• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠤᠷᠪᠠ ᠄ ᠣᠷᠳᠣᠰ ᠠᠷᠠᠳ ᠤᠨ ᠬᠥᠭᠵᠢᠮ ᠦᠨ ᠬᠡᠪ ᠨᠠᠮᠪᠠ ᠬᠢᠭᠡᠳ ᠣᠨᠴᠠᠯᠢᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   39
  • ᠄   0
  • ᠄   0
  • ᠄  0

ᠣᠷᠳᠣᠰ ᠤᠨ ᠣᠷᠣᠨ ᠨᠤᠲᠤᠭ ᠤᠨ ᠣᠨᠴᠠᠯᠢᠭ ᠲᠠᠢ ᠤᠲᠠᠰᠤᠲᠤ ᠬᠥᠭᠵᠢᠮ ᠦᠨ ᠤᠯᠠᠮᠵᠢᠯᠠᠯ ᠲᠠᠷᠬᠠᠯᠲᠠ  ᠨᠢ ᠣᠷᠳᠣᠰ ᠤᠨ ᠣᠲᠣᠭ ᠬᠣᠰᠢᠭᠤ ᠂ ᠦᠦᠰᠢᠨᠵᠦᠦ ᠶᠢᠨ ᠮᠣᠩᠭᠣᠯᠴᠤᠳ ᠤᠨ ᠳᠤᠮᠳᠠ ᠭᠣᠣᠯᠯᠠᠳᠠᠭ ᠃ ᠣᠷᠳᠣᠰ ᠤᠨ ᠮᠣᠩᠭᠣᠯᠴᠤᠳ ᠤᠨ ᠲᠡᠦᠬᠡᠨ ᠤᠯᠠᠮᠵᠢᠯᠠᠯᠲᠤ ︽ ᠨᠠᠶᠢᠷ ᠬᠤᠷᠢᠮ ᠤᠨ ᠠᠶ᠎ᠠ ᠳᠠᠭᠤᠤ ︾ ᠂ ᠣᠷᠳᠣᠰ ᠤᠨ ᠠᠷᠠᠳ ᠤᠨ ᠳᠠᠭᠤᠤ ᠬᠠᠳᠠᠭᠠᠯᠠᠭᠳᠠᠵᠤ ᠢᠷᠡᠭᠰᠡᠨ ᠡᠷᠲᠡᠨ ᠦ ᠳᠠᠭᠤᠤ ᠬᠥᠭᠵᠢᠮ ᠂ ᠵᠢᠱᠢᠶᠡᠯᠡᠪᠡᠯ ︽ ᠡᠵᠡᠨ ᠪᠣᠭᠳᠠ ᠶᠢᠨ ᠬᠣᠶᠠᠷ ᠵᠠᠭᠠᠯ ︾ ︽ ᠤᠷᠠᠨ ᠲᠠᠩᠨᠠᠢ ︾ ᠵᠡᠷᠭᠡ ᠣᠯᠠᠨ ᠪᠠᠶᠢᠳᠠᠭ ᠃ ᠨᠠᠶᠢᠷᠠᠯ ᠬᠥᠭᠵᠢᠮ ᠦᠨ ᠪᠦᠷᠢᠯᠳᠦᠬᠦᠨ ᠳᠦ ᠯᠢᠩᠪᠦ ᠂ ᠳᠥᠷᠪᠡᠨ ᠤᠲᠠᠰᠤᠲᠤ ᠬᠤᠭᠤᠷ ᠂ ᠱᠠᠨᠵᠠ ᠂ ᠶᠣᠣᠴᠢᠨ ᠂ ᠮᠣᠩᠭᠣᠯ ᠶᠠᠲᠤᠭ᠎ᠠ ᠵᠡᠷᠭᠡ ᠪᠠᠶᠢᠳᠠᠭ ᠃ ᠮᠠᠯᠴᠢᠳ ᠤᠨ ᠬᠥᠭᠵᠢᠮᠳᠡᠳᠡᠭ ᠨᠠᠶᠢᠷᠠᠯ ᠬᠥᠭᠵᠢᠮ ᠦᠨ ᠠᠶ᠎ᠠ  ᠨᠢ ᠭᠣᠣᠯᠳᠠᠭᠤ ᠠᠷᠠᠳ ᠤᠨ ᠳᠠᠭᠤᠤ ᠪᠠᠶᠢᠳᠠᠭ ᠃ ᠬᠥᠭᠵᠢᠮ ᠦᠨ ᠠᠶ᠎ᠠ  ᠨᠢ ᠭᠣᠣᠯᠳᠠᠭᠤ ᠠᠷᠠᠳ ᠤᠨ ᠳᠠᠭᠤᠤ ᠪᠠᠨ ᠬᠤᠪᠢᠷᠠᠭᠠᠵᠤ ᠬᠥᠭᠵᠢᠮᠳᠡᠳᠡᠭ ᠡᠴᠡ ᠠᠷᠠᠳ ᠤᠨ ᠳᠠᠭᠤᠤ ᠲᠠᠢ ᠪᠠᠨ ᠳᠡᠮᠡᠢ ᠢᠯᠭᠠᠭ᠎ᠠ ᠦᠭᠡᠢ ᠪᠠᠶᠢᠳᠠᠭ ᠃ ᠣᠷᠳᠣᠰ ᠤᠨ ᠠᠷᠠᠳ ᠤᠨ ᠬᠥᠭᠵᠢᠮ ᠦᠨ ᠨᠠᠶᠢᠷᠠᠯ ᠄ ︽ ᠨᠣᠭᠣᠭᠠᠨ ᠳᠤᠷᠳᠤᠩ ᠰᠣᠣ ︾ ︽ ᠴᠠᠭᠠᠨ ᠪᠤᠯᠠᠭ ᠤᠨ ᠤᠰᠤ ︾ ︽ ᠨᠣᠮᠢᠨ ᠲᠡᠯᠡᠢ ︾ ︽ ᠬᠠᠷ᠎ᠠ ᠲᠣᠷᠭᠠᠨ ᠬᠠᠨᠵᠢᠶᠠᠷ ︾ ︽ ᠰᠡᠨᠵᠢᠳᠮ᠎ᠠ ︾ ︽ ᠪᠠᠶᠠᠨ ᠬᠠᠩᠭᠠᠢ ︾ ᠵᠡᠷᠭᠡ ᠠᠶᠠᠯᠭᠤ ᠪᠤᠢ ᠃

3  1 ᠣᠷᠳᠣᠰ ᠠᠷᠠᠳ ᠤᠨ ᠬᠥᠭᠵᠢᠮ ᠦᠨ ᠬᠡᠪ ᠨᠠᠮᠪᠠ ᠪᠠ ᠣᠨᠴᠠᠯᠢᠭ

ᠮᠥᠩᠬᠡᠨᠠᠰᠤᠨ ᠥᠷᠯᠥᠭᠦᠳ ᠣᠪᠣᠭᠲᠠᠨ ᠂ 1959 ᠣᠨ ᠳᠤ ᠶᠡᠬᠡ ᠵᠣᠣ ᠠᠶᠢᠮᠠᠭ ᠤᠨ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠮᠠᠯᠵᠢᠯ ᠤᠨ ᠬᠣᠷᠰᠢᠶᠠᠨ ᠤ ᠮᠠᠯᠴᠢᠨ ᠴᠣᠶᠢᠵᠠᠪ ᠤᠨ ᠤᠤᠭᠠᠨ ᠬᠥᠪᠡᠭᠦᠨ ᠪᠣᠯᠵᠤ ᠲᠥᠷᠥᠵᠡᠢ ᠃ ᠮᠥᠩᠬᠡᠨᠠᠰᠤᠨ ᠤ ᠠᠪᠤ ᠴᠣᠶᠢᠵᠠᠪ ᠂ ᠡᠪᠦᠭᠡ ᠠᠪᠤ  ᠨᠢ ᠂ ᠡᠯᠦᠨᠴᠡ ᠠᠪᠤ ᠨ᠊ ᠫᠤᠩᠰᠤᠭᠳᠤᠷᠵᠢ  ᠨᠠᠷ ᠪᠣᠯ ᠪᠦᠷ ᠠᠯᠳᠠᠷᠲᠤ ᠠᠷᠠᠳ ᠤᠨ ᠤᠷᠠᠯᠢᠭᠴᠢᠨ ᠪᠥᠭᠡᠳ ᠬᠥᠭᠵᠢᠮᠴᠢᠨ ᠪᠣᠯᠤᠨ᠎ᠠ ᠃ ᠮᠥᠩᠬᠡᠨᠠᠰᠤᠨ ᠲᠠᠲᠠᠨ ᠤ ᠨᠥᠯᠥᠭᠡ ᠶᠢ ᠶᠡᠬᠡᠳᠡ ᠬᠦᠷᠲᠡᠵᠦ ᠂ ᠬᠠᠷᠠᠬᠠᠨ ᠪᠠᠭ᠎ᠠ ᠠᠴᠠ ᠪᠠᠨ ᠬᠤᠭᠤᠷ ᠬᠥᠭᠵᠢᠮ ᠳᠦ ᠳᠤᠷ᠎ᠠ ᠪᠠᠬᠠᠲᠠᠢ ᠪᠠᠶᠢᠵᠤ ᠂ ᠠᠷᠪᠠᠨ ᠨᠠᠰᠤᠨ ᠠᠴᠠ ᠪᠠᠨ ᠳᠥᠷᠪᠡᠨ ᠤᠲᠠᠰᠤᠲᠤ ᠬᠤᠭᠤᠷ ᠰᠤᠷᠴᠤ ᠳᠡᠭᠡᠳᠦ ᠦᠶ᠎ᠡ ᠶᠢᠨ ᠤᠯᠠᠮᠵᠢᠯᠠᠯᠲᠤ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠨᠡᠪᠲᠡᠷᠬᠡᠢ ᠡᠵᠡᠮᠰᠢᠭᠰᠡᠨ ᠪᠠᠶᠢᠨ᠎ᠠ ᠃ 1990 ᠣᠨ ᠳᠤ ᠮᠣᠷᠢᠨ ᠬᠤᠭᠤᠷ ᠤᠨ ᠶᠡᠬᠡ ᠭᠤᠷᠪᠠᠨ ᠬᠥᠭ ᠢ ᠰᠤᠳᠤᠯᠤᠨ ᠡᠭᠦᠳᠴᠦ ᠂ ᠬᠡᠷᠬᠢᠨ ᠬᠤᠭᠤᠷᠳᠠᠬᠤ ᠲᠤᠬᠠᠢ ᠥᠪᠡᠷ ᠢᠶᠡᠨ ᠰᠤᠳᠤᠯᠵᠠᠢ ; ᠲᠡᠭᠡᠭᠡᠳ ᠶᠡᠬᠡ ᠭᠤᠷᠪᠠ ᠶᠢᠨ ᠲᠠᠭᠤᠨ ᠥᠩᠭᠡ ᠲᠡᠢ ᠮᠣᠷᠢᠨ ᠬᠤᠭᠤᠷ ᠦᠢᠯᠡᠳᠴᠦ ᠭᠠᠷᠭᠠᠪᠠ ᠃ ᠡᠳᠦᠭᠡ ᠬᠥᠳᠡᠭᠡ ᠬᠡᠷ ᠲᠡᠭᠡᠨ ᠪᠤᠢ ᠪᠥᠭᠡᠳ ᠵᠢᠷᠤᠭ ᠰᠡᠶᠢᠯᠦᠮᠡᠯ ᠂ ᠠᠷᠠᠳ ᠤᠨ ᠬᠥᠭᠵᠢᠮ ᠦᠢᠯᠡᠳᠬᠦ ᠪᠡᠷ ᠠᠵᠢᠯ ᠢᠶᠠᠨ ᠪᠣᠯᠭᠠᠵᠤ ᠂ ᠠᠷᠠᠳ ᠤᠨ ᠬᠥᠭᠵᠢᠮ ᠢᠶᠡᠷ ᠪᠠᠶᠠᠷ ᠴᠡᠩᠭᠡᠯ ᠢᠶᠡᠨ ᠪᠣᠯᠭᠠᠳᠠᠭ ᠣᠨᠴᠠᠯᠢᠭ ᠲᠠᠢ ᠠᠵᠠᠢ ᠃ 1963 ᠣᠨ ᠳᠤ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠪᠠᠭ᠎ᠠ ᠰᠢᠯᠢ ᠮᠠᠯᠵᠢᠯ ᠤᠨ ᠬᠣᠷᠰᠢᠶ᠎ᠠ ᠶᠢᠨ ᠠᠳᠢᠶᠠᠪᠠᠲᠤ ᠶᠢᠨ ᠳᠥᠷᠪᠡᠳᠦᠭᠡᠷ ᠬᠦᠦ  ᠨᠢ ᠪᠣᠯᠵᠤ ᠲᠥᠷᠥᠵᠡᠢ ᠃ ᠲᠡᠷᠡ ᠬᠠᠷᠠᠬᠠᠨ ᠪᠠᠭ᠎ᠠ ᠠᠴᠠ ᠪᠠᠨ ᠨᠠᠶᠢᠷ ᠬᠥᠭᠵᠢᠮ ᠳᠦ ᠳᠤᠷᠠᠲᠠᠢ ᠪᠠᠶᠢᠵᠤ 14 ᠨᠠᠰᠤᠨ ᠠᠴᠠ ᠪᠠᠨ ᠱᠠᠨᠵᠠ ᠪᠠ ᠳᠥᠷᠪᠡᠨ ᠤᠲᠠᠰᠤᠲᠤ ᠬᠤᠭᠤᠷ ᠡᠬᠢᠯᠡᠨ ᠰᠤᠷᠴᠤ ᠂ ᠨᠠᠶᠢᠷ ᠨᠠᠭᠠᠳᠤᠮ ᠳᠤ ᠣᠯᠠᠨᠲᠠ ᠣᠷᠣᠯᠴᠠᠵᠤ ᠂ ᠠᠬᠠᠮᠠᠳ ᠠᠷᠠᠳ ᠤᠨ ᠤᠷᠠᠯᠢᠭᠴᠢᠳ ᠠᠴᠠ ᠱᠠᠨᠵᠠ ᠬᠥᠭᠵᠢᠮᠳᠡᠬᠦ ᠂ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠰᠤᠷᠴᠤ ᠡᠵᠡᠮᠰᠢᠭᠰᠡᠨ ᠪᠠᠶᠢᠨ᠎ᠠ ᠃

4

3-4

ᠰᠢᠭᠦᠮᠵᠢ ᠦᠯᠡᠳᠡᠭᠡᠬᠦ