• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠵᠢᠷᠭᠤᠭ᠎ᠠ ᠄ ᠲᠦᠷᠪᠡᠨ ᠤᠳᠠᠰᠤᠳᠤ ᠬᠤᠭᠤᠷ  ᠤᠨ ᠭᠤᠴᠤᠯᠠᠯ ᠬᠦᠭᠵᠢᠮ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   39
 • ᠄   0
 • ᠄   0
 • ᠄  0

ᠬᠤᠭᠤᠷ ᠭᠡᠬᠦ ᠦᠭᠡ ᠪᠣᠯ ᠠᠯᠢᠪᠠ ᠬᠤᠭᠤᠷᠳᠠᠬᠤ ᠲᠥᠷᠥᠯ ᠦᠨ ᠬᠥᠭᠵᠢᠮᠳᠡᠭᠦᠷ ᠦᠨ ᠶᠡᠷᠦᠩᠬᠡᠢ ᠨᠡᠷᠡᠶᠢᠳᠦᠯ ᠶᠤᠮ ᠃ ᠮᠣᠩᠭᠣᠯ ᠦᠨᠳᠦᠰᠦᠲᠡᠨ ᠦ ᠦᠯᠡᠮᠵᠢ ᠬᠡᠷᠡᠭᠡᠯᠡᠬᠦ ᠬᠤᠭᠤᠷ  ᠨᠢ ᠮᠣᠷᠢᠨ ᠬᠤᠭᠤᠷ ᠠᠴᠠ ᠭᠠᠳᠠᠨ᠎ᠠ ᠳᠥᠷᠪᠡᠨ ᠴᠢᠬᠢᠲᠦ ᠬᠤᠭᠤᠷ ᠭᠡᠬᠦ ᠪᠤᠶᠤ ᠳᠥᠷᠪᠡᠨ ᠤᠲᠠᠰᠤᠲᠤ ᠬᠤᠭᠤᠷ ᠪᠣᠯᠤᠨ᠎ᠠ ᠃ ᠣᠷᠴᠢᠨ ᠣᠳᠣ ᠦᠶ᠎ᠡ ᠳᠦ ︽ ᠬᠤᠭᠤᠷ ︾ ᠢᠶᠠᠷ ᠲᠤᠰᠬᠠᠢ ᠳᠥᠷᠪᠡᠨ ᠴᠢᠬᠢᠲᠦ ᠶᠢ ᠵᠢᠭᠠᠬᠤ ᠵᠠᠩᠰᠢᠯ ᠮᠣᠩᠭᠣᠯᠴᠤᠳ ᠤᠨ ᠳᠤᠮᠳᠠ ᠪᠤᠢ ᠪᠣᠯᠵᠤ ᠂ ᠨᠠᠶᠢᠳᠠ ᠲᠦᠮᠡᠨ ᠴᠣ ᠬᠦᠯᠢᠶᠡᠨ ᠵᠥᠪᠰᠢᠶᠡᠷᠡᠬᠦ ᠪᠣᠯᠪᠠ ᠃ ᠣᠷᠴᠢᠨ ᠣᠳᠣ ᠦᠶ᠎ᠡ ᠡᠴᠡ ᠢᠨᠠᠭᠰᠢ ᠬᠤᠭᠤᠷ  ᠨᠢ ᠮᠣᠩᠭᠣᠯᠴᠤᠳ ᠤᠨ ᠭᠠᠷ ᠲᠤ ᠠᠰᠢᠭᠯᠠᠭᠳᠠᠬᠤ ᠳᠠᠭᠠᠨ ᠠᠷᠭ᠎ᠠ ᠮᠠᠶ᠋ᠢᠭ ᠣᠯᠠᠰᠢᠷᠠᠵᠤ ᠬᠡᠯᠪᠡᠷᠢ ᠪᠠᠶᠢᠳᠠᠯ ᠡᠷᠬᠢᠮᠰᠦᠭ ᠪᠣᠯᠵᠤ ᠢᠷᠡᠵᠡᠢ ᠃ ᠬᠤᠭᠤᠷ ᠢᠶᠠᠷ ᠳᠠᠭᠤ ᠬᠠᠪᠰᠤᠷᠭᠠᠬᠤ ᠂ ︽ ᠭᠡᠰᠡᠷ ︾ ᠂ ︽ ᠵᠠᠩᠭᠠᠷ ︾ ᠬᠠᠶᠢᠯᠠᠬᠤ ᠂ ᠦᠯᠢᠭᠡᠷ ᠬᠣᠯᠪᠣᠭ᠎ᠠ ᠶᠠᠷᠢᠬᠤ ᠂ ᠡᠭᠦᠪᠡᠷ ᠦᠯᠦ ᠵᠣᠭᠰᠣᠨᠠᠮ ᠂ ᠬᠥᠭᠵᠢᠮᠳᠡᠬᠦ ᠳᠡᠭᠡᠨ ᠴᠣ ᠭᠣᠴᠣᠯᠠᠯ ᠂ ᠬᠣᠣᠰᠯᠠᠯ ᠂ ᠨᠠᠶᠢᠷᠠᠯ ᠭᠡᠳ ᠶᠡᠬᠡ ᠂ ᠳᠤᠮᠳᠠ ᠂ ᠪᠠᠭ᠎ᠠ ᠶᠢᠨ ᠢᠵᠢ ᠲᠥᠷᠥᠯ ᠢ ᠪᠦᠷᠢᠯᠳᠦᠭᠦᠯᠦᠭᠡᠳ ᠪᠠᠶᠢᠭᠰᠠᠨ ᠃ ᠬᠤᠭᠤᠴᠢᠷ ᠂ ᠳᠥᠷᠪᠡᠨ ᠴᠢᠬᠢᠲᠦ ᠬᠤᠭᠤᠷ ᠂ ᠬᠣᠶᠠᠷ ᠴᠢᠬᠢᠲᠦ ᠬᠤᠭᠤᠷ ᠂ ᠪᠦᠳᠦᠭᠦᠨ ᠨᠠᠷᠢᠨ ᠬᠤᠭᠤᠷ ᠵᠡᠷᠭᠡ  ᠨᠢ ᠴᠥᠮ ︽ ᠬᠤᠭᠤᠷ ︾ ᠭᠡᠬᠦ ᠲᠡᠢ ᠬᠠᠷᠢᠴᠠᠭ᠎ᠠ ᠪᠤᠢ ᠪᠥᠭᠡᠳ ᠰᠠᠳᠤᠨ ᠲᠥᠷᠥᠯ  ᠨᠢ ᠪᠣᠯᠤᠨ᠎ᠠ ᠃ ᠠᠷᠠᠳ ᠤᠨ ᠳᠤᠮᠳᠠ ᠳᠥᠷᠪᠡᠨ ᠤᠲᠠᠰᠤᠲᠤ ᠬᠤᠭᠤᠷ ᠢ ︽ ᠬᠤᠭᠤᠴᠢᠷ ︾ ᠭᠡᠵᠦ ᠨᠡᠷᠡᠯᠡᠳᠡᠭ ᠃ ᠣᠷᠴᠢᠨ ᠂ ᠣᠳᠣ ᠦᠶ᠎ᠡ ᠳᠦ ᠬᠤᠭᠤᠷ ᠤᠨ ᠤᠳᠬ᠎ᠠ ᠠᠭᠤᠯᠭ᠎ᠠ ᠥᠷᠭᠡᠵᠢᠵᠦ ᠂ ᠬᠢᠴᠡ ᠬᠡᠯᠪᠡᠷᠢ  ᠨᠢ ᠴᠣ ᠣᠯᠠᠰᠢᠷᠠᠨ ᠂ ᠬᠥᠭᠵᠢᠮᠳᠡᠬᠦ  ᠳᠦ ᠴᠢᠬᠤᠯᠠ ᠪᠠᠶᠢᠷᠢ ᠡᠵᠡᠯᠡᠬᠦ ᠪᠣᠯᠤᠭᠰᠠᠨ ᠃ ᠬᠤᠭᠤᠷ ᠢᠶᠠᠷ ᠵᠢᠮᠰᠡᠭ ᠪᠣᠯᠭᠠᠵᠤ ᠪᠠᠭᠠᠲᠤᠷᠯᠢᠭ ᠲᠤᠤᠯᠢᠰ ᠬᠠᠶᠢᠯᠠᠬᠤ ᠂ ᠦᠯᠢᠭᠡᠷ ᠬᠣᠯᠪᠣᠭ᠎ᠠ ᠶᠠᠷᠢᠬᠤ ᠂ ᠳᠠᠭᠤᠤ ᠵᠦᠴᠦᠭᠡ ᠳᠦ ᠬᠠᠪᠰᠤᠷᠬᠤ ᠂ ᠭᠣᠴᠣᠯᠠᠬᠤ ᠂ ᠨᠠᠶᠢᠷᠠᠯ ᠭᠡᠬᠦ ᠭᠡᠬᠦ ᠮᠡᠲᠦ ᠶᠢᠨ ᠤᠷᠠᠯᠢᠭ ᠤᠨ ᠢᠯᠡᠳᠬᠡᠬᠦ ᠬᠡᠯᠪᠡᠷᠢ ᠳᠦ ᠦᠢᠯᠡᠳᠦᠯ ᠢ  ᠨᠢ ᠪᠠᠳᠠᠷᠠᠭᠤᠯᠳᠠᠭ ᠃ ᠬᠤᠭᠤᠴᠢᠷ ᠲᠤ ᠥᠨᠳᠥᠷ ᠪᠣᠭᠣᠨᠢ ᠂ ᠪᠦᠳᠦᠭᠦᠨ ᠨᠠᠷᠢᠨ ᠤ ᠢᠯᠭᠠᠭ᠎ᠠ ᠪᠤᠢ ᠃ ᠦᠷᠭᠦᠯᠵᠢ ᠶᠢᠨ ᠬᠡᠷᠡᠭᠯᠡᠭᠳᠡᠬᠦ ᠂ ᠬᠤᠭᠤᠴᠢᠷ ᠤᠨ ᠳᠣᠮᠪᠣ  ᠨᠢ ᠮᠣᠳᠣ ᠪᠤᠶᠤ ᠲᠡᠮᠦᠷ ᠂ ᠬᠣᠶᠠᠷ ᠠᠴᠠ ᠳᠥᠷᠪᠡᠨ ᠰᠢᠷᠬᠡᠭ ᠶᠣᠩᠭᠣᠷ ( ᠲᠡᠮᠦᠷᠯᠢᠭ ) ᠤᠲᠠᠰᠤ ᠶᠢ ᠬᠥᠪᠴᠢᠯᠡᠵᠦ ᠬᠢᠯᠭᠠᠰᠤᠨ ᠨᠤᠮᠤ ᠪᠠᠷ ᠬᠥᠭᠵᠢᠮᠳᠡᠨ᠎ᠡ ᠃ ᠮᠣᠩᠭᠣᠯ ᠦᠨᠳᠦᠰᠦᠲᠡᠨ ᠦ ᠨᠡᠷᠡᠲᠦ ᠬᠤᠭᠤᠷᠴᠢᠳ ᠠᠴᠠ ᠲᠢᠶᠧ ᠭᠠᠩ ᠂ ᠰᠦᠨ ᠯᠢᠶᠠᠩ ᠂ ᠪᠠᠪᠤᠳᠣᠷᠵᠢ ᠂ ᠭᠣᠮᠪᠣᠰᠦᠷᠦᠩ ᠂ ᠳᠣᠷᠵᠢ ᠂ ᠴᠢᠯᠠᠭᠤ ᠂ ᠱᠤᠸᠠᠩ ᠬᠣ ᠂ ᠠᠯᠳᠠᠯᠠᠵᠠᠭᠠᠨ᠎ᠠ ᠨᠠᠷ ᠪᠤᠢ ᠃

31

6  | 1 ᠲᠢᠶᠧ ᠭᠠᠩ ᠤᠨ ᠠᠶᠠᠯᠭᠤ

ᠲᠢᠶᠧ ᠭᠠᠩ ( 1907  1992 ) ᠡᠷᠡᠭᠲᠡᠢ ᠮᠣᠩᠭᠣᠯ ᠦᠨᠳᠦᠰᠦᠲᠡᠨ ᠂ ᠬᠢᠩᠭᠠᠨ ᠠᠶᠢᠮᠠᠬᠤ ᠶᠢᠨ ᠵᠠᠯᠠᠶᠢᠳ ᠬᠣᠰᠢᠭᠤᠨ  ᠳᠤ ᠲᠥᠷᠥᠵᠡᠢ ᠃ ᠮᠣᠩᠭᠣᠯ ᠳᠥᠷᠪᠡᠨ ᠤᠲᠠᠰᠤᠲᠤ ᠬᠤᠭᠤᠷ ᠤᠨ ᠠᠯᠳᠠᠷᠲᠤ ᠬᠥᠭᠵᠢᠮᠴᠢᠨ ; ᠳᠤᠮᠳᠠ ᠬᠤᠭᠤᠷ ᠤᠨ ᠮᠡᠷᠭᠡᠵᠢᠯᠲᠡᠨ ᠃ 1963 ᠣᠨ ᠳᠤ ᠥᠪᠥᠷ ᠮᠣᠩᠭᠣᠯ ᠤᠷᠠᠯᠢᠭ ᠤᠨ ᠰᠤᠷᠭᠠᠭᠤᠯᠢ ᠳᠤ ᠪᠠᠭᠰᠢ ᠪᠠᠷ ᠠᠵᠢᠯ ᠰᠢᠯᠵᠢᠵᠦ ᠢᠷᠡᠵᠡᠢ ᠃ ᠡᠶᠢᠨᠬᠦ ᠰᠢᠨ᠎ᠡ ᠴᠠᠭ ᠦᠶ᠎ᠡ ᠶᠢᠨ ᠳᠥᠷᠪᠡᠨ ᠤᠲᠠᠰᠤᠲᠤ ᠬᠤᠭᠤᠷ ᠤᠨ ᠬᠥᠭᠵᠢᠮᠴᠢᠨ ᠢ ᠬᠥᠮᠦᠵᠢᠭᠦᠯᠬᠦ ᠳᠦ ᠭᠠᠪᠢᠶ᠎ᠠ ᠵᠢᠳᠬᠦᠯ ᠦᠵᠡᠭᠦᠯᠦᠭᠰᠡᠨ ᠪᠠᠶᠢᠨ᠎ᠠ ᠃ ᠲᠢᠶᠧ ᠭᠠᠩ 8 ᠨᠠᠰᠤᠨ ᠠᠴᠠ ᠪᠠᠨ ᠠᠪᠠᠭ᠎ᠠ ᠡᠭᠡᠴᠢ ᠠᠪᠤ ᠠᠴᠠ ᠪᠠᠨ ᠬᠤᠭᠤᠷ ᠰᠤᠷᠴᠤ ; 1948 ᠣᠨ ᠳᠤ ᠥᠪᠥᠷ ᠮᠣᠩᠭᠣᠯ ᠤᠨ ᠤᠷᠠᠯᠢᠭ ᠤᠨ ᠪᠦᠯᠬᠦᠮ ᠳᠦ ᠣᠷᠣᠵᠤ ᠂ 1953 ᠣᠨ  ᠳᠤ ᠥᠪᠡᠷᠲᠡᠭᠡᠨ ᠲᠠᠲᠠᠵᠤ ᠳᠠᠭᠤᠯᠠᠭᠰᠠᠨ ᠦᠯᠢᠭᠡᠷᠲᠦ ᠠᠷᠠᠳ ᠤᠨ ᠳᠠᠭᠤᠤ 《 ᠷᠣᠯᠭᠠᠷᠮ᠎ᠠ 》 ᠶᠢ ᠳᠠᠭᠤᠯᠠᠵᠠᠢ ᠃ ᠲᠡᠷᠡ ᠳᠠᠭᠤᠤ ᠳᠠᠭᠤᠯᠠᠬᠤ ᠳᠠᠭᠠᠨ ᠬᠥᠭ ᠬᠤᠪᠢᠷᠠᠭᠠᠵᠤ ᠳᠠᠭᠤᠯᠠᠬᠤ ᠠᠷᠭ᠎ᠠ ᠶᠢ ᠬᠡᠷᠡᠭᠯᠡᠵᠦ ᠂ ᠦᠯᠢᠭᠡᠷᠲᠦ ᠳᠠᠭᠤᠤ ᠶᠢᠨ ᠳᠣᠲᠣᠷᠠᠬᠢ ᠠᠳᠠᠯᠢ ᠪᠤᠰᠤ ᠶᠢᠨ ᠬᠥᠮᠦᠨ ᠦ ᠳᠦᠷᠢ ᠶᠢ ᠠᠳᠠᠯᠢ ᠪᠤᠰᠤ ᠪᠠᠷ ᠪᠦᠲᠦᠭᠡᠨ ᠢᠯᠡᠷᠡᠭᠦᠯᠵᠦ ; ᠣᠳᠣ ᠦᠶ᠎ᠡ ᠶᠢᠨ ᠠᠷᠠᠳ ᠤᠨ ᠳᠠᠭᠤᠤ ᠳᠠᠭᠤᠯᠠᠬᠤ ᠳᠤ ᠨᠢᠭᠡᠨ ᠰᠢᠨ᠎ᠡ ᠡᠭᠦᠳᠦᠯᠲᠡ ᠭᠠᠷᠭᠠᠭᠰᠠᠨ ᠪᠠᠶᠢᠨ᠎ᠠ ᠃ ᠲᠢᠶᠧ ᠭᠠᠩ ᠳᠤᠮᠳᠠ ᠳᠥᠷᠪᠡᠨ ᠤᠲᠠᠰᠤᠲᠤ ᠬᠤᠭᠤᠷ ᠬᠥᠭᠵᠢᠮᠳᠡᠬᠦ ᠳᠦ ᠣᠨᠴᠠᠭᠠᠢ ᠮᠡᠷᠭᠡᠰᠢᠭᠰᠡᠨ ᠪᠥᠭᠡᠳ ᠬᠥᠭᠵᠢᠮᠳᠡᠬᠦ ᠮᠡᠷᠭᠡᠵᠢᠯ ᠥᠨᠳᠥᠷ ᠂ ᠠᠶ᠎ᠠ ᠲᠠᠭᠤᠨ  ᠨᠢ ᠳᠥᠯᠭᠡᠬᠡᠨ ᠪᠥᠭᠡᠳ ᠴᠡᠪᠡᠷ ᠲᠣᠳᠣ ᠂ ᠰᠡᠳᠬᠢᠯᠭᠡ ᠭᠦᠨ ᠥᠩᠭᠡ ᠪᠤᠳᠤᠭᠲᠠᠢ ᠪᠠᠶᠢᠳᠠᠭ ; ᠲᠢᠶᠧ ᠭᠠᠩ ᠦᠯᠢᠭᠡᠷ ᠦᠨ ᠠᠶ᠎ᠠ ᠠᠶᠠᠯᠭᠤ ᠬᠥᠭᠵᠢᠮᠳᠡᠬᠦ ᠳᠡᠭᠡᠨ ᠨᠢᠰᠠᠯᠬᠤ ᠂ ᠳᠠᠷᠤᠬᠤ ᠂ ᠭᠤᠯᠭᠤᠭᠤᠯᠬᠤ ᠂ ᠴᠣᠬᠢᠬᠤ ᠂ ᠲᠣᠭᠰᠢᠬᠤ ᠵᠡᠷᠭᠡ ᠤᠷ᠎ᠠ ᠮᠡᠷᠭᠡᠵᠢᠯ ᠢ ᠬᠡᠷᠡᠭᠯᠡᠵᠦ ᠂ ᠤᠰᠤᠨ ᠤᠷᠤᠰᠬᠠᠯ ᠂ ᠰᠢᠪᠠᠭᠤᠨ ᠵᠢᠷᠭᠢᠭᠡ ᠮᠡᠲᠦ ᠂ ᠮᠣᠷᠢ ᠦᠦᠷᠰᠡᠵᠦ ᠰᠠᠯᠬᠢᠨ ᠢᠰᠬᠡᠷᠬᠦ ᠵᠡᠷᠭᠡ ᠲᠠᠭᠤᠨ ᠨᠤᠭᠤᠳ ᠢ ᠤᠷᠠᠯᠢᠭ ᠲᠣᠳᠣ ᠭᠠᠷᠭᠠᠵᠤ ᠴᠢᠳᠠᠳᠠᠭ ᠃ ᠲᠡᠷᠡ ᠪᠠᠰᠠ ᠬᠣᠶᠠᠷ ᠵᠦᠢᠯ ᠦᠨ ᠬᠤᠭᠤᠷ  ᠢ ᠬᠠᠮᠲᠤ ᠳᠤᠨᠢ ᠬᠥᠭᠵᠢᠮᠳᠡᠵᠦ ᠴᠢᠳᠠᠳᠠᠭ ᠪᠠᠶᠢᠨ᠎ᠠ ᠃ MP3 ᠳᠠᠭᠤ

 

6 | 2 ᠰᠦᠮ᠎ᠡ ᠶᠢᠨ ᠠᠶᠠᠯᠭᠤ

33

ᠰᠦᠮ᠎ᠡ ( 1914  1970 ) ᠡᠷᠡᠭᠲᠡᠢ ᠂ ᠮᠣᠩᠭᠣᠯ ᠦᠨᠳᠦᠰᠦᠲᠡᠨ ᠂ ᠬᠢᠷᠢᠨ ᠮᠤᠵᠢ ᠶᠢᠨ ᠡᠮᠦᠨᠡᠲᠦ ᠭᠣᠷᠯᠣᠰ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ ᠳᠤ ᠲᠥᠷᠥᠵᠡᠢ ᠃ ᠠᠯᠳᠠᠷᠲᠤ ᠳᠥᠷᠪᠡᠨ ᠤᠲᠠᠰᠤᠲᠤ ᠬᠤᠭᠤᠷ ᠤᠨ ᠬᠥᠭᠵᠢᠮᠴᠢᠨ ; ᠬᠣᠷᠴᠢᠨ ᠤ ᠲᠠᠯ᠎ᠠ ᠨᠤᠲᠤᠭ ᠲᠠᠬᠢ ᠮᠣᠩᠭᠣᠯ ᠳᠥᠷᠪᠡᠨ ᠤᠲᠠᠰᠤᠲᠤ ᠬᠤᠭᠤᠷ ᠤᠨ ᠭᠣᠣᠯᠯᠠᠨᠴᠢ ᠬᠥᠮᠦᠰ ᠦᠨ ᠨᠢᠭᠡ  ᠨᠢ ᠪᠣᠯᠤᠨ᠎ᠠ ᠃ ᠰᠦᠮ᠎ᠡ ᠶᠢᠨ ᠬᠥᠭᠵᠢᠮᠳᠡᠬᠦ ᠠᠷᠭ᠎ᠠ ᠮᠠᠶ᠋ᠢᠭ ᠬᠢᠭᠡᠳ ᠬᠡᠪ ᠨᠠᠮᠪᠠ  ᠨᠢ ᠥᠪᠡᠷᠮᠢᠴᠡ ᠣᠨᠴᠠᠯᠢᠭ ᠲᠠᠢ ᠃ ᠠᠶ᠎ᠠ ᠠᠶᠠᠯᠭᠤ  ᠨᠢ ᠪᠣᠷᠣᠭᠵᠢᠭᠤᠨ ᠂ ᠤᠶᠠᠷᠠᠭᠤᠨ ᠮᠥᠷᠲᠡᠭᠡᠨ ᠢᠯᠭᠤᠮ ᠲᠣᠳᠣ ; ᠲᠡᠭᠦᠨ  ᠦ ᠬᠥᠭᠵᠢᠮᠳᠡᠭᠰᠡᠨ ᠲᠥᠯᠥᠭᠡᠯᠡᠬᠦ ᠠᠶᠠᠯᠭᠤ ᠭᠡᠪᠡᠯ 《 ᠠᠪᠠᠬᠠᠢ  ᠵᠠᠮᠨᠠᠬᠤ 》 ᠂ 《 ᠰᠦᠮ᠎ᠡ ᠶᠢᠨ ᠳᠥᠷᠪᠡᠨ ᠤᠲᠠᠰᠤᠲᠤ ᠬᠤᠭᠤᠷ ᠢ ᠬᠥᠭᠵᠢᠮᠳᠡᠬᠦ ᠠᠷᠭ᠎ᠠ ᠮᠠᠶ᠋ᠢᠭ 》《 ᠰᠦᠮ᠎ᠡ ᠶᠢᠨ ᠬᠥᠭᠵᠢᠮ ᠦᠨ ᠠᠶᠠᠯᠭᠤ ᠵᠠᠭᠤᠨ ᠪᠠᠳᠠᠭ 》《 ᠰᠦᠮ᠎ᠡ  ᠶᠢᠨ ᠳᠥᠷᠪᠡᠨ ᠤᠲᠠᠰᠤᠲᠤ ᠬᠤᠭᠤᠷ ᠤᠨ ᠠᠶᠠᠯᠭᠤ ᠶᠢᠨ ᠲᠡᠭᠦᠪᠦᠷᠢ 》 ᠵᠡᠷᠭᠡ ᠠᠯᠳᠠᠷᠲᠤ ᠨᠣᠮ ᠪᠠ ᠲᠤᠰᠬᠠᠢ ᠡᠮᠬᠢᠳᠬᠡᠯ ᠪᠤᠢ ᠃ ᠰᠦᠮ᠎ᠡ ᠶᠢᠨ ᠡᠴᠢᠭᠡ  ᠨᠢ ᠪᠣᠯ ᠡᠯ᠎ᠡ ᠵᠦᠢᠯ ᠦᠨ ᠠᠷᠠᠳ ᠤᠨ ᠬᠥᠭᠵᠢᠮ ᠳᠦ ᠨᠡᠪᠲᠡᠷᠬᠡᠢ ᠲᠤᠯᠠ ᠲᠤᠰ ᠣᠷᠣᠨ ᠳᠠᠭᠠᠨ ᠠᠯᠳᠠᠷᠲᠤ ᠠᠷᠠᠳ ᠤᠨ ᠬᠥᠭᠵᠢᠮ ᠦᠨ ᠪᠠᠭᠰᠢ ᠪᠠᠶᠢᠵᠠᠢ ; ᠰᠦᠮ᠎ᠡ ᠶᠢᠰᠦᠨ ᠨᠠᠰᠤᠨ ᠠᠴᠠ ᠡᠴᠢᠭᠡ ᠪᠡᠨ ᠳᠠᠭᠠᠵᠤ ᠮᠣᠩᠭᠣᠯ ᠳᠥᠷᠪᠡᠨ ᠤᠲᠠᠰᠤᠲᠤ ᠬᠤᠭᠤᠷ ᠰᠤᠷᠴᠤ ᠂ ᠬᠣᠵᠢᠮ  ᠨᠢ ᠠᠯᠳᠠᠷᠲᠤ ᠬᠥᠭᠵᠢᠮᠴᠢᠨ ᠬᠠᠰᠮ᠎ᠠ ᠶᠢ ᠪᠠᠭᠰᠢ ᠪᠠᠷᠢᠵᠤ ᠂ 18 ᠨᠠᠰᠤ ᠬᠦᠷᠦᠮᠡᠭᠴᠡ ᠨᠡᠷ᠎ᠡ ᠠᠯᠳᠠᠷ ᠭᠠᠷᠤᠭᠰᠠᠨ ᠪᠠᠶᠢᠨ᠎ᠠ ᠃ 1955 ᠣᠨ ᠳᠤ ᠪᠦᠬᠦ ᠤᠯᠤᠰ ᠤᠨ ᠣᠯᠠᠨ ᠲᠦᠮᠡᠨᠴᠢ ᠠᠵᠢᠯ ᠤᠨ ᠴᠢᠯᠥᠭᠡᠨ ᠦ ᠳᠠᠭᠤᠤ ᠬᠥᠭᠵᠢᠮ ᠂ ᠪᠥᠵᠢᠭ ᠦᠨ ᠦᠳᠡᠰᠢᠯᠡᠭᠡ ᠳᠦ ᠰᠢᠯᠢᠳᠡᠭ ᠲᠣᠭᠯᠠᠯᠲᠠ ᠶᠢᠨ ᠱᠠᠩᠨᠠᠯ ᠬᠦᠷᠲᠡᠵᠦ ᠂ 1956 ᠣᠨ ᠳᠤ ᠳᠤᠮᠳᠠᠳᠤ ᠤᠯᠤᠰ ᠤᠨ ᠰᠣᠶᠣᠯ ᠤᠷᠠᠯᠢᠭ ᠤᠨ ᠪᠦᠯᠬᠦᠮ ᠢ ᠳᠠᠭᠠᠵᠤ ᠼᠧᠬᠣᠰᠯᠣᠸᠠᠺᠢ ᠤᠯᠤᠰ ᠲᠤ ᠣᠴᠢᠵᠤ ᠂ 《 ᠪᠦᠯᠡᠬᠡ ᠶᠢᠨ ᠬᠠᠪᠤᠷ 》 ᠭᠡᠬᠦ ᠳᠡᠯᠡᠬᠡᠢ ᠶᠢᠨ ᠳᠠᠭᠤᠤ ᠬᠥᠭᠵᠢᠮ ᠦᠨ ᠲᠣᠭᠯᠠᠯᠲᠠ ᠳᠤ ᠣᠷᠣᠯᠴᠠᠵᠠᠢ ; 1957 ᠣᠨ ᠳᠤ ᠲᠤᠰ ᠰᠢᠶᠠᠨ ᠤ ᠤᠯᠠᠭᠠᠨᠮᠥᠴᠢᠷ ᠲᠦ ᠬᠥᠭᠵᠢᠮᠴᠢᠨ ᠢᠶᠡᠷ ᠠᠵᠢᠯ ᠰᠢᠯᠵᠢᠵᠦ ᠂ ᠰᠡᠭᠦᠯ  ᠳᠦᠨᠢ ᠲᠤᠰ ᠪᠦᠯᠬᠦᠮ ᠦᠨ ᠪᠦᠯᠬᠦᠮ ᠦᠨ ᠳᠠᠷᠤᠭ᠎ᠠ ᠪᠣᠯᠤᠭᠰᠠᠨ ᠪᠠᠶᠢᠨ᠎ᠠ ᠃

MP3 ᠳᠠᠭᠤ

6|   3 ᠰᠦᠨ ᠯᠢᠶᠠᠩ ᠤᠨ ᠠᠶᠠᠯᠭᠤ

34

ᠠᠯᠳᠠᠷ ᠭᠠᠪᠢᠶ᠎ᠠ  ᠨᠢ ᠠᠯᠲᠠᠨ ᠳᠡᠯᠡᠬᠡᠢ ᠳᠦ ᠳᠠᠭᠤᠷᠢᠰᠤᠭᠰᠠᠨ  ᠮᠣᠩᠭᠣᠯ ᠳᠥᠷᠪᠡᠨ ᠤᠲᠠᠰᠤᠲᠤ ᠬᠤᠭᠤᠷ ᠤᠨ ᠨᠢᠭᠡᠨ ᠦᠶ᠎ᠡ ᠶᠢᠨ ᠬᠦᠨᠳᠦᠲᠦ ᠪᠠᠭᠰᠢ ᠰᠦᠨ ᠯᠢᠶᠠᠩ ᠰᠦᠨ ᠯᠢᠶᠠᠩ ( 1910  1995 ) ᠪᠣᠯ ᠮᠣᠩᠭᠣᠯ ᠦᠨᠳᠦᠰᠦᠲᠡᠨ ᠦ 《 ᠳᠥᠷᠪᠡᠨ ᠶᠡᠬᠡ ᠠᠷᠠᠳ ᠤᠨ ᠤᠷᠠᠯᠢᠭᠴᠢᠨ 》 ᠤ ᠨᠢᠭᠡ ᠂ ᠮᠣᠩᠭᠣᠯ ᠳᠥᠷᠪᠡᠨ ᠤᠲᠠᠰᠤᠲᠤ ᠬᠤᠭᠤᠷ ᠤᠨ ᠨᠢᠭᠡᠨ ᠦᠶ᠎ᠡ ᠶᠢᠨ ᠬᠦᠨᠳᠦᠲᠦ ᠪᠠᠭᠰᠢ ᠂ ᠬᠠᠩᠭᠢᠨᠠᠮ᠎ᠠ ᠬᠥᠭ᠍ ᠦᠨ ᠳᠥᠷᠪᠡᠨ ᠤᠲᠠᠰᠤᠲᠤ ᠬᠤᠭᠤᠷ ᠤᠨ ᠵᠣᠬᠢᠶᠠᠭᠴᠢ ᠂ ᠠᠷᠠᠳ ᠤᠨ ᠤᠷᠠᠯᠢᠭ ᠤᠨ ᠬᠦᠨᠳᠦᠲᠦ ᠪᠠᠭᠰᠢ ᠮᠥᠨ ᠃ ᠥᠪᠡᠷᠲᠡᠭᠡᠨ ᠰᠤᠷᠴᠤ ᠴᠢᠳᠠᠪᠤᠷᠢᠲᠠᠨ ᠪᠣᠯᠤᠭᠰᠠᠨ ᠳᠥᠷᠪᠡᠨ ᠤᠲᠠᠰᠤᠲᠤ ᠬᠤᠭᠤᠷ ᠤᠨ ᠠᠪᠢᠶᠠᠰ ᠪᠢᠯᠢᠭᠲᠡᠨ ᠰᠦᠨ ᠯᠢᠶᠠᠩ ᠪᠣᠯ ᠵᠣᠰᠣᠲᠤ ᠶᠢᠨ ᠴᠢᠭᠤᠯᠭᠠᠨ ᠤ ᠮᠣᠩᠭᠣᠯᠵᠢᠨ ᠬᠣᠰᠢᠭᠤᠨ ( ᠣᠳᠣ ᠶᠢᠨ ᠯᠢᠶᠣᠣᠨᠢᠩ ᠮᠤᠵᠢ ᠶᠢᠨ ᠹᠦ᠋ᠰᠢᠨ ᠦ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠬᠣᠰᠢᠭᠤ ) ᠶᠢᠨ ᠨᠢᠭᠡᠨ ᠶᠠᠳᠠᠭᠤ ᠲᠠᠷᠢᠶᠠᠴᠢᠨ ᠤ ᠬᠡᠷ ᠲᠦ ᠲᠥᠷᠥᠭᠰᠡᠨ ᠶᠤᠮ ᠃ ᠲᠡᠭᠦᠨ ᠢ 11 ᠨᠠᠰᠤᠲᠠᠢ ᠳᠤᠨᠢ ᠲᠠᠲᠠᠨ ᠤ ᠬᠡᠷ ᠭᠠᠴᠢᠭ ᠠᠴᠠ ᠵᠠᠶᠢᠯᠠᠵᠤ ᠬᠣᠷᠴᠢᠨ ᠤ ᠲᠠᠯ᠎ᠠ ᠨᠤᠲᠤᠭ ᠤᠨ ᠲᠠᠷᠬᠠᠨ ᠬᠣᠰᠢᠭᠤᠨ ᠳᠤ ( ᠣᠳᠣ ᠶᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ) ᠢᠷᠡᠭᠰᠡᠨ ᠪᠠᠶᠢᠨ᠎ᠠ ᠃ ᠡᠨᠡᠬᠦ《 ᠳᠠᠭᠤᠤ ᠶᠢᠨ ᠲᠡᠯᠡᠢ 》 ᠭᠡᠭᠳᠡᠭᠰᠡᠨ ᠬᠣᠷᠴᠢᠨ ᠤ ᠲᠠᠯ᠎ᠠ ᠨᠤᠲᠤᠭ  ᠨᠢ ᠪᠢᠴᠢᠬᠠᠨ ᠰᠦᠨ ᠯᠢᠶᠠᠩ ᠤᠨ ᠳᠠᠭᠤᠤ ᠬᠥᠭᠵᠢᠮ ᠦᠨ ᠠᠪᠢᠶᠠᠰ ᠴᠢᠳᠠᠪᠤᠷᠢ ᠪᠠᠨ ᠪᠠᠳᠠᠷᠠᠭᠤᠯᠬᠤ ᠬᠥᠷᠥᠰᠥ ᠰᠢᠷᠣᠢ ᠪᠣᠯᠤᠭᠰᠠᠨ ᠪᠠᠶᠢᠪᠠ ᠃ ᠲᠠᠪᠤᠨ ᠨᠠᠰᠤᠲᠠᠢ ᠳᠠᠭᠠᠨ ᠯᠣᠩᠬᠣᠨ ᠳᠤ ᠤᠰᠤ ᠬᠢᠵᠦ ᠬᠥᠭ ᠳᠠᠭᠠᠷᠠᠭᠤᠯᠤᠨ ᠳᠥᠭᠥᠮ ᠠᠶᠠᠰ ᠴᠣᠬᠢᠵᠤ ᠴᠢᠳᠠᠳᠠᠭ ᠪᠠ ᠲᠤᠯᠤᠭᠠᠨ ᠨᠠᠰᠤᠨ ᠠᠴᠠ ᠡᠬᠢᠯᠡᠵᠦ ᠪᠠᠭᠰᠢ ᠦᠭᠡᠢ ᠪᠡᠷ ᠯᠢᠩᠪᠦ ᠂ ᠠᠷᠭᠢᠯ ᠬᠥᠭ ᠦᠨ ᠳᠥᠷᠪᠡᠨ ᠤᠲᠠᠰᠤᠲᠤ ᠬᠤᠭᠤᠷ ᠵᠡᠷᠭᠡ ᠶᠢᠨ ᠬᠥᠭᠵᠢᠮ ᠢᠶᠡᠷ ᠠᠷᠠᠳ ᠤᠨ ᠳᠠᠭᠤᠤ ᠂ ᠬᠣᠯᠪᠣᠭ᠎ᠠ ᠵᠡᠷᠭᠡ ᠶᠢ ᠠᠶᠠᠯᠠᠭᠤᠯᠵᠤ ᠂ ᠣᠶᠢᠷ᠎ᠠ ᠣᠷᠴᠢᠮ ᠳᠠᠭᠠᠨ《 ᠳᠥᠷᠪᠡᠨ ᠤᠲᠠᠰᠤᠲᠤ ᠬᠤᠭᠤᠷ ᠤᠨ ᠠᠪᠢᠶᠠᠰ ᠪᠢᠯᠢᠭ ᠲᠡᠢ ᠬᠡᠦᠬᠡᠳ 》 ᠭᠡᠰᠡᠨ ᠴᠣᠯᠠ ᠣᠯᠪᠠ ᠃ ᠠᠷᠪᠠᠨ ᠬᠣᠶᠠᠷ ᠂ ᠭᠤᠷᠪᠠᠨ ᠨᠠᠰᠤᠨ ᠠᠴᠠ ᠡᠬᠢᠯᠡᠵᠦ ᠬᠣᠷᠴᠢᠨ ᠤ ᠲᠠᠯ᠎ᠠ ᠨᠤᠲᠤᠭ ᠲᠤ ᠠᠯᠳᠠᠷᠲᠠᠢ 《 ᠪᠠᠭ᠎ᠠ ᠬᠤᠭᠤᠷᠴᠢᠨ 》 ᠪᠣᠯᠤᠭᠰᠠᠨ ᠪᠠᠶᠢᠨ᠎ᠠ ᠃

MP3 ᠳᠠᠭᠤ

6 | 4 ᠡᠦ ᠶᠦᠨ ᠯᠥᠩ ᠦᠨ ᠠᠶᠠᠯᠭᠤ

35

ᠡᠦ ᠶᠦ᠍ᠨ ᠯᠥᠩ ( 1935  ) ᠠᠯᠳᠠᠷᠲᠤ ᠬᠠᠩᠭᠢᠨᠠᠮ᠎ᠠ ᠬᠥᠭ᠍ ᠦᠨ ᠳᠥᠷᠪᠡᠨ ᠤᠲᠠᠰᠤᠲᠤ ᠬᠤᠭᠤᠷ ᠤᠨ ᠬᠥᠭᠵᠢᠮᠴᠢ ᠂ ᠰᠤᠷᠭᠠᠨ ᠬᠥᠮᠦᠵᠢᠯᠲᠡᠨ ᠂ ᠠᠶᠠᠯᠭᠤ ᠵᠣᠬᠢᠶᠠᠭᠴᠢ ᠃ ᠬᠣᠷᠴᠢᠨ ᠤ ᠲᠠᠯ᠎ᠠ ᠨᠤᠲᠤᠭ ᠤᠨ ᠨᠠᠢᠮᠠᠨ ᠬᠣᠰᠢᠭᠤᠨ ᠤ ᠶᠠᠳᠠᠭᠤ ᠮᠠᠯᠴᠢᠨ ᠤ ᠬᠡᠷ ᠲᠦ ᠲᠥᠷᠥᠵᠡᠢ ᠃ ᠲᠤᠯᠤᠭᠠᠨ ᠨᠠᠰᠤᠨ ᠠᠴᠠ ᠪᠠᠨ ᠡᠬᠢᠯᠡᠨ ᠬᠤᠭᠤᠷ ᠰᠤᠷᠴᠤ ᠂ ᠤᠷᠢᠳ ᠬᠣᠵᠢᠳ ᠯᠢᠶᠠᠩ ᠱᠧᠨ ᠳ᠋ᠧ ᠂ ᠴ᠊ ᠷᠢᠨᠴᠢᠨ ᠂ ᠠᠰᠢᠩᠭ᠎ᠠ ᠂ ᠵᠠᠨ᠎ᠠ ᠵᠡᠷᠭᠡ ᠠᠯᠳᠠᠷᠲᠤ ᠬᠤᠭᠤᠷᠴᠢ ᠠᠴᠠ ᠳᠠᠭᠠᠨ ᠰᠤᠷᠤᠯᠴᠠᠵᠤ ᠂ ᠠᠵᠢᠯ ᠳᠤ ᠣᠷᠣᠭᠰᠠᠨ ᠬᠣᠶᠢᠨ᠎ᠠ ᠳᠥᠷᠪᠡᠨ ᠤᠲᠠᠰᠤᠲᠤ ᠬᠤᠭᠤᠷ ᠤᠨ ᠶᠡᠬᠡ ᠪᠠᠭᠰᠢ ᠰᠦᠨ ᠯᠢᠶᠠᠩ ᠤᠨ ᠵᠢᠭᠠᠨ ᠵᠢᠯᠣᠭᠣᠳᠤᠯᠭ᠎ᠠ ᠶᠢ ᠬᠦᠷᠲᠡᠭᠰᠡᠨ ᠶᠤᠮ ᠃ ᠲᠡᠷᠡ ᠳᠥᠷᠪᠡᠨ ᠤᠲᠠᠰᠤᠲᠤ ᠬᠤᠭᠤᠷ ᠤᠨ ᠤᠷᠠᠯᠢᠭ ᠢ ᠤᠯᠠᠮ ᠪᠠᠶᠠᠯᠢᠭᠵᠢᠭᠤᠯᠬᠤ ᠶᠢᠨ ᠲᠥᠯᠥᠭᠡ ᠮᠣᠷᠢᠨ ᠬᠤᠭᠤᠷ ᠳᠠᠷᠤᠯᠭ᠎ᠠ ᠂ ᠴᠤᠭᠤᠷ ᠳᠠᠷᠤᠯᠭ᠎ᠠ ᠶᠢ ᠡᠵᠡᠮᠰᠢᠬᠦ ᠡᠴᠡ ᠭᠠᠳᠠᠨ᠎ᠠ ᠪᠠᠰᠠ ᠬᠢᠲᠠᠳ ᠤᠨ ᠪᠡᠭᠡᠵᠢᠩ ᠬᠤᠭᠤᠷ ᠂ ᠬᠠᠩᠭᠢᠨᠠᠮ᠎ᠠ ᠬᠥᠭ᠍ ᠦᠨ ᠬᠣᠶᠠᠷ ᠤᠲᠠᠰᠤᠲᠤ ᠬᠤᠭᠤᠷ ( 高胡 ) ᠂ ᠬᠠᠪᠲᠠᠰᠤᠨ ᠬᠤᠭᠤᠷ ᠤᠨ ᠳᠠᠷᠤᠯᠭ᠎ᠠ ᠶᠢ ᠣᠶᠢᠯᠠᠭᠠᠵᠤ ᠂ ᠡᠷᠡᠦ ᠬᠤᠭᠤᠷ ᠤᠨ ᠳᠠᠷᠤᠯᠭ᠎ᠠ ᠶᠢᠨ ᠤᠷ᠎ᠠ ᠮᠡᠷᠭᠡᠰᠢᠯ ᠢ ᠴᠣ ᠡᠳᠦᠢ ᠲᠡᠳᠦᠢ ᠰᠤᠷᠴᠤ ᠡᠵᠡᠮᠰᠢᠭᠰᠡᠨ ᠪᠥᠭᠡᠳ ᠰᠤᠳᠤᠯᠤᠨ ᠰᠢᠨᠵᠢᠵᠦ ᠂ ᠭᠠᠳᠠᠭᠠᠳᠤᠳᠣᠲᠣᠭᠠᠳᠤ ᠳᠤ ᠦᠢᠯᠡᠴᠢᠯᠡᠭᠦᠯᠬᠦ ᠂ ᠪᠤᠰᠤᠳ ᠦᠨᠳᠦᠰᠦᠲᠡᠨ ᠦ ᠬᠥᠭᠵᠢᠮ ᠦᠨ ᠤᠷᠠᠯᠢᠭ ᠤᠨ ᠰᠣᠳᠣ ᠶᠢ  ᠨᠢ ᠰᠣᠩᠭᠣᠵᠤ ᠂ ᠰᠢᠭᠠᠷᠤ ᠶᠢ  ᠨᠢ ᠬᠠᠶᠠᠬᠤ ᠵᠣᠷᠢᠭ ᠰᠠᠨᠠᠭ᠎ᠠ  ᠪᠠᠷ ᠴᠢᠷᠮᠠᠶᠢᠨ ᠠᠵᠢᠯᠯᠠᠵᠤ ᠂ ᠡᠴᠦᠰ ᠲᠡᠭᠡᠨ ᠲᠤᠰᠬᠠᠢ ᠮᠡᠷᠭᠡᠵᠢᠯ ᠦᠨ ᠬᠠᠩᠭᠢᠨᠠᠮ᠎ᠠ ᠳᠥᠷᠪᠡᠨ ᠤᠲᠠᠰᠤᠲᠤ ᠬᠤᠭᠤᠷ ᠤᠨ ᠰᠢᠰᠲ᠋ᠧᠮᠵᠢᠭᠦᠯᠦᠭᠰᠡᠨ ᠣᠨᠣᠯ ᠢ ᠳᠤᠷᠠᠳᠤᠨ ᠭᠠᠷᠭᠠᠵᠤ ᠂ ᠣᠳᠣᠬᠢᠴᠢᠯᠠᠭᠰᠠᠨ ᠳᠥᠷᠪᠡᠨ ᠤᠲᠠᠰᠤᠲᠤ ᠬᠤᠭᠤᠷ ᠤᠨ ᠤᠷᠠᠯᠢᠭ ᠤᠨ ᠥᠨᠳᠥᠷ ᠲᠦᠪᠰᠢᠨ ᠳᠦ ᠬᠦᠷᠭᠡᠭᠰᠡᠨ ᠶᠤᠮ ᠃

MP3 ᠳᠠᠭᠤ

6 | 5 ᠪᠠᠢ ᠯᠢᠶᠠᠨ ᠰᠢ ᠶᠢᠨ ᠠᠶᠠᠯᠭᠤ

36

ᠪᠠᠢ ᠯᠢᠶᠠᠨ ᠰᠢ ( ᠪᠠᠢ ᠂ ᠵᠠᠯᠭᠠᠪᠠᠶᠠᠷ ) ᠂ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠠᠷᠠᠳ ᠤᠨ ᠤᠷᠠᠯᠢᠭᠴᠢᠨ ᠂ 1955 ᠣᠨ ᠳᠤ ᠤᠤᠯ ᠤᠨ ᠵᠢᠷᠢᠮ ᠠᠶᠢᠮᠠᠭ ᠤᠨ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ᠤ ᠪᠠᠶᠠᠰᠬᠤᠯᠠᠩ ᠰᠤᠮᠤᠨ ᠳᠤ ᠲᠥᠷᠥᠵᠡᠢ ᠃ ᠣᠳᠣ ᠳᠤ ᠥᠪᠥᠷ ᠮᠣᠩᠭᠣᠯ ᠤᠨ ᠦᠨᠳᠦᠰᠦᠲᠡᠨ ᠦ ᠤᠷᠠᠯᠢᠭ ᠤᠨ ᠳᠡᠭᠡᠳᠦ ᠰᠤᠷᠭᠠᠭᠤᠯᠢ ᠶᠢᠨ ᠵᠠᠬᠢᠷᠤᠯ ᠢᠶᠠᠷ ᠠᠵᠢᠯᠯᠠᠵᠤ ᠪᠤᠢ ; ᠤᠯᠤᠰ ᠤᠨ ᠨᠢᠭᠡᠳᠦᠭᠡᠷ ᠲᠠᠰ ᠤᠨ ᠪᠠᠭᠰᠢ ᠶᠢᠨ ᠴᠣᠯᠠ ᠲᠠᠢ ; ᠠᠯᠳᠠᠷᠲᠤ ᠠᠷᠠᠳ ᠤᠨ ᠤᠷᠠᠯᠢᠭᠴᠢᠨ ; ᠬᠠᠷᠠᠬᠠᠨ ᠪᠠᠭ᠎ᠠ ᠠᠴᠠ ᠪᠠᠨ ᠬᠤᠭᠤᠷ ᠬᠥᠭᠵᠢᠮ ᠳᠦ ᠳᠤᠷ᠎ᠠ ᠪᠠᠬᠠᠲᠠᠢ ᠪᠥᠭᠡᠳ ᠣᠨᠴᠠᠭᠠᠢ ᠠᠪᠢᠶᠠᠰ ᠲᠠᠢ ᠂ ᠬᠣᠷᠴᠢᠨ ᠤ ᠠᠯᠳᠠᠷᠲᠤ ᠠᠷᠠᠳ ᠤᠨ ᠬᠥᠭᠵᠢᠮᠴᠢᠨ ᠲᠡᠭᠰᠢᠳᠦᠭᠦᠷᠡᠩ ᠂ ᠬᠠᠢ ᠯᠥᠩ ᠵᠡᠷᠭᠡ ᠳᠥᠷᠪᠡᠨ ᠤᠲᠠᠰᠤᠲᠤ ᠬᠤᠭᠤᠷ ᠤᠨ ᠪᠠᠭᠰᠢ ᠨᠠᠷ ᠲᠠᠢ ᠣᠯᠠᠨᠲᠠ ᠠᠭᠤᠯᠵᠠᠨ ᠂ ᠲᠡᠳᠡᠨᠡᠷ ᠡᠴᠡ ᠣᠯᠠᠨ ᠵᠦᠢᠯ ᠦᠨ ᠬᠤᠭᠤᠷᠳᠠᠬᠤ ᠠᠷᠭ᠎ᠠ ᠮᠡᠷᠭᠡᠵᠢᠯ ᠰᠤᠷᠬᠤ ᠶᠢᠨ ᠳᠠᠭᠠᠤ ᠥᠪᠡᠷ ᠦᠨ ᠬᠡᠪ ᠨᠠᠮᠪᠠ ᠪᠦᠬᠦᠢ ᠣᠨᠴᠠᠯᠢᠭ ᠲᠠᠢ ᠠᠷᠠᠳ ᠤᠨ ᠳᠠᠭᠤᠤ ᠶᠢᠨ ᠠᠶᠠᠯᠭᠤ ᠶᠢ ᠣᠨᠴᠠ ᠴᠡᠪᠡᠷ ᠲᠣᠳᠣ ᠬᠥᠭᠵᠢᠮᠳᠡᠳᠡᠭ ᠢᠶᠡᠷ ᠠᠯᠳᠠᠷ ᠨᠡᠷ᠎ᠡ ᠭᠠᠷᠤᠭᠰᠠᠨ ᠪᠠᠶᠢᠨ᠎ᠠ ᠃

MP3 ᠳᠠᠭᠤ

6 | 6 ᠰᠣᠶᠣᠯᠲᠤ ᠶᠢᠨ ᠠᠶᠠᠯᠭᠤ

37

ᠰᠣᠶᠣᠯᠲᠤ ᠂ ᠡᠷᠡᠭᠲᠡᠢ ᠂ ᠮᠣᠩᠭᠣᠯ ᠦᠨᠳᠦᠰᠦᠲᠡᠨ ᠂ 1984 ᠣᠨ ᠳᠤ ᠲᠦᠩᠯᠢᠶᠣᠣ ᠬᠣᠲᠠ ᠶᠢᠨ ᠬᠣᠷᠴᠢᠨ ᠵᠡᠭᠦᠨ ᠭᠠᠷᠤᠨ ᠬᠣᠶᠢᠲᠤ ᠬᠣᠰᠢᠭᠤᠨ ᠤ ᠵᠢᠷᠭᠠᠯᠠᠩ ᠪᠠᠯᠭᠠᠰᠤᠨ ᠤ ᠵᠡᠭᠦᠪᠡᠰᠦ ᠭᠠᠴᠠᠭᠠᠨ ᠤ ᠡᠩ ᠦᠨ ᠲᠠᠷᠢᠶᠠᠴᠢᠨ ᠤ ᠬᠡᠷ ᠲᠦ ᠵᠠᠶᠠᠭᠠᠵᠠᠢ ᠃ ᠬᠣᠶᠢᠨ᠎ᠠ ᠡᠮᠦᠨ᠎ᠡ ᠲᠦᠩᠯᠢᠶᠣᠣ ᠤᠷᠠᠯᠢᠭ ᠤᠨ ᠰᠤᠷᠭᠠᠭᠤᠯᠢ ᠪᠣᠯᠤᠨ ᠥᠪᠥᠷ ᠮᠣᠩᠭᠣᠯ ᠤᠨ ᠦᠨᠳᠦᠰᠦᠲᠡᠨ  ᠦ ᠶᠡᠬᠡ ᠰᠤᠷᠭᠠᠭᠤᠯᠢ ᠶᠢᠨ ᠳᠠᠭᠤᠤ ᠬᠥᠭᠵᠢᠮ ᠦᠨ ᠰᠠᠯᠪᠤᠷᠢ ᠳᠤ ᠰᠤᠷᠤᠯᠴᠠᠵᠠᠢ ᠃ ᠣᠳᠣ ᠥᠪᠥᠷ ᠮᠣᠩᠭᠣᠯ ᠤᠨ ᠦᠨᠳᠦᠰᠦᠲᠡᠨ ᠦ ᠶᠡᠬᠡ ᠰᠤᠷᠭᠠᠭᠤᠯᠢ ᠶᠢᠨ ᠬᠥᠬᠡᠬᠣᠲᠠ ᠳᠠᠬᠢ ᠰᠠᠯᠪᠤᠷᠢ ᠰᠤᠷᠭᠠᠭᠤᠯᠢ ᠳᠤ ᠳᠥᠷᠪᠡᠨ ᠤᠲᠠᠰᠤᠲᠤ ᠬᠤᠭᠤᠷ ᠤᠨ ᠪᠠᠭᠰᠢ ᠪᠠᠷ ᠠᠵᠢᠯᠯᠠᠵᠤ ᠪᠤᠢ ᠃ ᠰᠣᠶᠣᠯᠲᠤ ᠪᠠᠭ᠎ᠠ ᠠᠴᠠ ᠪᠠᠨ ᠦᠨᠳᠦᠰᠦᠲᠡᠨ ᠦ ᠤᠯᠠᠮᠵᠢᠯᠠᠯᠲᠤ ᠬᠥᠭᠵᠢᠮ  ᠳᠥᠷᠪᠡᠨ ᠤᠲᠠᠰᠤᠲᠤ ᠬᠤᠭᠤᠷ ᠲᠤ ᠲᠣᠩ ᠪᠠᠬᠠᠲᠠᠢ ᠃ 16 ᠨᠠᠰᠤᠲᠠᠢ ᠳᠠᠭᠠᠨ ᠬᠣᠷᠴᠢᠨ ᠤ ᠠᠯᠳᠠᠷᠲᠤ ᠠᠷᠠᠳ ᠤᠨ ᠤᠷᠠᠯᠢᠭᠴᠢᠨ ᠂ ᠳᠥᠷᠪᠡᠨ ᠤᠲᠠᠰᠤᠲᠤ ᠬᠤᠭᠤᠷ ᠤᠨ ︽ ᠡᠪᠦᠭᠡ ᠪᠠᠭᠰᠢ ︾ ᠲᠡᠭᠰᠢᠳᠦᠭᠦᠷᠡᠩ ᠢ ᠪᠠᠭᠰᠢ ᠪᠠᠷᠢᠵᠠᠢ ᠃ ᠮᠠᠰᠢ ᠣᠯᠠᠨ ᠬᠣᠷᠴᠢᠨ ᠠᠷᠠᠳ ᠤᠨ ᠣᠨᠴᠠᠯᠢᠭ ᠪᠦᠬᠦᠢ ᠬᠥᠭᠵᠢᠮ ᠦᠨ ᠠᠶ᠎ᠠ ᠶᠢ ᠰᠤᠷᠴᠠᠢ ᠃ ᠵᠢᠱᠢᠶᠡᠯᠡᠪᠡᠯ ᠄ ︽ ᠺᠠᠢ ᠴᠢᠦᠢ ᠬᠤᠸᠠ ︾ ᠂ ︽ ᠴᠡᠪᠡᠷ ᠬᠡᠦᠬᠡᠨ ︾ ︽ ᠰᠠᠬᠢᠭᠤᠯᠰᠤᠨ ᠠᠶᠠᠯᠭᠤ ︾ ᠵᠡᠷᠭᠡ ᠃ 2005 ᠣᠨ ᠳᠤ ᠨᠠᠢᠮᠠᠨ ᠮᠤᠵᠢ ᠣᠷᠣᠨ ᠤ ᠳᠥᠷᠪᠡᠨ ᠤᠲᠠᠰᠤᠲᠤ ᠬᠤᠭᠤᠷ ᠤᠨ ᠤᠷᠤᠯᠳᠤᠭᠠᠨ ᠳᠤ ᠨᠢᠭᠡᠳᠦᠭᠡᠷ ᠲᠠᠰ ᠤᠨ ᠱᠠᠩᠨᠠᠯ ᠢ ᠬᠦᠷᠲᠡᠵᠡᠢ ᠃

MP3 ᠳᠠᠭᠤ

uae

ch

ga

m1

13-2

13-3

wxs

fhna

13-4

jnn

tnmc

vde

ua

ua1

13-6

ᠰᠢᠭᠦᠮᠵᠢ ᠦᠯᠡᠳᠡᠭᠡᠬᠦ