• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠬᠣᠶᠠᠷ ᠄ ᠮᠣᠩᠭᠣᠯ ᠱᠠᠨᠵᠠ ᠶᠢᠨ ᠭᠣᠴᠣᠯᠠᠯ ᠬᠥᠭᠵᠢᠮ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   36
  • ᠄   0
  • ᠄   0
  • ᠄  0

ᠮᠣᠩᠭᠣᠯ ᠦᠨᠳᠦᠰᠦᠲᠡᠨ ᠦ ᠴᠢᠪᠬᠠᠭᠳᠠᠬᠤ ᠲᠥᠷᠥᠯ ᠦᠨ ᠬᠥᠭᠵᠢᠮᠳᠡᠭᠦᠷ ᠄ ᠪᠡᠶ᠎ᠡ ᠪᠡᠨ ᠳᠠᠭᠠᠭᠠᠭᠰᠠᠨ ᠥᠪᠡᠷᠮᠢᠴᠡ ᠣᠨᠴᠠᠯᠢᠭ ᠲᠠᠢ ᠴᠢᠪᠬᠠᠳᠠᠭᠤᠯ ᠬᠥᠭᠵᠢᠮ ᠦᠨ ᠨᠢᠭᠡ  ᠨᠢ ᠮᠥᠨ ᠠᠷᠠᠳ ᠤᠨ ᠳᠤᠮᠳᠠ ᠪᠠᠰᠠ ᠱᠠᠨᠵᠠ ᠂ ᠱᠠᠩᠭᠡᠨ ᠂ ᠭᠤᠷᠪᠠ ᠴᠢᠪᠬᠠᠳᠠᠰᠤᠲᠤ ᠂ ᠣᠲᠣᠷᠭᠤ ᠭᠡᠵᠦ ᠣᠯᠠᠨ ᠶᠠᠩᠵᠤ ᠪᠠᠷ ᠨᠡᠷᠡᠯᠡᠳᠡᠭ ᠃ ᠣᠳᠣ ᠶᠢᠨ ᠣᠯᠠᠨ ᠡᠷᠳᠡᠮᠲᠡᠨ ᠰᠤᠳᠤᠯᠭᠠᠴᠢᠳ ᠤᠨ ᠰᠤᠳᠤᠯᠤᠭᠰᠠᠨ ᠢᠶᠠᠷ ᠱᠠᠨᠵᠠ ᠭᠡᠳᠡᠭ ᠬᠥᠭᠵᠢᠮ  ᠨᠢ ᠨᠠᠶᠢᠳᠠ ᠶᠢᠨ ᠣᠨ ᠲᠣᠭᠠᠯᠠᠯ ᠠᠴᠠ ᠡᠮᠦᠨ᠎ᠡ ᠴᠢᠨ ᠪᠤᠶᠤ ᠬᠠᠨ ᠤᠯᠤᠰ  ᠤᠨ ᠦᠶ᠎ᠡ ᠳᠦ ᠬᠣᠶᠠᠷ ᠲᠥᠷᠥᠯ ᠦᠨ ᠫᠢᠫᠠ ᠬᠥᠭᠵᠢᠮ ᠪᠠᠶᠢᠵᠤ ᠱᠠᠨᠵᠠ ᠰᠢᠭ ᠣᠶᠢᠷᠠᠯᠴᠠᠭ᠎ᠠ ᠪᠦᠲᠦᠴᠡ ᠲᠡᠢ ᠭᠤᠷᠪᠠ ᠴᠢᠪᠬᠠᠳᠠᠰᠤ ᠲᠠᠢ  ᠨᠢ ︽ ᠰᠠᠨ ᠰᠢᠶᠠᠨ ︾ ᠪᠣᠯᠵᠤ ᠬᠥᠭᠵᠢᠭᠡᠳ ᠂ ᠨᠥᠭᠥᠭᠡ ᠮᠣᠳᠣᠨ ᠴᠠᠷ ᠲᠠᠢ ᠫᠢᠫᠠ  ᠨᠢ ︽ ᠵᠤᠸᠠᠨ ᠰᠢᠶᠠᠨ ︾ ᠪᠣᠯᠵᠤ ᠬᠤᠪᠢᠷᠠᠪᠠ ᠭᠡᠵᠦ ᠲᠡᠮᠳᠡᠭᠯᠡᠵᠦ ᠪᠠᠶᠢᠪᠠ ᠃ ᠮᠣᠩᠭᠣᠯ ᠤᠯᠤᠰ ᠤᠨ ᠬᠡ‍᠊ ᠂ ᠪᠠᠳᠠᠷᠠᠬᠤ ᠶᠢᠨ ᠪᠢᠴᠢᠭᠰᠡᠨ ︽ ᠮᠣᠩᠭᠣᠯ ᠬᠥᠭᠵᠢᠮ ᠦᠨ ᠲᠡᠦᠬᠡ ᠡᠴᠡ ︾ ᠬᠡᠮᠡᠬᠦ ᠰᠤᠳᠤᠯᠭᠠᠨ ᠤ ᠴᠢᠨᠠᠷ ᠲᠠᠢ ᠨᠣᠮ ᠳᠤ ︽ ᠱᠠᠨᠵᠠ ( ᠱᠤᠳᠤᠷᠭᠤ ) ︾ ᠪᠣᠯᠪᠠᠰᠤ ᠮᠣᠩᠭᠣᠯ ᠦᠨᠳᠦᠰᠦᠲᠡᠨ ᠦ ᠬᠥᠭᠵᠢᠮ ᠦᠨ ᠨᠢᠭᠡ ᠵᠦᠢᠯ ᠬᠡᠮᠡᠨ ᠲᠡᠮᠳᠡᠭᠯᠡᠵᠡᠢ ᠃ ᠡᠭᠦᠨ ᠢ ᠠᠩᠬ᠎ᠠ ᠦᠢᠯᠡᠳᠦᠨ ᠭᠠᠷᠭᠠᠬᠤᠢ ᠳᠤᠷ ᠫᠢᠫᠠ ᠶᠢ ᠳᠠᠭᠤᠷᠢᠶᠠᠵᠤ ᠬᠡᠯᠪᠡᠷᠢ ᠶᠢ ᠥᠭᠡᠷᠡᠴᠢᠯᠡᠨ ᠦᠢᠯᠡᠳᠦᠭᠰᠡᠨ ᠭᠡᠳᠡᠭ ᠃ ᠲᠡᠭᠦᠨ ᠢ ᠬᠥᠭᠵᠢᠮᠳᠡᠬᠦ ᠳᠦ ᠨᠢᠭᠡ ᠭᠠᠷ ᠠᠨᠤ ᠦᠷᠭᠦᠯᠵᠢ ᠱᠤᠳᠤᠷᠭᠤ ᠶᠢᠨ ᠪᠡᠶ᠎ᠡ  ᠳᠡᠬᠢ ᠴᠢᠪᠬᠠᠳᠠᠰᠤ ᠶᠢ ᠥᠭᠡᠳᠡ ᠤᠷᠤᠭᠤ ᠪᠠᠨ ᠳᠠᠷᠤᠵᠤ ᠱᠤᠳᠤᠷᠠᠭᠤᠯᠬᠤ ᠲᠤᠯᠠ ᠱᠤᠳᠤᠷᠭᠤ ᠬᠡᠮᠡᠨ ᠨᠡᠷᠡᠶᠢᠳᠦᠭᠰᠡᠨ ᠭᠡᠨ᠎ᠡ᠃ ᠳᠤᠮᠳᠠᠳᠤ ᠤᠯᠤᠰ ᠤᠨ ᠳᠠᠭᠤᠤ ᠬᠥᠭᠵᠢᠮ ᠦᠨ ᠲᠣᠯᠢ ᠳᠤ ᠄ ︽ ᠱᠠᠨᠵᠠ ᠬᠥᠭᠵᠢᠮ ᠢ ᠤᠮᠠᠷᠠᠲᠤ ᠶᠢᠨ ᠦᠨᠳᠦᠰᠦᠲᠡᠨ ᠬᠡᠷᠡᠭᠯᠡᠳᠡᠭ ᠪᠥᠭᠡᠳ ᠭᠤᠷᠪᠠᠨ ᠤᠲᠠᠰᠤᠲᠤ ᠪᠣᠯᠬᠤ ᠲᠤᠯᠠ ᠶᠤᠸᠠᠨ ᠤᠯᠤᠰ ᠠᠴᠠ ᠡᠬᠢᠯᠡᠵᠦ ︽ ᠰᠠᠨ ᠰᠢᠶᠠᠨ ︾ ᠬᠡᠮᠡᠨ ᠨᠠᠷᠠᠯᠠᠪᠠ ᠭᠡᠵᠦ ᠤᠮᠳᠠᠯᠠᠪᠠ ᠃ ᠪᠠᠰᠠ ᠮᠢᠩ ᠤᠯᠤᠰ ᠤᠨ ᠮᠢᠩ ᠵᠠᠩ ᠱᠧᠨ ︽ ᠱᠧᠩ ᠦᠨ ᠦ ᠰᠤᠯᠠ ᠲᠡᠮᠳᠡᠭᠯᠡᠯ ︾ ᠳᠦ ᠄ ︽ ᠥᠨᠥᠳᠦᠷ ᠦᠨ ᠱᠤᠳᠤᠷᠭᠤ  ᠪᠣᠯᠪᠠᠰᠤ ᠂ ᠶᠤᠸᠠᠨ ᠤᠯᠤᠰ ᠤᠨ ᠦᠶ᠎ᠡ ᠡᠴᠡ ᠬᠥᠭᠵᠢᠮᠳᠡᠭᠦᠷ ᠦᠨ ᠲᠤᠬᠠᠢ ᠨᠣᠳᠠᠯᠬᠤ  ᠳᠠᠭᠠᠨ ᠂ ᠠᠷᠠᠳ ᠤᠨ ᠳᠤᠮᠳᠠ ᠪᠣᠯᠤᠨ ᠣᠷᠳᠣᠨ ᠤ ︽ ᠨᠠᠶᠢᠷ ᠤᠨ ᠬᠥᠭᠵᠢᠮ ︾ ᠲᠣᠳᠣᠷ᠎ᠠ ᠂ ᠬᠣᠷᠢᠨ ᠨᠠᠢᠮᠠᠨ ᠵᠦᠢᠯ ᠦᠨ ᠬᠥᠭᠵᠢᠮᠳᠡᠭᠦᠷ ᠬᠠᠷᠠᠭᠳᠠᠵᠤ ᠪᠠᠶᠢᠭᠰᠠᠨ ᠤ ᠲᠣᠳᠣᠷ᠎ᠠ ᠱᠠᠨᠵᠠ ᠬᠥᠭᠵᠢᠮ ᠪᠤᠢ ᠬᠡᠮᠡᠨ ᠭᠡᠷᠡᠴᠢᠯᠡᠵᠡᠢ ᠃ ᠮᠣᠩᠭᠣᠯ ᠱᠠᠨᠵᠠ ᠶᠢᠨ ᠤᠯᠠᠮᠵᠢᠯᠠᠯᠲᠤ ᠴᠢᠪᠬᠠᠳᠠᠯ ᠢ ᠬᠠᠳᠠᠭᠠᠯᠠᠭᠰᠠᠨ ᠪᠤᠶᠤ ᠬᠥᠭᠵᠢᠭᠦᠯᠦᠭᠰᠡᠨ ᠦ ᠲᠠᠯ᠎ᠠ ᠪᠠᠷ ᠄ ᠥᠪᠥᠷ ᠮᠣᠩᠭᠣᠯ ᠣᠷᠣᠨ ᠳᠤ ᠣᠷᠳᠣᠰ ᠨᠤᠲᠤᠭ ᠤᠨ ᠠᠶᠢᠯ ᠪᠦᠷᠢ ᠶᠢᠨ ᠮᠣᠩᠭᠣᠯ ᠬᠡᠷ ᠦᠨ ᠬᠠᠨ᠎ᠠ ᠳᠤ ᠵᠠᠪᠠᠯ ᠨᠢᠭᠡ ᠱᠠᠨᠵᠠ ᠡᠯᠭᠦᠭᠡᠰᠦᠲᠡᠢ ᠪᠠᠶᠢᠵᠤ ᠲᠡᠭᠦᠨ ᠢᠶᠡᠨ ᠪᠠᠰᠠ ︽ ᠳᠡᠭᠡᠳᠦ ᠬᠥᠭᠵᠢᠮ ︾ ᠂ ︽ ᠲᠡᠭᠷᠢ ᠶᠢᠨ ᠬᠥᠭᠵᠢᠮ ︾ ᠭᠡᠵᠦ ᠬᠦᠨᠳᠦᠳᠬᠡᠳᠡᠭ ᠪᠢᠯᠡ ᠃ ᠣᠷᠳᠣᠰ ᠨᠤᠲᠤᠭ ᠤᠨ ᠬᠥᠮᠦᠰ ᠬᠥᠭᠰᠢᠨ ᠵᠠᠯᠠᠭᠤ ᠂ ᠡᠷᠡᠭᠲᠡᠢ ᠡᠮᠡᠭᠲᠡᠢ ᠪᠦᠷᠢ ᠱᠠᠨᠵᠠ ᠴᠢᠪᠬᠠᠳᠠᠵᠤ ᠴᠢᠳᠠᠳᠠᠭ ᠵᠠᠩᠰᠢᠯ ᠲᠠᠢ ᠪᠠᠶᠢᠳᠠᠭ ᠃ ᠲᠠᠲᠠ ᠡᠨᠡᠬᠦ ᠬᠥᠭᠵᠢᠮ ᠢᠶᠡᠨ ᠲᠤᠰᠬᠠᠢ ᠲᠠᠷᠬᠠᠨ ᠢᠶᠠᠷ ᠬᠢᠯᠭᠡᠳᠡᠭ ᠦᠭᠡᠢ ᠬᠠᠷᠢᠨ ᠥᠪᠡᠷᠰᠡᠳ ᠦᠨ ᠢᠶᠡᠨ ᠣᠶᠤᠨ ᠤᠬᠠᠭᠠᠨ ᠂ ᠭᠠᠷ ᠤᠷᠠᠯᠢᠭ ᠢ ᠲᠦᠰᠢᠭᠯᠡᠨ ᠂ ᠮᠣᠷᠢ ᠬᠣᠨᠢᠨ ᠤ ᠠᠷᠠᠰᠤ ᠂ ᠭᠡᠳᠡᠰᠦ  ᠪᠡᠷ ᠰᠤᠩᠭᠠᠨ ᠰᠢᠯᠡᠮᠡᠳᠡᠵᠦ ᠂ ᠱᠠᠨᠵᠠ ᠪᠠᠨ ᠪᠦᠷᠢᠵᠦ ᠂ ᠭᠤᠷᠪᠠᠨ ᠴᠢᠪᠬᠠᠳᠠᠰᠤ ᠶᠢ ᠬᠢᠳᠡᠭ ᠃ ᠡᠭᠦᠨ ᠳᠦ ᠣᠷᠳᠣᠰ ᠤᠨ ᠠᠷᠠᠳ ᠤᠨ ᠤᠷᠠᠨ ᠰᠠᠶᠢᠬᠠᠨᠴᠢ ᠥᠯᠵᠡᠶᠢᠬᠤᠳᠤᠭ ᠭᠡᠳᠡᠭ ᠭᠠᠷᠮᠠᠭᠠᠢ ᠱᠠᠨᠵᠠᠴᠢᠨ ᠪᠠᠶᠢᠭᠰᠠᠨ ᠃ ᠴᠠᠬᠠᠷ ᠠᠶᠢᠮᠠᠭ ᠤᠨ ᠮᠡᠲᠡᠢ᠂ ᠪᠠᠨᠤᠨᠴᠢᠷ ᠂ ᠭᠡᠵᠦ ᠠᠯᠳᠠᠷᠲᠤ ᠱᠠᠨᠵᠠᠴᠢᠨ ᠪᠠᠶᠢᠭᠰᠠᠨ ᠃ ᠵᠡᠭᠦᠨ ᠦᠵᠦᠮᠦᠴᠢᠨ ᠬᠣᠰᠢᠭᠤᠨ ᠤ ᠮᠠᠨᠵᠢᠯ ᠭᠡᠬᠦ ᠠᠯᠳᠠᠷ ᠲᠠᠢ ᠱᠠᠨᠵᠠᠴᠢᠨ ᠪᠠᠶᠢᠵᠠᠢ ᠃ ᠪᠠᠷᠠᠭᠤᠨ ᠰᠣᠨᠢ ᠶᠢᠨ ᠳᠡᠮᠴᠣᠭᠳᠣᠩᠷᠣᠪ ᠸᠠᠩ ᠤᠨ ᠣᠷᠳᠣᠨ ᠤ ᠬᠥᠭᠵᠢᠮᠴᠢᠳ ᠦᠨ ᠲᠣᠳᠣᠷ᠎ᠠ ᠂ ᠠᠳᠢᠶᠠᠪᠠᠲᠤ ᠵᠡᠷᠭᠡ ᠠᠯᠳᠠᠷᠲᠤ ᠱᠠᠨᠵᠠᠴᠢᠨ ᠪᠠᠶᠢᠵᠤ ᠮᠣᠩᠭᠣᠯ ᠦᠨᠳᠦᠰᠦᠲᠡᠨ ᠦ ᠣᠷᠳᠣᠨ ᠤ ᠬᠥᠭᠵᠢᠮ ᠳᠦ ᠬᠡᠷᠡᠭᠯᠡᠭᠳᠡᠵᠦ ᠪᠠᠶᠢᠭᠰᠠᠨ ᠢ ᠮᠡᠳᠡᠵᠦ ᠪᠣᠯᠤᠨ᠎ᠠ ᠃

2

2  1 ︽ ᠵᠠᠮᠴᠢᠨ ︾

 

 

 

21

ᠯᠢᠩ ᠴᠦᠨ ᠂ ᠡᠮᠡᠭᠲᠡᠢ ᠂ ᠮᠣᠩᠭᠣᠯ ᠦᠨᠳᠦᠰᠦᠲᠡᠨ ᠂ 1956 ᠣᠨ ᠳᠤ ᠰᠢᠯᠢᠩᠭᠤᠸ᠎ᠠ ᠠᠶᠢᠮᠠᠭ ᠤᠨ ᠵᠡᠭᠦᠨ ᠦᠵᠦᠮᠦᠴᠢᠨ ᠬᠣᠰᠢᠭᠤᠨ ᠳᠤ ᠲᠥᠷᠥᠵᠡᠢ ᠃ 1972 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠰᠢᠯᠭᠠᠨ ᠣᠷᠣᠵᠤ ᠱᠠᠨᠵᠠ ᠶᠢᠨ ᠲᠤᠰᠬᠠᠢ ᠮᠡᠷᠭᠡᠵᠢᠯ ᠢ ᠰᠤᠷᠤᠯᠴᠠᠵᠠᠢ ᠃ ᠲᠡᠭᠦᠨ ᠦ ᠪᠠᠭᠰᠢ  ᠨᠢ ᠮᠣᠩᠭᠣᠯ ᠱᠠᠨᠵᠠ ᠶᠢᠨ ᠡᠷᠳᠡᠮᠲᠡᠨ ᠬᠤᠷᠢᠶᠠᠭᠴᠢ ᠪᠠᠭᠰᠢ ᠪᠣᠯᠤᠨ᠎ᠠ ᠃ 1975 ᠣᠨ ᠳᠤ ᠰᠢᠯᠢᠳᠡᠭ ᠬᠢᠷᠢ ᠪᠦᠲᠦᠮᠵᠢ ᠪᠡᠷ ᠲᠡᠭᠦᠰᠴᠡᠢ ᠃ ᠣᠳᠣ ᠥᠪᠥᠷ ᠮᠣᠩᠭᠣᠯ ᠤᠨ ᠦᠨᠳᠦᠰᠦᠲᠡᠨ ᠦ ᠳᠠᠭᠤᠤ ᠪᠥᠵᠢᠭ ᠦᠨ ᠬᠦᠷᠢᠶᠡᠯᠡᠩ ᠳᠦ ᠤᠯᠤᠰ ᠤᠨ ᠨᠢᠭᠡᠳᠦᠭᠡᠷ ᠲᠠᠰ ᠤᠨ ᠬᠥᠭᠵᠢᠮᠴᠢᠨ ᠢᠶᠡᠷ ᠠᠵᠢᠯᠯᠠᠵᠤ ᠪᠤᠢ ᠃ ᠪᠠᠰᠠ ᠳᠤᠮᠳᠠᠳᠤ ᠤᠯᠤᠰ ᠤᠨ ᠦᠨᠳᠦᠰᠦᠲᠡᠨ ᠦ ᠱᠠᠨᠵᠠ ᠶᠢᠨ ᠲᠤᠰᠬᠠᠢ ᠮᠡᠷᠭᠡᠵᠢᠯ  ᠦᠨ ᠨᠡᠶᠢᠭᠡᠮᠯᠢᠭ ᠦᠨ ᠬᠡᠷᠡᠭ ᠡᠷᠬᠢᠯᠡᠭᠴᠢ ᠂ ᠥᠪᠥᠷ ᠮᠣᠩᠭᠣᠯ ᠤᠨ ᠱᠠᠨᠵᠠ ᠶᠢᠨ ᠨᠡᠶᠢᠭᠡᠮᠯᠢᠭ ᠦᠨ ᠪᠠᠶᠢᠩᠭᠤ ᠶᠢᠨ ᠳᠡᠳ᠋ ᠳᠠᠷᠤᠭ᠎ᠠ ᠃ ᠲᠡᠭᠦᠨ ᠦ ᠭᠣᠣᠯ ᠪᠦᠲᠦᠭᠡᠯ ᠭᠣᠣᠯᠳᠠᠭᠤ ᠱᠠᠨᠵᠠ ᠶᠢᠨ ᠭᠣᠴᠣᠯᠠᠯ ᠬᠥᠭᠵᠢᠮ ︽ ᠰᠡᠨᠵᠢᠳᠮ᠎ᠠ ︾ ᠂ ︽ ᠪᠠᠶᠠᠰᠬᠤᠯᠠᠩᠲᠤ ᠨᠠᠭᠠᠳᠤᠮ ︾ ᠂ ︽ ᠨᠤᠭᠤᠨᠵᠠᠶᠠᠭ᠎ᠠ ︾ ᠂ ︽ ᠬᠥᠭᠡᠷᠦᠬᠦᠨ ᠬᠤᠷᠠᠭ᠎ᠠ ︾ ᠂ ︽ ᠤᠨᠠᠭᠠᠴᠢᠨ ︾ ᠃ ᠳᠥᠷᠪᠡᠨ ᠤᠲᠠᠰᠤᠲᠤ ᠱᠠᠨᠵᠠ ᠶᠢᠨ ᠬᠣᠣᠰᠯᠠᠯ ᠬᠥᠭᠵᠢᠮ ︽ ᠲᠦᠪᠡᠷᠭᠡᠨ ︾ ᠃ ︽ ᠪᠢᠴᠢᠬᠠᠨ ᠤᠷᠭᠠᠴᠢᠨ ︾ ᠭᠡᠳᠡᠭ ᠪᠦᠲᠦᠭᠡᠯ  ᠨᠢ ᠪᠦᠬᠦ ᠤᠯᠤᠰ ᠤᠨ ᠠᠷᠪᠠᠨ ᠨᠢᠭᠡᠳᠦᠭᠡᠷ ᠬᠤᠭᠤᠴᠠᠭᠠᠨ ᠤ ︽ ᠲᠣᠭᠣᠰ ᠬᠠᠳᠠᠭᠠᠰᠤ ︾ ᠴᠥᠭᠡᠨ ᠲᠣᠭᠠᠲᠤ ᠦᠨᠳᠦᠰᠦᠲᠡᠨ  ᠦ ᠬᠥᠭᠵᠢᠮ ᠦᠨ ᠤᠷᠤᠯᠳᠤᠭᠠᠨ ᠳᠤ ᠱᠠᠩᠨᠠᠯ ᠬᠦᠷᠲᠡᠪᠡ ᠃ 2007 ᠣᠨ ᠳᠤ ︽ ᠲᠠᠯ᠎ᠠ ᠨᠤᠲᠤᠭ ᠤᠨ ᠤᠶᠠᠩᠭ᠎ᠠ ᠶᠢᠨ ᠳᠠᠭᠤᠤ ︾ ᠭᠡᠳᠡᠭ ᠮᠣᠩᠭᠣᠯ ᠦᠨᠳᠦᠰᠦᠲᠡᠨ ᠦ ᠬᠤᠪᠢ ᠬᠥᠮᠦᠨ ᠦ ᠱᠠᠨᠵᠠ ᠶᠢᠨ ᠭᠣᠴᠣᠯᠠᠯ ᠬᠥᠭᠵᠢᠮ ᠦᠨ ᠦᠳᠡᠰᠢᠯᠡᠭᠡ ᠡᠷᠬᠢᠯᠡᠪᠡ ᠃ ᠣᠳᠣ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠂ ᠥᠪᠥᠷ ᠮᠣᠩᠭᠣᠯ ᠤᠨ ᠶᠡᠬᠡ ᠰᠤᠷᠭᠠᠭᠤᠯᠢ  ᠶᠢᠨ ᠤᠷᠠᠯᠢᠭ ᠤᠨ ᠳᠡᠭᠡᠳᠦ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠂ ᠥᠪᠥᠷ ᠮᠣᠩᠭᠣᠯ ᠤᠨ ᠦᠨᠳᠦᠰᠦᠲᠡᠨ  ᠦ ᠶᠡᠬᠡ ᠰᠤᠷᠭᠠᠭᠤᠯᠢ ᠶᠢᠨ ᠤᠷᠠᠯᠢᠭ ᠤᠨ ᠰᠠᠯᠪᠤᠷᠢ ᠳᠤ ᠱᠠᠨᠵᠠ ᠶᠢᠨ ᠲᠤᠰᠬᠠᠢ ᠮᠡᠷᠭᠡᠵᠢᠯ ᠦᠨ ᠪᠠᠭᠰᠢ ᠪᠠᠷ ᠣᠨᠴᠠ ᠤᠷᠢᠭᠳᠠᠨ ᠪᠠᠭᠰᠢᠯᠠᠵᠤ ᠪᠤᠢ ᠃

2 | 2 ᠤᠷᠠᠨ ᠲᠠᠩᠨᠠᠢ

22

1963 ᠣᠨ ᠳᠤ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠪᠠᠭ᠎ᠠ ᠰᠢᠯᠢ ᠮᠠᠯᠵᠢᠯ ᠤᠨ ᠬᠣᠷᠰᠢᠶ᠎ᠠ ᠶᠢᠨ ᠠᠳᠢᠶᠠᠪᠠᠲᠤ ᠶᠢᠨ ᠳᠥᠷᠪᠡᠳᠦᠭᠡᠷ ᠬᠦᠦ  ᠨᠢ ᠪᠣᠯᠵᠤ ᠲᠥᠷᠥᠵᠡᠢ ᠂ ᠲᠡᠷᠡ ᠬᠠᠷᠠᠬᠠᠨ ᠪᠠᠭ᠎ᠠ ᠠᠴᠠ ᠪᠠᠨ ᠨᠠᠶᠢᠷ ᠬᠥᠭᠵᠢᠮ ᠳᠦ ᠳᠤᠷᠠᠳᠠᠢ  ᠪᠠᠶᠢᠵᠤ 14 ᠨᠠᠰᠤᠨ ᠠᠴᠠ ᠪᠠᠨ ᠱᠠᠨᠵᠠ ᠪᠠ ᠳᠥᠷᠪᠡᠨ ᠤᠲᠠᠰᠤᠲᠤ ᠬᠤᠭᠤᠷ ᠡᠬᠢᠯᠡᠨ ᠰᠤᠷᠴᠤ ᠂ ᠨᠠᠶᠢᠷ ᠨᠠᠭᠠᠳᠤᠮ ᠳᠤ ᠣᠯᠠᠨᠲᠠ ᠣᠷᠣᠯᠴᠠᠵᠤ ᠂ ᠠᠬᠠᠮᠠᠳ ᠠᠷᠠᠳ ᠤᠨ ᠤᠷᠠᠯᠢᠭᠴᠢᠳ ᠠᠴᠠ ᠱᠠᠨᠵᠠ ᠬᠥᠭᠵᠢᠮᠳᠡᠬᠦ ᠂ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠰᠤᠷᠴᠤ ᠡᠵᠡᠮᠰᠢᠭᠰᠡᠨ ᠪᠠᠶᠢᠨ᠎ᠠ ᠃

2  | 3 ᠬᠠᠷ᠎ᠠ ᠲᠣᠷᠭᠠᠨ ᠬᠠᠨᠵᠢᠶᠠᠷ

23

2 | 4 ᠰᠠᠷᠠᠩᠭᠤᠸ᠎ᠠ ᠶᠢᠨ ᠱᠠᠨᠵᠠ ᠶᠢᠨ ᠠᠶᠠᠯᠭᠤ

24

ᠰᠠᠷᠠᠩᠭᠤᠸ᠎ᠠ ᠂ ᠡᠮᠡᠭᠲᠡᠢ ᠂ ᠮᠣᠩᠭᠣᠯ ᠦᠨᠳᠦᠰᠦᠲᠡᠨ ᠂ ᠰᠢᠯᠢ ᠶᠢᠨ ᠭᠣᠣᠯ ᠠᠶᠢᠮᠠᠭ ᠤᠨ ᠰᠢᠯᠤᠭᠤᠨ ᠬᠥᠬᠡ ᠬᠣᠰᠢᠭᠤᠨ ᠳᠤ ᠲᠥᠷᠥᠵᠡᠢ ᠃

ᠳᠤᠮᠳᠠᠳᠤ ᠤᠯᠤᠰ ᠤᠨ ᠦᠨᠳᠦᠰᠦᠲᠡᠨ ᠦ ᠬᠥᠭᠵᠢᠮ ᠦᠨ ᠨᠡᠶᠢᠭᠡᠮᠯᠢᠭ ᠦᠨ ᠭᠡᠰᠢᠭᠦᠨ

ᠳᠤᠮᠳᠠᠳᠤ ᠤᠯᠤᠰ ᠤᠨ ᠱᠠᠨᠵᠠ ᠬᠥᠭᠵᠢᠮ ᠦᠨ ᠨᠡᠶᠢᠭᠡᠮᠯᠢᠭ ᠦᠨ ᠭᠡᠰᠢᠭᠦᠨ

ᠥᠪᠥᠷ ᠮᠣᠩᠭᠣᠯ ᠤᠨ ᠳᠠᠭᠤᠤ ᠬᠥᠭᠵᠢᠮᠴᠢᠳ ᠦᠨ ᠨᠡᠶᠢᠭᠡᠮᠯᠢᠭ ᠦᠨ ᠭᠡᠰᠢᠭᠦᠨ

ᠥᠪᠥᠷ ᠮᠣᠩᠭᠣᠯ ᠤᠨ ᠳᠠᠭᠤᠤ ᠪᠥᠵᠢᠭ ᠦᠨ ᠬᠦᠷᠢᠶᠡᠯᠡᠩ ᠦᠨ ᠱᠠᠨᠵᠠ ᠬᠥᠭᠵᠢᠮᠴᠢᠨ

1995 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠰᠢᠯᠭᠠᠭᠳᠠᠨ ᠣᠷᠣᠵᠤ ᠠᠷᠠᠭᠠᠲᠤ ᠪᠠᠭᠰᠢ ᠬᠤᠷᠢᠶᠠᠭᠴᠢ ᠂ ᠪᠣᠯᠣᠳᠪᠠᠭᠠᠲᠤᠷ ᠠᠴᠠ ᠱᠠᠨᠵᠠ ᠬᠥᠭᠵᠢᠮ ᠰᠤᠷᠴᠠᠢ ᠃

2003 ᠣᠨ ᠳᠤ ᠮᠣᠩᠭᠣᠯ ᠤᠯᠤᠰ ᠤᠨ ᠰᠣᠶᠣᠯ ᠤᠷᠠᠯᠢᠭ ᠤᠨ ᠶᠡᠬᠡ ᠰᠤᠷᠭᠠᠭᠤᠯᠢ ᠶᠢᠨ ᠠᠷᠠᠳ ᠤᠨ ᠬᠥᠭᠵᠢᠮ  ᠦᠨ ᠰᠠᠯᠪᠤᠷᠢ ᠶᠢᠨ ᠮᠠᠰᠧᠷ ᠴᠣᠯᠠ ᠬᠠᠮᠠᠭᠠᠯᠠᠵᠠᠢ ᠃ ᠮᠣᠩᠭᠣᠯ ᠤᠯᠤᠰ ᠤᠨ ᠱᠤᠳᠤᠷᠭᠤ ᠬᠥᠭᠵᠢᠮ ᠦᠨ ᠲᠠᠷᠬᠠᠨ ᠠᠪᠤᠷᠭᠤ ᠲᠠᠰᠢᠭᠤᠯᠤᠭ ᠪᠠᠭᠰᠢ ᠠᠴᠠ ᠰᠤᠷᠤᠯᠴᠠᠪᠠ ᠃

ᠲᠡᠷᠡ  ᠮᠠᠨᠢ ᠤᠯᠤᠰ ᠤᠨ ᠳᠣᠲᠣᠭᠠᠳᠤ ᠭᠠᠳᠠᠭᠠᠳᠤ ᠳᠤ ᠤᠷᠢᠳ ᠬᠣᠵᠢᠳ ᠮᠢᠩᠭ᠎ᠠ ᠭᠠᠷᠤᠢ ᠲᠠᠯᠠᠪᠤᠷ ᠲᠣᠭᠯᠠᠯᠲᠠ ᠳᠤ ᠰᠢᠯᠢᠳᠡᠭ ᠪᠦᠲᠦᠮᠵᠢ ᠪᠡᠷ ᠣᠷᠣᠯᠴᠠᠭᠰᠠᠨ ᠪᠥᠭᠡᠳ ︽ ᠪᠣᠭᠣᠨ ᠴᠣᠬᠣᠷ ︾ ᠂ ︽ ᠣᠷᠴᠣᠨ  ᠮᠢᠨᠢ ! ︾ ᠂ ︽ ᠣᠷᠳᠣᠰ  ᠤᠨ ᠰᠢᠭᠤᠷᠭ᠎ᠠ ︾ ᠵᠡᠷᠭᠡ ᠺᠢᠨᠣ᠋ ᠲᠧᠯᠸᠢᠰ ᠲᠦ ᠣᠯᠠᠨ ᠳᠦᠷᠢ ᠪᠦᠲᠦᠭᠡᠭᠰᠡᠨ ᠃

ᠲᠠᠷᠠᠨ ᠤ ᠳᠠᠭᠤᠤ ᠬᠥᠭᠵᠢᠮ ᠦᠨ ᠤᠷ᠎ᠠ ᠠᠪᠢᠶᠠᠰ ᠪᠦᠬᠦᠢ ᠲᠣᠷᠭᠠᠨ ᠡᠭᠡᠰᠢᠭ ᠦᠨ ᠢᠷᠠᠭᠤ ᠬᠥᠭᠵᠢᠮᠳᠡᠯ  ᠨᠢ ᠤᠯᠤᠰ ᠣᠷᠣᠨ ᠤ ᠱᠠᠩᠨᠠᠯ ᠬᠥᠬᠢᠭᠦᠯᠦᠯ ᠢ ᠣᠯᠠᠨᠲᠠ ᠬᠦᠷᠲᠡᠭᠰᠡᠨ ᠢᠶᠡᠷ ᠪᠠᠷᠠᠬᠤ ᠦᠭᠡᠢ ᠮᠠᠨ ᠤ ᠣᠷᠣᠨ ᠳᠠᠭᠠᠨ ᠬᠥᠮᠦᠰ ᠦᠨ ᠠᠩᠬᠠᠷᠤᠯ ᠢ ᠲᠠᠲᠠᠭᠰᠠᠨ ᠰᠢᠯᠭᠠᠷᠠᠭᠰᠠᠨ ᠵᠠᠯᠠᠭᠤ ᠬᠥᠭᠵᠢᠮᠴᠢᠨ ᠪᠣᠯᠵᠠᠢ ᠃

ᠬᠠᠶᠢᠷ᠎ᠠ ᠶᠢᠨ ᠰᠢᠪᠡᠨᠡᠭᠡ

ᠬᠥᠭᠵᠢᠮ ᠨᠠᠶᠢᠷᠠᠭᠤᠯᠤᠭᠰᠠᠨ  ᠨᠢ ᠄ ᠲᠠᠯᠠᠬᠤᠯᠠᠷ

MIDI ᠄ ᠰᠦᠯᠳᠡ

ᠡᠯᠢᠭᠡᠨ ᠬᠠᠶᠢᠷᠠᠲᠤ ᠨᠤᠲᠤᠭ ᠢᠶᠠᠨ ᠰᠠᠨᠠᠨ ᠰᠠᠨᠠᠨ ᠮᠥᠷᠥᠭᠡᠳᠦᠭᠰᠡᠨ

ᠡᠩᠬᠡ ᠮᠠᠨᠳᠤ ᠶᠢᠨ ᠥᠯᠥᠭᠡᠢ ᠪᠡᠨ ᠰᠠᠷᠠᠪᠴᠢᠯᠠᠨ ᠰᠠᠷᠠᠪᠴᠢᠯᠠᠨ ᠤᠶᠠᠩᠭᠠᠯᠠᠭᠰᠠᠨ

ᠮᠥᠩᠭᠥᠨ ᠪᠤᠭᠤᠷᠤᠯ ᠨᠠᠰᠤᠲᠠᠨ ᠢᠶᠠᠨ ᠪᠣᠯᠭᠤᠨ ᠪᠣᠯᠭᠤᠨ ᠬᠦᠨᠳᠦᠳᠬᠡᠭᠰᠡᠨ

ᠮᠥᠩᠬᠡ ᠠᠭᠤᠤ ᠦᠨᠳᠦᠰᠦᠲᠡᠨ ᠢᠶᠡᠨ ᠪᠣᠳᠣᠨ ᠪᠣᠳᠣᠨ ᠡᠭᠡᠰᠢᠭᠯᠡᠭᠰᠡᠨ

ᠲᠤᠰ ᠬᠥᠭᠵᠢᠮ ᠳᠦ ᠣᠳᠣ ᠦᠶ᠎ᠡ ᠶᠢᠨ ᠭᠢᠫ ᠫᠣᠫ ᠤᠷᠠᠯᠢᠭ ᠢ ᠮᠠᠰᠢ ᠠᠮᠢᠳᠤᠯᠢᠭ ᠢᠶᠠᠷ ᠠᠭᠤᠰᠬᠠᠨ ᠣᠷᠣᠭᠤᠯᠤᠭᠰᠠᠨ  ᠢᠶᠠᠷ ᠰᠢᠨ᠎ᠡ ᠰᠡᠪᠡᠭᠦᠨ ᠬᠡᠯᠪᠡᠷᠢ ᠮᠠᠶ᠋ᠢᠭ ᠲᠠᠢ ᠪᠣᠯᠵᠤ ᠰᠣᠨᠣᠰᠤᠭᠴᠢᠳ ᠤᠨ ᠰᠣᠨᠣᠷ ᠢ ᠮᠢᠯᠢᠶᠠᠵᠤ ᠲᠠᠭᠠᠰᠢᠶᠠᠯ ᠢ ᠣᠯᠵᠠᠢ ᠃

 

 

8-1

8-2

8-3

8-4

1

2

3

41

5

6

7

8

91

10

ᠰᠢᠭᠦᠮᠵᠢ ᠦᠯᠡᠳᠡᠭᠡᠬᠦ