• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠳᠦᠷᠪᠡ ᠄ ᠮᠤᠷᠢᠨ ᠬᠤᠭᠤᠷ  ᠤᠨ ᠭᠤᠴᠤᠯᠠᠯ ᠬᠦᠭᠵᠢᠮ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   39
 • ᠄   0
 • ᠄   0
 • ᠄  0

ᠮᠣᠷᠢᠨ ᠬᠤᠭᠤᠷ ᠤᠨ ᠲᠤᠬᠠᠢ ᠡᠭᠦᠰᠦᠯ ᠭᠠᠷᠤᠯ ᠮᠣᠩᠭᠣᠯᠴᠤᠳ ᠡᠷᠲᠡ ᠳᠡᠭᠡᠳᠦᠰ ᠡᠴᠡ ᠪᠡᠨ ᠬᠥᠭᠵᠢᠮᠰᠡᠭ ᠠᠷᠠᠳ ᠲᠦᠮᠡᠨ ᠶᠤᠮ ᠃ ᠳᠠᠭᠤᠤ ᠬᠥᠭᠵᠢᠮ ᠳᠦ ᠳᠤᠷᠠᠲᠠᠢ ᠮᠣᠩᠭᠣᠯᠴᠤᠳ  ᠨᠢ ᠣᠯᠠᠨ ᠶᠠᠩᠵᠤ ᠶᠢᠨ ᠬᠥᠭᠵᠢᠮ ᠦᠨ ᠵᠡᠪᠰᠡᠭ ᠬᠡᠷᠡᠭᠯᠡᠵᠦ ᠢᠷᠡᠭᠰᠡᠨ ᠮᠥᠷᠲᠡᠭᠡᠨ ᠲᠡᠭᠦᠨ ᠦ ᠲᠣᠳᠣᠷ᠎ᠠ ᠮᠣᠷᠢᠨ ᠬᠤᠭᠤᠷ  ᠨᠢ ᠮᠣᠩᠭᠣᠯᠴᠤᠳ ᠤᠨ ᠬᠠᠮᠤᠭ ᠤᠨ ᠳᠡᠭᠡᠳᠦᠯᠡᠵᠦ ᠬᠦᠨᠳᠦᠳᠬᠡᠨ ᠬᠠᠶᠢᠷᠠᠯᠠᠳᠠᠭ ᠬᠥᠭᠵᠢᠮ ᠦᠨ ᠵᠢᠮᠰᠡᠭ ᠪᠣᠯᠤᠨ᠎ᠠ ᠃ ᠮᠣᠩᠭᠣᠯ ᠤᠨ ᠡᠪᠦᠭᠡ ᠳᠡᠭᠡᠳᠦᠰ ᠤᠷᠲᠤ ᠤᠳᠠᠭᠠᠨ ᠵᠢᠯ ᠦᠨ ᠨᠡᠭᠦᠳᠡᠯ ᠮᠠᠯᠵᠢᠯ ᠤᠨ ᠠᠮᠢᠳᠤᠷᠠᠯ ᠤᠨ ᠶᠠᠪᠤᠴᠠ ᠳᠠᠭᠠᠨ ᠥᠪᠡᠷ ᠦᠨ ᠣᠶᠤᠨ ᠤᠬᠠᠭᠠᠨ ᠢᠶᠠᠷ ᠢᠶᠠᠨ ᠪᠦᠲᠦᠭᠡᠵᠦ ᠭᠠᠷᠭᠠᠭᠰᠠᠨ ᠦᠨᠳᠦᠰᠦᠲᠡᠨ ᠦ ᠣᠨᠴᠠᠯᠢᠭ ᠪᠦᠬᠦᠢ ᠬᠥᠭᠵᠢᠮ ᠮᠣᠷᠢᠨ ᠬᠤᠭᠤᠷ ᠢᠶᠠᠷ ᠢᠶᠠᠨ ᠪᠣᠳᠣᠯ ᠰᠡᠳᠬᠢᠯᠭᠡ ᠂ ᠠᠮᠢᠳᠤᠷᠠᠯ ᠠᠬᠤᠢ ᠂ ᠪᠠᠶᠠᠷ ᠵᠢᠷᠭᠠᠯ ᠂ ᠭᠣᠮᠣᠳᠠᠯ ᠪᠤᠬᠢᠨᠢᠳᠤᠯ  ᠢᠶᠠᠨ ᠢᠯᠡᠳᠬᠡᠳᠡᠭ ᠪᠣᠯᠤᠭᠰᠠᠨ  ᠨᠢ ᠭᠠᠷᠴᠠᠭ᠎ᠠ ᠦᠭᠡᠢ ᠃ ᠮᠣᠷᠢᠨ ᠬᠤᠭᠤᠷ ᠭᠡᠳᠡᠭ ᠮᠣᠷᠢᠨ ᠤ ᠲᠣᠯᠣᠭᠠᠢ ᠲᠠᠢ ᠬᠤᠭᠤᠷ ᠭᠡᠰᠡᠨ ᠤᠳᠬ᠎ᠠ ᠲᠠᠢ ᠂ ᠡᠰᠢᠨ ᠦ ᠦᠵᠦᠭᠦᠷ ᠳᠡᠭᠡᠷ᠎ᠡ ᠰᠡᠶᠢᠯᠦᠭᠰᠡᠨ ᠮᠣᠷᠢᠨ ᠤ ᠲᠣᠯᠣᠭᠠᠢ ᠪᠠᠷ  ᠨᠢ ᠨᠡᠷᠡᠯᠡᠭᠰᠡᠨ ᠨᠡᠷ᠎ᠡ ᠶᠤᠮ ᠃ ᠮᠣᠷᠢᠨ ᠬᠤᠭᠤᠷ ᠤᠨ ᠨᠢᠭᠤᠷ ᠲᠠᠯ᠎ᠠ  ᠨᠢ ᠭᠣᠵᠣᠭᠣᠷ ᠳᠥᠷᠪᠡᠯᠵᠢᠨ ᠪᠠᠶᠢᠵᠤ ᠂ ᠮᠣᠷᠢ ᠢᠮᠠᠭᠠᠨ ᠤ ᠠᠷᠠᠰᠤ ᠪᠠᠷ ᠪᠦᠷᠢᠵᠦ ᠂ ᠳᠡᠯ ᠰᠡᠭᠦᠯ ᠵᠡᠷᠭᠡ ᠪᠡᠷ ᠤᠲᠠᠰᠤᠯᠠᠵᠤ ᠮᠣᠷᠢᠨ ᠬᠤᠭᠤᠷ ᠢ ᠪᠦᠲᠦᠭᠡᠵᠡᠢ ᠃ ᠮᠥᠨᠴᠦ ︽ ᠮᠣᠷᠢᠨ ᠬᠤᠭᠤᠷ ᠤᠨ ᠡᠪᠦᠭᠡ ᠪᠣᠯ ᠰᠢᠨᠠᠭᠠᠨ ᠬᠤᠭᠤᠷ ᠭᠡᠳᠡᠭ ᠢ ᠲᠡᠦᠬᠡ ᠮᠠᠲ᠋ᠧᠷᠢᠶᠠᠯ ᠠᠴᠠ ᠮᠡᠳᠡᠨ᠎ᠡ ᠃ ᠮᠣᠩᠭᠣᠯᠴᠤᠳ ᠰᠢᠨᠠᠭᠠᠨ ᠬᠤᠭᠤᠷ ᠢ ᠠᠩᠬ᠎ᠠ ᠦᠢᠯᠡᠳᠦᠨ ᠭᠠᠷᠭᠠᠬᠤᠢ ᠳᠤ ᠠᠶᠢᠷᠠᠭ ᠤᠨ ᠬᠤᠳᠬᠤᠭᠤᠷ ᠮᠡᠲᠦ ᠰᠡᠶᠢᠯᠵᠦ ᠂ ᠬᠢᠯᠭᠠᠰᠤ ᠲᠠᠲᠠᠵᠤ ᠬᠡᠷᠡᠭᠯᠡᠵᠦ ᠪᠠᠶᠢᠭᠰᠠᠨ ᠲᠤᠯᠠ ᠰᠢᠨᠠᠭᠠᠨ ᠬᠤᠭᠤᠷ ᠭᠡᠵᠦ ᠨᠡᠷᠡᠯᠡᠭᠰᠡᠨ ᠭᠡᠳᠡᠭ ᠃ ᠣᠳᠣ ᠡᠨᠡᠬᠦ ᠬᠤᠭᠤᠷ  ᠨᠢ ᠠᠷᠤ ᠮᠣᠩᠭᠣᠯ ᠤᠨ ᠪᠠᠷᠠᠭᠤᠨ ᠠᠶᠢᠮᠠᠭ  ᠢᠶᠠᠷ ᠪᠠᠶᠢᠳᠠᠭ ᠃

ᠮᠣᠷᠢᠨ ᠬᠤᠭᠤᠷ ᠢ ᠭᠠᠵᠠᠷ ᠨᠤᠲᠤᠭ ᠂ ᠬᠡᠯᠪᠡᠷᠢ ᠳᠦᠷᠰᠦ ᠂ ᠲᠣᠯᠣᠭᠠᠢ ᠶᠢᠨ ᠰᠡᠶᠢᠯᠦᠮᠡᠯ ᠂ ᠬᠥᠬᠡᠯᠡᠯ ᠂ ᠬᠥᠭᠵᠢᠮᠳᠡᠬᠦ ᠠᠷᠭ᠎ᠠ ᠵᠡᠷᠭᠡ ᠡᠴᠡ ᠢᠯᠭᠠᠵᠤ ᠳᠠᠭᠤᠳᠠᠯᠭ᠎ᠠ  ᠨᠢ ᠪᠠᠰᠠ ᠥᠭᠡᠷ᠎ᠡ ᠪᠠᠶᠢᠳᠠᠭ ᠃ ᠵᠠᠷᠢᠮ ᠨᠤᠲᠤᠭ ᠲᠤ ᠮᠣᠷᠢᠨ ᠬᠤᠭᠤᠷ  ᠨᠢ ︽ ᠬᠢᠭᠢᠯᠢ ᠬᠤᠭᠤᠷ ︾ ᠂ ︽ ᠴᠤᠭᠤᠷ ᠬᠤᠭᠤᠷ ︾ ᠂ ︽ ᠬᠢᠯᠭᠠᠰᠤᠨ ᠬᠤᠭᠤᠷ ︾ ᠂ ︽ ᠬᠦᠷᠵᠡᠨ ᠬᠤᠭᠤᠷ ︾ ᠂ ︽ ᠰᠢᠨᠠᠭᠠᠨ ᠬᠤᠭᠤᠷ ︾ ᠂ ︽ ᠴᠤᠭᠤᠷ ︾ ᠂ ︽ ᠶᠠᠷᠭᠢᠯ ︾ ᠭᠡᠵᠦ ᠠᠳᠠᠯᠢ ᠪᠤᠰᠤ ᠪᠠᠷ ᠨᠡᠷᠡᠯᠡᠨ ᠳᠠᠭᠤᠳᠠᠳᠠᠭ ᠃ ᠭᠡᠪᠡᠴᠦ ᠬᠡᠯᠪᠡᠷᠢ ᠪᠠᠶᠢᠳᠠᠯ ᠂ ᠰᠢᠨᠵᠢ ᠴᠢᠨᠠᠷ  ᠨᠢ ᠦᠨᠳᠦᠰᠦᠨ ᠳᠡᠭᠡᠨ ᠠᠳᠠᠯᠢᠪᠲᠤᠷ ᠶᠤᠮ ᠃ ᠮᠣᠷᠢᠨ ᠬᠤᠭᠤᠷ ᠤᠨ ᠡᠭᠦᠰᠦᠯ  ᠨᠢ ᠡᠷᠲᠡ ᠦᠶ᠎ᠡ ᠣᠯᠠᠨ ᠣᠯᠠᠨ ᠳᠣᠮᠣᠭ ᠶᠠᠷᠢᠶ᠎ᠠ ᠨᠤᠭᠤᠳ ᠪᠠᠰᠠ ᠪᠠᠶᠢᠳᠠᠭ ᠃

ᠮᠣᠷᠢᠨ ᠬᠤᠭᠤᠷ ᠤᠨ ᠳᠣᠮᠣᠭ ︽ ᠰᠦᠬᠡ ᠶᠢᠨ ᠰᠠᠷᠠᠯ ︾

ᠮᠣᠷᠢᠨ ᠬᠤᠭᠤᠷ ᠤᠨ ᠳᠣᠮᠣᠭ ︽ ᠬᠦᠬᠡᠨᠠᠮᠵᠢᠯ  ᠦᠨ ᠳᠣᠮᠣᠭ ︾

ᠮᠣᠩᠭᠣᠯ ᠤᠯᠤᠰ ᠮᠣᠷᠢᠨ ᠬᠤᠭᠤᠷᠴᠢᠳ ᠤᠨ ᠨᠠᠮᠲᠠᠷ

1 ᠰᠡᠷᠡᠰᠢ ᠄ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠴᠤᠭᠤᠷ ᠤᠨ ᠶᠭᠡ ᠪᠠᠭᠰᠢ ᠂ ᠠᠯᠳᠠᠷᠲᠤ ᠰᠤᠷᠭᠠᠨ ᠬᠥᠮᠦᠵᠢᠯᠲᠡᠨ ᠃ 1887 ᠣᠨ ᠳᠤ ᠥᠪᠥᠷ ᠮᠣᠩᠭᠣᠯ ᠤᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠳᠤ ᠨᠢᠭᠡᠨ ᠶᠠᠳᠠᠭᠤᠯᠢᠭ ᠠᠮᠢᠳᠤᠷᠠᠯ ᠲᠠᠢ ᠮᠠᠯᠴᠢᠨ ᠤ ᠬᠥᠪᠡᠭᠦᠨ ᠪᠣᠯᠵᠤ ᠵᠠᠶᠠᠭᠠᠵᠠᠢ ᠃ ᠬᠡᠦᠬᠡᠳ ᠪᠠᠭ᠎ᠠ ᠦᠶ᠎ᠡ ᠳᠡᠭᠡᠨ ᠡᠴᠢᠭᠡ ᠡᠪᠦᠭᠡ ᠳᠡᠭᠡᠳᠦᠰ ᠡᠴᠡ ᠪᠡᠨ ᠳᠠᠭᠤᠤ ᠬᠥᠭᠵᠢᠮ ᠦᠨ ᠰᠢᠯᠢᠳᠡᠭ ᠰᠠᠶᠢᠨ ᠬᠥᠮᠦᠵᠢᠯ ᠬᠦᠷᠲᠡᠵᠦ ᠂ 13 ᠨᠠᠰᠤᠨ ᠠᠴᠠ ᠪᠠᠨ ᠣᠯᠠᠨ  ᠤ ᠳᠤᠮᠳᠠ ᠬᠤᠭᠤᠷᠳᠠᠵᠤ ᠴᠤᠭᠤᠷᠳᠠᠬᠤ ᠪᠣᠯᠵᠠᠢ ᠃ 1911 ᠣᠨ ᠠᠴᠠ ᠠᠷᠠᠳ ᠲᠤᠰᠬᠠᠢ ᠤᠷᠠᠯᠢᠭᠴᠢᠳ ᠪᠣᠯᠵᠤ ᠬᠣᠷᠴᠢᠨ ᠨᠤᠲᠤᠭ ᠢᠶᠠᠷ ᠬᠡᠰᠦᠭᠦᠴᠢᠯᠡᠨ ᠲᠣᠭᠣᠷᠢᠵᠤ ᠂ ᠶᠠᠫᠣᠨ ᠮᠠᠨᠵᠤ ᠶᠢᠨ ᠦᠶ᠎ᠡ ᠳᠦ ᠵᠡᠭᠦᠨ ᠮᠣᠩᠭᠣᠯ ᠤᠨ ᠠᠷᠠᠳ ᠤᠨ ᠤᠷᠠᠯᠢᠭᠴᠢᠳ ᠤᠨ ᠪᠦᠯᠬᠦᠮ ᠳᠦ ᠲᠣᠮᠢᠯᠠᠭᠳᠠᠨ ᠶᠠᠫᠣᠨ ᠤᠯᠤᠰ ᠲᠤ ᠲᠣᠭᠯᠠᠬᠤ ᠶᠢᠨ ᠬᠠᠮᠲᠤ ᠮᠠᠰᠢ ᠣᠯᠠᠨ ᠰᠢᠯᠢᠳᠡᠭ ᠠᠷᠠᠳ ᠬᠥᠭᠵᠢᠮ ᠢ ᠬᠤᠭᠤᠷᠳᠠᠨ ᠰᠢᠩᠭᠡᠭᠡᠯᠲᠡ ᠬᠢᠪᠡ ᠃ 1945 ᠣᠨ ᠳᠤ ᠥᠪᠥᠷ ᠮᠣᠩᠭᠣᠯ ᠤᠨ ᠳᠠᠭᠤᠤ ᠪᠥᠵᠢᠭ ᠦᠨ ᠪᠦᠯᠬᠦᠮ ᠳᠦ ᠡᠯᠰᠡᠭᠳᠡ ᠮᠡᠷᠭᠡᠵᠢᠯ ᠦᠨ ᠬᠥᠭᠵᠢᠮᠴᠢᠨ ᠪᠣᠯᠵᠠᠢ ᠃ 1954 ᠣᠨ ᠠᠴᠠ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠪᠠᠭᠰᠢᠯᠠᠭᠰᠠᠨ ᠠᠴᠠ ᠴᠢ‍᠊ ᠂ ᠣᠳᠬᠠᠨᠪᠠᠶᠠᠷ ᠂ ᠰᠠᠩᠳᠦᠭᠦᠷᠡᠩ ᠵᠡᠷᠭᠡ ᠠᠯᠳᠠᠷᠲᠤ ᠰᠤᠷᠭᠠᠨ ᠬᠥᠮᠦᠵᠢᠯᠲᠡᠨ ᠪᠣᠯᠤᠨ ᠬᠥᠭᠵᠢᠮᠴᠢᠨ ᠢ ᠬᠥᠮᠦᠵᠢᠭᠦᠯᠪᠡ ᠃ 1968 ᠣᠨ ᠳᠤ ︽ ᠰᠣᠶᠣᠯ ᠤᠨ ᠶᠡᠬᠡ ᠬᠤᠪᠢᠰᠬᠠᠯ ︾ ᠤᠨ ᠲᠠᠮᠤᠯᠠᠯ ᠢ ᠲᠡᠰᠪᠦᠷᠢᠯᠡᠵᠦ ᠡᠰᠡ ᠳᠡᠶᠢᠯᠦᠭᠡᠳ ᠶᠢᠷᠲᠢᠨᠴᠦ  ᠡᠴᠡ ᠠᠩᠭᠢᠵᠢᠷᠠᠪᠠ ᠃ ᠰᠡᠷᠡᠰᠢ ᠮᠣᠩᠭᠣᠯ ᠠᠷᠠᠳ ᠤᠨ ᠳᠠᠭᠤᠤ ᠪᠣᠯᠤᠨ ᠪᠠᠭᠠᠲᠤᠷᠯᠢᠭ ᠲᠤᠤᠯᠢ ᠶᠢ ᠮᠠᠰᠢ ᠴᠢᠳᠠᠪᠤᠷᠢᠯᠠᠭ ᠬᠥᠭᠵᠢᠮᠳᠡᠳᠡᠭ ᠶᠤᠮ ᠃ ︽ ᠵᠦᠰᠡᠷᠢ ︾ ᠂ ︽ ᠨᠠᠷᠠᠨᠴᠢᠮᠡᠭ ︾ ᠂ ︽ ᠪᠣᠮᠪᠣ ᠶᠢᠨ ᠰᠢᠯᠢ ︾ ᠃

2 ᠴᠢ‍᠊ ᠂ ᠪᠤᠯᠠᠭ ᠄ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠮᠣᠷᠢᠨ ᠬᠤᠭᠤᠷ ᠤᠨ ᠶᠡᠬᠡ ᠪᠠᠭᠰᠢ ᠃ ᠤᠯᠤᠰ  ᠤᠨ ᠨᠢᠭᠡᠳᠦᠭᠡᠷ ᠲᠠᠰ ᠤᠨ ᠬᠥᠭᠵᠢᠮᠴᠢᠨ ᠂ ᠮᠣᠷᠢᠨ ᠬᠤᠭᠤᠷ ᠤᠨ ᠰᠢᠨᠡᠴᠢᠯᠡᠭᠴᠢ ᠪᠥᠭᠡᠳ ᠤᠯᠠᠮᠵᠢᠯᠠᠨ ᠳᠡᠯᠭᠡᠷᠡᠭᠦᠯᠦᠭᠴᠢ ᠮᠥᠨ ᠃ 1944 ᠣᠨ ᠳᠤ ᠥᠪᠥᠷ ᠮᠣᠩᠭᠣᠯ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠳᠤ ᠮᠡᠨᠳᠦᠯᠡᠵᠡᠢ ᠃ 1958 ᠣᠨ ᠳᠤ ᠥᠪᠥᠷ ᠮᠣᠩᠭᠣᠯ ᠤᠨ ᠦᠨᠳᠦᠰᠦᠲᠡᠨ ᠦ ᠵᠦᠴᠦᠭᠡ ᠶᠢᠨ ᠪᠦᠯᠬᠦᠮ ᠳᠦ ᠡᠯᠰᠡᠭᠳᠡᠪᠡ ᠃ ᠠᠯᠳᠠᠷᠲᠤ ᠮᠣᠷᠢᠨ ᠬᠤᠭᠤᠷᠴᠢᠨ ᠰᠠᠩᠳᠦᠭᠦᠷᠡᠩ ᠠᠪᠤᠭᠠᠢ ᠶᠢᠨ ᠨᠠᠷᠢᠨ ᠨᠢᠮᠪᠠᠢ ᠰᠢᠯᠢᠳᠡᠭ ᠰᠠᠶᠢᠨ ᠬᠥᠮᠦᠵᠢᠭᠦᠯᠦᠯ ᠢ ᠬᠦᠷᠲᠡᠪᠡ ᠃ ᠤᠷᠲᠤ ᠬᠤᠭᠤᠴᠠᠭᠠᠨ ᠤ ᠲᠤᠷᠰᠢ ᠮᠠᠰᠢ ᠣᠯᠠᠨ ᠮᠣᠷᠢᠨ ᠬᠤᠭᠤᠷᠴᠢᠳ ᠢ ᠬᠥᠮᠦᠵᠢᠭᠦᠯᠦᠭᠰᠡᠨ ᠢᠶᠡᠷ ᠪᠠᠷᠠᠬᠤ ᠦᠭᠡᠢ 1989 ᠣᠨ ᠳᠤ ᠳᠤᠮᠳᠠᠳᠤ ᠤᠯᠤᠰ ᠤᠨ ᠮᠣᠷᠢᠨ ᠬᠤᠭᠤᠷ ᠤᠨ ᠡᠷᠳᠡᠮ ᠰᠢᠨᠵᠢᠯᠡᠭᠡᠨ ᠦ ᠨᠡᠶᠢᠭᠡᠮᠯᠢᠭ ᠢ ᠡᠭᠦᠰᠬᠡᠨ ᠪᠠᠶᠢᠭᠤᠯᠵᠠᠢ ᠃ ᠲᠡᠷᠡ ᠪᠠᠰᠠ ︽ ᠳᠠᠬᠢ ( 野马 ) ︾ ᠨᠡᠷᠡᠮᠵᠢᠲᠦ ᠮᠣᠷᠢᠨ ᠬᠤᠭᠤᠷ ᠤᠨ ᠪᠦᠯᠬᠦᠮ ᠢ ᠪᠠᠶᠢᠭᠤᠯᠪᠠ ᠃ 2001 ᠣᠨ ᠳᠤ ᠮᠢᠩᠭᠠᠨ ᠬᠥᠭᠵᠢᠮᠴᠢᠨ ᠦ ᠬᠥᠭᠵᠢᠮᠳᠡᠭᠰᠡᠨ ᠣᠯᠠᠨ ᠤᠯᠤᠰ ᠤᠨ ᠵᠠᠯᠠᠭᠤᠴᠤᠳ ᠪᠠᠭᠠᠴᠤᠳ ᠤᠨ ᠮᠣᠷᠢᠨ ᠬᠤᠭᠤᠷ ᠤᠨ ᠨᠠᠭᠠᠳᠤᠮ ᠢ ᠵᠣᠬᠢᠶᠠᠨ ᠪᠠᠶᠢᠭᠤᠯᠵᠤ ᠮᠣᠷᠢᠨ ᠬᠤᠭᠤᠷ ᠤᠨ ᠬᠥᠭᠵᠢᠮᠳᠡᠯ ᠦᠨ ᠬᠢᠨᠢᠰ ᠦᠨ ᠲᠡᠮᠳᠡᠭᠯᠡᠯ ᠢ ᠡᠭᠦᠳᠪᠡ ᠃ ᠠᠽᠢᠶ᠎ᠠ ᠂ ᠧᠦ᠍ᠷᠣᠫᠠ ᠂ ᠠᠹᠷᠢᠺᠠ ᠶᠢᠨ ᠣᠯᠠᠨ ᠤᠯᠤᠰ ᠲᠤ ᠠᠶᠢᠯᠴᠢᠯᠠᠨ ᠲᠣᠭᠯᠠᠵᠤ ᠮᠣᠩᠭᠣᠯ ᠦᠨᠳᠦᠰᠦᠲᠡᠨ  ᠦ ᠢᠵᠠᠭᠤᠷ ᠤᠷᠠᠯᠢᠭ ᠪᠣᠯᠬᠤ ᠮᠣᠷᠢᠨ ᠬᠤᠭᠤᠷ ᠢ ᠳᠡᠯᠡᠬᠡᠢ ᠶᠢᠨ ᠣᠯᠠᠨ ᠤᠯᠤᠰ ᠲᠤ ᠤᠯᠠᠮᠵᠢᠯᠠᠨ ᠳᠡᠯᠭᠡᠷᠡᠭᠦᠯᠵᠡᠢ ᠃ ᠳᠤᠮᠳᠠᠳᠤ ᠤᠯᠤᠰ ᠤᠨ ᠮᠣᠷᠢᠨ ᠬᠤᠭᠤᠷ ᠤᠨ ᠡᠷᠳᠡᠮ ᠰᠢᠨᠵᠢᠯᠡᠭᠡᠨ ᠦ ᠨᠡᠶᠢᠭᠡᠮᠯᠢᠭ ᠦᠨ ᠳᠠᠷᠤᠭ᠎ᠠ ᠂ ᠳᠤᠮᠳᠠᠳᠤ ᠤᠯᠤᠰ ᠤᠨ ᠳᠠᠭᠤᠤ ᠬᠥᠭᠵᠢᠮᠴᠢᠳ ᠦᠨ ᠨᠡᠶᠢᠭᠡᠮᠯᠢᠭ ᠦᠨ ᠬᠡᠷᠡᠭ ᠡᠷᠬᠢᠯᠡᠭᠴᠢ ᠪᠥᠭᠡᠳ ᠥᠪᠥᠷ ᠮᠣᠩᠭᠣᠯ ᠤᠨ ᠳᠠᠭᠤᠤ ᠬᠥᠭᠵᠢᠮᠴᠢᠳ  ᠦᠨ ᠨᠡᠶᠢᠭᠡᠮᠯᠢᠭ ᠦᠨ ᠪᠠᠶᠢᠩᠭᠤ ᠶᠢᠨ ᠬᠡᠷᠡᠭ ᠡᠷᠬᠢᠯᠡᠭᠴᠢ ᠃

(1) ︽ ᠲᠦᠮᠡᠨ ᠠᠭᠲᠠ ᠶᠢᠨ ᠲᠦᠪᠡᠷᠭᠡᠨ ︾ ᠂ ︽ ᠴᠢᠩᠭᠢᠰ ᠦᠨ ᠡᠷ᠎ᠡ ᠬᠣᠶᠠᠷ ᠵᠠᠭᠠᠯ ︾ ᠂ ︽ ᠡᠷᠭᠢᠴᠡᠭᠦᠯᠦᠯ ︾ ᠵᠡᠷᠭᠡ ᠮᠣᠷᠢᠨ ᠬᠤᠭᠤᠷᠴᠢᠨ ᠤ ᠭᠣᠴᠣᠯᠠᠯ ᠠᠶᠠᠯᠭᠤ ᠃

3 ᠴᠢ‍᠊ ᠂ ᠣᠳᠬᠠᠨᠪᠠᠶᠠᠷ ᠄ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠴᠣᠭᠣᠷᠴᠢᠨ ᠪᠥᠭᠡᠳ ᠠᠯᠳᠠᠷᠲᠤ ᠮᠣᠷᠢᠨ ᠬᠤᠭᠤᠷ ᠤᠨ ᠪᠠᠭᠰᠢ ᠂ ᠳᠡᠳ᠋ ᠫᠷᠣᠹᠧᠰᠰᠣᠷ ᠃ 1938 ᠣᠨ ᠳᠤ ᠥᠪᠥᠷ ᠮᠣᠩᠭᠣᠯ ᠤᠨ ᠵᠠᠷᠤᠳ ᠬᠣᠰᠢᠭᠤᠨ ᠤ ᠨᠢᠭᠡᠨ ᠶᠠᠳᠠᠭᠤᠬᠠᠨ ᠤᠨᠳᠤᠷᠤᠯᠲᠤ ᠮᠠᠯᠴᠢᠨ ᠤ ᠬᠥᠪᠡᠭᠦᠨ ᠪᠣᠯᠵᠤ ᠵᠠᠶᠠᠭᠠᠵᠠᠢ ᠃ 1957 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠰᠢᠯᠭᠠᠨ ᠣᠷᠣᠭᠠᠳ ᠠᠯᠳᠠᠷᠲᠤ ᠴᠣᠭᠣᠷᠴᠢᠨ ᠰᠡᠷᠡᠰᠢ ᠠᠪᠤᠭᠠᠢ ᠠᠴᠠ ᠴᠤᠭᠤᠷ ᠰᠤᠷᠪᠠ ᠃ 1960 ᠣᠨ ᠳᠤ ᠰᠤᠷᠤᠯᠭ᠎ᠠ ᠪᠠᠨ ᠲᠡᠭᠦᠰᠬᠡᠭᠡᠳ ᠤᠤᠯ ᠰᠤᠷᠭᠠᠭᠤᠯᠢ ᠳᠠᠭᠠᠨ ᠪᠠᠭᠰᠢᠯᠠᠬᠤ ᠶᠢᠨ ᠳᠠᠭᠤ ᠠᠯᠳᠠᠷᠲᠤ ᠮᠣᠷᠢᠨ ᠬᠤᠭᠤᠷᠴᠢᠨ ᠪᠠᠯᠭᠠᠨ ᠭᠤᠸᠠᠢ ᠠᠴᠠ ᠮᠣᠷᠢᠨ ᠬᠤᠭᠤᠷ ᠰᠤᠷᠴᠠᠢ ᠃ 1964 ᠣᠨ ᠳᠤ ᠪᠠᠷᠠᠭᠤᠨ ᠦᠵᠦᠮᠦᠴᠢᠨ ᠬᠣᠰᠢᠭᠤᠨ ᠤ ᠤᠯᠠᠭᠠᠨᠮᠥ᠍ᠴᠢᠷ ᠲᠦ ᠠᠵᠢᠯ ᠰᠢᠯᠵᠢᠵᠡᠢ ᠃ ︽ ᠰᠣᠶᠣᠯ ᠤᠨ ᠶᠡᠬᠡ ᠬᠤᠪᠢᠰᠬᠠᠯ ︾ ᠤᠨ ᠳᠤᠮᠳᠠ ᠬᠠᠰᠢᠷᠠᠲᠠᠯ᠎ᠠ ᠲᠠᠷᠴᠢᠯᠠᠭᠠᠭᠳᠠᠨ 10 ᠵᠢᠯ ᠮᠠᠯ ᠬᠠᠷᠢᠭᠤᠯᠪᠠ ᠃ 1977 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠲᠡᠭᠦᠨ ᠢ ᠪᠤᠴᠠᠭᠠᠨ ᠠᠪᠴᠢᠷᠠᠭᠠᠳ ᠮᠣᠷᠢᠨ ᠬᠤᠭᠤᠷ ᠤᠨ ᠪᠠᠭᠰᠢ ᠶᠢᠨ ᠠᠵᠢᠯ ᠢ ᠰᠡᠷᠭᠦᠭᠡᠵᠦ ᠥᠭᠴᠡᠢ ᠃ 1987 ᠣᠨ  ᠠᠴᠠ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠳᠡᠭᠡᠳᠦ ᠰᠤᠷᠭᠠᠭᠤᠯᠢ ᠳᠤ ᠮᠣᠷᠢᠨ ᠬᠤᠭᠤᠷ ᠪᠠ ᠴᠤᠭᠤᠷ ᠤᠨ ᠮᠡᠷᠭᠡᠵᠢᠯ ᠢᠶᠡᠷ ᠪᠠᠭᠰᠢᠯᠠᠵᠤ ᠂ 2002 ᠣᠨ ᠳᠤ ᠨᠠᠰᠤ ᠨᠥᠭᠴᠢᠪᠡ ᠃ ᠴᠤᠭᠤᠷ ᠤᠨ ᠰᠢᠯᠭᠠᠷᠠᠭᠰᠠᠨ ᠤᠯᠠᠮᠵᠢᠯᠠᠭᠴᠢ ᠂ ᠵᠠᠯᠭᠠᠮᠵᠢᠯᠠᠭᠴᠢ ᠃ ᠣᠪᠣᠭ᠎ᠠ ᠂ ᠤᠶᠤᠨᠭᠡᠷᠡᠯ ᠂ ᠡᠷᠳᠡᠨᠢᠰᠦ᠍ᠬᠡ ᠂ ᠰᠣᠳᠣᠪᠢᠯᠢᠭ ᠵᠡᠷᠭᠡ ᠰᠢᠯᠢᠳᠡᠭ ᠮᠣᠷᠢᠨ ᠬᠤᠭᠤᠷᠴᠢᠳ ᠂ ᠴᠣᠭᠣᠷᠴᠢᠨ ᠢ ᠬᠥᠮᠦᠵᠢᠭᠦᠯᠦᠭᠰᠡᠨ ᠶᠤᠮ ᠃ CD ︽ ᠮᠠᠩᠭᠤᠰ ︾ ᠂ ︽ ᠮᠥᠷᠥᠭᠡᠳᠦᠯ ︾ ᠂ ︽ ᠳᠤᠷᠠᠰᠤᠮᠵᠢ ︾ ᠃

ᠮᠣᠷᠢᠨ ᠬᠤᠭᠤᠷ ᠤᠨ ᠬᠢᠴᠡ ᠪᠦᠲᠦᠴᠡ ᠪᠠ ᠬᠥᠭᠵᠢᠮᠳᠡᠬᠦ ᠠᠷᠭ᠎ᠠ ᠪᠠᠷᠢᠯ ᠄

1 ᠮᠣᠷᠢᠨ ᠬᠤᠭᠤᠷ ᠤᠨ ᠬᠢᠴᠡ ᠪᠦᠲᠦᠴᠡ

ᠮᠣᠷᠢᠨ ᠬᠤᠭᠤᠷ  ᠨᠢ ᠨᠤᠮᠤ ᠪᠣᠯᠤᠨ ᠬᠤᠭᠤᠷ ᠤᠨ ᠪᠡᠶ᠎ᠡ ᠭᠡᠵᠦ ᠬᠣᠶᠠᠷ ᠶᠡᠬᠡ ᠬᠡᠰᠡᠭ ᠬᠤᠪᠢᠶᠠᠳᠠᠭ ᠃ ᠬᠤᠭᠤᠷ ᠤᠨ ᠪᠡᠶ᠎ᠡ  ᠨᠢ ᠮᠣᠷᠢᠨ ᠬᠤᠭᠤᠷ ᠤᠨ ᠭᠣᠣᠯ ᠪᠦᠷᠢᠯᠳᠦᠬᠦᠨ ᠬᠡᠰᠡᠭ ᠪᠣᠯᠤᠨ᠎ᠠ ᠃ ᠲᠡᠷᠡ  ᠨᠢ ᠬᠤᠭᠤᠷ ᠤᠨ ᠴᠠᠷ ᠂ ᠬᠤᠭᠤᠷ ᠤᠨ ᠲᠣᠯᠣᠭᠠᠢ ᠂ ᠬᠤᠭᠤᠷ ᠤᠨ ᠠᠷᠠᠯ ᠂ ᠬᠤᠭᠤᠷ ᠤᠨ ᠴᠢᠬᠢ ᠂ ᠴᠢᠪᠬᠠᠳᠠᠰᠤᠨ ᠤ ᠡᠷᠭᠢᠭᠦᠯᠭᠡ ᠂ ᠳᠡᠭᠡᠷ᠎ᠡ ᠲᠡᠪᠬᠡ ᠂ ᠳᠣᠣᠷ᠎ᠠ ᠲᠡᠪᠬᠡ ᠬᠤᠭᠤᠷ ᠤᠨ ᠬᠠᠪᠲᠠᠰᠤ ᠂ ᠲᠠᠭᠤᠨ ᠲᠤᠯᠭᠠᠭᠤᠷᠢ ᠵᠡᠷᠭᠡ ᠪᠡᠷ ᠪᠦᠷᠢᠯᠳᠦᠭᠰᠡᠨ ᠪᠠᠶᠢᠳᠠᠭ ᠃

ᠮᠣᠷᠢᠨ ᠬᠤᠭᠤᠷ ᠤᠨ ᠬᠠᠮᠤᠭ ᠤᠨ ᠭᠣᠣᠯ ᠪᠦᠲᠦᠴᠡ  ᠨᠢ ᠴᠠᠷ ᠪᠣᠯᠤᠨ᠎ᠠ ᠃ ᠴᠠᠷ ᠪᠣᠯ ᠲᠠᠭᠤᠨ ᠴᠤᠤᠷᠢᠶ᠎ᠠ ᠭᠠᠷᠬᠤ ᠴᠢᠬᠤᠯᠠ ᠪᠡᠶ᠎ᠡ ᠪᠣᠯᠤᠨ᠎ᠠ ᠃ ᠮᠥᠨᠴᠦ ᠬᠤᠭᠤᠷ ᠤᠨ ᠴᠢᠪᠬᠠᠳᠠᠰᠤ ᠶᠢ ᠬᠤᠭᠤᠷᠳᠠᠬᠤ ᠳᠤ ᠲᠠᠭᠤᠨ ᠤ ᠬᠡᠯᠪᠡᠯᠵᠡᠯᠲᠡ ᠡᠭᠦᠰᠬᠡᠵᠦ ᠂ ᠬᠤᠭᠤᠷ ᠤᠨ ᠴᠠᠷ ᠠᠴᠠ ᠲᠠᠭᠤᠨ ᠡᠭᠦᠰᠬᠡᠬᠦ ᠶᠠᠪᠤᠴᠠ ᠮᠥᠨ ᠃ ᠬᠤᠭᠤᠷ ᠤᠨ ᠴᠠᠷ ᠠᠷᠤ ᠬᠠᠪᠲᠠᠰᠤ ᠶᠢ ᠤᠯᠠᠭᠠᠨ ᠮᠣᠳᠣ ᠪᠣᠯᠤᠨ ᠴᠠᠭᠠᠨ ᠨᠠᠷᠠᠰᠤ ᠪᠠᠷ ᠬᠢᠵᠦ ᠂ ᠡᠮᠦᠨ᠎ᠡ ᠨᠢᠭᠤᠷ ᠢ  ᠨᠢ ᠮᠠᠩ ᠮᠣᠭᠠᠢ ᠶᠢᠨ ᠠᠷᠠᠰᠤ ᠪᠤᠶᠤ ᠦᠬᠡᠷ ᠦᠨ ᠠᠷᠠᠰᠤ ᠪᠠᠷ ᠪᠦᠷᠢᠵᠦ ᠪᠠᠶᠢᠳᠠᠭ ᠃ ᠣᠷᠴᠢᠮ ᠤᠨ ᠵᠢᠯ ᠳᠦ ᠮᠣᠷᠢᠨ ᠬᠤᠭᠤᠷ ᠤᠨ ᠰᠢᠨᠡᠴᠢᠯᠡᠯᠲᠡ ᠡᠴᠡ ᠪᠣᠯᠵᠤ ᠂ ᠴᠠᠭᠠᠨ ᠨᠠᠷᠠᠰᠤ ᠪᠤᠶᠤ ᠤᠶᠠᠩᠭᠠᠲᠤ ᠮᠣᠳᠣ ᠪᠠᠷ ᠬᠢᠬᠦ ᠪᠣᠯᠤᠭᠰᠠᠨ ᠃ ᠠᠷᠠᠯ ᠤᠨ ᠨᠢᠭᠤᠷ ᠂ ᠴᠢᠬᠢ ᠂ ᠳᠡᠭᠡᠷ᠎ᠡ ᠲᠡᠪᠬᠡ ᠂ ᠴᠢᠪᠬᠠᠳᠠᠰᠤᠨ ᠤ ᠲᠠᠲᠠᠭᠤᠷᠭ᠎ᠠ ᠂ ᠳᠡᠷ᠎ᠡ ᠮᠣᠳᠣ ᠶᠢ ᠬᠠᠷ᠎ᠠ ᠽᠠᠨᠳᠠᠨ ᠪᠤᠶᠤ ᠤᠯᠠᠭᠠᠨ ᠽᠠᠨᠳᠠᠨ ᠮᠣᠳᠣ ᠪᠠᠷ ᠬᠢᠳᠡᠭ ᠃ ᠮᠣᠷᠢᠨ ᠬᠤᠭᠤᠷ ᠢ ᠬᠢᠴᠡ ᠪᠠ ᠴᠢᠨᠠᠷ ᠢᠶᠠᠷ  ᠨᠢ ᠳᠡᠭᠡᠳᠦ ᠲᠠᠰ ᠤᠨ ᠬᠤᠭᠤᠷ ᠂ ᠲᠤᠰᠬᠠᠢ ᠮᠡᠷᠭᠡᠵᠢᠯ ᠦᠨ ᠬᠤᠭᠤᠷ ᠂ ᠡᠩ ᠦᠨ ᠬᠤᠭᠤᠷ ᠭᠡᠵᠦ ᠭᠤᠷᠪᠠᠨ ᠲᠠᠰ ᠲᠤ ᠬᠤᠪᠢᠶᠠᠨ ᠳᠡᠰᠯᠡᠵᠦ ᠪᠠᠶᠢᠳᠠᠭ ᠃ ᠳᠡᠭᠡᠳᠦ ᠲᠠᠰ ᠤᠨ ᠬᠤᠭᠤᠷ  ᠨᠢ ᠳᠤᠤᠭᠠᠷᠴᠠ ᠰᠠᠶᠢᠨ ᠂ ᠬᠢᠴᠡ ᠠᠷᠢᠯᠠᠯ ᠂ ᠦᠵᠡᠬᠦ ᠳᠦ ᠥᠩᠭᠡ ᠳᠦᠷᠰᠦ ᠰᠠᠶᠢᠬᠠᠨ ᠂ ᠬᠣᠪᠣᠷ ᠴᠤᠬᠠᠭ ᠮᠠᠲ᠋ᠧᠷᠢᠶᠠᠯ ᠢᠶᠠᠷ ᠬᠢᠭᠰᠡᠨ ᠢᠶᠡᠷ  ᠢᠶᠡᠨ ᠢᠯᠭᠠᠷᠠᠳᠠᠭ ᠃ ᠲᠤᠰᠬᠠᠢ ᠮᠡᠷᠭᠡᠵᠢᠯ ᠦᠨ ᠬᠤᠭᠤᠷ ᠤᠨ ᠬᠢᠴᠡ ᠪᠦᠲᠦᠴᠡ  ᠨᠢ ᠲᠤᠰᠬᠠᠢ ᠮᠡᠷᠭᠡᠵᠢᠯ ᠦᠨ ᠪᠠᠷᠢᠮᠵᠢᠶᠠᠨ  ᠳᠤ ᠬᠦᠷᠴᠦ ᠴᠡᠪᠡᠷ ᠴᠡᠮᠴᠡᠭᠡᠷ ᠬᠠᠷᠠᠭᠳᠠᠳᠠᠭ ᠃ ᠡᠩ ᠦᠨ ᠬᠤᠭᠤᠷ  ᠨᠢ ᠠᠩᠬ᠎ᠠ ᠰᠤᠷᠴᠤ ᠪᠠᠶᠢᠭ᠎ᠠ ᠬᠥᠮᠦᠰ ᠲᠦ ᠵᠣᠷᠢᠭᠤᠯᠤᠭᠳᠠᠭᠰᠠᠨ ᠪᠣᠯᠬᠣᠷ ᠳᠡᠭᠡᠳᠦ ᠲᠠᠰ ᠤᠨ ᠬᠤᠭᠤᠷ ᠪᠠ ᠲᠤᠰᠬᠠᠢ ᠮᠡᠷᠭᠡᠵᠢᠯ ᠦᠨ ᠬᠤᠭᠤᠷ ᠲᠠᠢ ᠠᠳᠠᠯᠢ ᠦᠭᠡᠢ ᠪᠠᠶᠢᠵᠤ ᠂ ᠬᠢᠴᠡ ᠪᠦᠲᠦᠴᠡ  ᠨᠢ ᠠᠷᠢᠯᠠᠯ ᠪᠤᠰᠤ ᠂ ᠳᠤᠤᠭᠠᠷᠴᠠ  ᠨᠢ ᠮᠥᠨ ᠠᠨᠠᠶᠢᠬᠠᠨ ᠪᠠᠶᠢᠳᠠᠭ ᠃ ᠬᠤᠭᠤᠷ ᠤᠨ ᠴᠢᠪᠬᠠᠳᠠᠰᠤ ᠶᠢ ᠤᠤᠯ ᠳᠤ ᠪᠠᠨ ᠬᠢᠯᠭᠠᠰᠤ ᠪᠠᠷ ᠬᠢᠳᠡᠭ ᠪᠠᠶᠢᠵᠠᠢ ᠃ ᠣᠳᠣ ᠡᠨᠡ ᠬᠥ ᠤᠯᠠᠮᠵᠢᠯᠠᠯᠲᠤ ᠠᠷᠭ᠎ᠠ ᠪᠠᠨ ᠥᠭᠡᠷᠡᠴᠢᠯᠡᠵᠦ ᠢᠯᠢᠨ ᠤᠲᠠᠰᠤ ᠪᠠᠷ ᠬᠢᠵᠦ ᠪᠤᠢ ᠃ ᠡᠨᠡ  ᠨᠢ ᠰᠠᠨᠠᠭᠠᠨ ᠳᠤ ᠪᠠᠨ ᠲᠠᠭᠠᠷᠠᠭᠰᠠᠨ ᠤᠷᠲᠤ ᠶᠢ ᠬᠡᠷᠡᠭᠯᠡᠵᠦ ᠪᠣᠯᠬᠤ ᠪᠥᠭᠡᠳ ᠬᠡᠳᠦ ᠴᠢᠩᠭᠠᠯᠠᠨᠰᠠᠨ ᠴᠣ ᠠᠮᠠᠷᠬᠠᠨ ᠲᠠᠰᠤᠷᠠᠬᠤ ᠦᠭᠡᠢ ᠳᠠᠪᠠᠭᠤᠯᠢᠭ ᠲᠠᠯ᠎ᠠ ᠲᠠᠢ ᠪᠠᠶᠢᠳᠠᠭ ᠃ ᠳᠡᠭᠡᠷ᠎ᠡ ᠲᠡᠪᠬᠡ ᠪᠣᠯ ᠠᠷᠠᠯ ᠪᠣᠯᠤᠨ ᠴᠢᠪᠬᠠᠳᠠᠰᠤ ᠶᠢᠨ ᠵᠣᠬᠢᠬᠤ ᠵᠠᠢ ᠶᠢ ᠪᠠᠲᠤᠯᠠᠵᠤ ᠲᠣᠭᠲᠠᠭᠠᠬᠤ ᠦᠢᠯᠡᠳᠦᠯ ᠲᠡᠢ ᠪᠠᠶᠢᠳᠠᠭ ᠃ ᠳᠡᠭᠡᠷ᠎ᠡ ᠲᠡᠪᠬᠡ ᠶᠢᠨ ᠥᠨᠳᠥᠷ ᠪᠣᠭᠣᠨᠢ  ᠨᠢ ᠵᠣᠬᠢᠮᠵᠢ ᠦᠭᠡᠢ ᠪᠣᠯᠪᠠᠯ ᠬᠤᠷᠤᠭᠤᠯᠠᠬᠤ ᠳᠤ ᠵᠣᠬᠢᠰ ᠦᠭᠡᠢ ᠪᠣᠯᠵᠤ ᠬᠤᠭᠤᠷᠳᠠᠬᠤ ᠶᠢ ᠨᠥᠯᠥᠭᠡᠯᠡᠨ᠎ᠡ ᠃ ᠳᠣᠣᠷ᠎ᠠ ᠲᠡᠪᠬᠡ ᠪᠣᠯ ᠮᠥᠨ ᠴᠢᠪᠬᠠᠳᠠᠰᠤ ᠪᠣᠯᠤᠨ ᠬᠤᠭᠤᠷ ᠤᠨ ᠵᠠᠢ ᠶᠢ ᠵᠣᠬᠢᠴᠠᠯᠲᠠᠢ ᠲᠤᠯᠵᠤ ᠪᠠᠶᠢᠳᠠᠭ ᠪᠥᠭᠡᠳ ᠨᠠᠩ ᠴᠢᠬᠤᠯᠠ  ᠨᠢ ᠴᠤᠤᠷᠢᠶ᠎ᠠ ᠳᠠᠮᠵᠢᠭᠤᠯᠬᠤ ᠡᠭᠦᠷᠭᠡ ᠶᠢ ᠪᠡᠶᠡᠯᠡᠭᠦᠯᠵᠦ ᠪᠠᠶᠢᠳᠠᠭ ᠃ ᠳᠣᠣᠷ᠎ᠠ ᠲᠡᠪᠬᠡ ᠶᠢᠨ ᠨᠢᠮᠭᠡᠨ ᠵᠤᠵᠠᠭᠠᠨ ᠂ ᠥᠨᠳᠥᠷ ᠪᠣᠭᠣᠨᠢ ᠂ ᠬᠠᠲᠠᠭᠤ ᠵᠥᠭᠡᠯᠡᠨ ᠪᠠ ᠰᠠᠭᠤᠳᠠᠯ ᠤᠨ ᠴᠢᠭ ᠲᠦ ᠪᠡᠨ ᠪᠠᠶᠢᠷᠢᠰᠢᠭᠰᠠᠨ ᠡᠰᠡᠬᠦ  ᠨᠢ ᠲᠠᠭᠤᠨ ᠴᠢᠨᠠᠷ ᠢ ᠰᠢᠭᠤᠳ ᠨᠥᠯᠥᠭᠡᠯᠡᠳᠡᠭ ᠃

ᠨᠤᠮᠤ ᠶᠢᠨ ᠪᠡᠶ᠎ᠡ ᠪᠣᠯ ᠨᠤᠮᠤ ᠶᠢᠨ ᠲᠣᠯᠣᠭᠠᠢ ᠂ ᠨᠤᠮᠤ ᠶᠢᠨ ᠨᠢᠷᠤᠭᠤ ᠂ ᠨᠤᠮᠤ ᠶᠢᠨ ᠪᠠᠷᠢᠭᠤᠯ ᠂ ᠬᠥᠪᠴᠢ ᠂ ᠬᠥᠪᠴᠢ  ᠶᠢᠨ ᠴᠢᠩᠭᠠᠯᠠᠭᠤᠷ ᠂ ᠨᠤᠮᠤ ᠶᠢᠨ ᠣᠷᠢᠶᠠᠯᠲᠠ ᠵᠡᠷᠭᠡ ᠪᠡᠷ ᠪᠦᠷᠢᠯᠳᠦᠵᠡᠢ ᠃ ᠨᠤᠮᠤ ᠶᠢᠨ ᠬᠥᠪᠴᠢ ᠶᠢ ᠴᠥᠮ ᠮᠣᠷᠢᠨ ᠰᠡᠭᠦᠯ  ᠢᠶᠡᠷ ᠬᠢᠳᠡᠭ ᠃ ᠨᠤᠮᠤ ᠶᠢᠨ ᠤᠶᠠᠨ ᠴᠢᠨᠠᠷ  ᠨᠢ ᠲᠡᠭᠦᠨ ᠦ ᠬᠢᠴᠡ ᠪᠦᠲᠦᠴᠡ ᠂ ᠬᠢᠭᠰᠡᠨ ᠮᠠᠲ᠋ᠧᠷᠢᠶᠠᠯ ᠲᠠᠢ ᠬᠣᠯᠪᠣᠭᠳᠠᠳᠠᠭ ᠃ ᠲᠡᠭᠦᠨ ᠦ ᠮᠢᠳᠠᠶᠢᠪᠠᠢ ᠂ ᠲᠣᠯᠣᠭᠠᠢ ᠶᠢᠨ ᠬᠦᠨᠳᠦ ᠬᠥᠩᠭᠡᠨ ᠂ ᠬᠢᠯᠭᠠᠰᠤᠨ ᠤ ᠲᠣᠭ᠎ᠠ ᠵᠡᠷᠭᠡ  ᠨᠢ ᠡᠯ᠎ᠡ ᠵᠣᠬᠢᠴᠠᠯ ᠪᠠᠷᠢᠮᠵᠢᠶᠠᠨ ᠳᠤ ᠬᠦᠷᠴᠦ ᠪᠠᠶᠢᠪᠠᠯ ᠰᠠᠶ᠋ᠢ ᠬᠡᠷᠡᠭᠡᠯᠡᠬᠦ ᠳᠦ ᠰᠠᠶᠢᠨ ᠪᠠᠶᠢᠳᠠᠭ ᠃ ᠳᠡᠭᠡᠷ᠎ᠡ ᠳᠤᠷᠠᠳᠤᠭᠰᠠᠨ ᠠᠴᠠ ᠭᠠᠳᠠᠨ᠎ᠠ ᠬᠤᠭᠤᠷ ᠤᠨ ᠡᠯ᠎ᠡ ᠬᠡᠰᠡᠭ ᠦᠨ ᠪᠦᠲᠦᠴᠡ ᠪᠦᠷᠢᠯᠳᠦᠬᠦᠨ  ᠨᠢ ᠬᠠᠷᠢᠯᠴᠠᠨ ᠵᠣᠬᠢᠴᠠᠯᠳᠤᠭᠰᠠᠨ ᠡᠰᠡᠬᠦ  ᠨᠢ ᠳᠠᠭᠤᠷᠴᠠ ᠶᠢ ᠰᠢᠭᠤᠳ ᠨᠥᠯᠥᠭᠡᠯᠡᠳᠡᠭ ᠃ ᠡᠯ᠎ᠡ ᠬᠡᠰᠡᠭ ᠦᠨ ᠪᠦᠷᠢᠨ ᠵᠣᠬᠢᠴᠠᠯ  ᠨᠢ ᠰᠠᠶ᠋ᠢ ᠪᠦᠷᠢᠨ ᠪᠦᠲᠦᠨ ᠳᠠᠭᠤ ᠴᠤᠤᠷᠢᠶ᠎ᠠ ᠂ ᠠᠶᠠᠰ ᠠᠶᠢᠵᠠᠮ ᠢ ᠭᠦᠢᠴᠡᠳ ᠭᠠᠷᠭᠠᠵᠤ ᠴᠢᠳᠠᠳᠠᠭ ᠃ ᠬᠤᠭᠤᠷ ᠤᠨ ᠪᠦᠷᠢᠶᠡᠰᠦ ᠂ ᠠᠷᠠᠯ ᠂ ᠲᠡᠪᠬᠡ ᠶᠢᠨ ᠠᠯᠢ ᠨᠢᠭᠡ ᠶᠢ  ᠨᠢ ᠰᠣᠯᠢᠬᠤ ᠳᠤ ᠬᠦᠷᠪᠡᠯ ᠬᠤᠭᠤᠷ ᠤᠨ ᠳᠠᠭᠤ ᠴᠤᠤᠷᠢᠶ᠎ᠠ ᠳᠤ ᠬᠤᠪᠢᠷᠠᠯᠲᠠ ᠡᠭᠦᠰᠬᠡᠳᠡᠭ ᠃ ᠡᠶᠢᠮᠦ ᠡᠴᠡ ᠬᠤᠭᠤᠷ ᠤᠨ ᠠᠯᠢ ᠨᠢᠭᠡ ᠪᠦᠷᠢᠯᠳᠦᠬᠦᠨ ᠢ ᠰᠣᠯᠢᠬᠤ ᠂ ᠥᠭᠡᠷᠡᠴᠢᠯᠡᠬᠦ ᠂ ᠣᠷᠬᠢᠬᠤ ᠢ ᠴᠥᠮ ᠬᠤᠭᠤᠷ ᠳᠠᠭᠤᠷᠴᠠ ᠶᠢ ᠨᠥᠯᠥᠭᠡᠯᠡᠳᠡᠭ ᠲᠤᠯᠠ ᠬᠤᠭᠤᠷᠴᠢᠳ ᠂ ᠬᠤᠭᠤᠷ ᠢᠶᠠᠨ ᠨᠢᠳᠦ ᠪᠡᠨ ᠰᠢᠭ ᠬᠠᠶᠢᠷᠠᠯᠠᠳᠠᠭ ᠃

21

4 | 1 ᠰᠠᠩᠳᠦᠭᠦᠷᠡᠩ ᠦᠨ ᠮᠣᠷᠢᠨ ᠬᠤᠭᠤᠷ ᠤᠨ ᠠᠶᠠᠯᠭᠤ

22

ᠰᠠᠩᠳᠦᠭᠦᠷᠡᠩ ᠄ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠮᠣᠷᠢᠨ ᠬᠤᠭᠤᠷᠴᠢᠨ ᠂ ᠮᠣᠷᠢᠨ ᠬᠤᠭᠤᠷ ᠤᠨ ᠰᠢᠨᠡᠴᠢᠯᠡᠭᠴᠢ ᠪᠥᠭᠡᠳ ᠰᠤᠷᠭᠠᠨ ᠬᠥᠮᠦᠵᠢᠯᠲᠡᠨ ᠃ 1947 ᠣᠨ ᠳᠤ ᠥᠪᠥᠷ ᠮᠣᠩᠭᠣᠯ ᠤᠨ ᠤᠷᠠᠨ ᠰᠠᠶᠢᠬᠠᠨ ᠤ ᠪᠦᠯᠬᠦᠮ ᠳᠦ ᠠᠵᠢᠯᠯᠠᠭᠰᠠᠨ ᠠᠴᠠ ᠬᠣᠶᠢᠰᠢ ᠠᠯᠳᠠᠷᠲᠤ ᠴᠤᠭᠤᠷᠴᠢ ᠰᠡᠷᠡᠰᠢ ᠪᠣᠯᠤᠨ ᠮᠣᠩᠭᠣᠯ ᠤᠯᠤᠰ ᠤᠨ ᠠᠯᠳᠠᠷᠲᠤ ᠮᠣᠷᠢᠨ ᠬᠤᠭᠤᠷᠴᠢᠨ ᠵᠠᠮᠢᠶᠠᠨ ᠭᠤᠸᠠᠢ ᠶᠢᠨ ᠨᠠᠷᠢᠨ ᠨᠢᠮᠪᠠᠢ ᠬᠥᠮᠦᠵᠢᠯ ᠢ ᠬᠦᠷᠲᠡᠵᠡᠢ ᠃ 1953 ᠣᠨ ᠳᠤ ᠵᠡᠭᠦᠨ ᠧᠦ᠍ᠷᠣᠫᠠ ᠶᠢᠨ ᠤᠯᠤᠰ ᠪᠣᠯᠤᠨ ᠮᠣᠩᠭᠣᠯ ᠤᠯᠤᠰ ᠲᠤ ᠠᠶᠢᠯᠴᠢᠯᠠᠨ ᠬᠥᠭᠵᠢᠮᠳᠡᠪᠡ ᠃ ᠲᠡᠷᠡᠪᠡᠷ ᠣᠵᠣᠭᠣᠷ ᠡᠷᠲᠡᠨ ᠦ ᠮᠣᠷᠢᠨ ᠬᠤᠭᠤᠷ ᠢ ᠰᠢᠨᠵᠢᠯᠡᠬᠦ ᠤᠬᠠᠭᠠᠨᠴᠢ ᠪᠠᠷ ᠰᠢᠨᠡᠴᠢᠯᠡᠨ ᠥᠭᠡᠷᠡᠴᠢᠯᠡᠵᠦ ᠂ ᠨᠠᠩ ᠪᠦᠷᠢᠨ ᠲᠡᠭᠦᠯᠳᠡᠷ ᠂ ᠲᠦᠷᠢᠮᠵᠢᠭᠦᠨ ᠬᠥᠭᠵᠢᠮᠳᠡᠬᠦ ᠤᠷ᠎ᠠ ᠮᠡᠷᠭᠡᠵᠢᠯ ᠲᠡᠢ ᠪᠣᠯᠭᠠᠭᠰᠠᠨ ᠢᠶᠠᠷ ᠪᠠᠷᠠᠬᠤ ᠦᠭᠡᠢ ᠴᠢ‍ ᠂ ᠪᠤᠯᠠᠭ ᠮᠡᠲᠦ ᠶᠢᠨ ᠠᠯᠳᠠᠷᠲᠤ ᠮᠣᠷᠢᠨ ᠬᠤᠭᠤᠷᠴᠢᠳ ᠢ ᠬᠥᠮᠦᠵᠢᠭᠦᠯᠦᠨ ᠭᠠᠷᠭᠠᠵᠠᠢ ᠃

MP3 ᠳᠠᠭᠤ

4  2 ᠪᠠᠶᠠᠷ  ᠤᠨ ᠮᠤᠷᠢᠨ ᠬᠤᠭᠤᠷ  ᠤᠨ ᠠᠶᠠᠯᠭᠤ

ᠪᠠᠶᠠᠷ ᠂ ᠡᠷᠡᠭᠳᠡᠢ ᠂ ᠲᠠᠭᠤᠷ ᠦᠨᠳᠤᠰᠤᠳᠠᠨ ᠂ ᠠᠯᠳᠠᠷᠳᠦ ᠮᠤᠷᠢᠨ ᠬᠤᠭᠤᠷᠴᠢ 1942 ᠤᠨ  ᠳᠤ ᠬᠠᠷᠠᠮᠦᠷᠠᠨ ᠮᠤᠵᠢ ᠵᠢᠨ ᠯᠦᠡᠭ ᠵᠢᠶᠠᠡᠭ᠍ ᠰᠢᠶᠠᠨ  ᠳᠤ ᠲᠦᠷᠤᠯ᠎ᠠ ᠃ ᠵᠠᠯᠠᠭᠤ  ᠳᠠᠭᠠᠨ ᠠᠯᠳᠠᠷᠳᠦ ᠮᠤᠷᠢᠨ ᠬᠤᠭᠤᠷᠴᠢᠨ ᠪᠠᠯᠭᠤᠨ ᠭᠤᠸᠠᠢ  ᠠᠴᠠ ᠮᠤᠷᠢᠨ ᠬᠤᠭᠤᠷ ᠰᠤᠷᠴᠦ ᠂ 1958 ᠤᠨ  ᠳᠤ ᠬᠦᠯᠤᠨ ᠪᠦᠢᠷ ᠠᠶᠢᠮᠠᠭ  ᠤᠨ ᠦᠨᠳᠤᠰᠤᠳᠠᠨ  ᠣ ᠲᠠᠭᠤᠤ ᠪᠦᠵᠢᠭ  ᠤᠨ ᠪᠦᠯᠬᠦᠮ  ᠳᠤ ᠡᠯᠰᠡᠭᠳᠡᠭᠰᠠᠨ  ᠠᠴᠠ ᠬᠤᠶᠢᠰᠢ ᠤᠷᠢᠤᠨ ᠬᠤᠵᠢᠤᠨ ᠮᠤᠷᠢᠨ ᠬᠤᠭᠤᠷᠴᠢᠨ ᠂ ᠬᠦᠭᠵᠢᠮ  ᠤᠨ ᠠᠡᠭ᠍ᠬᠢ ᠵᠢᠨ ᠲᠠᠷᠤᠭ᠎ᠠ ᠂ ᠵᠤᠬᠢᠶᠠᠨ ᠪᠦᠳᠤᠬᠡᠬᠦ ᠲᠠᠰᠤᠭ  ᠤᠨ ᠡᠷᠬᠢᠯᠡᠭᠴᠢ ᠵᠠᠷᠬᠡ ᠲᠤᠰᠢᠶᠠᠯ  ᠢ ᠬᠠᠷᠢᠭᠤᠴᠠᠵᠦ ᠪᠠᠶᠢᠯ᠎ᠠ ᠃ ᠤᠯᠤᠰ  ᠤᠨ ᠲᠤᠳᠤᠭᠠᠳᠦ ᠭᠠᠳᠠᠭᠠᠳᠦ ᠵᠢᠨ ᠲᠤᠮᠤ ᠲᠤᠭᠯᠠᠯᠳᠠ ᠶᠤᠮ ᠤᠤ ᠤᠷᠤᠯᠳᠤᠭᠠᠨ  ᠳᠤ ᠤᠯᠠᠨ ᠤᠳᠠᠭ᠎ᠠ ᠤᠷᠤᠯᠴᠠᠵᠦ ᠤᠯᠤᠰ  ᠤᠨ ᠪᠠ ᠦᠪᠠᠷᠳᠠᠬᠡᠨ ᠵᠠᠰᠠᠬᠤ ᠤᠷᠤᠨ  ᠣ ᠱᠠᠡᠭ᠍ᠨᠠᠯ ᠬᠦᠬᠢᠬᠦᠯᠤᠯ  ᠢ ᠬᠦᠷᠳᠠᠯ᠎ᠠ ᠃ ᠤᠷᠣᠰ ᠮᠤᠡᠭ᠍ᠭᠤᠯ ᠵᠠᠷᠬᠡ ᠤᠯᠤᠰ ᠤᠷᠤᠨ ᠵᠢᠨᠷ ᠠᠶᠢᠯᠴᠢᠯᠠᠨ ᠲᠤᠭᠯᠠᠵᠦ ᠶᠠᠪᠤᠵᠠᠢ ᠃ 1990 ᠤᠨ  ᠳᠤ ᠬᠤᠯᠠᠨᠳ᠋ ᠪᠠ ᠰᠸᠸᠳ᠋ᠸᠨ  ᠳᠤ ᠪᠤᠯᠤᠭᠰᠠᠨ ᠤᠯᠠᠨ ᠤᠯᠤᠰ  ᠤᠨ ᠤᠷᠠᠯᠢᠭ  ᠤᠨ ᠨᠠᠭᠠᠳᠤᠮ  ᠳᠤ ᠤᠷᠤᠯᠴᠠᠨ ᠲᠤᠭᠯᠠᠯ᠎ᠠ ᠃ 1962 ᠤᠨ  ᠠᠴᠠ ᠨᠠᠭᠠᠰᠢ ᠲᠠᠭᠤᠤ ᠬᠦᠭᠵᠢᠮ ᠵᠤᠬᠢᠶᠠᠨ ᠲᠤᠭᠤᠷᠪᠢᠬᠤ ᠠᠵᠢᠯ  ᠳᠤ ᠬᠦᠴᠤᠯᠠᠨ ᠮᠤᠷᠢᠨ ᠬᠤᠭᠤᠷ  ᠤᠨ ᠭᠤᠴᠤᠯᠠᠯ ᠠᠶᠠᠯᠭᠤ ᠲᠤᠳᠤᠷᠠᠭᠤᠯᠤᠯᠳᠠ ᠠᠶᠠᠯᠭᠤ ᠂ ᠪᠦᠵᠢᠭ  ᠤᠨ ᠠᠶᠠᠯᠭᠤ ᠲᠠᠭᠤᠨ  ᠣ ᠪᠦᠳᠤᠬᠡᠯ ᠤᠯᠠᠨ ᠵᠤᠬᠢᠶᠠᠵᠠᠢ ᠃ ︽ ᠦᠷ  ᠤᠨ ᠬᠠᠷᠠᠭ᠎ᠠ ︾ ᠂ ︽ ᠬᠦᠬᠡ ᠨᠠᠷᠠᠰᠦ ︾ ᠪᠤᠯ ᠲᠡᠬᠦᠨ  ᠣ ᠲᠦᠯᠤᠬᠡᠯᠠᠬᠦ ᠪᠦᠳᠤᠬᠡᠯ ᠪᠤᠯᠤᠨ᠎ᠠ ᠃ ᠲᠠᠷᠨ ᠲᠤᠮᠳᠠᠳᠦ ᠤᠯᠤᠰ  ᠤᠨ ᠮᠤᠷᠢᠨ ᠬᠤᠭᠤᠷ  ᠤᠨ ᠡᠷᠳᠠᠮ ᠰᠢᠨᠵᠢᠯᠠᠬᠡᠨ  ᠣ ᠨᠠᠶᠢᠬᠡᠮᠯᠢᠭ  ᠤᠨ ᠲᠠᠳ᠋ ᠲᠠᠷᠤᠭ᠎ᠠ ᠂ ᠲᠤᠮᠳᠠᠳᠦ ᠤᠯᠤᠰ  ᠤᠨ ᠲᠠᠭᠤᠤ ᠬᠦᠭᠵᠢᠮᠴᠢᠤᠨ  ᠤᠨ ᠨᠠᠶᠢᠬᠡᠮᠯᠢᠭ  ᠤᠨ ᠬᠡᠰᠢᠬᠦᠨ ᠂ ᠦᠪᠤᠷ ᠮᠤᠡᠭ᠍ᠭᠤᠯ  ᠤᠨ ᠲᠠᠭᠤᠤ ᠬᠦᠭᠵᠢᠮᠴᠢᠤᠨ  ᠤᠨ ᠨᠠᠶᠢᠬᠡᠮᠯᠢᠭ  ᠤᠨ ᠬᠡᠷᠡᠭ ᠡᠷᠬᠢᠯᠡᠭᠴᠢ ᠪᠠᠶᠢᠭᠰᠠᠨ ᠪᠠᠶᠢᠨ᠎ᠠ ᠃

MP3 ᠳᠠᠭᠤ

4  3 ᠴᠢ  ᠪᠤᠯᠠᠭ  ᠤᠨ ᠮᠤᠷᠢᠨ ᠬᠤᠭᠤᠷ  ᠤᠨ ᠠᠶᠠᠯᠭᠤ

23

ᠴᠢ‍ ᠂ ᠪᠤᠯᠠᠭ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠮᠣᠷᠢᠨ ᠬᠤᠭᠤᠷᠴᠢᠨ ᠃ ᠤᠯᠤᠰ ᠤᠨ ᠨᠢᠭᠡᠳᠦᠭᠡᠷ ᠲᠠᠪᠤᠳ ᠲᠣᠭᠯᠠᠭᠴᠢ ; ᠥᠪᠥᠷ ᠮᠣᠩᠭᠣᠯ ᠤᠨ ᠦᠨᠳᠦᠰᠦᠲᠡᠨ ᠦ ᠳᠠᠭᠤᠤ ᠪᠥᠵᠢᠭ ᠵᠦᠴᠦᠭᠡ ᠶᠢᠨ ᠬᠦᠷᠢᠶᠡᠯᠡᠩ ᠦᠨ ᠳᠡᠳ᠋ ᠳᠠᠷᠤᠭ᠎ᠠ ᠂ ᠳᠤᠮᠳᠠᠳᠤ ᠤᠯᠤᠰ ᠤᠨ ᠮᠣᠷᠢᠨ ᠬᠤᠭᠤᠷ ᠤᠨ ᠨᠡᠶᠢᠭᠡᠮᠯᠢᠭ ᠦᠨ ᠳᠠᠷᠤᠭ᠎ᠠ ; ᠨᠡᠷ᠎ᠡ ᠬᠦᠨᠳᠦᠲᠦ ᠲᠡᠷᠢᠭᠦᠯᠡᠭᠴᠢ ᠃ ᠶᠠᠫᠣᠨ ᠤ ᠳᠡᠯᠡᠬᠡᠢ ᠶᠢᠨ ᠰᠣᠯᠢᠯᠴᠠᠭᠠᠨ ᠤ ᠨᠡᠶᠢᠭᠡᠮᠯᠢᠭ ᠦᠨ ᠭᠡᠰᠢᠭᠦᠨ ᠃ 1944 ᠣᠨ ᠤ ᠪᠢᠯᠢᠭ  ᠦᠨ 2 ᠰᠠᠷ᠎ᠠ ᠶᠢᠨ 15 ᠳᠦ ᠬᠣᠷᠴᠢᠨ ᠤ ᠲᠠᠯ᠎ᠠ ᠨᠤᠲᠤᠭ ᠲᠤ ᠲᠥᠷᠥᠵᠡᠢ ᠃ ᠭᠤᠷᠪᠠᠨ ᠨᠠᠰᠤᠲᠠᠢ ᠳᠤᠨᠢ ᠬᠣᠷᠴᠢᠨ ᠤ ᠮᠣᠷᠢᠨ ᠰᠦᠮ᠎ᠡ ᠶᠢᠨ ᠲᠠᠪᠤᠳᠤᠭᠠᠷ ᠳᠦᠷᠢ ᠶᠢᠨ ᠭᠡᠭᠡᠨ ᠢᠶᠡᠷ ᠢᠯᠡᠷᠡᠭᠦᠯᠪᠡ ᠃ᠳᠥᠴᠢ ᠭᠠᠷᠤᠢ ᠵᠢᠯ ᠦᠨ ᠮᠣᠷᠢᠨ ᠬᠤᠭᠤᠷ  ᠤᠨ ᠤᠷᠠᠯᠢᠭ ᠤᠨ ᠠᠮᠢᠳᠤᠷᠠᠯ ᠳᠤ ᠪᠠᠨ ᠂ ᠲᠡᠷᠡ ᠨᠢᠭᠡ ᠲᠠᠯ᠎ᠠ ᠪᠠᠷ ᠦᠨᠳᠦᠰᠦᠲᠡᠨ ᠤᠷᠠᠯᠢᠭ ᠢ ᠰᠢᠨᠳᠠᠰᠤ ᠲᠠᠢ ᠰᠤᠷᠤᠯᠴᠠᠨ ᠰᠢᠷᠭᠠᠭᠤ ᠰᠤᠳᠤᠯᠵᠤ ᠂ ᠨᠥᠭᠥᠭᠡ ᠲᠠᠯ᠎ᠠ ᠪᠠᠷ ᠪᠠᠷᠠᠭᠤᠨ ᠧᠦ᠍ᠷᠣᠫᠠ ᠶᠢᠨ ᠬᠥᠭᠵᠢᠮ ᠬᠥᠭᠵᠢᠮᠳᠡᠬᠦ ᠤᠷ᠎ᠠ ᠴᠢᠳᠠᠪᠬᠢ ᠶᠢ ᠲᠣᠯᠢ ᠪᠣᠯᠭᠠᠨ ᠮᠣᠷᠢᠨ ᠬᠤᠭᠤᠷ ᠢ ᠰᠢᠨᠡᠴᠢᠯᠡᠬᠦ ᠂ ᠳᠡᠭᠡᠭᠰᠢᠯᠡᠭᠦᠯᠬᠦ ᠬᠢᠭᠡᠳ ᠬᠥᠭᠵᠢᠭᠦᠯᠬᠦ ᠵᠡᠷᠭᠡ  ᠶᠢᠨ ᠦᠨᠳᠦᠰᠦᠲᠡᠨ ᠦ ᠤᠷᠠᠯᠢᠭ ᠤᠨ ᠲᠠᠪᠴᠠᠩ ᠳᠤ ᠴᠣᠪᠬᠣᠴᠢᠨ ᠭᠠᠶᠢᠬᠠᠭᠳᠠᠬᠤ ᠳᠤ ᠴᠢᠮᠠᠯᠠᠰᠢ ᠦᠭᠡᠢ ᠬᠤᠪᠢ ᠃ ᠲᠡᠷᠡ ᠵᠥᠪᠬᠡᠨ ᠭᠠᠷᠮᠠᠭᠠᠢ ᠬᠥᠭᠵᠢᠮᠳᠡᠭᠴᠢ ᠲᠡᠳᠦᠢ ᠪᠢᠰᠢ ᠂ ᠲᠡᠭᠦᠨᠴᠢᠯᠡᠨ ᠠᠪᠢᠶᠠᠰ ᠴᠣᠯᠭᠣᠷᠠᠭᠰᠠᠨ ᠠᠶᠠᠯᠭᠤ ᠵᠣᠬᠢᠶᠠᠭᠴᠢ ᠶᠤᠮ ᠃ ᠲᠡᠭᠦᠨ ᠦ ᠵᠣᠬᠢᠶᠠᠭᠰᠠᠨ ︽ ᠲᠦᠮᠡᠨ ᠠᠭᠲᠠ ᠶᠢᠨ ᠲᠦᠪᠡᠷᠭᠡᠨ ︾  ᠨᠢ ᠪᠦᠬᠦ ᠤᠯᠤᠰ ᠤᠨ ᠵᠣᠬᠢᠶᠠᠨ ᠪᠦᠲᠦᠭᠡᠭᠰᠡᠨ ᠬᠣᠶᠠᠳᠤᠭᠠᠷ ᠲᠠᠰ ᠤᠨ ᠱᠠᠩᠨᠠᠯ ᠲᠣᠰᠴᠤ ᠂ ᠶᠠᠫᠣᠨ ᠤ ᠳ᠋ᠠᠪᠠᠨ ᠳᠤ ᠪᠣᠯᠤᠭᠰᠠᠨ ︽ ᠳᠡᠯᠡᠬᠡᠢ ᠶᠢᠨ ᠲᠠᠩᠬᠢᠮ ᠤᠨ ᠳᠠᠭᠤᠤ ᠬᠥᠭᠵᠢᠮ ᠦᠨ ᠮᠥᠷᠥᠶᠢᠴᠡᠭᠡᠨ ︾ ᠳᠦ ᠣᠨᠴᠠ ᠱᠠᠩ ᠲᠣᠰᠴᠤ ᠂ ᠹᠦ᠋ ᠳ᠋ᠣᠣ ᠳᠤ ᠪᠣᠯᠤᠭᠰᠠᠨ ︽ ᠳᠡᠯᠡᠬᠡᠢ ᠶᠢᠨ ᠤᠷᠠᠯᠠᠭᠠᠳ ᠪᠠᠶᠠᠷ ︾ ᠲᠤ ᠠᠯᠲᠠᠨ ᠱᠠᠩ ᠬᠦᠷᠲᠡᠵᠡᠢ ᠂ ᠾᠧᠩ ᠪᠢᠨ ᠦ ︽ ᠳᠡᠯᠡᠬᠡᠢ ᠶᠢᠨ ᠵᠠᠯᠠᠭᠤ ᠪᠠᠭᠠᠴᠤᠳ  ᠤᠨ ᠡᠩᠬᠡ ᠲᠠᠶᠢᠪᠤᠩ ᠤᠨ ᠤᠷᠠᠯᠢᠭ ᠤᠨ ᠪᠠᠶᠠᠷ ︾ ᠲᠤ ᠡᠩᠬᠡ ᠲᠠᠶᠢᠪᠤᠩ ᠤᠨ ᠰᠣᠶᠣᠯ ᠤᠨ ᠱᠠᠩ ᠲᠣᠰᠴᠠᠢ ᠃ ︽ ᠡᠵᠢ  ᠳᠦ ᠤᠶᠠᠩᠭ᠎ᠠ ︾ ︽ ᠲᠠᠯ᠎ᠠ ᠨᠤᠲᠤᠭ ᠪᠡᠭᠡᠵᠢᠩ ᠲᠡᠢ ᠬᠣᠯᠪᠣᠯᠳᠤᠨ᠎ᠠ ︾ ︽ ᠮᠠᠨᠳᠤᠬᠤ ᠨᠠᠷᠠᠨ ︾ ᠂ ︽  ᠤ ᠬᠣᠶᠠᠷ ᠵᠠᠭᠠᠯ ︾ ᠵᠡᠷᠭᠡ 10 ᠭᠠᠷᠤᠢ ᠪᠦᠲᠦᠭᠡᠯ  ᠨᠢ ᠴᠣ ᠳᠡᠯᠡᠬᠡᠢ ᠬᠢᠭᠡᠳ ᠤᠯᠤᠰ ᠤᠨ ᠳᠣᠲᠣᠭᠠᠳᠤᠬᠢ ᠣᠯᠠᠨ ᠤᠳᠠᠭᠠᠨ ᠤ ᠱᠠᠩ ᠲᠣᠰᠴᠠᠢ ᠃

1986 ᠣᠨ ᠳᠤ ᠲᠡᠷᠡ ᠮᠣᠷᠢᠨ ᠬᠤᠭᠤᠷ ᠤᠨ ︽ ᠳᠠᠬᠢ ᠬᠠᠮᠲᠤᠯᠢᠭ ︾ ᠢ ᠡᠭᠦᠳᠦᠨ ᠪᠠᠶᠢᠭᠤᠯᠵᠤ ᠂ ᠂ ᠪᠡᠭᠡᠵᠢᠩ ᠂ ᠲᠣᠣᠺᠢᠣ᠋ ᠂ ᠭᠤᠸᠠᠩ ᠳ᠋ᠣᠣ ᠵᠡᠷᠭᠡ ᠭᠠᠵᠠᠷ ᠢᠶᠠᠷ ᠣᠯᠠᠨᠲᠠ ᠲᠣᠭᠯᠠᠯᠲᠠ ᠭᠠᠷᠭᠠᠵᠤ ᠂ ᠤᠯᠤᠰ ᠤᠨ  ᠶᠢᠨ ᠬᠢᠨ ᠳᠦ ᠲᠠᠨᠢᠭᠳᠠᠪᠠ ᠃ ᠮᠣᠷᠢᠨ ᠬᠤᠭᠤᠷ ᠤᠨ ᠬᠠᠮᠲᠤᠯᠢᠭ ᠤᠨ ᠪᠠᠶᠢᠭᠤᠯᠤᠭᠳᠠᠭᠰᠠᠨ  ᠨᠢ ᠮᠣᠷᠢᠨ ᠬᠤᠭᠤᠷ ᠬᠥᠭᠵᠢᠮᠳᠡᠬᠦ ᠤᠷ᠎ᠠ ᠮᠡᠷᠭᠡᠵᠢᠯ ᠢ ᠨᠢᠭᠡᠳᠬᠡᠵᠦ ᠂ ᠮᠣᠷᠢᠨ ᠬᠤᠭᠤᠷ ᠤᠨ  ᠠᠴᠠ ᠠᠴᠢᠯᠠᠯᠲᠠ ᠵᠦᠭ᠍ ᠬᠥᠭᠵᠢᠬᠦ ᠠᠴᠢ ᠬᠣᠯᠪᠣᠭᠳᠠᠯ ᠦᠵᠡᠭᠦᠯᠵᠡᠢ ᠃1987 ᠣᠨ ᠳᠤ ᠲᠡᠷᠡᠪᠡᠷ ︽ ᠮᠣᠷᠢᠨ ᠬᠤᠭᠤᠷ ᠤᠨ ᠬᠥᠭᠵᠢᠮᠳᠡᠬᠦ ᠮᠡᠷᠭᠡᠵᠢᠯ ︾ᠨᠣᠮ ᠢᠶᠠᠨ ᠬᠡᠪᠯᠡᠭᠦᠯᠵᠡᠢ ᠃ ᠡᠨᠡ  ᠨᠢ ᠲᠡᠭᠦᠨ ᠦ ᠤᠷᠲᠤ ᠬᠤᠭᠤᠴᠠᠭᠠᠨ ᠤ ᠬᠥᠭᠵᠢᠮᠳᠡᠭᠰᠡᠨ ᠲᠤᠷᠰᠢᠯᠭ᠎ᠠ ᠶᠢᠨ ᠬᠢᠨᠢ ᠣᠨᠣᠯ ᠳ᠋ᠦᠩᠨᠡᠯᠲᠡ ᠪᠦᠬᠦᠢ ᠣᠬᠢ ᠲᠠᠯᠠᠰᠲᠤ ᠪᠣᠯᠬᠤ ᠶᠤᠮ ᠃ ᠴᠢ‍ ᠂ ᠪᠤᠯᠠᠭ ᠄ ︽ ᠪᠢ ᠮᠣᠷᠢᠨ ᠬᠤᠭᠤᠷ ᠤᠨ ᠲᠥᠯᠥᠭᠡ ᠲᠥᠷᠥᠵᠦ ᠂ᠮᠣᠷᠢᠨ ᠬᠤᠭᠤᠷ ᠤᠨ ᠲᠥᠯᠥᠭᠡ ᠦᠬᠦᠨ᠎ᠡ ︾ ᠭᠡᠵᠦ ᠬᠡᠯᠡᠳᠡᠭ ᠪᠢᠯᠡ ᠃

MP3 ᠳᠠᠭᠤ

4|   4 ᠲᠠᠷᠮ᠎ᠠ ᠶᠢᠨ ᠮᠣᠷᠢᠨ ᠬᠤᠭᠤᠷ ᠤᠨ ᠠᠶᠠᠯᠭᠤ

24

ᠲᠠᠷᠮ᠎ᠠ ᠂ ᠡᠷᠡᠭᠲᠡᠢ ᠂ ᠮᠣᠩᠭᠣᠯ ᠦᠨᠳᠦᠰᠦᠲᠡᠨ ᠂ ᠤᠯᠤᠰ ᠤᠨ ᠨᠢᠭᠡᠳᠦᠭᠡᠷ ᠲᠠᠰ  ᠦᠨ ᠳᠤᠭᠯᠠᠭᠴᠢ  ; 1944 ᠣᠨ  ᠳᠤ ᠶᠡᠬᠡ ᠵᠣᠣ ᠠᠶᠢᠮᠠᠭ ᠤᠨ ᠬᠠᠩᠭᠢᠨ ᠬᠣᠰᠢᠭᠤᠨ ᠳᠤ ᠲᠥᠷᠥᠵᠡᠢ ᠃ 1959 ᠣᠨ ᠠᠴᠠ ᠣᠳᠣ ᠪᠣᠯᠲᠠᠯ᠎ᠠ ᠥᠪᠥᠷ ᠮᠣᠩᠭᠣᠯ ᠤᠨ ᠰᠢᠭᠤᠳ ᠬᠠᠷᠢᠶ᠎ᠠ ᠤᠯᠠᠭᠠᠨᠮᠥ᠍ᠴᠢᠷ ᠲᠦ ᠠᠵᠢᠯᠯᠠᠵᠤ ᠪᠤᠢ ; ᠲᠡᠷᠡ ᠠᠯᠳᠠᠷᠲᠤ ᠮᠣᠷᠢᠨ ᠬᠤᠭᠤᠷᠴᠢᠨ ᠰᠠᠩᠳᠦᠭᠦᠷᠡᠩ ᠪᠠ  ᠤᠨ ᠬᠥᠭᠵᠢᠮᠳᠡᠬᠦ ᠠᠷᠭ᠎ᠠ ᠮᠡᠷᠭᠡᠵᠢᠯ ᠢ ᠤᠯᠠᠮᠵᠢᠯᠠᠵᠤ ᠂ ᠰᠡᠭᠦᠯ ᠳᠦ  ᠨᠢ ᠥᠪᠡᠷ ᠦᠨ ᠢᠶᠡᠨ ᠬᠡᠪ ᠨᠠᠮᠪᠠ ᠪᠦᠬᠦᠢ ᠣᠨᠴᠠᠯᠢᠭ ᠲᠠᠢ ᠬᠥᠭᠵᠢᠮᠴᠢᠨ ᠪᠣᠯᠤᠭᠰᠠᠨ ᠪᠠᠶᠢᠨ᠎ᠠ ᠃ ᠲᠡᠭᠦᠨ ᠦ ᠥᠪᠡᠷ ᠦᠨ ᠬᠢᠨᠢ ᠪᠦᠲᠦᠭᠡᠯ ᠡᠴᠡ ᠮᠣᠷᠢᠨ ᠬᠤᠭᠤᠷ ᠤᠨ ᠭᠣᠴᠣᠯᠠᠯ ᠂ ᠬᠣᠣᠰᠯᠠᠯ ᠠᠶ᠎ᠠ ᠂ ᠨᠠᠶᠢᠷᠠᠯ ᠠᠶ᠎ᠠ ᠭᠡᠬᠦ ᠵᠡᠷᠭᠡ 30 ᠭᠠᠷᠤᠢ ᠤᠷᠠᠨ ᠪᠦᠲᠦᠭᠡᠯ ᠪᠤᠢ ; ᠲᠠᠷᠮ᠎ᠠ ᠣᠯᠠᠨ ᠤᠳᠠᠭ᠎ᠠ ᠤᠯᠤᠰ ᠤᠨ ᠲᠠᠰ ᠤᠨ ᠱᠠᠩᠨᠠᠯ ᠬᠦᠷᠲᠡᠵᠡᠢ ᠃ 1984 ᠣᠨ ᠠᠴᠠ ᠨᠠᠰᠢ ᠣᠯᠠᠨ ᠤᠳᠠᠭ᠎ᠠ ᠭᠠᠳᠠᠭᠠᠳᠤ ᠤᠯᠤᠰ ᠢᠶᠠᠷ ᠠᠶᠢᠯᠴᠢᠯᠠᠨ ᠲᠣᠭᠯᠠᠯᠲᠠ ᠭᠠᠷᠭᠠᠵᠠᠢ ; ᠲᠡᠭᠦᠨ ᠦ ᠬᠠᠮᠤᠭ ᠤᠨ ᠭᠣᠣᠯ ᠪᠦᠲᠦᠭᠡᠯ ᠪᠣᠯᠬᠤ《 ᠤᠷᠤᠯᠳᠤᠭᠠᠨ ᠮᠣᠷᠢ 》ᠭᠡᠬᠦ ᠭᠣᠴᠣᠯᠠᠯ ᠠᠶ᠎ᠠ  ᠨᠢ ᠠᠷᠠᠳ ᠣᠯᠠᠨ ᠤ ᠬᠦᠷᠢᠶᠡᠯᠡᠯ ᠢ ᠣᠯᠵᠤ ᠪᠠᠶᠢᠭᠰᠠᠨ ᠶᠤᠮ ᠃ ᠲᠡᠷᠡ  ᠮᠠᠨᠢ ᠪᠠᠰᠠ 100 ᠭᠠᠷᠤᠢ ᠮᠣᠷᠢᠨ ᠬᠤᠭᠤᠷᠴᠢᠳ ᠢ ᠬᠥᠮᠦᠵᠢᠭᠦᠯᠵᠡᠢ ᠃

MP3 ᠳᠠᠭᠤ

4|   5 ᠴᠧᠨ ᠪᠠᠶᠠᠷ ᠤᠨ ᠮᠣᠷᠢᠨ ᠬᠤᠭᠤᠷ ᠤᠨ ᠠᠶᠠᠯᠭᠤ

25

ᠴᠢᠶᠠᠨ  ᠪᠠᠶᠠᠷ ᠂ ᠡᠷᠡᠭᠲᠡᠢ ᠂ ᠮᠣᠩᠭᠣᠯ ᠦᠨᠳᠦᠰᠦᠲᠡᠨ ᠂ ᠮᠣᠷᠢᠨ ᠬᠤᠭᠤᠷᠴᠢ ᠂ ᠬᠥᠬᠡᠬᠣᠲᠠ ᠶᠢᠨ ᠦᠨᠳᠦᠰᠦᠲᠡᠨ ᠦ ᠳᠠᠭᠤᠤ ᠬᠥᠭᠵᠢᠮ ᠦᠨ ᠪᠦᠯᠬᠦᠮ ᠦᠨ ᠬᠣᠶᠠᠳᠤᠭᠠᠷ ᠲᠠᠰ ᠤᠨ ᠬᠥᠭᠵᠢᠮᠴᠢᠨ ᠃ 1958 ᠣᠨ ᠳᠤ ᠥᠪᠥᠷ ᠮᠣᠩᠭᠣᠯ ᠤᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠳᠤ ᠮᠡᠨᠳᠦᠯᠡᠵᠡᠢ ᠃ 1973 ᠣᠨ ᠳᠤ ᠮᠣᠷᠢᠨ ᠬᠤᠭᠤᠷᠴᠢ ᠷᠠᠰᠢᠳᠣᠩᠷᠣᠪ ᠠᠴᠠ ᠮᠣᠷᠢᠨ ᠬᠤᠭᠤᠷ ᠰᠤᠷᠴᠤ ᠡᠬᠢᠯᠡᠪᠡ ᠃ 1975 ᠣᠨ ᠠᠴᠠ ᠬᠣᠶᠢᠰᠢ ᠴᠢ‍᠊ ᠪᠤᠯᠠᠭ ᠠᠪᠤᠭᠠᠢ ᠠᠴᠠ ᠮᠣᠷᠢᠨ ᠬᠤᠭᠤᠷ ᠰᠤᠷᠴᠤ ᠂ 1986 ᠣᠨ ᠠᠴᠠ ᠬᠥᠬᠡᠬᠣᠲᠠ ᠶᠢᠨ ᠦᠨᠳᠦᠰᠦᠲᠡᠨ ᠦ ᠳᠠᠭᠤᠤ ᠪᠥᠵᠢᠭ ᠦᠨ ᠪᠦᠯᠬᠦᠮ ᠳᠦ ᠮᠣᠷᠢᠨ ᠬᠤᠭᠤᠷᠴᠢ ᠪᠠᠷ ᠠᠵᠢᠯᠯᠠᠭᠰᠠᠨ ᠪᠠᠶᠢᠨ᠎ᠠ ᠃ ᠲᠡᠷᠡ ᠤᠷᠢᠳ ᠬᠣᠵᠢᠳ ᠶᠠᠫᠣᠨ ᠂ ᠮᠣᠩᠭᠣᠯ ᠂ ᠹᠧᠷᠮᠠᠨ ᠂ ᠹᠷᠠᠨᠴᠢ ᠂ ᠰᠸᠧᠳᠧᠨ ᠂ ᠬᠣᠯᠠᠨᠳ᠋ ᠂ ᠲᠦᠷᠺ ᠂ ᠢᠷᠡᠨ ᠵᠡᠷᠭᠡ ᠤᠯᠤᠰ ᠲᠤ ᠠᠶᠢᠯᠴᠢᠯᠠᠨ ᠲᠣᠭᠯᠠᠵᠤ ᠥᠩᠭᠡᠷᠡᠪᠡ ᠃ ︽ ᠬᠣᠷᠴᠢᠨ ᠤ ᠤᠶᠠᠩᠭ᠎ᠠ ︾ ᠂ ︽ ᠮᠠᠤ ᠲᠡᠷᠢᠭᠦᠯᠡᠭᠴᠢ ᠪᠡᠨ ᠮᠥᠷᠥᠭᠡᠳᠦᠨ᠎ᠡ ︾ ᠂ ︽ ᠪᠠᠶᠠᠰᠬᠤᠯᠠᠩᠲᠤ ᠮᠠᠯᠴᠢᠨ ︾ ᠵᠡᠷᠭᠡ  ᠨᠢ ᠲᠥᠯᠥᠭᠡᠯᠡᠬᠦ ᠴᠢᠨᠠᠷ ᠲᠠᠢ ᠪᠦᠲᠦᠭᠡᠯ ᠦᠳ  ᠨᠢ ᠪᠣᠯᠤᠨ᠎ᠠ ᠃ ᠲᠡᠭᠦᠨ ᠦ ᠵᠠᠷᠢᠮ ᠪᠦᠲᠦᠭᠡᠯ  ᠨᠢ ᠪᠦᠬᠦ ᠣᠷᠣᠨ ᠤ ᠦᠨᠳᠦᠰᠦᠲᠡᠨ ᠦ ᠪᠦᠯᠬᠦᠮ  ᠦᠨ ᠤᠷᠤᠯᠳᠤᠭᠠᠨ ᠳᠤ ᠨᠢᠭᠡᠳᠦᠭᠡᠷ ᠲᠠᠰ ᠤᠨ ᠱᠠᠩᠨᠠᠯ ᠂ ᠤᠷᠠᠨ ᠪᠦᠲᠦᠭᠡᠯ ᠦᠨ ᠬᠣᠶᠠᠳᠤᠭᠠᠷ ᠲᠠᠰ ᠤᠨ ᠱᠠᠩᠨᠠᠯ ᠂ ᠳᠤᠮᠳᠠᠳᠤ ᠤᠯᠤᠰ ᠤᠨ ᠰᠡᠷᠡᠰᠢ ᠬᠠᠳᠠᠭᠠᠰᠤ ᠮᠣᠷᠢᠨ ᠬᠤᠭᠤᠷ ᠤᠨ ᠭᠤᠷᠪᠠᠳᠤᠭᠠᠷ ᠲᠠᠰ ᠤᠨ ᠱᠠᠩᠨᠠᠯ ᠢ ᠲᠤᠰ ᠲᠤᠰ ᠬᠦᠷᠲᠡᠭᠰᠡᠨ ᠪᠠᠶᠢᠨ᠎ᠠ ᠃ ᠲᠡᠷᠡ ᠪᠣᠯ ᠥᠪᠥᠷ ᠮᠣᠩᠭᠣᠯ ᠤᠨ ᠳᠠᠭᠤᠤ ᠬᠥᠭᠵᠢᠮᠴᠢᠳ ᠦᠨ ᠨᠡᠶᠢᠭᠡᠮᠯᠢᠭ ᠦᠨ ᠭᠡᠰᠢᠭᠦᠨ ᠶᠤᠮ ᠃

MP3 ᠳᠠᠭᠤ

4|   6 ᠴᠢᠶᠠᠨ ᠪᠠᠶᠠᠷ ᠤᠨ ᠮᠣᠷᠢᠨ ᠬᠤᠭᠤᠷ ᠤᠨ ᠠᠶᠠᠯᠭᠤ

26

1959 ᠣᠨ ᠤ 12 ᠰᠠᠷ᠎ᠠ ᠶᠢᠨ 20 ᠦ ᠡᠳᠦᠷ ᠤᠯᠠᠭᠠᠨᠬᠠᠳᠠ ᠬᠣᠲᠠ ᠶᠢᠨ ᠠᠷᠤ ᠬᠣᠷᠴᠢᠨ ᠬᠣᠰᠢᠭᠤᠨ ᠤ ᠠᠷᠠᠳ ᠤᠨ ᠤᠷᠠᠯᠢᠭᠴᠢᠨ ᠤ ᠬᠡᠷ ᠲᠦ ᠲᠥᠷᠥᠵᠡᠢ ᠃ ᠣᠳᠣ ᠳᠤ ᠥᠪᠥᠷ ᠮᠣᠩᠭᠣᠯ ᠦᠨᠳᠦᠰᠦᠲᠡᠨ ᠦ ᠳᠠᠭᠤᠤ ᠪᠥᠵᠢᠭ  ᠦᠨ ᠬᠦᠷᠢᠶᠡᠯᠡᠭ ᠤᠯᠤᠰ ᠤᠨ ᠨᠢᠭᠡᠳᠦᠭᠡᠷ ᠲᠠᠰ ᠤᠨ ᠬᠥᠭᠵᠢᠮᠴᠢᠨ ᠃ 1996 ᠣᠨ ᠳᠤ ᠪᠦᠬᠦ ᠤᠯᠤᠰ ᠤᠨ ᠰᠡᠷᠡᠰᠢ ᠬᠣᠳᠣᠭᠠᠳᠣ ᠮᠣᠷᠢᠨ ᠬᠤᠭᠤᠷ ᠤᠨ ᠱᠠᠩᠨᠠᠯᠲᠤ ᠤᠷᠤᠯᠳᠤᠭᠠᠨ ᠳᠤ ᠣᠨᠴᠠᠭᠠᠢ ᠱᠠᠩᠨᠠᠯ ᠬᠦᠷᠲᠡᠵᠦ ᠂ 1982 ᠣᠨ ᠲᠡᠭᠦᠨ  ᠦ ᠪᠦᠲᠦᠭᠡᠯ ᠳᠡᠭᠦᠯᠢᠯᠳᠡ  ᠨᠢ 《 ᠰᠡᠷᠡᠨ᠎ᠡ ᠱᠠᠩᠨᠠᠯ 》 ᠣᠯᠵᠠᠢ ᠃ 2008 ᠣᠨ ᠳᠤ ᠲᠡᠭᠦᠨ ᠦ 《 ᠮᠣᠷᠢᠨ ᠬᠤᠭᠤᠷ  ᠤᠨ ᠵᠢᠭᠠᠬᠤ ᠮᠠᠲ᠋ᠧᠷᠢᠶᠠᠯ 》  ᠨᠢ ᠬᠡᠪᠯᠡᠭᠳᠡᠵᠦ ᠃ ᠡᠨᠡᠬᠦ ᠨᠣᠮ  ᠨᠢ ᠥᠪᠥᠷ ᠮᠣᠩᠭᠣᠯ ᠤᠨ ᠪᠣᠳᠠᠰ ᠤᠨ ᠪᠤᠰᠤ ᠰᠣᠶᠣᠯ ᠤᠨ ᠥᠪ ᠬᠥᠷᠥᠩᠭᠡ ᠶᠢᠨ ᠬᠠᠮᠠᠭᠠᠯᠠᠯᠲᠠ ᠳᠤ ᠨᠡᠷ᠎ᠡ ᠲᠡᠮᠳᠡᠭᠯᠡᠭᠳᠡᠵᠡᠢ ᠃ 2010 ᠣᠨ ᠳᠤ 《 ᠣᠲᠣᠷ ᠤᠨ ᠵᠠᠯᠠᠭᠤᠴᠤᠳ 》 ᠭᠡᠬᠦ ᠲᠤᠰᠬᠠᠢ ( CD ) ᠭᠠᠷᠭᠠᠭᠰᠠᠨ ᠪᠠᠶᠢᠨ᠎ᠠ ᠃ 2011 ᠣᠨ ᠳᠤ ᠭᠤᠷᠪᠠᠳᠤᠭᠠᠷ ᠤᠳᠠᠭᠠᠨ ᠤ ( C D ) 《 ᠡᠵᠢ ᠂ ᠲᠠᠯ᠎ᠠ ᠨᠤᠲᠤᠭ ᠂ ᠠᠵᠢᠨᠠᠢ ᠬᠦᠯᠦᠭ 》 ᠢᠶᠡᠨ ᠭᠠᠷᠭᠠᠭᠰᠠᠨ ᠪᠠᠶᠢᠨ᠎ᠠ ᠃ ᠴᠢᠶᠠᠨ ᠪᠠᠶᠠᠷ ᠣᠯᠠᠨ ᠤᠳᠠᠭ᠎ᠠ ᠣᠯᠠᠨ ᠤᠯᠤᠰ ᠪᠠ ᠭᠠᠵᠠᠷ ᠣᠷᠣᠨ ᠢᠶᠠᠷ ᠲᠣᠭᠣᠷᠢᠨ ᠲᠣᠭᠯᠠᠯᠲᠠ ᠭᠠᠷᠭᠠᠭᠰᠠᠨ ᠪᠠᠶᠢᠨ᠎ᠠ ᠃ ᠣᠨᠴᠠᠭᠠᠶᠢᠯᠠᠨ 2005 ᠣᠨ ᠳᠤ ᠸᠢᠶᠧᠨᠠ ᠳᠤ ᠪᠣᠯᠤᠭᠰᠠᠨ ᠳᠡᠯᠡᠬᠡᠢ ᠶᠢᠨ ᠹᠠᠱᠢᠰᠲ ᠢ ᠡᠰᠡᠷᠭᠦᠴᠡᠭᠰᠡᠨ 60 ᠵᠢᠯ ᠦᠨ ᠣᠢ ᠳᠤ ᠵᠣᠷᠢᠭᠤᠯᠤᠭᠰᠠᠨ ᠴᠢ‍᠊ ᠂ ᠪᠤᠯᠠᠭ ᠤᠨ 《 ᠳᠠᠬᠢ ᠬᠠᠮᠲᠤᠯᠢᠭ 》 ᠲᠤᠰᠬᠠᠢ ᠮᠣᠷᠢᠨ ᠬᠤᠭᠤᠷ ᠤᠨ ᠳᠠᠭᠤᠤ ᠬᠥᠭᠵᠢᠮ ᠦᠨ ᠦᠳᠡᠰᠢᠯᠡᠭᠡ ᠳᠦ ᠣᠷᠣᠯᠴᠠᠭᠰᠠᠨ ᠪᠠᠶᠢᠨ᠎ᠠ ᠃

MP3 ᠳᠠᠭᠤ

4  | 7 ᠰᠤᠳᠤᠪᠢᠯᠢᠭ  ᠤᠨ ᠮᠣᠷᠢᠨ ᠬᠤᠭᠤᠷ ᠤᠨ ᠠᠶᠠᠯᠭᠤ

 

27

ᠰᠤᠳᠤᠪᠢᠯᠢᠭ ᠂ ᠡᠷᠡᠭᠲᠡᠢ ᠂ ᠮᠣᠩᠭᠣᠯ ᠦᠨᠳᠦᠰᠦᠲᠡᠨ ᠂ ᠰᠢᠯᠢ ᠶᠢᠨ ᠭᠣᠣᠯ ᠠᠶᠢᠮᠠᠭ ᠤᠨ ᠰᠢᠯᠤᠭᠤᠨ ᠬᠥᠬᠡ ᠬᠣᠰᠢᠭᠤᠨ ᠳᠤ ᠲᠥᠷᠥᠵᠡᠢ ᠃ 2001 ᠣᠨ ᠳᠤ ᠥᠪᠥᠷ ᠮᠣᠩᠭᠣᠯ ᠤᠨ ᠦᠨᠳᠦᠰᠦᠲᠡᠨ ᠦ ᠤᠷᠠᠯᠢᠭ ᠤᠨ ᠶᠡᠬᠡ ᠰᠤᠷᠭᠠᠭᠤᠯᠢ ᠶᠢᠨ ᠮᠣᠷᠢᠨ ᠬᠤᠭᠤᠷ ᠤᠨ ᠪᠠᠭᠰᠢ ᠪᠠᠷ ᠠᠵᠢᠯᠯᠠᠵᠤ ᠂ 2009 ᠣᠨ ᠳᠤ ᠮᠣᠩᠭᠣᠯ ᠤᠯᠤᠰ ᠲᠤ ᠮᠠᠰᠧᠷ ᠴᠣᠯᠠ ᠬᠠᠮᠠᠭᠠᠯᠠᠵᠠᠢ ᠃ ᠲᠡᠷᠡ ᠪᠡᠷ ᠣᠳᠣ ᠳᠤᠮᠳᠠᠳᠤ ᠤᠯᠤᠰ ᠤᠨ ᠮᠣᠷᠢᠨ ᠬᠤᠭᠤᠷ ᠤᠨ ᠡᠷᠳᠡᠮ ᠰᠢᠨᠵᠢᠯᠡᠭᠡᠨ ᠦ ᠨᠡᠶᠢᠭᠡᠮᠯᠢᠭ ᠦᠨ ᠬᠡᠷᠡᠭ ᠡᠷᠬᠡᠯᠡᠭᠴᠢ ᠂ ᠮᠣᠩᠭᠣᠯ ᠤᠯᠤᠰ ᠤᠨ ᠦᠨᠳᠦᠰᠦᠲᠡᠨ ᠦ ᠬᠥᠭᠵᠢᠮᠴᠢᠳ ᠦᠨ ᠨᠡᠶᠢᠭᠡᠮᠯᠢᠭ ᠦᠨ ᠭᠡᠰᠢᠭᠦᠨ ᠵᠡᠷᠭᠡ ᠲᠤᠰᠢᠶᠠᠯ ᠲᠠᠢ ᠃

 

 

 

 

10-1

hn

shtt

ssm

t

v

e

i

s1

x

xh

bjh

vvv

gxj

th

hxy

hg

ttt

bj

10-7

ᠰᠢᠭᠦᠮᠵᠢ ᠦᠯᠡᠳᠡᠭᠡᠬᠦ