• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠳᠦᠷᠪᠡ ᠄ ᠬᠤᠭᠤᠷ ᠱᠠᠨᠵᠠ  ᠶᠢᠨ ᠬᠤᠤᠰᠯᠠᠯ ᠭᠦᠭᠵᠢᠮ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   39
  • ᠄   0
  • ᠄   0
  • ᠄  0

ᠥᠪᠥᠷ ᠮᠣᠩᠭᠣᠯ ᠤᠨ ᠣᠯᠠᠩᠬᠢ ᠭᠠᠵᠠᠷ ᠣᠷᠣᠨ ᠢᠶᠠᠷ ᠮᠣᠩᠭᠣᠯ ᠦᠨᠳᠦᠰᠦᠲᠡᠨ ᠦ ᠤᠯᠠᠮᠵᠢᠯᠠᠯᠲᠤ ᠬᠥᠭᠵᠢᠮ ᠂ ᠳᠥᠷᠪᠡᠨ ᠤᠲᠠᠰᠤᠲᠤ ᠬᠤᠭᠤᠷ ᠂ ᠱᠠᠨᠵᠠ ᠂ ᠮᠣᠷᠢᠨ ᠬᠤᠭᠤᠷ ( ᠴᠤᠭᠤᠷ ) ᠂ ᠯᠢᠩᠪᠦ ᠶᠢ ᠮᠣᠩᠭᠣᠯ ᠦᠨᠳᠦᠰᠦᠲᠡᠨ ᠦ ᠬᠥᠭᠵᠢᠮᠳᠡᠭᠦᠷ ᠦᠨ ᠳᠥᠷᠪᠡᠨ ᠭᠣᠣᠯ ᠪᠦᠷᠢᠯᠳᠦᠬᠦᠨ ᠬᠥᠭᠵᠢᠮᠳᠡᠭᠦᠷ ᠪᠣᠯᠭᠠᠳᠠᠭ ᠶᠤᠮ ᠃ ᠡᠭᠦᠨ ᠦ ᠲᠣᠳᠣᠷ᠎ᠠ ᠳᠥᠷᠪᠡᠨ ᠤᠲᠠᠰᠤᠲᠤ ᠬᠤᠭᠤᠷ ᠪᠣᠯᠤᠨ ᠱᠠᠨᠵᠠ ᠬᠥᠭᠵᠢᠮ  ᠨᠢ ᠤᠷᠠᠨ ᠪᠦᠲᠦᠭᠡᠯ ᠢ ᠢᠯᠡᠳᠬᠡᠬᠦ ᠭᠣᠣᠯ ᠬᠦᠴᠦᠨ ᠪᠣᠯᠵᠤ ᠪᠠᠶᠢᠳᠠᠭ ᠃ ᠤᠴᠢᠷ  ᠨᠢ ᠭᠡᠪᠡᠯ ᠳᠥᠷᠪᠡᠨ ᠤᠲᠠᠰᠤᠲᠤ ᠬᠤᠭᠤᠷ ᠢ ᠣᠯᠠᠩᠬᠢ ᠳᠠᠭᠠᠨ ᠨᠠᠶᠢᠷᠠᠯ ᠬᠥᠭᠵᠢᠮ ᠦᠨ ᠭᠣᠣᠯ ᠠᠶᠠᠯᠭᠤ ᠶᠢ ᠬᠥᠭᠵᠢᠮᠳᠡᠬᠦ ᠪᠥᠭᠡᠳ ᠲᠡᠭᠦᠨ ᠦ ᠳᠠᠭᠤ ᠴᠤᠤᠷᠢᠶ᠎ᠠ  ᠨᠢ ᠢᠯᠭᠤᠮ ᠲᠣᠳᠣ ᠂ ᠂ ᠴᠡᠪᠡᠷ ᠨᠠᠶᠢᠷᠰᠠᠭ ᠪᠠᠶᠢᠳᠠᠭ ᠃ ᠥᠪᠡᠷ ᠦᠨ ᠥᠪᠡᠷᠮᠢᠴᠡ ᠣᠨᠴᠠᠯᠢᠭ ᠢᠶᠠᠷ ᠢᠶᠠᠨ ᠤᠯᠠᠮᠵᠢᠯᠠᠯᠲᠤ ᠬᠡᠪ ᠨᠠᠮᠪᠠ ᠲᠠᠢ ᠃ ᠳᠠᠷᠠᠭ᠎ᠠ  ᠨᠢ ᠂ ᠱᠠᠨᠵᠠ ᠬᠥᠭᠵᠢᠮ  ᠨᠢ ᠨᠠᠶᠢᠷᠠᠯ ᠬᠥᠭᠵᠢᠮ ᠲᠣᠳᠣᠷ᠎ᠠ ᠳᠤ ᠳᠤᠲᠠᠭᠳᠠᠵᠤ ᠪᠣᠯᠤᠰᠢ ᠦᠭᠡᠢ ᠴᠣᠬᠢᠭᠤᠷ ᠬᠥᠭᠵᠢᠮ ᠪᠣᠯᠤᠨ᠎ᠠ ᠃ ᠲᠡᠷᠡ  ᠨᠢ ᠨᠠᠶᠢᠷᠠᠯ ᠬᠥᠭᠵᠢᠮ  ᠳᠦ ᠠᠳᠠᠯᠢ ᠪᠤᠰᠤ ᠦᠭᠡᠢ ᠥᠩᠭᠡ ᠲᠡᠢ ᠬᠥᠭᠵᠢᠮ ᠪᠣᠯᠵᠤ ᠨᠡᠮᠡᠭᠳᠡᠵᠦ ᠂ ᠬᠥᠭᠵᠢᠮᠳᠡᠬᠦ ᠳᠦ ᠴᠣᠬᠢᠯᠭ᠎ᠠ ᠬᠤᠷᠳᠤᠨ ᠠᠶᠠᠯᠭᠤᠨ  ᠳᠤ ᠮᠠᠰᠢ ᠣᠨᠣᠪᠴᠢᠲᠠᠢ ᠬᠥᠭᠵᠢᠮᠳᠡᠬᠦ ᠮᠡᠷᠭᠡᠵᠢᠯ ᠦᠳ ᠬᠡᠷᠡᠭᠯᠡᠵᠦ ᠪᠣᠯᠳᠠᠭ ᠃ ᠡᠶᠢᠮᠦ ᠡᠴᠡ ᠳᠥᠷᠪᠡᠨ ᠤᠲᠠᠰᠤᠲᠤ ᠬᠤᠭᠤᠷ ᠪᠠ ᠱᠠᠨᠵᠠ ᠬᠥᠭᠵᠢᠮ ᠦᠨ ᠬᠣᠣᠰᠯᠠᠯ  ᠨᠢ ᠮᠣᠩᠭᠣᠯ ᠠᠷᠠᠳ ᠤᠨ ᠳᠠᠭᠤᠤ ᠂ ᠲᠣᠮᠣ ᠬᠡᠪᠴᠢᠶᠡᠨ ᠦ ᠠᠶ᠎ᠠ ᠵᠡᠷᠭᠡ ᠶᠢ ᠬᠥᠭᠵᠢᠮᠳᠡᠬᠦ ᠳᠦ ᠣᠳᠣ ᠶᠢᠨ ᠠᠷᠠᠳ ᠤᠨ ᠳᠤᠮᠳᠠ ᠬᠢᠴᠢᠶᠡᠯ ᠦᠨ ᠲᠢᠩᠬᠢᠮ ᠳᠦ ᠭᠡᠰᠡᠨ ᠴᠣ ᠰᠤᠷᠤᠭᠴᠢ ᠪᠠᠭᠰᠢ ᠠᠷᠠᠳ ᠲᠦᠮᠡᠨ ᠦ ᠪᠠᠬᠠᠷᠬᠠᠯ ᠢ ᠲᠠᠲᠠᠵᠤ ᠂ ᠮᠣᠩᠭᠣᠯ ᠦᠨᠳᠦᠰᠦᠲᠡᠨ ᠦ ᠳᠠᠭᠤᠤ ᠬᠥᠭᠵᠢᠮ ᠳᠦ ᠥᠨᠢ ᠤᠯᠠᠮᠵᠢᠯᠠᠭᠳᠠᠬᠤ ᠰᠠᠭᠤᠷᠢ  ᠲᠠᠢ ᠬᠥᠭᠵᠢᠮ ᠪᠣᠯᠬᠤ ᠶᠤᠮ ᠃

ᠮᠥᠩᠬᠡᠨᠠᠰᠤᠨ ᠥᠷᠯᠥᠭᠦᠳ ᠤᠪᠤᠭᠳᠠᠨ  ᠂ 1959 ᠣᠨ ᠳᠤ ᠶᠡᠬᠡ ᠵᠣᠣ ᠠᠶᠢᠮᠠᠭ ᠤᠨ ᠦᠦᠰᠢᠨ ᠬᠣᠰᠢᠭᠤᠨ ᠤ ᠰᠦᠯᠳᠡ ᠮᠥᠩᠬᠡᠨᠠᠰᠤᠨ ᠥᠷᠯᠥᠭᠦᠳ ᠤᠪᠤᠭᠳᠠᠨ  ᠂ 1959 ᠣᠨ ᠳᠤ ᠶᠡᠬᠡ ᠵᠣᠣ ᠠᠶᠢᠮᠠᠭ ᠤᠨ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠮᠠᠯᠴᠢᠯ ᠤᠨ ᠬᠣᠷᠰᠢᠶᠠᠨ ᠤ ᠮᠠᠯᠴᠢᠨ ᠴᠣᠶᠢᠵᠠᠪ ᠤᠨ ᠤᠤᠭᠠᠨ ᠬᠥᠪᠡᠭᠦᠨ ᠪᠣᠯᠵᠤ ᠲᠥᠷᠥᠵᠡᠢ ᠃ ᠮᠥᠩᠬᠡᠨᠠᠰᠤᠨ ᠤ ᠠᠪᠤ ᠴᠣᠶᠢᠵᠠᠪ ᠂ ᠡᠪᠦᠭᠡ ᠠᠪᠤ  ᠨᠢ ᠂ ᠡᠯᠦᠨᠴᠡ ᠠᠪᠤ  ᠨᠢ  ᠨᠡᠷ ᠪᠣᠯ ᠪᠦᠷ ᠠᠯᠳᠠᠷᠲᠤ ᠠᠷᠠᠳ ᠤᠨ ᠤᠷᠠᠯᠢᠭᠴᠢᠨ ᠪᠥᠭᠡᠳ ᠬᠥᠭᠵᠢᠮᠴᠢᠨ ᠪᠣᠯᠤᠨ᠎ᠠ ᠃ ᠮᠥᠩᠬᠡᠨᠠᠰᠤᠨ ᠲᠠᠲᠠᠨ ᠤ ᠨᠥᠯᠥᠭᠡ ᠶᠢ ᠶᠡᠬᠡᠳᠡ ᠬᠦᠷᠲᠡᠵᠦ ᠂ ᠬᠠᠷᠠᠬᠠᠨ ᠪᠠᠭ᠎ᠠ ᠠᠴᠠ ᠪᠠᠨ ᠬᠤᠭᠤᠷ ᠬᠥᠭᠵᠢᠮ ᠳᠦ ᠳᠤᠷ᠎ᠠ ᠪᠠᠬᠠᠲᠠᠢ ᠪᠠᠶᠢᠵᠤ ᠂ ᠠᠷᠪᠠᠨ ᠨᠠᠰᠤᠨ ᠠᠴᠠ ᠪᠠᠨ ᠳᠥᠷᠪᠡᠨ ᠤᠲᠠᠰᠤᠲᠤ ᠬᠤᠭᠤᠷ ᠰᠤᠷᠴᠤ ᠳᠡᠭᠡᠳᠦ ᠦᠶ᠎ᠡ ᠶᠢᠨ ᠤᠯᠠᠮᠵᠢᠯᠠᠯᠲᠤ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠨᠡᠪᠲᠡᠷᠬᠡᠢ ᠡᠵᠡᠮᠰᠢᠭᠰᠡᠨ ᠪᠠᠶᠢᠨ᠎ᠠ ᠃ 1990 ᠣᠨ ᠳᠤ ᠮᠣᠷᠢᠨ ᠬᠤᠭᠤᠷ ᠤᠨ ᠶᠡᠬᠡ ᠭᠤᠷᠪᠠᠨ ᠬᠥᠭ ᠢ ᠰᠤᠳᠤᠯᠤᠨ ᠡᠭᠦᠳᠴᠦ ᠂ ᠬᠡᠷᠬᠢᠨ ᠬᠤᠭᠤᠷᠳᠠᠬᠤ ᠲᠤᠬᠠᠢ ᠥᠪᠡᠷ ᠢᠶᠡᠨ ᠰᠤᠳᠤᠯᠵᠠᠢ ; ᠲᠡᠭᠡᠭᠡᠳ ᠶᠡᠬᠡ ᠭᠤᠷᠪᠠ ᠶᠢᠨ ᠲᠠᠭᠤᠨ ᠥᠩᠭᠡ ᠲᠡᠢ ᠮᠣᠷᠢᠨ ᠬᠤᠭᠤᠷ ᠦᠢᠯᠡᠳᠴᠦ ᠭᠠᠷᠭᠠᠪᠠ ᠃ ᠡᠳᠦᠭᠡ ᠬᠥᠳᠡᠭᠡ ᠬᠡᠷ ᠲᠡᠭᠡᠨ ᠪᠤᠢ ᠪᠥᠭᠡᠳ ᠵᠢᠷᠤᠭ ᠰᠡᠶᠢᠯᠦᠮᠡᠯ ᠂ ᠠᠷᠠᠳ ᠤᠨ ᠬᠥᠭᠵᠢᠮ ᠦᠢᠯᠡᠳᠬᠦ ᠪᠡᠷ ᠠᠵᠢᠯ ᠢᠶᠠᠨ ᠪᠣᠯᠭᠠᠵᠤ ᠂ ᠠᠷᠠᠳ ᠤᠨ ᠬᠥᠭᠵᠢᠮ ᠢᠶᠡᠷ ᠪᠠᠶᠠᠷ ᠴᠡᠩᠭᠡᠯ ᠢᠶᠡᠨ ᠪᠣᠯᠭᠠᠳᠠᠭ ᠣᠨᠴᠠᠯᠢᠭ ᠲᠠᠢ ᠠᠵᠠᠢ ᠃ 1963 ᠣᠨ ᠳᠤ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠪᠠᠭ᠎ᠠ ᠰᠢᠯᠢ ᠮᠠᠯᠵᠢᠯ ᠤᠨ ᠬᠣᠷᠰᠢᠶ᠎ᠠ ᠶᠢᠨ ᠠᠳᠢᠶᠠᠪᠠᠲᠤ ᠶᠢᠨ ᠳᠥᠷᠪᠡᠳᠦᠭᠡᠷ ᠬᠦᠦ  ᠨᠢ ᠪᠣᠯᠵᠤ ᠲᠥᠷᠥᠵᠡᠢ ᠃ ᠲᠡᠷᠡ ᠬᠠᠷᠠᠬᠠᠨ ᠪᠠᠭ᠎ᠠ  ᠠᠴᠠ ᠪᠠᠨ ᠨᠠᠶᠢᠷ ᠬᠥᠭᠵᠢᠮ ᠳᠦ ᠳᠤᠷᠠᠲᠠᠢ ᠪᠠᠶᠢᠵᠤ 14 ᠨᠠᠰᠤᠨ ᠠᠴᠠ ᠪᠠᠨ ᠱᠠᠨᠵᠠ ᠪᠠ ᠳᠥᠷᠪᠡᠨ ᠤᠲᠠᠰᠤᠲᠤ ᠬᠤᠭᠤᠷ ᠡᠬᠢᠯᠡᠨ ᠰᠤᠷᠴᠤ ᠂ ᠨᠠᠶᠢᠷ ᠨᠠᠭᠠᠳᠤᠮ ᠳᠤ ᠣᠯᠠᠨᠲᠠ ᠣᠷᠣᠯᠴᠠᠵᠤ ᠂ ᠠᠬᠠᠮᠠᠳ ᠠᠷᠠᠳ ᠤᠨ ᠤᠷᠠᠯᠢᠭᠴᠢᠳ ᠠᠴᠠ ᠱᠠᠨᠵᠠ ᠬᠥᠭᠵᠢᠮᠳᠡᠬᠦ ᠂ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠰᠤᠷᠴᠤ ᠡᠵᠡᠮᠰᠢᠭᠰᠡᠨ ᠪᠠᠶᠢᠨ᠎ᠠ ᠃

51

4-1

4-2

4-3

4-4

4-5

ᠰᠢᠭᠦᠮᠵᠢ ᠦᠯᠡᠳᠡᠭᠡᠬᠦ