ᠨᠠᠷᠢᠯᠢᠭ  ᠭᠣᠶᠢᠳᠠ ᠤᠶᠠᠷᠠᠭᠤᠨ ᠴᠠᠯᠭᠢᠭᠤᠨ ᠂ ᠭᠦᠨ ᠴᠢᠬᠢᠮᠠᠢ ᠲᠣᠳᠣ ᠢᠳᠡᠯᠢᠭ ᠣᠨᠴᠠᠯᠢᠭ ᠢ ᠪᠦᠷᠢᠯᠳᠦᠭᠦᠯᠵᠦ ᠂ ᠡᠭᠦᠨ ᠡᠴᠡ ᠪᠡᠨ ᠣᠳᠣᠬᠠᠨ  ᠳᠤ ᠬᠣᠷᠴᠢᠨ ᠲᠤᠤᠯᠢ ᠶᠢᠨ ᠤᠵᠠᠭᠤᠷ ᠡᠷᠲᠡᠨ ᠦ ᠲᠠᠭᠤᠯᠠᠬᠤᠢ ᠶᠢᠨ ᠬᠡᠪ ᠨᠠᠮᠪᠠ ᠶᠢ ᠭᠦᠢᠴᠡᠳ ᠬᠠᠳᠠᠭᠠᠯᠠᠭᠰᠠᠨ ᠲᠣᠭ᠎ᠠ  ᠪᠠᠷ ᠴᠥᠭᠡᠨ ᠤᠷᠠᠯᠢᠭᠴᠢᠨ ᠤ ᠨᠢᠭᠡ ᠪᠣᠯᠵᠠᠢ ᠃

ᠴᠤᠭᠤᠷ ᠲᠤᠤᠯᠢ ᠶᠢᠨ ᠤᠷᠠᠯᠢᠭ ᠤᠨ ᠲᠠᠷᠬᠠᠨ   ᠪᠦᠷᠢᠨᠴᠤᠭᠯᠠ

default2015-12-11-35f29b15fa-eaa9-4e31-8be4-5d448adda905

 

default2015-12-11-37a2efb1b2-2496-4962-be3c-e7fa721f8918

 

default2015-12-11-373ab19c7b-2e35-42c3-b1f0-bacc8389d8db

 

default2015-12-11-35192b4e5a-de2f-4cb4-a3db-cbcd2d7704f8

 

default2015-12-11-3947590b19-6bea-4212-adeb-f14d0059e035

MP3 ᠪᠢᠴᠢᠯᠭᠡ ︱ ︽ ᠰᠢᠨᠰᠢᠶᠤᠤᠷ ︾ ︵ ᠪᠦᠷᠢᠨᠴᠤᠭᠯᠠ ︶

VCD ᠪᠢᠴᠢᠯᠭᠡ ︱ ︽ ᠰᠢᠨᠰᠢᠶᠤᠤᠷ ︾ ︵ ᠪᠦᠷᠢᠨᠴᠤᠭᠯᠠ ︶

ᠰᠢᠭᠦᠮᠵᠢ ᠦᠯᠡᠳᠡᠭᠡᠬᠦ