• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠨᠠᠶᠢᠷᠠᠯ ᠬᠦᠭᠵᠢᠮ  ᠤᠨ ᠤᠷᠤᠰᠢᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-14
 • ᠄   37
 • ᠄   0
 • ᠄   0
 • ᠄  0

ᠮᠣᠩᠭᠣᠯ ᠦᠨᠳᠦᠰᠦᠲᠡᠨ ᠦ ᠨᠠᠶᠢᠷᠠᠯ ᠬᠥᠭᠵᠢᠮ ᠢ ᠵᠡᠭᠦᠨ ᠮᠣᠩᠭᠣᠯᠵᠢᠨ ᠤ ᠨᠠᠶᠢᠷᠠᠯ ᠬᠥᠭᠵᠢᠮ ᠂ ᠰᠢᠯᠢ ᠶᠢᠨ ᠭᠣᠣᠯ ᠤᠨ  ᠨᠠᠶᠢᠷᠠᠯ ᠬᠥᠭᠵᠢᠮ ᠂ ᠣᠷᠳᠣᠰ ᠤᠨ ᠨᠠᠶᠢᠷᠠᠯ ᠬᠥᠭᠵᠢᠮ ᠂ ᠪᠤᠷᠬᠠᠨ ᠤ ᠬᠥᠭᠵᠢᠮ ᠭᠡᠵᠦ ᠦᠨᠳᠦᠰᠦᠨ ᠳᠥᠷᠪᠡᠨ ᠲᠥᠷᠥᠯ ᠵᠦᠢᠯ ᠬᠤᠪᠢᠶᠠᠨ᠎ᠠ ᠃ ᠨᠠᠶᠢᠷᠠᠯ ᠬᠥᠭᠵᠢᠮ ᠦᠨ ᠠᠶᠠᠯᠭᠤ ᠶᠢ ᠬᠥᠭᠵᠢᠮᠳᠡᠬᠦ ᠳᠦ ᠮᠣᠩᠭᠣᠯ ᠦᠨᠳᠦᠰᠦᠲᠡᠨ ᠦ ᠣᠯᠠᠨ ᠲᠥᠷᠥᠯ  ᠦᠨ  ᠬᠥᠭᠵᠢᠮ ᠦᠳ ᠬᠠᠮᠲᠤᠷᠠᠨ ᠣᠷᠣᠯᠴᠠᠵᠤ ᠂ ᠤᠷᠠᠯᠢᠭ ᠤᠨ ᠤᠷᠠᠨ ᠪᠦᠲᠦᠭᠡᠯ ᠢ ᠪᠦᠲᠦᠭᠡᠳᠡᠭ ᠃ ᠥᠪᠥᠷ ᠮᠣᠩᠭᠣᠯ ᠤᠨ ᠤᠯᠠᠮᠵᠢᠯᠠᠯᠲᠤ ᠬᠥᠭᠵᠢᠮ  ᠨᠢ ᠲᠥᠷᠥᠯ ᠵᠦᠢᠯ ᠣᠯᠠᠨ ᠪᠠᠶᠢᠵᠤ ᠂ ᠲᠤᠰᠬᠠᠢ ᠥᠪᠡᠷᠮᠢᠴᠡ ᠣᠨᠴᠠᠯᠢᠭ ᠲᠠᠢ ᠠᠷᠠᠳ ᠤᠨ ᠳᠤᠮᠳᠠ ᠤᠯᠠᠮᠵᠢᠯᠠᠭᠳᠠᠵᠤ ᠂ ᠲᠡᠷᠡ  ᠨᠢ ᠮᠣᠩᠭᠣᠯ ᠦᠨᠳᠦᠰᠦᠲᠡᠨ ᠦ ᠠᠷᠠᠳ ᠲᠦᠮᠡᠨ  ᠡᠴᠡ ᠰᠠᠯᠵᠤ ᠪᠣᠯᠤᠰᠢ ᠦᠭᠡᠢ ᠪᠠᠶᠢᠳᠠᠭ ᠃ ᠠᠷᠠᠳ ᠤᠨ ᠤᠷᠠᠯᠢᠭᠴᠢᠳ ᠪᠠ ᠳᠠᠭᠤᠤ ᠬᠥᠭᠵᠢᠮ ᠦᠨ ᠲᠤᠰᠬᠠᠢ ᠰᠤᠷᠤᠯᠴᠠᠭᠴᠢᠳ ᠰᠤᠳᠤᠯᠭᠠᠲᠠᠳ ᠲᠠᠢ ᠬᠠᠮᠲᠤ ᠬᠥᠭᠵᠢᠵᠦ ᠂ ᠬᠥᠭᠵᠢᠮᠳᠡᠬᠦ ᠠᠷᠭ᠎ᠠ ᠪᠠᠷᠢᠯ  ᠨᠢ ᠤᠯᠠᠷᠢᠵᠤ ᠪᠠᠶᠢᠳᠠᠭ ᠃ ᠨᠠᠶᠢᠷᠠᠯ ᠬᠥᠭᠵᠢᠮ  ᠨᠢ ᠭᠠᠵᠠᠷ ᠣᠷᠣᠨ ᠤ ᠪᠠᠨ ᠠᠷᠠᠳ ᠤᠨ ᠳᠠᠭᠤᠤ ᠪᠠᠷ ᠭᠣᠣᠯᠯᠠᠵᠤ ᠂ ᠠᠷᠠᠳ ᠤᠨ ᠳᠠᠭᠤᠤ  ᠶᠢ ᠭᠣᠴᠣᠯᠠᠯ ᠬᠥᠭᠵᠢᠮ ᠂ ᠨᠠᠶᠢᠷᠠᠯ ᠬᠥᠭᠵᠢᠮ ᠳᠦ ᠬᠤᠪᠢᠷᠠᠭᠠᠨ ᠬᠥᠭᠵᠢᠮᠳᠡᠵᠦ ᠂ ᠥᠪᠡᠷ ᠥᠪᠡᠷ ᠦᠨ ᠨᠤᠲᠤᠭ ᠣᠷᠣᠨ ᠤ ᠪᠠᠨ ᠥᠪᠡᠷᠮᠢᠴᠡ ᠣᠨᠴᠠᠯᠢᠭ ᠂ ᠬᠡᠪ ᠨᠠᠮᠪᠠ ᠪᠠᠨ ᠲᠣᠪᠣᠶᠢᠯᠭᠠᠨ ᠬᠥᠭᠵᠢᠮᠳᠡᠵᠦ ᠪᠠᠶᠢᠳᠠᠭ ᠃ ᠨᠠᠶᠢᠷᠠᠯ ᠬᠥᠭᠵᠢᠮ  ᠨᠢ ᠡᠷᠲᠡ ᠦᠶ᠎ᠡ ᠡᠴᠡ ᠪᠡᠨ ᠤᠲᠠᠰᠤᠲᠤ ᠬᠥᠭᠵᠢᠮ ᠦᠳ ᠢᠶᠡᠷ ᠭᠣᠣᠯᠯᠠᠵᠤ ᠂ ᠴᠤᠭᠤᠷ ᠂ ᠳᠥᠷᠪᠡᠨ ᠤᠲᠠᠰᠤᠲᠤ ᠬᠤᠭᠤᠷ ᠂ ᠱᠠᠨᠵᠠ ᠂ ᠶᠠᠲᠤᠭ᠎ᠠ ᠂ ᠬᠣᠪᠢᠰ ᠵᠡᠷᠭᠡ ᠪᠠᠶᠢᠳᠠᠭ ᠃

ᠨᠠᠶᠢᠷᠠᠯ ᠬᠦᠭᠵᠢᠮ  ᠤᠨ ᠤᠷᠤᠰᠢᠯ

ᠰᠢᠭᠦᠮᠵᠢ ᠦᠯᠡᠳᠡᠭᠡᠬᠦ