• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠲᠠᠪᠦ ᠄ ᠶᠡᠬᠡ ᠭᠤᠷᠪᠠᠨ ᠬᠦᠭ  ᠤᠨ ᠮᠤᠷᠢᠨ ᠬᠤᠭᠤᠷ  ᠤᠨ ᠬᠦᠭᠵᠢᠮ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   38
  • ᠄   0
  • ᠄   0
  • ᠄  0

ᠣᠷᠳᠣᠰ ᠤᠨ ᠠᠷᠠᠳ ᠤᠨ ᠮᠣᠷᠢᠨ ᠬᠤᠭᠤᠷ ᠤᠨ ᠭᠤᠷᠪᠠᠨ ᠭᠷᠠᠳᠦᠶᠢᠰᠤ ᠬᠥᠭᠯᠡᠭᠡ ᠪᠣᠯ ᠮᠢᠩᠭ᠎ᠠ ᠶᠢᠰᠦᠨ ᠵᠠᠭᠤ ᠶᠡᠷᠡᠨ ᠳᠥᠷᠪᠡᠨ ᠣᠨ ᠳᠤ ᠰᠤᠳᠤᠯᠵᠤ ᠪᠦᠲᠦᠭᠡᠭᠰᠡᠨ ᠶᠤᠮ ᠃ ᠲᠡᠷᠡ ᠪᠣᠯ ᠲᠤᠰ ᠣᠷᠣᠨ ᠤ ᠠᠷᠠᠳ ᠤᠨ ᠮᠣᠷᠢᠨ ᠬᠤᠭᠤᠷ ᠤᠨ ᠤᠷᠠᠯᠢᠭᠴᠢᠨ ᠮᠥᠩᠬᠡᠨᠠᠰᠤᠨ ᠭᠤᠸᠠᠢ ᠨᠢᠭᠡ ᠤᠳᠠᠭᠠᠨ ᠤ ᠬᠤᠷᠢᠮ ᠳᠡᠭᠡᠷ᠎ᠡ ᠨᠠᠶᠢᠷ ᠪᠠᠷᠢᠵᠤ ᠪᠠᠶᠢᠬᠤ ᠶᠠᠪᠤᠴᠠ ᠳᠠᠭᠠᠨ ᠰᠠᠨᠠᠮᠰᠠᠷ ᠦᠭᠡᠢ ᠢᠯᠡᠷᠡᠭᠦᠯᠦᠭᠰᠡᠨ ᠪᠥᠭᠡᠳ ᠠᠯᠬᠤᠮ ᠠᠯᠬᠤᠮ ᠢᠶᠠᠷ ᠰᠤᠳᠤᠯᠵᠤ ᠡᠬᠢᠯᠡᠭᠰᠡᠨ ᠨᠢᠭᠡ ᠵᠦᠢᠯ ᠦᠨ ᠰᠢᠨ᠎ᠡ ᠪᠡᠷ ᠰᠣᠶᠣᠭᠠᠯᠠᠵᠤ ᠪᠠᠶᠢᠭ᠎ᠠ ᠠᠷᠠᠳ ᠤᠨ ᠮᠣᠷᠢᠨ ᠬᠤᠭᠤᠷ ᠤᠨ ᠬᠥᠭᠯᠡᠭᠡ ᠪᠣᠯᠤᠨ᠎ᠠ ᠃

ᠭᠤᠷᠪᠠᠨ ᠭᠷᠠᠳᠦ᠍ᠰᠳᠦ  ᠬᠥᠬᠡᠬᠡᠨ  ᠨᠢ ᠬᠡᠳᠦᠶᠢᠪᠡᠷ ᠮᠥᠩᠬᠡᠨᠠᠰᠤᠨ ᠬᠢᠭᠡᠳ ᠪᠤᠰᠤᠳ ᠠᠷᠠᠳ ᠤᠨ ᠮᠣᠷᠢᠨ ᠬᠤᠭᠤᠷᠴᠢᠳ ᠤᠨ ᠬᠠᠮᠲᠤ ᠶᠢᠨ ᠴᠢᠷᠮᠠᠶᠢᠯᠭ᠎ᠠ ᠳᠣᠣᠷ᠎ᠠ ᠶᠠᠭ ᠰᠠᠶᠢᠬᠠᠨ ᠰᠣᠶᠣᠭᠠᠯᠠᠯ ᠤᠨ ᠱᠠᠲᠤᠨ ᠳᠠᠭᠠᠨ ᠣᠷᠣᠰᠢᠵᠤ ᠪᠠᠶᠢᠭ᠎ᠠ ᠪᠣᠯᠪᠠᠴᠤ ᠲᠡᠷᠡ  ᠨᠢ ᠮᠣᠷᠢᠨ ᠬᠤᠭᠤᠷ ᠤᠨ ᠲᠡᠦᠬᠡᠨ ᠳᠡᠭᠡᠷᠡᠬᠢ ᠨᠢᠭᠡ ᠵᠦᠢᠯ ᠦᠨ ᠰᠢᠨ᠎ᠡ ᠬᠥᠬᠡᠬᠡᠨ ᠢ ᠡᠭᠦᠳᠦᠭᠰᠡᠨ ᠶᠤᠮ ᠃ ᠲᠡᠷᠡ ᠪᠣᠯ ᠲᠤᠰ ᠣᠷᠣᠨ ᠤ ᠠᠷᠠᠳ ᠲᠦᠮᠡᠨ ᠦ ᠳᠠᠭᠤᠤ ᠬᠥᠭᠵᠢᠮ ᠦᠨ ᠳᠤᠮᠳᠠ ᠠᠶᠠᠨᠳᠠᠭᠠᠨ ᠡᠭᠦᠰᠦᠭᠰᠡᠨ ᠣᠷᠳᠣᠰ ᠲᠠᠭᠤᠨ ᠳᠤ ᠬᠠᠮᠤᠭ ᠠᠴᠠ ᠢᠯᠡᠭᠦᠦ ᠲᠣᠬᠢᠷᠠᠳᠠᠭ ᠣᠨᠴᠠᠭᠠᠢ ᠬᠥᠭᠯᠡᠭᠡ ᠪᠣᠯᠤᠨ᠎ᠠ ᠃ ᠮᠥᠨᠴᠦ ᠲᠤᠬᠠᠢ ᠶᠢᠨ ᠭᠠᠵᠠᠷ ᠤᠨ ᠠᠷᠠᠳ ᠲᠦᠮᠡᠨ ᠦ ᠣᠶᠤᠨ ᠤᠬᠠᠭᠠᠨ ᠪᠣᠯᠤᠨ ᠳᠠᠭᠤᠤ ᠬᠥᠭᠵᠢᠮ ᠦᠨ ᠠᠪᠢᠶᠠᠰ ᠴᠢᠳᠠᠪᠤᠷᠢ ᠶᠢᠨ ᠬᠢᠨᠢ ᠣᠬᠢ ᠰᠣᠳᠣ ᠮᠥᠨ ᠃ ᠲᠡᠷᠡ  ᠨᠢ ᠣᠯᠠᠨ ᠠᠷᠪᠢᠨ ᠳᠠᠭᠤᠤ ᠤᠷᠠᠯᠢᠭ ᠤᠨ ᠡᠷᠳᠡᠮᠲᠡᠨ ᠰᠤᠳᠤᠯᠭᠠᠲᠠᠨ ᠲᠡᠭᠦᠨ ᠢ ᠤᠯᠠᠮ ᠭᠦᠨᠵᠡᠭᠡᠢ ᠠᠩᠬᠠᠷᠴᠤ ᠰᠤᠳᠤᠯᠬᠤ ᠪᠠ ᠵᠥᠪ ᠣᠨᠣᠪᠴᠢᠲᠠᠢ ᠣᠨᠣᠯᠵᠢᠭᠤᠯᠤᠯᠲᠠ ᠬᠢᠬᠦ ᠶᠢ ᠬᠦᠰᠡᠮᠵᠢᠯᠡᠨ ᠬᠦᠯᠢᠶᠡᠵᠦ ᠪᠠᠶᠢᠭ᠎ᠠ ᠶᠤᠮ ᠃

ᠤᠷᠠᠯᠢᠭᠴᠢᠨ ᠮᠥᠩᠬᠡᠨᠠᠰᠤᠨ ᠤ ᠰᠠᠨᠠᠯ ᠢ ᠦᠨᠳᠦᠰᠦᠯᠡᠪᠡᠯ ᠭᠤᠷᠪᠠᠨ ᠭᠷᠠᠳᠦᠶᠢᠰᠤ ᠬᠥᠭᠯᠡᠭᠡ  ᠨᠢ ᠳᠡᠳ᠋ ᠬᠦᠭᠳᠦ ᠬᠤᠭᠤᠷ  ᠲᠤ ᠲᠣᠬᠢᠷᠠᠬᠤ ᠪᠥᠭᠡᠳ ᠨᠡᠶᠢᠳᠡᠮ ᠬᠡᠷᠡᠭᠡᠯᠡᠬᠦ ᠤᠷᠪᠠᠭᠤ ᠳᠥᠷᠪᠡᠴᠡ ᠲᠡᠢ ᠨᠡᠶᠢᠯᠡᠭᠦᠯᠬᠦ ᠶᠢᠨ ᠲᠤᠰᠠᠳᠠ ᠭᠠᠳᠠᠷ ᠤᠲᠠᠰᠤ ᠶᠢ  ᠨᠢ ᠳᠣᠣᠷ᠎ᠠ 1 ᠡᠭᠡᠰᠢᠭ ᠢᠶᠡᠷ ᠬᠥᠭᠯᠡᠵᠦ ᠂ ᠳᠣᠲᠣᠷ ᠤᠲᠠᠰᠤ ᠶᠢ  ᠨᠢ ᠳᠣᠣᠷ᠎ᠠ 3 ᠡᠭᠡᠰᠢᠭ ᠢᠶᠡᠷ ᠬᠥᠯᠭᠡᠨ ᠬᠣᠶᠠᠷ ᠤᠲᠠᠰᠤ  ᠶᠢᠨ ᠬᠣᠭᠣᠷᠣᠨᠳᠣ ᠪᠠᠨ ᠤᠷᠪᠠᠭᠤ ᠶᠡᠬᠡ ᠭᠤᠷᠪᠠᠴᠠ ᠪᠠᠷ ᠨᠠᠶᠢᠷᠠᠨ᠎ᠠ ᠃ ᠪᠣᠯᠪᠠᠰᠤᠷᠠᠬᠤ ᠳᠤ ᠳᠥᠭᠥᠮ ᠦᠨ ᠲᠤᠰᠠᠳᠠ ᠪᠢᠳᠡ ᠨᠡᠶᠢᠳᠡᠮ ᠬᠡᠷᠡᠭᠡᠯᠡᠬᠦ ᠤᠷᠪᠠᠭᠤ ᠳᠥᠷᠪᠡᠴᠡ ᠶᠢᠨ ᠳᠣᠲᠣᠷ ᠤᠲᠠᠰᠤ ᠶᠢ ᠬᠠᠭᠠᠰ ᠡᠭᠡᠰᠢᠭ ᠪᠠᠭᠤᠷᠠᠭᠤᠯᠵᠤ ᠡᠬᠢᠨ ᠦ ᠰᠤᠷᠬᠤ ᠬᠥᠭ᠍ ᠢ  ᠨᠢ G ᠬᠥᠭ ᠦᠨ ᠪᠠᠶᠢᠴᠠ ᠪᠠᠷ ᠪᠣᠯᠪᠠᠰᠤᠷᠠᠵᠤ ᠪᠣᠯᠤᠨ᠎ᠠ ᠃ ᠭᠤᠷᠪᠠᠨ ᠭᠷᠠᠳᠦᠶᠢᠰᠤ ᠬᠥᠬᠡᠬᠡᠨ ᠦ ᠬᠤᠭᠤᠷ  ᠨᠢ ᠭᠣᠣᠯᠳᠠᠭᠤ 1 ᠠᠯᠪᠠᠲᠤ ᠬᠥᠭ᠍ ( ᠵᠢᠱᠢᠶᠡᠯᠡᠪᠡᠯ ᠄ [ ᠴᠡᠩᠬᠡᠷ ᠴᠠᠭᠠᠨ ᠡᠭᠦᠯᠡ ] ) ᠪᠣᠯᠤᠨ 5 ᠠᠯᠪᠠᠲᠤ ᠬᠥᠭ᠍ ( ᠵᠢᠱᠢᠶᠡᠯᠡᠪᠡᠯ ᠄ [ ᠪᠠᠶᠠᠨ ᠬᠠᠩᠭᠠᠢ ] ) ᠶᠢᠨ ᠲᠠᠭᠤᠨ ( ᠥᠭᠡᠷ᠎ᠡ ᠪᠡᠷ ᠬᠡᠯᠡᠪᠡᠯ C ᠬᠥᠭ ᠪᠣᠯᠤᠨ F ᠬᠥᠭ ᠦᠨ ᠲᠠᠭᠤᠨ ) ᠳᠤ ᠲᠣᠬᠢᠷᠠᠳᠠᠭ ᠃ ᠡᠶᠢᠮᠦ ᠡᠴᠡ ᠭᠤᠷᠪᠠᠨ ᠭᠷᠠᠳᠦ᠍ᠰᠳᠦ  ᠬᠥᠬᠡᠬᠡᠨ  ᠨᠢ ᠨᠠᠶᠢᠷᠠᠯ ᠤᠨ ᠲᠠᠯ᠎ᠠ ᠪᠠᠷ ᠪᠠᠶᠠᠯᠢᠭ ᠪᠥᠭᠡᠳ ᠶᠡᠬᠡᠮᠰᠦᠭ ᠪᠠᠶᠢᠵᠤ ᠂ ᠮᠣᠩᠭᠣᠯ ᠣᠷᠳᠣᠨ ᠤ ᠳᠠᠭᠤᠤ ᠪᠠ ᠮᠣᠩᠭᠣᠯ ᠬᠢᠲᠠᠳ ᠶᠡᠬᠡ ᠬᠦᠭᠳᠦ ᠲᠠᠭᠤᠨ ᠳᠤ ᠲᠣᠩ ᠲᠣᠬᠢᠷᠠᠳᠠᠭ ᠃

21

 

ᠮᠥᠩᠬᠡᠨᠠᠰᠤᠨ ᠂ ᠥᠷᠯᠥᠭᠦᠳ ᠤᠪᠤᠭᠳᠠᠨ  ᠂ 1959 ᠣᠨ ᠳᠤ ᠶᠡᠬᠡ ᠵᠣᠣ ᠠᠶᠢᠮᠠᠭ ᠤᠨ ᠦᠦᠰᠢᠨ ᠬᠣᠰᠢᠭᠤᠨ ᠤ ᠰᠦᠯᠳᠡ ᠰᠤᠮᠤᠨ ᠤ ᠪᠥᠬᠦᠳᠡᠭᠡ ᠭᠠᠴᠠᠭᠠᠨ ᠤ ᠮᠠᠯᠴᠢᠯ ᠤᠨ ᠬᠣᠷᠰᠢᠶᠠᠨ ᠤ ᠮᠠᠯᠴᠢᠨ ᠴᠣᠶᠢᠵᠠᠪ ᠤᠨ ᠤᠤᠭᠠᠨ ᠬᠥᠪᠡᠭᠦᠨ ᠪᠣᠯᠵᠤ ᠲᠥᠷᠥᠵᠡᠢ ᠃ ᠮᠥᠩᠬᠡᠨᠠᠰᠤᠨ ᠤ ᠠᠪᠤ ᠴᠣᠶᠢᠵᠠᠪ ᠂ ᠡᠪᠦᠭᠡ ᠠᠪᠤ  ᠨᠢ ᠂ ᠡᠯᠦᠨᠴᠡ ᠠᠪᠤ  ᠨᠢ  ᠨᠡᠷ ᠪᠣᠯ ᠪᠦᠷ ᠠᠯᠳᠠᠷᠲᠤ ᠠᠷᠠᠳ ᠤᠨ ᠤᠷᠠᠯᠢᠭᠴᠢᠨ ᠪᠥᠭᠡᠳ ᠬᠥᠭᠵᠢᠮᠴᠢᠨ ᠪᠣᠯᠤᠨ᠎ᠠ ᠃ ᠮᠥᠩᠬᠡᠨᠠᠰᠤᠨ ᠲᠠᠲᠠᠨ ᠤ ᠨᠥᠯᠥᠭᠡ ᠶᠢ ᠶᠡᠬᠡᠳᠡ ᠬᠦᠷᠲᠡᠵᠦ ᠂ ᠬᠠᠷᠠᠬᠠᠨ ᠪᠠᠭ᠎ᠠ ᠠᠴᠠ ᠪᠠᠨ ᠬᠤᠭᠤᠷ ᠬᠥᠭᠵᠢᠮ ᠳᠦ ᠳᠤᠷ᠎ᠠ ᠪᠠᠬᠠᠲᠠᠢ ᠪᠠᠶᠢᠵᠤ ᠂ ᠠᠷᠪᠠᠨ ᠨᠠᠰᠤᠨ ᠠᠴᠠ ᠪᠠᠨ ᠳᠥᠷᠪᠡᠨ ᠤᠲᠠᠰᠤᠲᠤ ᠬᠤᠭᠤᠷ ᠰᠤᠷᠴᠤ ᠳᠡᠭᠡᠳᠦ ᠦᠶ᠎ᠡ ᠶᠢᠨ ᠤᠯᠠᠮᠵᠢᠯᠠᠯᠲᠤ ᠬᠤᠭᠤᠷ ᠬᠤᠭᠤᠷᠳᠠᠬᠤ ᠬᠡᠪ ᠨᠠᠮᠪᠠ ᠬᠢᠭᠡᠳ ᠠᠷᠭ᠎ᠠ ᠮᠡᠷᠭᠡᠵᠢᠯ ᠢ ᠨᠡᠪᠲᠡᠷᠬᠡᠢ ᠡᠵᠡᠮᠰᠢᠭᠰᠡᠨ ᠪᠠᠶᠢᠨ᠎ᠠ ᠃

90 ᠣᠨ ᠳᠤ ᠮᠣᠷᠢᠨ ᠬᠤᠭᠤᠷ ᠤᠨ ᠶᠡᠬᠡ ᠭᠤᠷᠪᠠᠨ ᠬᠥᠭ ᠢ ᠰᠤᠳᠤᠯᠤᠨ ᠡᠭᠦᠳᠴᠦ ᠂ ᠬᠡᠷᠬᠢᠨ ᠬᠤᠭᠤᠷᠳᠠᠬᠤ ᠲᠤᠬᠠᠢ ᠥᠪᠡᠷ ᠢᠶᠡᠨ ᠰᠤᠳᠤᠯᠵᠠᠢ ; ᠲᠡᠭᠡᠭᠡᠳ ᠶᠡᠬᠡ ᠭᠤᠷᠪᠠ ᠶᠢᠨ ᠲᠠᠭᠤᠨ ᠥᠩᠭᠡ ᠲᠡᠢ ᠮᠣᠷᠢᠨ ᠬᠤᠭᠤᠷ ᠦᠢᠯᠡᠳᠴᠦ ᠭᠠᠷᠭᠠᠪᠠ ᠃ ᠡᠳᠦᠭᠡ ᠬᠥᠳᠡᠭᠡ ᠬᠡᠷ ᠲᠡᠭᠡᠨ ᠪᠤᠢ ᠪᠥᠭᠡᠳ ᠵᠢᠷᠤᠭ ᠰᠡᠶᠢᠯᠦᠮᠡᠯ ᠂ ᠠᠷᠠᠳ ᠤᠨ ᠬᠥᠭᠵᠢᠮ ᠦᠢᠯᠡᠳᠬᠦ ᠪᠡᠷ ᠠᠵᠢᠯ ᠢᠶᠠᠨ ᠪᠣᠯᠭᠠᠵᠤ ᠂ ᠠᠷᠠᠳ ᠤᠨ ᠬᠥᠭᠵᠢᠮ ᠢᠶᠡᠷ ᠪᠠᠶᠠᠷ ᠴᠡᠩᠭᠡᠯ ᠢᠶᠡᠨ ᠪᠣᠯᠭᠠᠳᠠᠭ ᠣᠨᠴᠠᠯᠢᠭ ᠲᠠᠢ ᠠᠵᠠᠢ ᠃

mini

11-1

11-2

ᠰᠢᠭᠦᠮᠵᠢ ᠦᠯᠡᠳᠡᠭᠡᠬᠦ